ᠮᠠᠯ ᠲᠠᠷᠭᠤᠯᠠᠭᠤᠯᠬᠤ ᠪᠤᠷᠴᠠᠭᠳᠤ ᠤᠷᠭᠤᠮᠠᠯ ᠤᠨ ᠲᠥᠷᠤᠯ ᠤᠳ
ᠨᠡᠶᠢᠲᠡᠯᠡᠭᠰᠡᠨ ᠴᠠᠭ᠄
2020/7/7
     ᠥᠭᠡᠷ ᠬᠠᠷᠭᠠᠨ᠎ᠠ᠄ ᠪᠤᠰᠤᠳ ᠡᠪᠠᠰᠦᠯᠢᠭ ᠤᠷᠭᠤᠮᠠᠯ ᠢ ᠪᠤᠳᠤᠪᠠᠯ ᠭᠠᠵᠠᠷ ᠤᠨ ᠬᠥᠷᠤᠰᠤᠨ ᠳᠤ ᠬᠥᠨ ᠦᠨᠳᠦᠰᠦᠯᠡᠳᠡᠭ ᠤᠷᠭᠤᠮᠠᠯ ᠤᠴᠢᠷ ᠠᠴᠠ ᠶᠠᠮᠠᠷ ᠴᠤ ᠭᠠᠨᠭ᠌ ᠳᠤ ᠴᠤ ᠨᠤᠭᠤᠭᠠᠨ ᠢᠶᠠᠷ ᠢᠶᠠᠨ ᠪᠠᠶᠢᠳᠠᠭ᠃ ᠥᠭᠡᠷ ᠬᠠᠷᠭᠠᠨ᠎ᠠ 6 ᠳ᠋ᠤᠭᠠᠷ ᠰᠠᠷ᠎ᠠ ᠳᠤ ᠴᠠᠴᠡᠭᠯᠠᠵᠤ᠂ 7 ᠳ᠋ᠤᠭᠠᠷ ᠰᠠᠷ᠎ᠠ ᠳᠤ ᠥᠷ᠎ᠠ ᠨᠢ ᠪᠤᠯᠪᠠᠰᠤᠷᠠᠵᠤ᠂ 9 ᠳ᠋ᠤᠭᠡᠷ ᠰᠠᠷ᠎ᠠ ᠠᠴᠠ ᠨᠠᠪᠴᠢ ᠨᠢ ᠰᠢᠷᠠᠯᠠᠨ᠎ᠠ᠃ ᠬᠠᠪᠤᠷ᠂ ᠵᠤᠨ᠂ ᠨᠠᠮᠤᠷ ᠲᠠᠮᠡᠭᠡ ᠢᠮᠠᠭ᠎ᠠ ᠠᠮᠳᠠᠷᠬᠠᠨ ᠢᠳᠡᠳᠡᠭ᠃ ᠵᠤᠨ ᠤ ᠴᠠᠴᠡᠭᠯᠠᠵᠤ ᠪᠠᠶᠢᠭ᠎ᠠ ᠴᠠᠭ ᠲᠤᠨᠢ ᠬᠤᠨᠢ ᠴᠤ ᠠᠮᠳᠠᠷᠬᠠᠨ ᠢᠳᠡᠳᠡᠭ᠃ ᠤᠰᠤᠨ ᠲᠠᠷᠭᠤ ᠲᠤᠰᠤᠨ ᠲᠠᠷᠭᠤ ᠠᠪᠬᠤ ᠳᠤ ᠤᠨᠴᠨ ᠥᠢᠯᠠᠳᠤᠯ ᠭᠠᠷᠭᠠᠳᠠᠭ᠃     ᠰᠢᠷ᠎ᠠ ᠴᠠᠷᠭᠠᠰᠤ᠄ ᠲᠥᠷᠪᠠᠨ ᠤᠯᠠᠷᠢᠯ ᠳᠤ ᠲᠠᠪᠤᠨ ᠬᠤᠰᠢᠭᠤ ᠮᠠᠯ ᠳᠤ ᠲᠡᠭᠰᠢ ᠢᠳᠠᠮᠵᠢᠳᠠᠢ ᠲᠠᠷᠭᠤ ᠠᠪᠤᠭᠤᠯᠬᠤ ᠡᠪᠠᠰᠤ ᠮᠥᠨ᠃ ᠵᠤᠨ ᠤ ᠮᠠᠭᠤᠳᠠᠭᠰᠠᠨ ᠮᠠᠯ ᠢ ᠲᠠᠩᠭᠡᠷᠠᠬᠦᠯᠤᠨ ᠲᠠᠮᠢᠷ ᠤᠷᠤᠭᠤᠯᠵᠤ᠂ ᠲᠥᠯ ᠤᠨ ᠥᠰᠤᠯᠳᠠ ᠪᠤᠶᠢᠵᠢᠯᠳᠠ ᠳᠤ ᠤᠨᠴᠨ ᠰᠠᠶᠢᠨ ᠲᠠᠵᠢᠭᠡᠯ ᠪᠤᠯᠳᠠᠭ᠃       ᠨᠠᠷᠢᠨ ᠬᠥᠴᠢᠩᠭᠢ ︵ᠮᠤᠷᠢᠨ ᠴᠠᠷᠭᠠᠰᠤ︶᠄ ᠨᠠᠷᠢᠨ ᠬᠥᠴᠢᠩᠭᠢ 5 ᠳ᠋ᠤᠭᠠᠷ ᠰᠠᠷ᠎ᠠ ᠠᠴᠠ ᠤᠷᠭᠤᠵᠤ᠂ 7 ᠳ᠋ᠤᠭᠠᠷ ᠰᠠᠷ᠎ᠠ ᠳᠤ ᠴᠠᠴᠡᠭᠯᠠᠨ᠂ 9 ᠳ᠋ᠤᠭᠡᠷ ᠰᠠᠷ᠎ᠠ ᠶᠢᠨ ᠡᠭᠢ ᠪᠠᠷ ᠥᠷᠠᠯᠠᠨ᠎ᠠ᠃ 9 ᠳ᠋ᠤᠭᠡᠷ ᠰᠠᠷ᠎ᠠ ᠶᠢᠨ ᠰᠠᠬᠦᠯᠴᠢ  ᠪᠠᠷ ᠬᠠᠳᠠᠬᠤ ᠪᠤᠯᠪᠠᠴᠤ ᠭᠠᠵᠠᠷ ᠲᠠᠭᠡᠷᠠᠭᠢ ᠥᠡᠭᠭᠡ ᠨᠢ ᠡᠪᠤᠯ ᠲᠤᠷᠰᠢ ᠭᠡᠪ ᠢᠶᠠᠷ ᠢᠶᠠᠨ ᠪᠠᠶᠢᠳᠠᠭ᠃ ᠲᠠᠪᠤᠨ ᠬᠤᠰᠢᠭᠤ ᠮᠠᠯ ᠤᠨ ᠲᠠᠷᠭᠤ ᠠᠪᠬᠤ ᠡᠪᠠᠰᠤ ᠮᠥᠨ᠃   ᠬᠤᠰᠢᠶᠠᠩᠭᠤᠷ᠄  ᠬᠤᠰᠢᠶᠠᠩᠭᠤᠷ ᠰᠢᠮ᠎ᠠ ᠲᠠᠵᠢᠭᠡᠯ ᠢᠶᠠᠷ ᠥᠨᠳᠤᠷ ᠪᠠᠶᠢᠳᠠᠭ᠃ ᠬᠤᠨᠢ ᠢᠮᠠᠭᠠᠨ ᠤ ᠲᠠᠷᠭᠤ  ᠶᠢᠨ ᠡᠪᠠᠰᠤ ᠮᠥᠨ᠃     ᠠᠯᠳᠠᠨ ᠬᠠᠷᠭᠠᠨ᠎ᠠ᠄ ᠠᠯᠳᠠᠨ ᠬᠠᠷᠭᠠᠨ᠎ᠠ ᠪᠤᠭ ᠮᠠᠯ ᠢ ᠲᠠᠩᠭᠡᠷᠠᠬᠦᠯᠬᠦ ᠪᠠ ᠲᠠᠷᠭᠤᠯᠠᠭᠤᠯᠬᠤ ᠡᠪᠠᠰᠤ ᠪᠤᠯᠤᠨ᠎ᠠ᠃ ᠠᠯᠳᠠᠨ ᠬᠠᠷᠭᠠᠨ᠎ᠠ ᠬᠠᠪᠤᠷ ᠡᠷᠲᠡ ᠤᠷᠭᠤᠵᠤ᠂ ᠰᠢᠮ᠎ᠠ ᠲᠠᠵᠢᠭᠡᠯ ᠨᠢ ᠡᠯᠪᠡᠭ᠃ ᠬᠤᠨᠢ ᠢᠮᠠᠭ᠎ᠠ᠂ ᠲᠠᠮᠠᠭᠡᠨ ᠳᠤ ᠰᠢᠮᠠᠳᠤ ᠡᠪᠠᠰᠤ ᠪᠤᠯᠳᠠᠭ᠃ ᠠᠯᠳᠠᠨ ᠬᠠᠷᠭᠠᠨ᠎ᠠ ᠶᠢᠨ ᠴᠠᠴᠡᠭ ᠢ ᠢᠳᠡᠭᠰᠠᠨ ᠲᠠᠪᠤᠨ ᠰᠠᠷ᠎ᠠ ᠶᠢᠨ ᠢᠮᠠᠭᠠᠨ ᠤ ᠮᠢᠬ᠎ᠠ  ᠶᠢ ᠡᠮ ᠭᠡᠳᠡᠭ ᠪᠢᠯᠨ᠃     ᠬᠤᠵᠢᠰᠤ᠄ ᠲᠤᠰ ᠤᠷᠭᠤᠮᠠᠯ ᠳᠤ ᠭᠢᠨᠭ᠍ᠭᠠᠨ ᠬᠤᠵᠢᠰᠤ᠂ ᠨᠠᠷᠢᠨ ᠨᠠᠪᠴᠢᠳᠤ ᠬᠤᠵᠢᠰᠤ ᠭᠡᠵᠤ ᠪᠠᠶᠢᠳᠠᠭ᠃ ᠡᠯ᠎ᠠ ᠲᠥᠷᠤᠯ ᠤᠨ ᠮᠠᠯ ᠳᠤ ᠢᠳᠠᠮᠵᠢ ᠰᠠᠶᠢᠳᠠᠢ᠃ ᠵᠤᠨ ᠨᠠᠮᠤᠷ ᠤᠨ ᠤᠯᠠᠷᠢᠯ ᠳᠤ ᠬᠤᠵᠢᠰᠤ ᠶᠢ ᠢᠳᠡᠭᠰᠠᠨ ᠮᠠᠯ ᠲᠠᠷᠭᠤ ᠠᠪᠬᠤ ᠨᠢ ᠲᠥᠷᠭᠡᠨ᠂ ᠬᠤᠵᠢᠰᠤ ᠶᠢᠨ ᠥᠷ᠎ᠠ ᠨᠢ ᠮᠠᠯ ᠲᠠᠷᠭᠤᠯᠠᠭᠤᠯᠬᠤ ᠳᠤ ᠨᠠᠩ ᠰᠠᠶᠢᠨ᠃ ᠤᠨᠴᠠᠭᠠᠶᠢᠯᠠᠨ ᠢᠮᠠᠭ᠎ᠠ ᠲᠠᠷᠭᠤ ᠠᠪᠬᠤ ᠨᠢ ᠰᠠᠶᠢᠨ᠃     ᠲᠠᠷᠪᠠᠭᠠᠨ ᠰᠢᠭᠢᠷ᠎ᠠ᠄ ᠤᠷᠭᠤᠵᠤ ᠪᠠᠶᠢᠭ᠎ᠠ ᠲᠠᠷᠪᠠᠭᠠᠨ ᠰᠢᠭᠢᠷ᠎ᠠ ᠶᠢ ᠮᠠᠯ ᠪᠠᠷᠤᠭ ᠢᠳᠠᠳᠡᠭ ᠥᠭᠡᠢ᠂ ᠲᠠᠷᠪᠠᠭᠠᠨ ᠰᠢᠭᠢᠷ᠎ᠠ 5 ᠳ᠋ᠤᠭᠠᠷ ᠰᠠᠷ᠎ᠠ ᠶᠢᠨ ᠰᠠᠬᠦᠯᠴᠢ ᠪᠠᠷ ᠤᠷᠭᠤᠵᠤ᠂ 9 ᠳ᠋ᠤᠭᠡᠷ ᠰᠠᠷ᠎ᠠ ᠶᠢᠨ ᠲᠤᠮᠳᠠᠴᠢ ᠬᠥᠷᠳᠠᠯ᠎ᠠ ᠰᠢᠮ᠎ᠠ ᠰᠢᠬᠦᠰᠤ ᠪᠠᠨ ᠠᠯᠳᠠᠬᠤ ᠥᠭᠡᠢ᠂ ᠨᠤᠭᠤᠭᠠᠨ ᠢᠶᠠᠷ ᠢᠶᠠᠨ ᠪᠠᠶᠢᠳᠠᠭ᠃ ᠲᠠᠬᠦᠨ ᠢ ᠭᠠᠨᠭ᠍ᠳᠠᠵᠤ ᠬᠠᠳᠠᠬᠤ ᠶᠢᠨ ᠥᠶ᠎ᠠ ᠪᠠᠷ ᠮᠠᠯ ᠮᠠᠰᠢ ᠲᠤᠷᠠᠳᠠᠢ ᠢᠳᠠᠨ᠎ᠠ᠃ ᠲᠠᠷᠪᠠᠭᠠᠨ ᠰᠢᠭᠢᠷ᠎ᠠ ᠪᠤᠯ ᠬᠤᠨᠢ ᠢᠮᠠᠭᠠᠨ ᠤ ᠲᠤᠰᠤᠨ ᠲᠠᠷᠭᠤ ᠶᠢᠨ ᠡᠪᠠᠰᠤ ᠮᠥᠨ᠃ ᠬᠥᠢᠳᠠᠨ ᠰᠠᠷᠢᠬᠦᠨ ᠤᠯᠠᠷᠢᠯ ᠳᠤ ᠮᠠᠯ ᠳᠤ ᠬᠠᠮᠤᠭ ᠤᠨ ᠰᠠᠶᠢᠨ ᠲᠠᠵᠢᠭᠡᠯ ᠪᠤᠯᠵᠤ᠂ ᠮᠠᠯ ᠢ ᠲᠠᠷᠭᠤᠯᠠᠭᠤᠯᠬᠤ ᠪᠠᠷ ᠪᠠᠷᠠᠬᠤ ᠥᠭᠡᠢ ᠲᠠᠷᠭᠤ ᠬᠥᠴᠤ ᠶᠢ ᠨᠢ ᠪᠠᠳᠤᠯᠠᠬᠤ ᠳᠤ ᠰᠠᠶᠢᠨ ᠪᠠᠶᠢᠳᠠᠭ᠃ ᠡᠨ᠋ᠨ ᠡᠪᠠᠰᠤ ᠰᠢᠮ᠎ᠠ ᠬᠥᠴᠤ ᠪᠠᠨ ᠤᠳᠠᠭᠠᠨ ᠬᠤᠭᠤᠴᠠᠭ᠎ᠠ ᠬᠠᠳᠠᠭᠠᠯᠠᠵᠤ ᠴᠢᠳᠠᠳᠠᠭ ᠪᠤᠯᠬᠤᠷ ᠬᠤᠨᠢ ᠢᠮᠠᠭᠠᠨ ᠤ ᠡᠪᠤᠯ ᠬᠠᠪᠤᠷ ᠤᠨ ᠤᠯᠠᠷᠢᠯ ᠳᠤ ᠢᠳᠠᠳᠡᠭ ᠬᠠᠮᠤᠭ ᠤᠨ ᠲᠤᠷᠠᠳᠠᠢ ᠲᠠᠵᠢᠭᠡᠯᠳᠤ ᠡᠪᠠᠰᠤ ᠨᠢ ᠪᠤᠯᠳᠠᠭ᠃      ᠴᠢᠳᠤᠷ ᠭᠢᠰᠢ᠄ ᠴᠢᠳᠤᠷ ᠭᠢᠰᠢ ᠶᠢ ᠮᠠᠯᠴᠢᠳ ᠮᠠᠯ ᠤᠨ ᠲᠠᠷᠭᠤ ᠶᠢᠨ ᠰᠠᠶᠢᠨ ᠡᠪᠠᠰᠤ ᠭᠡᠳᠡᠭ᠃ ᠴᠢᠳᠤᠷ ᠭᠢᠰᠢ ᠪᠤᠯ ᠲᠠᠪᠤᠨ ᠬᠤᠰᠢᠭᠤ ᠮᠠᠯ ᠤᠨ ᠤᠰᠤᠨ ᠲᠠᠷᠭᠤ᠂ ᠲᠤᠰᠤᠨ ᠲᠠᠷᠭᠤ ᠶᠢᠨ ᠡᠪᠠᠰᠤ ᠮᠥᠨ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号