ᠲᠦᠷᠪᠡᠨ ᠶᠡᠭᠡ ᠬᠤᠤᠷᠲᠤ ᠡᠪᠡᠰᠦ
ᠨᠡᠶᠢᠲᠡᠯᠡᠭᠰᠡᠨ ᠴᠠᠭ᠄
2021/1/22
    ᠮᠠᠨᠳᠠᠯᠳᠤ ᠴᠡᠴᠡᠭ
     ᠲᠡᠭᠦᠨ ᠢ ᠪᠠᠰᠠ ︽ᠴᠠᠭᠠᠨ ᠮᠠᠨᠳᠠᠷ᠎ᠠ ᠲᠦᠪᠡᠳ ᠴᠡᠴᠡᠭ︾ ᠭᠡᠨ᠎ᠡ᠃ ᠮᠤᠩᠭᠤᠯ ᠢᠶᠠᠷ ᠶᠡᠷᠦ ᠳᠤ ᠪᠠᠨ ︽ᠲᠡᠮᠦᠷ ᠵᠠᠩᠭᠤᠤ︾ ᠭᠡᠨ᠎ᠡ᠃ ᠲᠡᠷᠡ ᠨᠢ ᠬᠠᠰᠢ ᠶᠢᠨ ᠢᠵᠠᠭᠤᠷᠲᠤ ᠰᠢᠯᠦᠭᠤᠨ ᠡᠰᠢ ᠲᠠᠢ ᠡᠪᠡᠰᠦᠯᠢᠭ ᠤᠷᠭᠤᠮᠠᠯ ᠳᠤ ᠪᠠᠭᠲᠠᠨ᠎ᠠ᠃ ᠨᠠᠪᠴᠢ ᠨᠢ ᠠᠯᠠᠭᠠᠨ ᠬᠢᠷᠢ ᠲᠤᠮᠤ᠂ ᠦᠨᠳᠡᠭᠡᠨ ᠬᠡᠯᠪᠡᠷᠢᠳᠠᠢ᠂ ᠬᠢᠷᠦᠭᠡᠨ ᠰᠢᠲᠦ ᠰᠢᠭ ᠳᠤᠯᠬᠢᠶᠠᠨᠲᠤ ᠢᠷᠮᠡᠭ ᠲᠠᠢ᠂ ᠤᠷᠲᠤ ᠪᠠᠷᠢᠭᠤᠯ ᠲᠠᠢ ᠪᠠᠶᠢᠳᠠᠭ᠃ ᠴᠡᠴᠡᠭ ᠨᠢ ᠶᠠᠭ ᠭᠤᠭᠤᠵᠢᠭᠤᠷ ᠤᠨ ᠶᠠᠩᠵᠤ ᠲᠠᠢ᠃ ᠲᠡᠭᠡᠲᠤ ᠬᠡᠰᠡᠭ ᠲᠤᠨᠢ ᠲᠠᠪᠤᠨ ᠳᠠᠯᠪᠢ ᠵᠠᠳᠠᠷᠠᠳᠠᠭ᠃ ᠴᠠᠭᠠᠨ ᠦᠩᠭᠡᠲᠦ ᠪᠤᠰᠤᠭ᠎ᠠ ᠲᠠᠩ ᠴᠡᠴᠡᠭ ᠪᠤᠯᠤᠨ᠎ᠠ᠃ ᠨᠠᠷᠢᠬᠠᠨ ᠤᠬᠤᠷ ᠬᠤᠷᠴᠠ ᠦᠷᠭᠡᠰᠦᠳᠡᠢ᠂ ᠵᠢᠵᠢᠭ ᠪᠦᠮᠪᠦᠭᠡᠨ ᠬᠡᠯᠪᠡᠷᠢᠲᠤ ᠵᠢᠮᠢᠰ ᠰᠠᠭᠤᠳᠠᠭ᠃ ᠬᠤᠸᠠ ᠲᠦᠸᠧ ︽ᠮᠢᠨᠴᠦᠷᠡᠬᠦᠯᠬᠦ ᠲᠠᠯᠬ᠎ᠠ︾ ᠨᠠᠶᠢᠷᠠᠭᠤᠯᠬᠤ ᠳᠤ ᠪᠠᠨ ᠮᠠᠨᠳᠠᠯᠳᠤ ᠴᠡᠴᠡᠭ ᠨᠢ ᠬᠢᠳᠠᠳ ᠡᠮᠨᠡᠯᠭᠡ ᠶᠢᠨ ᠭᠤᠤᠯ ᠪᠤᠯᠬᠤ ᠮᠢᠨᠴᠦᠷᠡᠬᠦᠯᠬᠦ ᠡᠳ᠋ ᠢᠶᠠᠷ ᠬᠡᠷᠡᠭᠯᠡᠭᠳᠡᠵᠦ ᠪᠠᠶᠢᠨ᠎ᠠ᠃     ᠴᠢᠳᠦᠷ ᠡᠪᠡᠰᠦ
     ᠲᠡᠬᠦᠨ ᠢ ᠪᠠᠰᠠ ᠴᠢᠳᠦᠷ ᠡᠪᠡᠰᠦ᠂ ᠤᠷᠢᠶᠠᠩᠭᠤ ᠵᠠᠯ᠎ᠠ ᠭᠡᠵᠦ ᠨᠡᠷᠡᠯᠡᠳᠡᠭ᠃ ᠬᠦᠨᠴᠡᠯ ᠤᠨ ᠢᠵᠠᠭᠤᠷᠲᠤ ᠤᠷᠢᠶᠠᠩᠭᠤ ᠤᠷᠭᠤᠮᠠᠯ ᠪᠤᠯᠤᠨ᠎ᠠ᠃ ᠨᠠᠪᠴᠢ ᠨᠢ ᠬᠤᠤᠰᠯᠠᠨ ᠤᠷᠭᠤᠵᠤ᠂ ᠦᠨᠳᠡᠭᠡᠨ ᠬᠡᠯᠪᠡᠷᠢᠲᠤ᠂ ᠤᠷᠤᠢ ᠲᠡᠰᠢ  ᠪᠠᠨ ᠨᠠᠷᠢᠬᠠᠨ᠃ ᠰᠠᠯᠠᠭᠠᠨ ᠤ ᠬᠢᠨᠢ ᠤᠷᠤᠢ ᠳᠤ ᠪᠤᠶᠤ ᠰᠠᠯᠠᠭ᠎ᠠ ᠪᠤᠯᠤᠨ ᠨᠠᠪᠴᠢ ᠶᠢᠨ ᠵᠠᠪᠰᠠᠷ ᠲᠤ ᠲᠠᠪᠤᠨ ᠳᠠᠯᠪᠢ  ᠲᠠᠢ᠂ ᠲᠤᠳᠤᠷ᠎ᠠ ᠪᠠᠨ ᠵᠢᠵᠢᠭ ᠵᠢᠵᠢᠭ ᠤᠯᠠᠭᠠᠨ ᠲᠤᠯᠪᠤᠲᠤ ᠭᠤᠭᠤᠵᠢᠭᠤᠷ ᠰᠢᠭ ᠪᠢᠴᠢᠬᠠᠨ ᠰᠢᠷ᠎ᠠ ᠴᠡᠴᠡᠭ ᠳᠡᠯᠭᠡᠷᠡᠨ᠎ᠡ᠃ ᠵᠢᠮᠢᠰ ᠨᠢ ᠪᠦᠭᠡᠷᠡᠩᠬᠡᠢ ᠬᠡᠯᠪᠡᠷᠢᠳᠠᠢ᠃     ᠬᠦᠨᠴᠡᠯ
      ᠬᠦᠨᠴᠡᠯ ᠢ ᠪᠠᠰᠠ ᠦᠬᠡᠷ ᠤᠨ ᠨᠢᠳᠤᠨ ᠬᠦᠨᠴᠡᠯ ᠭᠡᠳᠡᠭ᠃ ᠲᠡᠷᠡ ᠨᠢ ᠬᠦᠨᠴᠡᠯ ᠤᠨ ᠢᠵᠠᠭᠤᠷᠲᠤ ᠵᠠᠯᠡᠯᠢᠭ ᠪᠤᠲᠠ ᠮᠤᠳᠤ ᠪᠤᠯᠤᠨ᠎ᠠ᠃ ᠵᠢᠵᠢᠭ ᠮᠦᠴᠢᠷ ᠨᠢ ᠦᠷᠬᠦᠯᠵᠢ ᠲᠠᠬᠢᠷ ᠮᠤᠷᠤᠢ ᠤᠷᠭᠤᠳᠠᠭ᠃ ᠨᠠᠪᠴᠢ ᠨᠢ ᠬᠤᠤᠰᠯᠠᠨ ᠤᠷᠭᠤᠵᠤ᠂ ᠦᠨᠳᠡᠭᠡᠨ ᠬᠡᠯᠪᠡᠷᠢᠳᠡᠢ᠃ ᠵᠢᠵᠢᠭ ᠴᠡᠴᠡᠭ ᠳᠡᠯᠭᠡᠷᠡᠨ᠎ᠡ᠃ ᠵᠢᠮᠢᠰ ᠨᠢ ᠵᠢᠵᠢᠭ ᠵᠦᠷᠵᠢ ᠰᠢᠭ᠂ ᠭᠡᠪᠡᠴᠦ ᠬᠤᠤᠷᠳᠠᠢ ᠲᠤᠯᠠ ᠢᠳᠡᠵᠤ ᠪᠤᠯᠳᠠᠭ ᠦᠭᠡᠢ᠃      ᠤᠭᠠᠯᠵᠠ ᠤᠷᠢᠶᠠᠩᠭᠤ
         ᠦᠭᠡᠷ᠎ᠡ ᠨᠡᠷ᠎ᠡ ᠨᠢ ᠬᠤᠨᠢᠨ ᠡᠪᠡᠷ ᠤᠨ ᠮᠤᠰᠬᠢᠷᠠᠭ᠎ᠠ ᠭᠡᠳᠡᠭ᠃ ᠬᠤᠯᠤᠰᠤᠯᠢᠭ ᠤᠯᠠᠭᠠᠨ ᠴᠡᠭᠴᠡᠦᠬᠡᠢ ᠶᠢᠨ ᠢᠵᠠᠭᠤᠷᠲᠤ ᠪᠤᠲᠠ ᠮᠤᠳᠤ ᠪᠤᠯᠤᠨ᠎ᠠ᠃ ᠨᠢᠯᠬ᠎ᠠ ᠮᠦᠴᠢᠷ ᠨᠢ ᠤᠯᠠᠪᠲᠤᠷ ᠬᠦᠷᠡᠩ ᠦᠩᠭᠡᠳᠡᠢ᠃ ᠬᠠᠯᠢᠰᠤᠨ ᠲᠡᠭᠡᠷ᠎ᠡ  ᠨᠢ ᠵᠢᠵᠢᠭ ᠴᠠᠭᠠᠨ ᠨᠦᠬᠡ ᠲᠠᠢ ᠪᠠᠶᠢᠵᠤ᠂ ᠪᠦᠬᠦ ᠮᠦᠴᠢᠷ ᠠᠴᠠ ᠨᠢ ᠰᠦ ᠭᠠᠷᠳᠠᠭ᠃ ᠪᠦᠭᠡᠷᠡᠩᠬᠡᠢ ᠬᠡᠯᠪᠡᠷᠢᠲᠤ ᠬᠤᠤᠰᠯᠠᠨ ᠤᠷᠭᠤᠳᠠᠭ ᠨᠠᠪᠴᠢ ᠲᠠᠢ᠃ ᠲᠠᠪᠤᠨ ᠲᠠᠯᠪᠢᠲᠤ ᠰᠢᠷᠠᠪᠲᠤᠷ ᠨᠤᠭᠤᠭᠠᠨ ᠦᠩᠭᠡᠲᠤ ᠭᠤᠭᠤᠵᠢᠭᠤᠷ ᠬᠡᠯᠪᠡᠷᠢᠲᠤ ᠴᠡᠴᠡᠭ ᠳᠡᠯᠭᠡᠷᠡᠨ᠎ᠡ᠃ ᠦᠷ᠎ᠡ ᠨᠢ ᠴᠠᠭᠠᠨ ᠦᠰᠦ ᠲᠠᠢ ᠪᠠᠶᠢᠵᠤ᠂ ᠨᠠᠪᠴᠢ᠂ ᠴᠡᠴᠡᠭ᠂ ᠦᠷ᠎ᠡ ᠨᠢ ᠪᠦᠷ ᠬᠤᠤᠷᠳᠠᠢ᠃
 
ᠢᠷᠡᠯᠲᠡ᠄ ᠤᠷᠭᠤᠮᠠᠯ ᠤᠨ ᠬᠦᠷᠢᠶᠡᠯᠡᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号