ᠮᠠᠯᠴᠢᠨ ᠬᠤᠸᠠᠷ ᠤᠯᠠᠮᠵᠢᠯᠠᠯᠳᠤ ᠠᠷᠭ᠎ᠠ ᠪᠠᠷ ᠠᠷᠠᠰᠤ ᠰᠢᠷᠢ ᠢᠳᠡᠭᠡᠯᠡᠨ ᠪᠤᠯᠪᠠᠰᠤᠷᠠᠭᠤᠯᠤᠨ ᠥᠯᠡᠮᠵᠢ ᠤᠷᠤᠯᠭ᠎ᠠ ᠲᠠᠢ
ᠨᠡᠶᠢᠲᠡᠯᠡᠭᠰᠡᠨ ᠴᠠᠭ᠄
2020/8/21
                                               ᠳᠠᠳᠤᠯᠭ᠎ᠠ ᠶᠢᠨ ᠤᠶᠤᠳᠠᠨ ᠨᠠᠷᠠᠰᠤ      ᠵᠡᠭᠦᠨ ᠦᠵᠦᠮᠦᠴᠢᠨ ᠬᠤᠰᠢᠭᠤᠨ ᠤ ᠬᠦᠷᠢᠶᠡᠳᠦᠨᠠᠭᠤᠷ ᠰᠤᠮᠤᠨ ᠤ ᠴᠠᠭᠠᠨᠨᠠᠭᠤᠷ ᠭᠠᠴᠠᠭᠠᠨ ᠤ ᠮᠠᠯᠴᠢᠨ ᠬᠤᠸᠠᠷ ᠨᠦᠬᠦᠷ ᠠᠯᠤᠬ᠎ᠠ ᠲᠠᠢ ᠪᠠᠨ ᠤᠯᠠᠮᠵᠢᠯᠠᠯᠲᠤ ᠠᠷᠭ᠎ᠠ ᠪᠠᠷ ᠠᠷᠠᠰᠤ ᠰᠢᠷᠢ ᠢᠲᠠᠬᠡᠯᠡᠵᠤ ᠪᠤᠯᠪᠠᠰᠤᠷᠠᠭᠤᠯᠤᠨ ᠪᠤᠷᠤᠯᠠᠭᠤᠯᠤᠭᠠᠤᠨ ᠵᠢᠯ ᠳᠤ 20 ᠲᠦᠮᠡᠨ ᠲᠦᠭᠦᠷᠢᠭ ᠤᠨ ᠴᠠᠪᠠᠷ ᠤᠷᠤᠯᠭ᠎ᠠ ᠡᠬᠦᠤᠠᠴᠤ᠂ ᠠᠮᠢᠳᠤᠷᠠᠯ ᠢᠶᠠᠨ ᠦᠭᠡᠳ᠋ᠨ ᠲᠠᠲᠠᠵᠤ ᠶᠠᠪᠤᠨ᠎ᠠ᠃      ᠬᠤᠸᠠᠷ ᠠᠷᠪᠠᠭᠠᠳ ᠨᠠᠰᠤᠨ ᠠᠴᠠ ᠪᠠᠨ ᠡᠬᠢᠯᠡᠨ ᠡᠵᠢ ᠪᠠᠨ ᠳᠠᠭᠠᠵᠤ ᠠᠷᠠᠰᠤ ᠰᠢᠷᠢ ᠡᠯᠳᠡᠵᠤ ᠢᠳᠡᠭᠡᠯᠡᠬᠦ ᠶᠢ ᠰᠤᠷᠴᠠᠢ᠃ ᠲᠠᠬᠡᠬᠡᠤᠨ ᠳᠠᠷᠠ 2009 ᠣᠨ ᠠᠴᠠ ᠠᠷᠠᠰᠤ ᠰᠢᠷᠢ ᠢᠲᠠᠬᠡᠯᠠᠨ ᠪᠤᠯᠪᠠᠰᠤᠷᠠᠭᠤᠯᠬᠤ ᠠᠵᠢᠯ ᠢᠶᠠᠨ ᠡᠬᠢᠯᠠᠬᠦᠯᠵᠤ᠂ ᠤᠲᠤ ᠪᠤᠯᠲᠠᠯ᠎ᠠ ᠪᠦᠬᠦᠯᠢ ᠠᠷᠪᠠᠨ ᠵᠢᠯ ᠤᠨ ᠨᠢᠭᠤᠷ ᠦᠵᠡᠵᠦ᠂ ᠲᠤᠭᠲᠠᠭᠰᠠᠨ ᠤᠷᠤᠯᠭ᠎ᠠ ᠲᠠᠢ ᠤᠯᠵᠠ ᠤᠮᠤᠭ ᠲᠠᠢ ᠶᠠᠪᠤᠭ᠎ᠠ ᠠᠵᠢ᠃      ᠤᠲᠤ ᠪᠤᠯᠬᠤ ᠳᠤ ᠲᠠᠲᠠ ᠬᠤᠶᠠᠭᠤᠯᠠ ᠰᠤᠮᠤᠨ ᠲᠦᠪ ᠳᠡᠭᠡᠷ᠎ᠡ ᠪᠠᠨ ᠦᠪᠡᠷ ᠤᠨ ᠭᠡᠰᠡᠨ ᠵᠢᠵᠢᠭᠬᠡᠨ ᠠᠵᠢᠯ ᠤᠨ ᠦᠷᠦᠭᠡ ᠲᠠᠢ ᠪᠤᠯᠵᠤ᠂ ᠦᠭᠡᠷ ᠤᠨ ᠠᠷᠠᠰᠤ ᠡᠯᠳᠡᠬᠦ᠂ ᠬᠤᠨᠢᠨ ᠤ ᠠᠷᠠᠰᠤ ᠡᠯᠳᠡᠵᠤ ᠤᠳᠤᠬᠤ᠂ ᠦᠩᠭᠡ ᠳᠡᠪᠡᠯ ᠤᠶᠤᠬᠤ ᠵᠡᠷᠭᠡ ᠠᠵᠢᠯ ᠤᠳ ᠢ ᠬᠢᠵᠤ ᠪᠤᠢ᠃ ᠲᠠᠷᠠ ᠬᠤᠶᠠᠭᠤᠯᠠ ᠠᠵᠢᠯᠯᠠᠵᠤ ᠠᠮᠠᠷᠠᠬᠤ ᠪᠠᠨ ᠵᠤᠬᠢᠰᠲᠠᠢ ᠲᠤᠬᠢᠷᠠᠭᠤᠯᠤᠨ᠂ ᠰᠠᠷ᠎ᠠ ᠡᠳᠦᠷ ᠦᠵᠡᠨ ᠤᠯᠠᠮᠵᠢᠯᠠᠯᠲᠤ ᠠᠷᠭ᠎ᠠ ᠪᠠᠷ ᠠᠷᠠᠰᠤ ᠰᠢᠷᠢ ᠪᠠᠨ ᠡᠯᠳᠡᠵᠤ ᠢᠲᠠᠬᠡᠯᠡᠨ ᠪᠤᠯᠪᠠᠰᠤᠷᠠᠭᠤᠯᠤᠭᠰᠠᠭᠠᠷ ᠢᠷᠠᠪᠠ᠃      — ᠦᠭᠡᠷ ᠤᠨ ᠠᠷᠠᠰᠤᠨ ᠤ ᠪᠠᠨ ᠦᠰᠦ ᠶᠢ ᠪᠤᠯ ᠬᠤᠶᠠᠷ ᠰᠠᠷ᠎ᠠ ᠠᠴᠠ ᠬᠠᠩᠰᠢ ᠬᠦᠷᠲᠠᠯᠠᠬᠢ ᠬᠤᠭᠤᠴᠠᠭᠠᠨ ᠳᠤ ᠬᠤᠰᠤᠨ᠎ᠠ᠃ ᠦᠰᠦ ᠶᠢ ᠨᠢ ᠬᠤᠰᠤᠭᠰᠠᠨ ᠤ ᠲᠠᠷᠠᠭ᠎ᠠ ᠰᠢᠷᠡᠰᠤᠨ ᠳᠤ ᠪᠠᠨ ᠬᠢᠵᠤ᠂ ᠬᠤᠶᠠᠷ ᠰᠠᠷ᠎ᠠ ᠢᠳᠡᠭᠡ ᠤᠷᠤᠭᠤᠯᠤᠨ᠎ᠠ᠃ ᠢᠲᠡᠭᠡ ᠤᠷᠤᠭᠰᠠᠨ ᠤ ᠲᠠᠷᠠᠭ᠎ᠠ ᠡᠯᠲᠠᠵᠤ ᠡᠬᠢᠯᠡᠲᠡᠭ᠃ ᠬᠤᠨᠢᠨ ᠤ ᠠᠷᠠᠰᠤ ᠶᠢ ᠮᠦᠨ ᠠᠲᠠᠯᠢ ᠤᠷᠢᠲᠠᠪᠠᠷ ᠬᠠᠯᠢᠮ ᠢ ᠨᠢ ᠠᠪᠴᠤ ᠰᠢᠷᠠᠰᠤᠨ ᠳᠤ ᠪᠠᠨ ᠬᠢᠵᠤ ᠢᠳᠡᠭᠡ ᠤᠷᠤᠭᠤᠯᠴᠢᠬᠠᠭᠠᠳ ᠵᠤᠨ ᠤ ᠲᠤᠮᠲᠠ ᠰᠠᠷ᠎ᠠ ᠳᠤ ᠡᠯᠳᠡᠨ᠎ᠡ᠃ ᠡᠯᠳᠡᠵᠤ ᠪᠠᠷᠠᠴᠢᠬᠠᠭᠠᠳ ᠤᠳᠤᠨ᠎ᠠ᠃ ᠠᠷᠭᠠᠯ ᠤᠨ ᠭᠠᠯ ᠢᠶᠠᠷ ᠤᠲᠤᠭ᠎ᠠ ᠶᠢ ᠨᠢ ᠰᠠᠶᠢᠬᠠᠨ ᠲᠤᠬᠢᠷᠠᠭᠤᠯᠵᠤ ᠪᠠᠶᠢᠭᠠᠳ ᠤᠲᠤᠨ᠎ᠠ᠃ ᠦᠬᠡᠷ ᠤᠨ ᠠᠷᠠᠰᠤᠨ ᠳᠤ ᠪᠤᠯ ᠬᠦ᠋ ᠲᠦᠷᠬᠢᠭᠡᠳ ᠲᠠᠷᠠᠭ᠎ᠠ ᠨᠢ ᠳᠠᠯᠬᠢ ᠮᠤᠳᠤᠨ ᠳᠤ ᠪᠠᠨ ᠬᠢᠭᠡᠳ ᠲᠠᠷᠤᠨ᠎ᠠ᠃ ᠢᠩᠭᠢᠵᠤ ᠡᠳᠦᠷ ᠲᠤᠵᠢ ᠶᠠᠭᠠᠷᠠᠤᠬᠠᠨ ᠯᠡ ᠪᠠᠶᠢᠳᠠᠭ ᠳ᠋ᠠ ᠭᠡᠵᠤ ᠬᠤᠸᠠᠷ ᠠᠵᠢᠯ ᠢᠶᠠᠷ ᠢᠶᠠᠨ ᠪᠠᠭ᠋ᠠᠷᠬᠠᠨ ᠶᠠᠷᠢᠨ᠎ᠠ᠃      ᠤᠶᠢᠯᠠᠭᠠᠭᠰᠠᠨ ᠢᠶᠠᠷ᠂ ᠲᠠᠲᠠ ᠬᠤᠶᠡᠷ ᠵᠢᠯ ᠪᠤᠯᠭᠠᠨ ᠬᠤᠶᠠᠷ ᠦᠵᠦᠮᠦᠴᠢᠨ ᠢᠶᠠᠷ ᠭᠤᠤᠯᠳᠠᠭᠰᠠᠨ ᠡᠯ᠎ᠡ ᠭᠠᠵᠠᠷ ᠤᠨ ᠵᠠᠬᠢᠶᠠᠯᠠᠭ᠎ᠠ ᠶᠢ ᠲᠤᠰᠲᠠᠭ ᠶᠤᠮ᠃ ᠬᠤᠯᠪᠤᠭ᠎ᠠ ᠰᠦᠯᠵᠢᠶ᠎ᠡ᠂ ᠸᠢᠴᠠᠲ ᠤᠨ ᠨᠠᠶᠢᠵᠠ ᠶᠢᠨ ᠲᠤᠭᠤᠷᠢᠭ ᠢ ᠠᠰᠢᠭᠯᠠᠭᠰᠠᠨ ᠠᠴᠠ ᠠᠰᠢᠭ ᠤᠷᠤᠯᠭ᠎ᠠ ᠨᠢ ᠠᠶᠠᠠᠲᠠᠭᠠᠨ ᠨᠡᠮᠡᠭᠲᠠᠵᠤ᠂ ᠵᠢᠯ ᠳᠤ ᠵᠠᠬᠢᠶᠠᠯᠠᠭ᠎ᠠ ᠪᠠᠷ 150 ᠭᠠᠷᠤᠢ ᠦᠬᠡᠷ ᠤᠨ ᠠᠷᠠᠰᠤ᠂ 450 ᠭᠠᠷᠤᠢ ᠬᠤᠨᠢᠨ ᠤ ᠠᠷᠠᠰᠤ ᠡᠯᠳᠡᠵᠤ᠂ 20 ᠭᠠᠷᠤᠢ ᠦᠩᠭᠡ ᠳᠡᠪᠡᠯ ᠤᠶᠤᠵᠤ᠂ 60 — 70 ᠲᠠᠪᠠᠯ ᠤᠨ ᠤᠲᠤᠭᠰᠠᠨ ᠠᠷᠠᠰᠤ ᠬᠤᠲᠠᠯᠲᠤᠲᠠᠭ᠃ ︽ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ︾ ᠭᠡᠳᠡᠭᠴᠢᠯᠡᠨ ᠤᠲᠤ ᠪᠤᠯᠬᠤ ᠳᠤ ᠲᠠᠲᠠ ᠬᠤᠶᠡᠷ ᠤᠨ ᠵᠢᠯ ᠤᠨ ᠴᠠᠪᠠᠷ ᠤᠷᠤᠯᠭ᠎ᠠ ᠨᠢ 20 ᠲᠦᠮᠡᠨ ᠲᠦᠭᠦᠷᠢᠭ ᠢ ᠳᠠᠪᠠᠭᠰᠠᠨ ᠪᠠᠶᠢᠨ᠎ᠠ᠃
 
ᠢᠷᠡᠯᠲᠡ᠄ ᠰᠢᠯᠢ ᠶᠢᠨ ᠭᠤᠤᠯ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号