ᠷᠠᠰᠢᠶᠠᠨ ᠤᠰᠤᠨ ᠤ ᠦᠢᠯᠡᠳᠦᠯ
ᠨᠡᠶᠢᠲᠡᠯᠡᠭᠰᠡᠨ ᠴᠠᠭ᠄
2021/2/2
     ︽ᠷᠠᠰᠢᠶᠠᠨ ᠤᠰᠤ︾ ᠪᠤᠯ ᠲᠡᠯᠡᠭᠡᠢ ᠶᠢᠨ ᠴᠠᠷᠳᠠᠰᠤᠨ ᠤ ᠬᠠᠭᠠᠷᠠᠯ ᠪᠠ ᠡᠪᠳᠡᠷᠡᠭᠰᠡᠨ ᠪᠥᠰᠡ ᠶᠢᠨ ᠪᠤᠷᠵᠢᠨ ᠴᠢᠯᠠᠭᠤᠯᠢᠭ ᠶᠢᠨ ᠠᠩ ᠵᠠᠪᠰᠠᠷ ᠠᠴᠠ ᠭᠠᠷᠤᠭᠰᠠᠨ ᠤᠰᠤ ᠪᠤᠯᠤᠨ᠎ᠠ᠃ ᠲᠡᠷᠡ ᠨᠢ ᠰᠤᠳᠠᠰᠤᠨ ᠭᠡᠯᠪᠡᠷᠢ ᠲᠠᠢ ᠲᠠᠷᠬᠠᠵᠤ ᠪᠠᠶᠢᠳᠠᠭ᠃ ᠷᠠᠰᠢᠶᠠᠨ ᠤᠰᠤ ᠨᠢ ᠭᠥᠮᠤᠨ ᠲᠦᠷᠦᠯᠬᠢᠳᠡᠨ ᠳᠤ ᠮᠠᠰᠢ ᠶᠡᠭᠡ ᠠᠰᠢᠭ ᠲᠠᠢ ᠬᠤᠪᠤᠷ ᠨᠠᠨᠳᠢᠨ ᠡᠬᠡ ᠪᠠᠶᠠᠯᠢᠭ ᠪᠤᠯᠤᠭᠰᠡᠨ ᠤ ᠬᠤᠪᠢ ᠳᠤ ᠭᠥᠮᠤᠰ ᠲᠡᠭᠦᠨ ᠢ  ︽ᠷᠠᠰᠢᠶᠠᠨ︾ ᠭᠡᠵᠤ ᠨᠡᠷᠡᠯᠳᠡᠭ ᠪᠢᠯᠡ᠃          1. ᠷᠠᠰᠢᠶᠠᠨ ᠤ ᠴᠢᠨᠠᠷ ᠪᠠ ᠪᠥᠷᠢᠯᠳᠤᠭᠦᠨ      ᠷᠠᠰᠢᠶᠠᠨ ᠨᠢ ᠭᠤᠤᠯᠳᠠᠭᠤ ᠭᠥᠬᠦᠷ ᠬᠦᠴᠢᠯ ᠢᠶᠠᠷ ᠭᠤᠤᠯᠠᠯᠵᠤ᠂ ᠺᠠᠯᠽ᠂ ᠷᠠᠳᠤᠨ᠂ ᠨᠠᠲ᠋ᠠᠷᠢ᠂ ᠹᠯᠤᠷ᠂ ᠾᠯᠤᠷ᠂ ᠨᠡᠭᠦᠷᠡᠰᠤᠳᠦᠷᠦᠭᠴᠢ ᠶᠢᠨ ᠲᠠᠪᠬᠤᠷ ᠢᠰᠤᠯ᠂ ᠴᠠᠭᠢᠭᠤᠷ ᠬᠦᠴᠢᠯ᠂ ᠠᠽᠤᠲ ᠶᠢᠨ ᠲᠠᠪᠬᠤᠷ ᠢᠰᠤᠯ ᠵᠡᠷᠭᠡ ᠬᠡᠳᠤᠨ ᠲᠥᠷᠤᠯ ᠶᠢᠨ ᠡᠯᠧᠮᠧᠨ᠋ᠲ ᠠᠭᠤᠯᠠᠭᠳᠠᠵᠤ ᠪᠠᠶᠢᠳᠠᠭ᠃           2. ᠷᠠᠰᠢᠶᠠᠨ ᠤ ᠡᠪᠡᠳᠴᠢᠨ ᠵᠠᠰᠠᠬᠤ ᠤᠶᠢᠯᠡᠳᠤᠯ          ︵1︶  ᠹᠢᠽᠢᠺ ᠶᠢᠨ ᠤᠶᠢᠯᠡᠳᠤᠯ᠄ ᠷᠠᠰᠢᠶᠠᠨ ᠤ ᠹᠢᠽᠢᠺ ᠶᠢᠨ ᠤᠶᠢᠯᠡᠳᠤᠯ ᠨᠢ ᠭᠤᠤᠯᠳᠠᠭᠤ ᠰᠡᠳᠡᠯᠳᠡ ᠥᠭᠭᠦ ᠶᠠᠪᠤᠳᠠᠯ ᠪᠤᠯᠤᠨ᠎ᠠ᠃ ᠷᠠᠰᠢᠶᠠᠨ ᠤ ᠤᠰᠤ ᠭᠥᠮᠤᠨ ᠤ ᠪᠡᠶ᠎ᠡ ᠪᠠᠷ ᠲᠠᠮᠵᠢᠨ ᠪᠡᠶ᠎ᠡ ᠮᠠᠬᠠᠪᠤᠳ ᠤᠨ ᠪᠤᠳᠠᠰ ᠤᠨ ᠰᠤᠯᠢᠯᠴᠠᠭ᠎ᠠ ᠶᠢ ᠰᠠᠶᠢᠵᠢᠷᠠᠭᠤᠯᠳᠠᠭ ᠪᠥᠭᠡᠳ ᠴᠢᠰᠤᠨ ᠤ ᠡᠷᠭᠢᠯᠳᠡ ᠶᠢ ᠲᠥᠷᠭᠡᠳᠭᠡᠵᠤ᠂ ᠮᠡᠳᠡᠷᠡᠯ ᠪᠠ ᠪᠤᠯᠴᠢᠩ ᠢ ᠰᠤᠯᠠᠷᠠᠭᠤᠯᠤᠨ ᠭᠥᠯᠤᠰᠤᠨ ᠪᠤᠯᠴᠢᠷᠬᠠᠢ ᠨᠡᠭᠡᠭᠡᠭᠳᠡᠵᠤ ᠭᠥᠯᠤᠰᠤ ᠪᠠ ᠭᠥᠮᠤᠨ ᠤ ᠪᠡᠶ᠎ᠡ ᠳᠠᠬᠢ ᠬᠡᠷᠡᠭ ᠦᠭᠡᠢ ᠪᠤᠳᠠᠰ  ᠢ ᠭᠠᠳᠠᠭᠰᠢᠯᠠᠭᠤᠯᠵᠤ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠭᠢᠭᠤᠯᠳᠠᠭ᠃ ᠬᠡᠯᠡᠯᠭᠡᠨ ᠦᠭᠡᠢ ᠡᠭᠦᠨ ᠳᠤ ᠮᠧᠬᠠᠨᠢᠭ ᠰᠡᠳᠡᠯᠳᠡ ᠤᠨ ᠤᠶᠢᠯᠡᠳᠤᠯ ᠪᠠᠭᠳᠠᠵᠤ ᠪᠠᠶᠢᠨ᠎ᠠ᠃ ᠪᠠᠰᠠ ᠤᠰᠤᠨ ᠤ ᠭᠥᠪᠪᠤᠭᠦᠯᠭᠦ ᠭᠥᠴᠤ᠂ ᠤᠰᠤᠨ ᠤ ᠲᠠᠶᠢᠪᠤᠩ ᠲᠠᠷᠤᠯᠳᠠ᠂ ᠤᠰᠤᠨ ᠤ ᠪᠢᠴᠢᠯ ᠮᠥᠭᠦᠯᠢᠭ ᠪᠤᠯᠤᠨ ᠮᠧᠬᠠᠨᠢᠭ ᠦᠷᠤᠯᠳᠡ ᠶᠢᠨ ᠤᠶᠢᠯᠡᠳᠤᠯ ᠬᠠᠮᠤᠷᠤᠭᠳᠠᠨ᠎ᠠ᠃      ︵2︶ ᠬᠢᠮᠢ ᠶᠢᠨ ᠤᠶᠢᠯᠡᠳᠤᠯ᠄ ᠷᠠᠰᠢᠶᠠᠨ ᠤᠰᠤᠨ ᠤ ᠭᠢᠮᠢ ᠶᠢᠨ ᠤᠶᠢᠯᠡᠳᠤᠯ ᠪᠤᠯ ᠡᠮᠴᠢᠯᠡᠭᠡᠨ ᠤ ᠲᠠᠯ᠎ᠠ  ᠪᠠᠷ ᠮᠠᠰᠢ ᠶᠡᠭᠡ ᠠᠴᠢ ᠬᠤᠯᠪᠤᠭᠳᠠᠯ ᠲᠠᠢ ᠶᠤᠮ᠂ ᠡᠨᠡ ᠨᠢ ᠷᠠᠰᠢᠶᠠᠨ ᠤ ᠥᠪᠡᠷᠮᠢᠴᠡ ᠤᠨᠴᠠᠯᠢᠭ ᠪᠥᠭᠦᠢ ᠤᠶᠢᠯᠡᠳᠤᠯ ᠪᠤᠯᠬᠤ ᠶᠤᠮ᠃ ᠷᠠᠰᠢᠶᠠᠨ ᠳᠤ ᠤᠯᠠᠨ ᠲᠥᠷᠤᠯ ᠶᠢᠨ ᠭᠢᠮᠢ ᠶᠢᠨ ᠪᠤᠳᠠᠰ᠂ ᠬᠡᠢ ᠪᠡᠶᠡᠳᠤ ᠪᠤᠯᠤᠨ ᠤᠯᠠᠨ ᠲᠥᠷᠤᠯ ᠤᠨ ᠰᠠᠴᠣᠷᠠᠭ ᠢᠳᠡᠪᠭᠡᠢ ᠪᠤᠳᠠᠰ ᠠᠭᠤᠯᠠᠭᠳᠠᠵᠤ ᠪᠠᠶᠢᠳᠠᠭ᠃ ᠷᠠᠰᠢᠶᠠᠨ ᠳᠤ ᠤᠷᠤᠪᠠᠯ ᠭᠥᠮᠤᠨ ᠤ ᠪᠡᠶ᠎ᠡ  ᠳᠤ ᠤᠨᠴᠠᠭᠠᠢ ᠰᠡᠳᠡᠯᠳᠡ ᠥᠭᠴᠤ᠂ ᠡᠯᠧᠮᠧᠨ᠋ᠲ ᠨᠥᠭᠦᠪᠤᠷᠢᠯᠡᠨ ᠪᠡᠶ᠎ᠡ ᠶᠢ ᠵᠤᠭᠢᠴᠠᠭᠤᠯᠵᠤ ᠡᠮᠴᠢᠯᠡᠭᠡᠨ ᠤ ᠤᠶᠢᠯᠡᠳᠤᠯ  ᠭᠠᠷᠭᠠᠳᠠᠭ᠂ ᠷᠠᠳᠤᠨ ᠪᠤᠯ ᠬᠠᠮᠤᠭ ᠰᠠᠶᠢᠨ ᠡᠮᠴᠢᠯᠡᠭᠡᠨ ᠤ ᠡᠯᠧᠮᠧᠨ᠋ᠲ ᠪᠤᠯᠤᠨ᠎ᠠ᠃ ᠷᠠᠰᠢᠶᠠᠨ ᠳᠤ ᠤᠷᠤᠭᠰᠡᠨ ᠤ ᠲᠠᠷᠠᠭ᠎ᠠ ᠠᠷᠠᠰᠤᠨ ᠲᠡᠭᠡᠷ᠎ᠡ ᠨᠢᠭᠡᠨ ᠲᠠᠪᠬᠤᠷ ᠰᠠᠴᠤᠷᠠᠭ ᠢᠳᠡᠪᠭᠢ ᠴᠢᠨᠠᠷᠳᠤ ᠰᠢᠩᠭᠡᠭᠦᠷᠢᠳᠠᠢ ᠨᠢᠮᠭᠡᠨ ᠬᠠᠯᠢᠰᠤ ᠰᠠᠭᠤᠵᠤ᠂ ᠲᠥᠷᠪᠡᠨ ᠴᠠᠭ ᠤᠨ ᠲᠤᠳᠤᠷ᠎ᠡ ᠡᠮᠴᠢᠯᠡᠭᠡᠨ ᠤ ᠤᠶᠢᠯᠡᠳᠤᠯ ᠭᠠᠷᠭᠠᠳᠠᠭ ᠪᠥᠭᠡᠳ ᠪᠠᠰᠠ ᠠᠮᠢᠰᠬᠤᠯ ᠢᠶᠠᠷ ᠲᠠᠮᠵᠢᠨ ᠪᠡᠶ᠎ᠡ ᠳᠤ ᠤᠷᠤᠵᠤ ᠡᠮᠴᠢᠯᠡᠭᠡᠨ ᠤ ᠤᠶᠢᠯᠡᠳᠤᠯ ᠦᠵᠡᠭᠦᠯᠳᠡᠭ ᠭᠡᠵᠤ ᠡᠷᠳᠡᠮᠳᠡᠳ ᠦᠵᠡᠵᠦ ᠪᠤᠢ᠃ ᠷᠠᠳᠤᠨ  ᠤ ᠭᠥᠮᠤᠨ ᠤ ᠪᠡᠶ᠎ᠡ ᠶᠢᠨ ᠲᠥᠪ ᠮᠡᠳᠡᠷᠡᠯ ᠤᠨ ᠰᠢᠰᠲ᠋ᠧᠮ ᠪᠤᠯᠤᠨ ᠤᠷᠭᠤᠮᠠᠯᠢᠭ ᠮᠡᠳᠡᠷᠡᠯ ᠤᠨ ᠰᠢᠰᠲ᠋ᠧᠮ ᠳᠤ ᠨᠡᠯᠢᠶᠡᠳ ᠰᠠᠶᠢᠨ ᠵᠤᠭᠢᠴᠠᠭᠤᠯᠬᠤ ᠤᠶᠢᠯᠡᠳᠤᠯ ᠦᠵᠡᠭᠦᠯᠳᠡᠭ᠃ ᠲᠡᠷᠡ ᠨᠢ ᠪᠠᠰᠠ ᠮᠡᠳᠡᠷᠡᠯ ᠤᠨ ᠰᠢᠰᠲ᠋ᠧᠮ ᠢᠶᠠᠷ ᠲᠠᠮᠵᠢᠵᠤ ᠪᠡᠶ᠎ᠡ ᠮᠠᠬᠠᠪᠤᠳ ᠤᠨ ᠰᠡᠷᠭᠡᠶᠢᠯᠡᠨ ᠬᠠᠮᠠᠭᠠᠯᠠᠬᠤ ᠴᠢᠳᠠᠪᠤᠷᠢ ᠪᠤᠯᠤᠨ ᠠᠮᠢᠳᠤ ᠪᠤᠳᠠᠰ ᠶᠢᠨ ᠴᠠᠷᠤᠯᠳᠠ ᠶᠢᠨ ᠴᠢᠳᠠᠪᠤᠷᠢ ᠶᠢ ᠨᠡᠮᠡᠭᠳᠡᠭᠦᠯᠵᠤ᠂ ᠪᠡᠶ᠎ᠡ ᠮᠠᠬᠠᠪᠤᠳ ᠤᠨ ᠴᠢᠳᠠᠪᠤᠷᠢ ᠶᠢ ᠠᠭᠢᠭᠤᠯᠤᠨ ᠹᠥᠷᠤᠨ ᠤ ᠰᠤᠯᠢᠯᠴᠠᠭ᠎ᠠ ᠶᠢ ᠰᠠᠶᠢᠵᠢᠷᠠᠭᠤᠯᠳᠠᠭ᠃ ᠡᠭᠦᠨ ᠠᠴᠠ ᠭᠠᠳᠠᠨ᠎ᠠ ᠷᠠᠳᠤᠨ ᠨᠢ ᠴᠢᠰᠤᠨ ᠭᠥᠶᠤᠳᠡᠯ ᠳᠤ ᠤᠨᠴᠠ ᠤᠶᠢᠯᠡᠳᠤᠯ ᠦᠵᠡᠭᠦᠯᠵᠤ᠂ ᠵᠢᠷᠤᠬᠡᠨ ᠤ ᠠᠵᠢᠯᠯᠠᠭ᠎ᠠ ᠶᠢ ᠰᠠᠶᠢᠵᠢᠷᠠᠭᠤᠯᠬᠤ ᠪᠥᠭᠡᠳ ᠮᠥᠭᠡᠷᠡᠰᠤᠨ ᠬᠤᠭᠤᠯᠠᠢ ᠶᠢᠨ ᠦᠷᠪᠡᠰᠤᠯ᠂ ᠰᠠᠯᠪᠤᠷᠢ ᠮᠥᠭᠡᠷᠰᠤᠨ ᠬᠤᠭᠤᠯᠠᠢ ᠶᠢᠨ ᠭᠢᠷᠭᠢᠷ᠎ᠠ ᠶᠢ ᠡᠮᠴᠢᠯᠡᠨ ᠵᠠᠰᠠᠬᠤ ᠳᠤ ᠮᠡᠳᠡᠭᠳᠡᠭᠦᠶᠢᠴᠡ ᠤᠶᠢᠯᠡᠳᠤᠯ ᠲᠠᠢ ᠪᠠᠶᠢᠳᠠᠭ᠃ ᠷᠠᠳᠤᠨ ᠠᠴᠠ ᠭᠠᠳᠠᠨ᠎ᠠ ᠴᠠᠭᠢᠭᠤᠷ ᠭᠥᠴᠢᠯ ᠨᠢ ᠴᠢᠰᠤ ᠪᠥᠳᠤᠭᠡᠭᠦ ᠴᠢᠳᠠᠪᠤᠷᠢ ᠶᠢ ᠠᠭᠢᠭᠤᠯᠵᠤ᠂ ᠴᠢᠰᠤᠨ ᠰᠣᠳᠠᠯ ᠬᠠᠲᠠᠭᠤᠷᠠᠬᠤ ᠶᠢ ᠬᠢᠵᠠᠭᠠᠷᠯᠠᠬᠤ ᠤᠶᠢᠯᠡᠳᠤᠯ ᠲᠠᠢ ᠪᠠᠶᠢᠳᠠᠭ᠃ ᠹᠯᠤᠷ ᠨᠢ ᠪᠡᠶ᠎ᠡ ᠮᠠᠬᠠᠪᠤᠳ ᠤᠨ ᠰᠤᠯᠢᠯᠴᠠᠭ᠎ᠠ ᠶᠢᠨ ᠴᠢᠳᠠᠪᠤᠷᠢ ᠶᠢ ᠠᠭᠢᠭᠤᠯᠳᠠᠭ᠃ ᠬᠦᠬᠦᠷ ᠬᠦᠴᠢᠯ ᠤᠨ ᠨᠠᠲ᠋ᠠᠷᠢ᠂ ᠬᠤᠭᠤᠯᠠᠨ ᠳᠠᠪᠤᠰᠤ ᠵᠡᠷᠭᠡ ᠨᠢ ᠪᠦᠷ ᠠᠷᠠᠰᠤ ᠶᠢ ᠰᠠᠶᠢᠵᠢᠷᠠᠭᠤᠯᠵᠤ᠂ ᠮᠡᠳᠡᠷᠡᠯ ᠤᠨ ᠴᠢᠳᠠᠪᠤᠷᠢ ᠶᠢ ᠵᠤᠬᠢᠴᠠᠭᠤᠯᠤᠨ ᠴᠢᠰᠤᠨ ᠤ ᠡᠷᠭᠢᠯᠳᠡ ᠶᠢ ᠠᠬᠢᠭᠤᠯᠵᠤ ᠰᠢᠨ᠎ᠡ ᠬᠠᠭᠤᠴᠢᠨ ᠤ ᠰᠤᠯᠢᠯᠴᠠᠭ᠎ᠠ ᠶᠢ ᠰᠠᠶᠢᠵᠢᠷᠠᠭᠤᠯᠳᠠᠭ᠃ ᠺᠠᠯᠢ᠂ ᠨᠠᠲ᠋ᠠᠷᠢ᠂ ᠺᠠᠯᠽᠢ᠂ ᠡᠾᠯᠦᠷ ᠵᠡᠷᠭᠡ ᠪᠢᠴᠢᠯ ᠡᠯᠧᠮᠧᠨ᠋ᠲ  ᠨᠢ ᠬᠦᠮᠦᠨ ᠤ ᠪᠡᠶ᠎ᠡ ᠮᠠᠬᠠᠪᠤᠳ ᠤᠨ ᠫᠢᠽᠤᠯᠤᠬᠢ ᠶᠢᠨ ᠬᠡᠪ ᠤᠨ ᠠᠵᠢᠯᠯᠠᠭᠠᠨ ᠳᠤ ᠨᠡᠩ ᠴᠦ ᠳᠤᠳᠠᠭᠳᠠᠵᠤ ᠪᠤᠯᠤᠰᠢ ᠦᠭᠡᠢ ᠪᠤᠳᠠᠰ ᠪᠤᠯᠤᠨ᠎ᠠ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号