ᠮᠤᠩᠭᠤᠯ ᠦᠨᠳᠤᠰᠤᠳᠠᠨ ᠤ ᠤᠪᠤᠭᠠᠨ ᠰᠤᠶᠤᠯ
ᠨᠡᠶᠢᠲᠡᠯᠡᠭᠰᠡᠨ ᠴᠠᠭ᠄
2020/10/20
     ᠵᠣᠬᠢᠶᠠᠭᠴᠢ᠄ ᠪᠤᠶᠠᠨᠳᠤ      ᠤᠪᠤᠭ᠎ᠠ ᠭᠢᠭᠡᠳ ᠲᠠᠭᠢᠯᠭ᠎ᠠ ᠪᠤᠯ ᠤᠮᠠᠷᠠᠳᠤ ᠶᠢᠨ ᠨᠠᠭᠦᠳᠠᠯᠴᠢᠨ ᠦᠨᠳᠤᠰᠤᠳᠠᠨ ᠨᠦᠭᠦᠳ ᠤᠨ ᠳᠤᠮᠳᠠ ᠦᠶ᠎ᠠ ᠤᠯᠠᠷᠢᠨ ᠤᠯᠠᠮᠵᠢᠯᠠᠭᠳᠠᠭᠰᠠᠭᠠᠷ ᠢᠷᠡᠭᠰᠡᠨ ᠪᠦᠭᠡᠳ ᠤᠳᠤ ᠪᠤᠯᠳᠠᠯ᠎ᠠ ᠦᠷᠭᠦᠯᠵᠢᠯᠠᠵᠤ ᠪᠠᠶᠢᠭ᠎ᠠ ᠨᠢᠭᠡᠨ ᠲᠦᠷᠦᠯ ᠤᠨ ᠬᠠᠮ ᠴᠢᠨᠠᠷ ᠪᠦᠭᠦᠢ ᠰᠤᠶᠤᠯ ᠤᠨ ᠭᠡᠯᠪᠡᠷᠢ ᠮᠦᠨ᠃ ᠬᠠᠭᠤᠴᠢ ᠰᠤᠳᠤᠯᠤᠯ ᠤᠨ ᠢᠯᠠᠷᠡᠭᠦᠯᠦᠯᠳᠠ ᠶᠢ ᠦᠨᠳᠤᠰᠤᠯᠠᠪᠠᠯ᠂ ᠠᠯᠢ ᠡᠷᠳᠡᠨ ᠤ ᠴᠢᠯᠠᠭᠤᠨ ᠵᠠᠪᠰᠡᠭ ᠤᠨ ᠦᠶ᠎ᠠ ᠶᠢᠨ ᠬᠤᠨᠭ᠌ ᠱᠠᠨ ᠰᠤᠶᠤᠯ᠂ ᠷᠠᠰᠢᠶᠠᠨ ᠰᠤᠶᠤᠯ ᠭᠢᠭᠡᠳ ᠭᠦᠷᠡᠯ ᠵᠡᠪᠰᠡᠭ ᠤᠨ ᠦᠶ᠎ᠠ ᠶᠢᠨ ᠰᠢᠶᠠ ᠵᠢᠶᠠ ᠳ᠋ᠢᠶᠠᠨ ᠰᠤᠶᠤᠯ ᠤᠨ ᠦᠶ᠎ᠠ ᠳᠤ ᠤᠪᠤᠭᠠᠨ ᠲᠠᠭᠢᠯᠭ᠎ᠠ ᠲᠠᠢ ᠠᠳᠠᠯᠢᠪᠳᠤᠷ ᠲᠠᠭᠢᠯᠭ᠎ᠠ ᠶᠢᠨ ᠤᠯᠠ ᠮᠦᠷ ᠢᠯᠠᠷᠠᠵᠠᠢ᠃ ᠡᠷᠳᠡᠨ ᠤ ᠾᠦᠡᠭᠨᠤ᠂ ᠰᠢᠶᠠᠨᠪᠢ᠂ ᠲᠦᠷᠺ᠂ ᠭᠢᠳᠠᠨ᠂ ᠮᠤᠩᠭᠤᠯ ᠵᠡᠷᠭᠡ ᠤᠮᠠᠷᠠᠳᠤ ᠶᠢᠨ ᠨᠠᠭᠦᠳᠠᠯ ᠮᠠᠯᠵᠢᠯ ᠦᠨᠳᠤᠰᠤᠳᠠᠨ ᠳᠤ ᠨᠠᠶᠢᠳᠠᠮ ᠤᠷᠤᠰᠢᠵᠤ ᠪᠠᠶᠢᠭᠰᠠᠨ ᠲᠠᠭᠢᠯᠭ᠎ᠠ ᠠᠭᠤᠯᠭ᠎ᠠ ᠰᠢᠨᠵᠢ ᠪᠠᠷ ᠶᠡᠭᠡ ᠦᠢᠷᠠᠯᠴᠠᠭ᠎ᠠ ᠶᠤᠮ᠃ ᠡᠳᠤᠭᠡ ᠴᠤ ᠭᠡᠰᠡᠨ ᠮᠤᠩᠭᠤᠯ᠂ ᠲᠠᠭᠤᠷ᠂ ᠡᠸᠡᠭᠭᠢ᠂ ᠤᠷᠴᠤᠨ᠂ ᠰᠢᠪᠡᠭᠡ᠂ ᠶᠤᠭᠤᠷ᠂ ᠲᠤᠸᠠ᠂ ᠮᠤᠩᠭᠠᠷ ᠵᠡᠷᠭᠡ ᠠᠯᠳᠠᠢ ᠭᠡᠯᠡᠳᠠᠨ ᠤ ᠤᠯᠠᠨ ᠦᠨᠳᠤᠰᠤᠳᠠᠨ ᠤ ᠳᠤᠮᠳᠠ ᠤᠪᠤᠭᠠᠨ ᠲᠠᠭᠢᠯᠭ᠎ᠠ ᠶᠢᠨ ᠡᠷᠳᠡᠡ ᠤ ᠤᠯᠠᠮᠵᠢᠯᠠᠯ ᠠᠳᠠᠯᠢ ᠪᠤᠰᠤ ᠭᠡᠮᠵᠢᠶ᠎ᠠ ᠪᠠᠷ ᠤᠷᠤᠰᠢᠵᠤ ᠪᠠᠶᠢᠳᠠᠭ ᠶᠤᠮ᠃ ᠡᠭᠦᠨ ᠠᠴᠠ ᠭᠠᠳᠠᠨ᠎ᠠ ᠲᠦᠪᠡᠳ ᠦᠨᠳᠤᠰᠤᠳᠠᠨ ᠤ ︽ᠮᠠᠨᠢ ᠤᠪᠤᠭ᠎ᠠ︾᠂ ︽ᠯᠠᠪᠤᠰ︾ ᠰᠤᠯᠤᠩᠭᠤᠰᠴᠤᠳ ᠤᠨ ︽ᠱᠢ ᠯᠠᠩ ᠲᠠᠩ︾᠂ ᠶᠠᠫᠤᠨᠴᠤᠳ ᠤᠨ ︽ᠠᠷᠪᠠᠨ ᠭᠤᠷᠪᠠᠨ ᠤᠡᠭᠭᠤᠨ︾ ᠭᠢᠭᠡᠳ ᠡᠷᠳᠡᠨ ᠤ ᠳᠤᠮᠳᠠᠳᠤ ᠠᠽᠢᠶ᠎ᠠ ᠪᠠᠷᠠᠭᠤᠨ ᠠᠽᠢᠶ᠎ᠠ᠂ ᠪᠠᠷᠠᠭᠤᠨ ᠡᠸᠦ᠋ᠷᠤᠫᠠ ᠶᠢᠨ ᠦᠨᠳᠤᠰᠤᠳᠠᠨ ᠨᠦᠭᠦᠳ ᠤᠨ ᠤᠡᠭᠭᠤᠨ ᠲᠠᠭᠢᠯᠭ᠎ᠠ᠂ ᠠᠭᠤᠯᠠ ᠤᠰᠤᠨ ᠤ ᠡᠵᠡᠳ ᠰᠠᠭᠢᠭᠤᠰᠤ ᠶᠢᠨ ᠲᠠᠭᠢᠯᠭ᠎ᠠ ᠨᠢ ᠴᠤ ᠭᠡᠰᠡᠨ ᠤᠪᠤᠭᠠᠨ ᠲᠠᠭᠢᠯᠭ᠎ᠠ ᠲᠠᠢ ᠮᠠᠰᠢ ᠠᠳᠠᠯᠢᠪᠳᠤᠷ ᠲᠠᠯ᠎ᠠ ᠲᠠᠢ ᠶᠤᠮ᠃ ᠤᠪᠤᠭᠠᠨ ᠲᠠᠭᠢᠯᠭ᠎ᠠ ᠤᠨ ᠤᠳᠠᠭᠠᠨ ᠲᠠᠤᠭᠡ ᠲᠠᠢ ᠪᠦᠭᠡᠳ ᠶᠠᠩᠵᠤ ᠶᠢᠨ ᠭᠡᠯᠪᠡᠷᠢ ᠲᠠᠢ᠂ ᠠᠭᠤᠯᠭ᠎ᠠ ᠪᠠᠷ ᠪᠠᠶᠠᠯᠢᠭ᠂ ᠤᠳᠬ᠎ᠠ ᠰᠠᠨᠠᠭ᠎ᠠ ᠪᠠᠷ ᠭᠦᠨ ᠨᠢᠭᠤᠴᠠᠭᠠᠢ᠂ ᠨᠠᠭᠦᠳᠠᠯᠴᠢᠨ ᠦᠨᠳᠤᠰᠤᠳᠠᠨ ᠨᠦᠭᠦᠳ ᠤᠨ ᠪᠠᠶᠢᠭᠠᠯᠢ ᠶᠢ ᠰᠢᠳᠤᠵᠤ ᠲᠠᠭᠡᠳᠤᠰ ᠢᠶᠠᠨ ᠭᠦᠨᠳᠤᠯᠠᠨ᠂ ᠢᠳᠡᠭᠡᠯ ᠵᠢᠷᠤᠮ ᠢ ᠪᠠᠳᠤ ᠰᠠᠭᠢᠵᠤ᠂ ᠲᠦᠪ ᠭᠤᠤᠯᠴᠢ ᠶᠢ ᠡᠷᠢᠯᠭᠢᠯᠠᠨ ᠡᠪ ᠨᠠᠶᠢᠷᠠᠮᠳᠠᠭᠤ ᠶᠢ ᠡᠷᠭᠢᠮᠯᠠᠳᠡᠭ ᠵᠤᠷᠢᠭ ᠰᠠᠨᠠᠭ᠎ᠠ ᠪᠤᠯᠤᠨ ᠵᠠᠩ ᠴᠢᠨᠠᠷ ᠢ ᠠᠬᠤᠭᠤᠯᠵᠤ ᠪᠠᠶᠢᠳᠠᠭ ᠶᠤᠮ᠃ ᠤᠪᠤᠭ᠎ᠠ ᠭᠢᠭᠡᠳ ᠤᠪᠤᠭᠠᠨ ᠲᠠᠭᠢᠯᠭ᠎ᠠ ᠤᠷᠳᠤ ᠤᠳᠠᠭᠠᠨ ᠲᠠᠤᠭᠡ ᠶᠢᠨ ᠭᠦᠭᠵᠢᠯᠳᠠ ᠶᠢᠨ ᠶᠠᠪᠤᠴᠠ ᠳᠠᠭᠠᠨ ᠠᠳᠠᠯᠢ ᠪᠤᠰᠤ ᠴᠠᠭ ᠦᠶ᠎ᠠ ᠠᠳᠠᠯᠢ ᠪᠤᠰᠤ ᠰᠤᠶᠤᠯ ᠤᠨ ᠤᠭᠢ ᠰᠤᠳᠤ ᠶᠢ ᠨᠢ ᠢᠳᠠᠪᠭᠢᠳᠠᠢ ᠰᠢᠩᠭᠡᠭᠡᠨ ᠠᠪᠴᠤ᠂ ᠠᠭᠠᠵᠢᠮ ᠢᠶᠠᠷ ᠤᠯᠠᠨ ᠰᠤᠷᠪᠤᠯᠵᠢ ᠲᠠᠢ᠂ ᠤᠯᠠᠨ ᠡᠰᠢᠴᠢᠯᠡᠭᠰᠡᠨ ᠲᠠᠯ᠎ᠠ ᠨᠤᠳᠤᠭ ᠤᠨ ᠰᠤᠶᠤᠯ ᠤᠨ ᠴᠢᠭᠤᠯᠭᠠᠨ ᠪᠤᠯᠤᠨ ᠬᠤᠪᠢᠷᠠᠭᠰᠠᠨ ᠪᠠᠶᠢᠨ᠎ᠠ᠃ ᠦᠨᠤᠳᠤᠷ ᠤᠨ ᠤᠪᠤᠭᠠᠨ ᠲᠠᠭᠢᠯᠭ᠎ᠠ ᠡᠩ ᠤᠨ ᠤᠳᠬ᠎ᠠ ᠠᠭᠤᠯᠭ᠎ᠠ ᠶᠢᠨ ᠬᠤᠪᠢ ᠳᠤ ᠲᠠᠤᠭᠡ ᠰᠤᠶᠤᠯ ᠤᠨ ︽ᠠᠮᠢᠳᠤ ᠴᠢᠯᠠᠭᠤᠵᠢᠮᠠᠯ︾ ᠪᠤᠯᠤᠭᠰᠠᠨ ᠢᠶᠠᠷ ᠦᠯᠦ ᠪᠠᠷᠠᠮ ᠮᠠᠯᠵᠢᠬᠤ ᠰᠤᠶᠤᠯ ᠤᠨ ᠬᠠᠮᠤᠭ ᠤᠨ ᠤᠨᠴᠠᠯᠢᠭ ᠲᠠᠢ ᠮᠦᠷᠳᠡᠭᠡᠨ ᠠᠮᠢᠵᠢᠷᠠᠯ ᠤᠨ ᠭᠦᠴᠤᠨ ᠲᠠᠢ ᠲᠦᠯᠤᠭᠡᠯᠡᠭᠦ ᠴᠢᠨᠠᠷ ᠪᠦᠭᠦᠢ ᠰᠢᠨᠵᠢ ᠲᠠᠮᠳᠡᠭ ᠪᠤᠯᠵᠠᠢ᠃
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号