ᠨᠤᠳᠤᠭ ᠪᠡᠯᠴᠢᠭᠡᠷ ᠶᠠᠭᠠᠭᠢᠬᠤ ᠳᠠᠭᠠᠨ ᠲᠠᠴᠢᠷᠳᠠᠵᠤ ᠪᠠᠶᠢᠬᠤ ᠪᠤᠢ︖
ᠨᠡᠶᠢᠲᠡᠯᠡᠭᠰᠡᠨ ᠴᠠᠭ᠄
2021/3/25
     ᠨᠤᠳᠤᠭ ᠪᠠᠯᠴᠢᠭᠡᠷ ᠢ ᠲᠠᠴᠢᠷᠳᠠᠭᠤᠯᠵᠤ ᠪᠠᠶᠢᠬᠤ ᠶᠢᠨ ᠭᠤᠤᠯ ᠰᠢᠯᠳᠠᠭᠠᠨ ᠭᠡᠪᠡᠯ ᠭᠤᠤᠯ ᠨᠢ ᠪᠠᠶᠢᠭᠠᠯᠢ ᠶᠢᠨ ᠡᠯᠧᠮᠧᠨ᠋ᠲ ᠪᠠ ᠭᠦᠮᠦᠨ ᠤ ᠤᠷᠰᠢᠭ ᠪᠤᠯᠤᠨ᠎ᠠ᠃      ︵1︶ ᠪᠠᠶᠢᠭᠠᠯᠢ ᠶᠢᠨ ᠡᠯᠧᠮᠧᠨ᠋ᠲ ᠭᠡᠳᠡᠭ ᠪᠤᠯ ᠭᠤᠤᠯ ᠨᠢ ᠰᠠᠯᠭᠢ᠂ ᠤᠰᠤᠨ ᠤ ᠢᠳᠡᠭᠳᠡᠯ᠂ ᠠᠭᠤᠷ ᠠᠮᠢᠰᠬᠤᠯ ᠤᠨ ᠭᠠᠩ ᠬᠠᠭᠤᠷᠠᠢ᠂ ᠨᠤᠳᠤᠭ ᠪᠡᠯᠴᠢᠭᠡᠷ ᠤᠨ ᠬᠤᠯᠤᠭᠠᠨ᠎ᠠ ᠶᠢᠨ ᠭᠦᠨᠦᠭᠡᠯ ᠵᠢᠴᠢ ᠪᠤᠰᠤᠳ ᠹᠢᠽᠢᠺ ᠭᠢᠮᠢ ᠶᠢᠨ ᠦᠢᠯᠡᠳᠦᠯ ᠵᠡᠷᠭᠡ ᠶᠢ ᠵᠢᠭᠠᠵᠤ ᠪᠠᠶᠢᠨ᠎ᠠ᠃      ︵2︶ ᠭᠦᠮᠦᠨ ᠤ ᠤᠷᠰᠢᠭ ᠤᠨ ᠡᠯᠧᠮᠧᠨ᠋ᠲ ᠭᠡᠳᠡᠭ ᠪᠤᠯ ᠭᠦᠮᠦᠰ ᠤᠨ ᠵᠦᠢ ᠵᠤᠭᠢᠰ ᠦᠭᠡᠢ ᠠᠵᠢᠯᠯᠠᠭ᠎ᠠ ᠶᠢ ᠵᠢᠭᠠᠵᠤ ᠪᠠᠶᠢᠨ᠎ᠠ᠃ ᠡᠨᠡ ᠨᠢ ᠲᠤᠯᠤᠭᠠᠨ ᠲᠠᠯ᠎ᠠ ᠪᠠᠷ ᠢᠯᠡᠷᠡᠵᠤ ᠪᠠᠶᠢᠨ᠎ᠠ᠃ ᠨᠢᠭᠡ ᠳᠤ᠂ ᠭᠡᠳᠦᠷᠭᠡᠢ ᠠᠳᠠᠷ ᠬᠠᠭᠠᠯᠪᠤᠷᠢᠯᠠᠵᠤ ᠪᠠᠶᠢᠨ᠎ᠠ᠃ ᠲᠡᠤᠭᠡᠨ ᠲᠡᠭᠡᠷ᠎ᠡ ᠬᠠᠭᠠᠯᠪᠤᠷᠢᠯᠬᠠᠰᠠᠨ ᠭᠠᠵᠠᠷ ᠰᠢᠷᠤᠢ ᠶᠢᠨ ᠶᠡᠭᠡᠨᠭᠭᠢ ᠨᠢ ᠤᠰᠤᠯᠠᠯᠳᠠ ᠶᠢᠨ ᠨᠦᠭᠦᠴᠡᠯ ᠦᠭᠡᠢ᠂ ᠦᠨᠳᠤᠰᠤᠨ ᠳᠡᠭᠡᠨ ᠬᠤᠷ᠎ᠡ ᠪᠤᠷᠤᠭᠠᠨ ᠳᠤ ᠲᠦᠰᠢᠭᠯᠡᠵᠤ ᠪᠠᠶᠢᠠᠠᠰᠠᠨ᠃ ᠭᠡᠳᠡᠯ᠎ᠠ ᠲᠠᠷᠢᠶᠠᠯᠠᠩ ᠤᠨ ᠦᠢᠯᠡᠳᠪᠤᠷᠢᠯᠡᠯ ᠢ ᠬᠠᠮᠤᠭ ᠤᠨ ᠶᠡᠭᠡ ᠭᠢᠵᠠᠭᠠᠷᠯᠠᠳᠠᠭ ᠡᠯᠧᠮᠧᠨ᠋ᠲ ᠨᠢ ᠶᠠᠭ ᠬᠤᠷ᠎ᠠ ᠪᠤᠷᠤᠭᠠᠨ ᠪᠠᠭ᠎ᠠ᠂ ᠠᠭᠤᠷᠰᠢᠯᠳᠠ ᠨᠢ ᠶᠡᠭᠡ ᠠᠴᠠ ᠪᠤᠯᠤᠠᠠᠰᠠᠨ ᠭᠦᠨᠳᠤ ᠨᠤᠴᠢᠳᠡᠢ ᠭᠠᠨᠭ᠍ᠳᠠᠯ ᠪᠤᠯᠤᠨ᠎ᠠ᠃ ᠡᠨᠡ ᠬᠦ ᠲᠤᠪᠤᠶᠢᠮ᠎ᠠ ᠵᠦᠷᠢᠴᠡᠯ ᠨᠢ ᠲᠠᠷᠤᠢ ᠭᠡᠮᠵᠢᠶ᠎ᠠ ᠭᠢᠵᠠᠭᠠᠷ ᠦᠭᠡᠢ ᠠᠳᠠᠷ ᠬᠠᠭᠠᠯᠪᠤᠷᠢᠯᠬᠠᠰᠠᠨ ᠠᠴᠠ ᠪᠤᠯᠤᠭᠠᠳ ᠶᠡᠭᠡ ᠭᠡᠮᠵᠢᠶᠠᠨ ᠤ ᠭᠠᠵᠠᠷ ᠨᠤᠳᠤᠭ ᠢ ᠲᠠᠴᠢᠷᠳᠠᠭᠤᠯᠤᠠᠠᠰᠠᠨ ᠤ ᠦᠨᠳᠤᠰᠤᠨ ᠰᠢᠯᠳᠠᠭᠠᠨ ᠪᠤᠯᠤᠨ᠎ᠠ᠃ ᠬᠠᠮᠢᠶ᠎ᠠ ᠪᠦᠭᠦᠢ ᠮᠠᠲ᠋ᠧᠷᠢᠶᠠᠯ ᠳᠤ ᠢᠯᠡᠳᠭᠡᠭᠰᠡᠨ ᠢ ᠦᠨᠳᠦᠰᠦᠯᠡᠪᠡᠯ 1994~1999 ᠤᠨ ᠪᠤᠯᠳᠠᠯᠠᠭᠢ ᠲᠠᠪᠤᠨ ᠵᠢᠯ ᠳᠤ ᠮᠠᠨ ᠤ ᠤᠯᠤᠰ ᠲᠤᠠᠠᠳᠠᠪᠤᠷᠢᠵᠢᠭᠤᠯᠤᠠᠠᠰᠠᠨ ᠡᠯᠡᠰᠤ ᠵᠢᠴᠢ ᠨᠤᠳᠤᠭ ᠪᠡᠯᠴᠢᠭᠡᠷ ᠢ 1.7 ᠲᠦᠮᠡᠨ km2 ᠬᠠᠭᠠᠯᠪᠤᠷᠢᠯᠠᠵᠤ᠂ ᠵᠢᠯ ᠳᠤ ᠲᠤᠮᠳᠠᠴᠢ ᠪᠠᠷ 3400km2 ᠬᠠᠭᠠᠯᠪᠤᠷᠢᠯᠠᠵᠤ᠂ ᠡᠭᠦᠨ ᠳᠤ ᠨᠡᠭᠦᠳᠡᠯ ᠡᠯᠡᠰᠤ ᠪᠠ ᠬᠠᠭᠠᠰ ᠲᠤᠠᠠᠳᠠᠪᠤᠷᠢᠵᠢᠠᠠᠰᠠᠨ ᠡᠯᠡᠰᠤ ᠪᠤᠯᠤᠠᠠᠰᠠᠨ ᠲᠠᠯᠠᠪᠠᠢ ᠨᠢ ᠬᠠᠭᠠᠰ ᠰᠢᠬᠠᠮ ᠢ ᠨᠢ ᠡᠵᠡᠯᠡᠭᠡᠳ᠂ ᠭᠡᠮᠵᠢᠶ᠎ᠠ ᠭᠢᠵᠠᠭᠠᠷ ᠦᠭᠡᠢ ᠠᠳᠠᠷ ᠬᠠᠭᠠᠯᠪᠤᠷᠢᠯᠬᠠᠰᠠᠨ ᠶᠠᠪᠤᠳᠠᠯ ᠨᠢ ᠨᠤᠳᠤᠭ ᠪᠡᠯᠴᠢᠭᠡᠷ ᠤᠨ ᠠᠮᠢ ᠠᠬᠤᠢ ᠶᠢᠨ ᠰᠢᠰᠲ᠋ᠧᠮ ᠳᠤ ᠤᠷᠢᠳᠤ ᠡᠮᠦᠨ᠎ᠠ ᠭᠠᠷᠤᠭᠠᠳᠤᠢ ᠶᠡᠭᠡ ᠭᠡᠮᠵᠢᠶᠠᠨ ᠤ ᠡᠪᠳᠡᠯᠡᠭᠡ ᠤᠴᠠᠷᠠᠭᠤᠯᠤᠠᠠᠰᠠᠨ ᠪᠠᠶᠢᠨ᠎ᠠ᠃ ᠠᠳᠠᠷ ᠬᠠᠭᠠᠯᠪᠤᠷᠢᠯᠬᠠᠰᠠᠨ ᠨᠢ ᠶᠡᠭᠡ ᠭᠡᠮᠵᠢᠶᠠᠨ ᠤ ᠡᠪᠡᠰᠤ ᠪᠡᠯᠴᠢᠭᠡᠷ ᠢ ᠰᠦᠢᠳᠭᠡᠵᠤ᠂ ᠪᠠᠶᠢᠭᠠᠯᠢ ᠶᠢᠨ ᠤᠷᠭᠤᠮᠠᠯ ᠤᠨ ᠪᠦᠷᠭᠦᠴᠡ ᠶᠢ ᠡᠪᠳᠡᠵᠤ᠂ ᠲᠡᠭᠦᠨ ᠤ ᠰᠢᠭᠤᠳ ᠦᠷ᠎ᠡ ᠳ᠋ᠦᠩ ᠨᠢ ᠭᠠᠵᠠᠷ ᠤᠨ ᠭᠠᠳᠠᠷᠭᠤ ᠶᠢᠨ ᠲᠤᠠᠠᠳᠠᠭᠤᠨ ᠴᠢᠨᠠᠷ ᠢ ᠪᠠᠭᠤᠷᠠᠭᠤᠯᠵᠤ᠂ ᠭᠦᠷᠦᠰᠤ ᠰᠢᠷᠤᠢ ᠶᠢᠨ ᠤᠰᠤ ᠰᠢᠮᠡᠳᠭᠡᠭᠦ ᠴᠢᠳᠠᠪᠤᠷᠢ ᠶᠢ ᠨᠢ ᠠᠯᠳᠠᠭᠤᠯᠵᠤ᠂ ᠠᠭᠤᠷᠰᠢᠯᠳᠡ ᠶᠢ ᠨᠢ ᠲᠦᠷᠭᠡᠳᠭᠡᠭᠰᠡᠨ ᠢᠶᠠᠷ ᠭᠠᠩ ᠬᠠᠭᠰᠠᠷᠠᠭᠠᠨ ᠢ ᠤᠯᠠᠮ ᠰᠢᠷᠦᠭᠦᠰᠭᠡᠭᠰᠡᠨ ᠢᠶᠠᠷ ᠪᠠᠷᠠᠬᠤ ᠦᠭᠡᠢ ᠪᠠᠰᠠ ᠰᠠᠯᠭᠢᠨ ᠤ ᠢᠳᠡᠭᠳᠡᠯ᠂ ᠤᠰᠤᠨ ᠤ ᠢᠳᠡᠭᠳᠡᠯ ᠪᠡ ᠬᠤᠵᠢᠷᠰᠢᠯ ᠵᠡᠷᠭᠡ ᠭᠦᠷᠤᠰᠤ ᠰᠢᠷᠤᠢ ᠶᠢᠨ ᠮᠠᠭᠤᠵᠢᠷᠠᠯ ᠤᠨ ᠶᠠᠪᠤᠴᠠ ᠶᠢ ᠤᠯᠠᠮ ᠲᠦᠷᠭᠡᠳᠭᠡᠵᠡᠢ᠃ ᠡᠭᠦᠨ ᠠᠴᠠ ᠭᠠᠳᠠᠨ᠎ᠠ ᠬᠠᠭᠠᠯᠪᠤᠷᠢᠯᠬᠠᠰᠠᠨ ᠭᠠᠵᠠᠷ ᠲᠠᠭᠠᠨ ᠪᠦᠳᠦᠮᠵᠢᠳᠡᠢ ᠤᠷᠤᠭᠤᠯᠤᠯᠳᠠ ᠭᠢᠭᠰᠡᠨ ᠢᠶᠠᠷ ᠲᠤᠳᠠᠮᠠᠭ ᠪᠠ ᠰᠢᠨᠵᠢᠯᠡᠭᠦ ᠤᠬᠠᠭᠠᠠᠴᠢ ᠪᠠᠷ ᠬᠠᠮᠢᠶᠠᠷᠤᠠᠠᠰᠠᠨ ᠦᠭᠡᠢ᠂ ᠲᠠᠷᠢᠶᠠᠨ ᠭᠠᠵᠠᠷ ᠤᠨ ᠦᠨᠳᠤᠰᠤᠨ ᠪᠦᠳᠦᠭᠡᠨ ᠪᠠᠶᠢᠭᠤᠯᠤᠯᠳᠠ ᠭᠢᠭᠰᠡᠨ ᠦᠭᠡᠢ ᠮᠦᠷᠳᠡᠭᠡᠨ ᠪᠠᠰᠠ ᠪᠤᠰᠤᠳ ᠲᠠᠯ᠎ᠠ ᠶᠢᠨ ᠤᠷᠤᠭᠤᠯᠤᠯᠳᠠ ᠪᠠ ᠪᠤᠷᠳᠤᠭᠤᠷ ᠤᠷᠤᠭᠤᠯᠤᠨ ᠬᠠᠮᠠᠭᠠᠯᠬᠠᠰᠠᠨ ᠦᠭᠡᠢ ᠪᠠᠶᠢᠳᠠᠭ᠃ ᠰᠢᠨ᠎ᠠ ᠪᠠᠷ ᠬᠠᠭᠠᠯᠪᠤᠷᠢᠯᠬᠠᠰᠠᠨ ᠲᠠᠷᠢᠶᠠᠨ ᠳᠠᠭᠠᠨ ᠬᠤᠶᠠᠷ ᠭᠤᠷᠪᠡᠨ ᠵᠢᠯ ᠯᠡ ᠲᠠᠷᠢᠶ᠎ᠠ ᠲᠠᠷᠢᠭᠠᠳ᠂ ᠲᠠᠭᠢᠵᠤ ᠲᠠᠷᠢᠬᠤ ᠪᠠᠨ ᠪᠤᠯᠢᠵᠤ ᠤᠷᠭᠢᠭᠠᠳ᠂ ᠡᠷᠭᠢᠭᠡᠳ ᠰᠢᠨ᠎ᠠ ᠭᠠᠵᠠᠷ ᠬᠠᠭᠠᠯᠪᠤᠷᠢᠯᠠᠳᠠᠭ᠃ ᠡᠭᠦᠨ ᠠᠴᠠ ᠪᠤᠯᠤᠭᠠᠳ ᠤᠷᠭᠢᠵᠤ ᠬᠠᠶ᠋ᠬᠠᠰᠠᠨ ᠭᠠᠵᠠᠷ ᠨᠢ ᠮᠠᠰᠢ ᠲᠦᠷᠭᠡᠨ ᠢᠶᠠᠷ ᠡᠯᠡᠰᠤᠨ ᠲᠠᠯᠠᠢ ᠪᠤᠯᠴᠢᠬᠠᠳᠠᠭ ᠪᠠᠶᠢᠨ᠎ᠠ᠃ ᠡᠨᠡ ᠮᠡᠳᠤ ᠲᠠᠭᠢᠨ ᠲᠠᠪᠳ᠋ᠬᠠᠰᠠᠭᠠᠷ ᠪᠠᠶᠢᠭᠠᠳ ᠠᠳᠠᠷ ᠬᠠᠭᠠᠯᠪᠤᠷᠢᠯᠠᠬᠤ — ᠡᠯᠡᠰᠦᠷᠭᠡᠭᠵᠢᠭᠦ — ᠬᠠᠶᠠᠵᠤ ᠤᠷᠭᠢᠬᠤ — ᠡᠷᠭᠢᠭᠡᠳ ᠬᠠᠭᠠᠯᠪᠤᠷᠢᠯᠠᠬᠤ ᠮᠠᠭᠤ ᠤᠷᠴᠢᠯ ᠲᠠᠢ ᠪᠤᠯᠤᠠᠠᠰᠠᠨ ᠪᠠᠶᠢᠨ᠎ᠠ᠃ ᠬᠤᠶᠠᠷ ᠲᠤ᠂ ᠪᠡᠯᠴᠢᠭᠡᠷ ᠤᠨ ᠲᠠᠭᠠᠭᠠᠴᠠ ᠠᠴᠠ ᠭᠡᠳᠦᠷᠡᠳᠡᠯ᠎ᠡ ᠮᠠᠯ ᠮᠠᠯᠵᠢᠵᠤ ᠪᠠᠶᠢᠨ᠎ᠠ᠃ ᠡᠨᠡ ᠪᠤᠯ ᠨᠤᠳᠤᠭ ᠪᠡᠯᠴᠢᠭᠡᠷ ᠤᠨ ᠡᠯᠡᠰᠦᠷᠭᠡᠭᠵᠢᠭᠦ᠂ ᠮᠠᠭᠤᠵᠢᠷᠠᠬᠤ ᠶᠢᠨ ᠪᠠᠰᠠ ᠨᠢᠭᠡᠨ ᠭᠤᠤᠯ ᠰᠢᠯᠳᠠᠭᠠᠨ ᠪᠤᠯᠤᠨ᠎ᠠ᠃ ᠨᠤᠳᠤᠭ ᠪᠡᠯᠴᠢᠭᠡᠷ ᠤᠨ ᠮᠠᠯ ᠰᠦᠷᠦᠭ ᠪᠠᠭᠳᠠᠭᠠᠬᠤ ᠴᠢᠳᠠᠯ ᠨᠢ ᠵᠤᠭᠢᠬᠤ ᠭᠢᠵᠠᠭᠠᠷ ᠲᠠᠢ ᠶᠤᠮ᠃ ᠡᠨᠡ ᠬᠦ ᠭᠢᠵᠠᠭᠠᠷᠯᠠᠯ ᠠᠴᠠ ᠲᠠᠪᠠᠭᠰᠠᠭᠠᠷ ᠲᠠᠷᠤᠢ ᠨᠤᠳᠤᠭ ᠪᠡᠯᠴᠢᠭᠡᠷ ᠭᠦᠨᠳᠤ ᠨᠤᠴᠢᠳᠠᠢ ᠡᠪᠳᠡᠭᠳᠡᠭᠦ ᠪᠤᠯᠤᠨ᠎ᠠ᠃ ᠮᠠᠨ ᠤ ᠤᠯᠤᠰ ᠤᠨ ᠮᠠᠰᠢ ᠤᠯᠠᠨ ᠮᠠᠯᠵᠢᠬᠤ ᠤᠷᠤᠨ ᠪᠡ ᠬᠠᠭᠠᠰ ᠮᠠᠯᠵᠢᠬᠤ ᠤᠷᠤᠨ ᠦᠡᠭᠭᠡᠷᠡᠭᠰᠡᠨ ᠳᠤ ᠨᠡᠯᠢᠶᠡᠳ ᠤᠷᠳᠤ ᠬᠤᠭᠤᠴᠠᠭᠠᠨ ᠳᠤ ᠮᠠᠯ ᠰᠦᠷᠦᠭ ᠤᠨ ᠴᠡᠪᠡᠷ ᠦᠰᠦᠯᠳᠡ ᠪᠡ ᠲᠤᠭ᠎ᠠ ᠪᠠᠷ ᠮᠠᠯ ᠠᠵᠤ ᠠᠬᠤᠢ ᠶᠢᠨ ᠦᠢᠯᠡᠳᠪᠤᠷᠢᠯᠡᠯ ᠡᠵᠡᠩᠨᠡᠯᠳᠡ ᠶᠢᠨ ᠰᠠᠶᠢᠨ ᠮᠠᠭᠤ ᠶᠢ ᠭᠡᠮᠵᠢᠭᠦ ᠭᠤᠤᠯ ᠭᠦᠢᠴᠡᠳᠭᠡᠭᠦ ᠲᠤᠭ᠎ᠠ ᠪᠤᠯᠭᠠᠵᠤ᠂ ᠮᠠᠯ ᠰᠦᠷᠦᠭ ᠤᠨ ᠲᠤᠭ᠎ᠠ ᠶᠢᠨ ᠲᠦᠷᠭᠡᠨ ᠨᠡᠮᠡᠭᠳᠡᠯ ᠢ ᠦᠷᠦᠭᠡᠰᠦᠨ ᠢᠶᠠᠷ ᠴᠢᠬᠤᠯᠠᠴᠢᠯᠠᠵᠤ ᠪᠠᠶᠢᠵᠠᠢ᠃ ᠭᠡᠳᠡᠯ᠎ᠠ ᠠᠳᠠᠷ ᠬᠠᠭᠠᠯᠪᠤᠷᠢᠯᠬᠠᠰᠠᠨ ᠠᠴᠠ ᠪᠤᠯᠤᠭᠠᠳ ᠶᠡᠭᠡ ᠭᠡᠪᠴᠢᠶ᠎ᠠ ᠪᠠᠷ ᠬᠠᠰᠤᠠᠠᠳ᠋ᠬᠠᠰᠠᠨ ᠨᠤᠳᠤᠭ ᠪᠡᠯᠴᠢᠭᠡᠷ ᠤᠨ ᠡᠭᠢ ᠪᠠᠶᠠᠯᠢᠭ ᠨᠢ ᠡᠳᠡᠭᠡᠷ ᠲᠤᠭ᠎ᠠ ᠶᠢ ᠲᠦᠷᠭᠡᠨ ᠨᠡᠮᠡᠭᠳᠡᠭᠦᠯᠭᠦ ᠪᠠᠶᠢᠳᠠᠯ ᠳᠤ ᠵᠤᠭᠢᠴᠠᠬᠤ ᠶᠢᠨ ᠠᠷᠭ᠎ᠠ ᠦᠭᠡᠢ ᠪᠤᠯᠤᠭᠠᠳ᠂ ᠲᠤᠰ ᠤᠷᠤᠨ ᠤ ᠨᠤᠳᠤᠭ ᠪᠡᠯᠴᠢᠭᠡᠷ ᠨᠢ ᠲᠠᠭᠠᠭᠠᠴᠠ ᠠᠴᠠ ᠪᠠᠨ ᠰᠦᠷᠡᠭᠡᠢ ᠭᠡᠳᠦᠷᠡᠵᠡᠢ᠃ ᠤᠷᠳᠤ ᠬᠤᠭᠤᠴᠠᠭ᠎ᠠ ᠪᠠᠷ ᠭᠡᠳᠦᠷᠡᠳᠡᠯ᠎ᠠ ᠮᠠᠯᠵᠢᠠᠠᠰᠠᠨ ᠪᠠᠶᠢᠳᠠᠯ ᠲᠤᠤᠷ᠎ᠠ ᠨᠤᠳᠤᠭ ᠪᠡᠯᠴᠢᠭᠡᠷ ᠤᠨ ᠤᠷᠭᠤᠮᠠᠯ ᠤᠨ ᠪᠦᠷᠭᠦᠴᠡ ᠮᠠᠭᠤᠳᠠᠵᠤ᠂ ᠭᠦᠷᠤᠰᠤ ᠰᠢᠷᠤᠢ ᠳᠠᠬᠢ ᠹᠢᠽᠢᠺ ᠭᠢᠮᠢ ᠶᠢᠨ ᠭᠦᠴᠤᠨ ᠲᠤᠳ᠋ᠬᠠᠳᠠᠵᠤ᠂ ᠡᠯᠡᠰᠦᠷᠭᠡᠭᠵᠢᠭᠦ᠂ ᠬᠤᠵᠢᠷᠰᠢᠬᠤ ᠵᠡᠷᠭᠡ ᠭᠠᠵᠠᠷ ᠨᠤᠳᠤᠭ ᠤᠨ ᠲᠠᠴᠢᠷᠳᠡᠯ ᠤᠨ ᠶᠠᠪᠤᠴᠠ ᠡᠭᠦᠰᠦᠭᠡᠳ ᠮᠠᠰᠢ ᠲᠦᠷᠭᠡᠨ ᠦᠷᠭᠡᠳᠴᠤ ᠭᠦᠭᠵᠢᠵᠡᠢ᠃      ︵ᠢᠷᠡᠯᠲᠡ᠄ ᠪᠦᠷᠢᠨᠪᠠᠶᠠᠷ᠂ ᠮᠦᠩᠬᠡᠪᠠᠭᠠᠲᠤᠷ᠂ ᠬᠤᠩ ᠮᠧᠢ ᠨᠠᠷ ᠤᠨ ᠨᠠᠶᠢᠷᠠᠭᠤᠯᠤᠭᠰᠠᠨ ︽ᠮᠠᠯᠵᠢᠯ ᠤᠨ ᠮᠡᠳᠡᠯᠭᠡ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶    
 
ᠢᠷᠡᠯᠲᠡ᠄ ︽ᠮᠠᠯᠵᠢᠯ ᠤᠨ ᠮᠡᠳᠡᠯᠭᠡ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号