ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
《ᠲᠡᠮᠦᠷ ᠡᠷ᠎ᠡ》 ᠪᠤᠤ ᠳ᠋ᠠ ᠰᠢ ᠵᠢᠨ 《ᠲᠡᠨᠡᠭ》 ᠵᠢᠳᠬᠦᠯ
ᠨᠡᠶᠢᠲᠡᠯᠡᠭᠰᠡᠨ ᠴᠠᠭ᠄ 2023-12-28

   ᠲᠦᠷᠦᠭᠦᠬᠡᠨ᠂ ᠬᠣᠷᠴᠢᠨ ᠵᠡᠭᠦᠨ ᠭᠠᠷᠤᠨ ᠲᠤᠮᠳᠠᠳᠦ ᠬᠣᠰᠢᠭᠤᠨ᠎ᠤ ᠬᠤᠸᠠᠬᠣᠰᠢᠭᠤ ᠰᠤᠮᠤᠨ᠎ᠤ ᠬᠣᠢ᠌ᠲᠤ ᠲᠡᠮᠡᠭᠡᠨ ᠲᠠᠯᠠᠪᠠᠢ ᠭᠠᠴᠠᠭ᠎ᠠ ᠵᠢᠨ ᠨᠠᠮ᠎ᠤᠨ ᠡᠭᠦᠷ᠎ᠤᠨ ᠱᠦᠵᠢ ᠲᠦᠡᠭ ᠯᠢᠶᠠᠩ 《2022 ᠣᠨ᠎ᠤ 〈ᠲᠦᠩᠯᠢᠶᠣᠣ ᠬᠤᠳᠠ ᠵᠢᠨ ᠰᠠᠢ᠌ᠨ ᠬᠥᠮᠥᠨ〉》 ᠭᠡᠬᠦ ᠬᠣᠯᠪᠣᠭ᠋ᠠᠰᠤ ᠵᠢ ᠭᠠᠴᠠᠭ᠋ᠠᠨ᠎ᠤ᠎ᠪᠠᠨ ᠸᠢᠴᠠᠲ ᠴᠤᠭᠯᠠᠷᠠᠯ᠎ᠳᠤ ᠳᠠᠮᠵᠢᠭᠤᠯᠪᠠ᠃ ᠡᠨᠡ ᠬᠣᠯᠪᠣᠭ᠋ᠠᠰᠤ ᠵᠢ ᠦᠵᠡᠭᠰᠡᠨ ᠬᠥᠮᠥᠰ ᠬᠣᠢ᠌ᠨ᠎ᠠ ᠬᠣᠢ᠌ᠨ᠎ᠠ᠎ᠠᠴᠠ᠎ᠪᠠᠨ ᠡᠷᠡᠬᠡᠢ ᠭᠠᠷᠭ᠋ᠠᠵᠤ᠂ 《ᠮᠠᠨ᠎ᠤ ᠯᠤᠤ ᠪᠤᠤ ᠴᠢᠨᠢ ᠦᠨᠡᠬᠡᠷ ᠲᠡᠮᠦᠷ ᠡᠷ᠎ᠡ ᠰᠢᠦ!》 ᠭᠡᠵᠡᠭᠡᠨ᠎ᠡ᠃
   ᠊᠊᠊᠊᠊᠊ ᠯᠤᠤ ᠪᠤᠤ ᠥᠪᠡᠷ ᠵᠢᠡᠨ ᠬᠦᠦ ᠥᠬᠢᠨ᠎ᠲᠠᠢ ᠬᠥᠮᠥᠨ᠂ ᠳᠡᠭᠡᠷ᠎ᠡ᠎ᠨᠢ ᠪᠠᠰᠠ ᠲᠦᠷᠪᠡᠨ ᠥᠨᠥᠴᠢᠨ ᠬᠡᠦᠬᠡᠳ᠎ᠢ ᠦᠷᠡᠴᠢᠯᠡᠵᠦ ᠲᠡᠵᠢᠭᠡᠨ᠎ᠡ ᠭᠡᠳᠡᠭ ᠴᠢᠨᠢ ᠭᠢᠯᠪᠡᠷ ᠪᠤᠰᠤ ᠠᠵᠤ ᠠ᠋!
   ᠊᠊᠊᠊᠊᠊ ᠲᠡᠢ᠌ᠮᠦ ᠦᠭᠡᠢ ᠶᠠᠭ᠋ᠠᠬᠢᠬᠤ ᠪᠤᠢ⁈ ᠲᠡᠭᠡᠭᠡᠳ ᠲᠡᠵᠢᠭᠡᠭᠰᠡᠨ ᠲᠡᠷᠡ ᠲᠦᠷᠪᠡᠨ ᠬᠡᠦᠬᠡᠳ᠎ᠤᠨ ᠬᠢᠨᠢ ᠬᠣᠶᠠᠷ᠎ᠨᠢ ᠲᠥᠷᠥᠯᠬᠢ ᠵᠢᠨ ᠵᠡᠮᠳᠡᠭ ᠡᠪᠡᠳᠴᠢᠨ᠎ᠲᠠᠢ᠂ ᠨᠦᠭᠦᠭᠡ ᠬᠣᠶᠠᠷ᠎ᠨᠢ ᠪᠠᠰᠠ ᠬᠣᠢ᠌ᠨ᠎ᠠ ᠬᠣᠢ᠌ᠨ᠎ᠠ᠎ᠠᠴᠠ᠎ᠪᠠᠨ ᠬᠦᠨᠳᠦ ᠡᠪᠡᠳᠴᠢᠨ᠎ᠳᠤ ᠨᠡᠷᠪᠡᠭᠳᠡᠯ᠎ᠡ᠃ ᠯᠤᠤ ᠪᠤᠤ ᠲᠡᠳᠡᠨᠤᠰ᠎ᠢ ᠡᠮᠨᠡᠭᠦᠯᠭᠦ ᠭᠡᠵᠦ ᠴᠣᠬᠣᠮ ᠦᠢ᠍ᠯᠡ᠎ᠪᠠᠨ ᠦᠵᠡᠭᠰᠡᠨ ᠰᠢᠦ᠃
  ᠊᠊᠊᠊᠊᠊ ᠢᠩᠭᠢᠵᠦ ᠪᠠᠢ᠌ᠲᠠᠯ᠎ᠠ ᠡᠬᠡᠨᠡᠷ᠎ᠨᠢ ᠡᠪᠡᠳᠴᠢᠨ ᠵᠢᠡᠷ ᠨᠠᠰᠤ ᠪᠠᠷᠠᠵᠤ᠂ ᠳᠡᠮᠡᠢ ᠤᠳᠠᠭᠰᠠᠨ ᠦᠭᠡᠢ ᠨᠠᠰᠤᠲᠠᠨ ᠡᠵᠢ ᠪᠠ ᠥᠪᠡᠷ᠎ᠤᠨ ᠬᠦᠦ᠎ᠨᠢ ᠴᠦ᠍ ᠲᠡᠷᠭᠡᠨ  ᠡᠨᠳᠡᠯ ᠵᠢᠡᠷ ᠨᠠᠰᠤ ᠪᠠᠷᠠᠪᠠ᠃ ᠪᠤᠷᠬᠠᠨ ᠠ᠋ ᠁
   ᠲᠡᠳᠡᠨᠤᠰ᠎ᠤᠨ ᠬᠡᠯᠡᠵᠦ ᠪᠠᠢ᠌ᠭ᠎ᠠ 《ᠯᠤᠤ ᠪᠤᠤ》 ᠵᠢᠨ ᠨᠡᠷ᠎ᠡ ᠵᠢ ᠪᠤᠤ ᠳ᠋ᠠ ᠰᠢ ᠭᠡᠳᠡᠭ᠃ ᠲᠡᠷᠡ 1957 ᠣᠨ᠎ᠳᠤ ᠬᠣᠷᠴᠢᠨ ᠵᠡᠭᠦᠨ ᠭᠠᠷᠤᠨ ᠲᠤᠮᠳᠠᠳᠦ ᠬᠣᠰᠢᠭᠤᠨ᠎ᠤ ᠬᠤᠸᠠᠬᠣᠰᠢᠭᠤ ᠰᠤᠮᠤᠨ᠎ᠤ ᠬᠣᠢ᠌ᠲᠤ ᠲᠡᠮᠡᠭᠡᠨ ᠲᠠᠯᠠᠪᠠᠢ ᠭᠠᠴᠠᠭ᠋ᠠᠨ᠎ᠤ ᠵᠢᠷ᠎ᠤᠨ ᠨᠢᠭᠡᠨ ᠲᠠᠷᠢᠶᠠᠴᠢᠨ᠎ᠤ ᠭᠡᠷ ᠪᠦᠯᠢ᠎ᠳᠤ ᠵᠠᠶᠠᠭ᠋ᠠᠵᠠᠢ᠃ ᠪᠤᠤ ᠳ᠋ᠠ ᠰᠢ ᠪᠠᠭ᠎ᠠ᠎ᠠᠴᠠ᠎ᠪᠠᠨ ᠤᠬᠠᠭ᠋ᠠᠨ ᠲᠣᠮᠣᠭ᠎ᠠ᠎ᠲᠠᠢ ᠰᠡᠴᠡᠨ ᠰᠡᠷᠭᠦᠯᠡᠩ ᠬᠡᠦᠬᠡᠳ ᠪᠠᠢ᠌ᠵᠤ᠂ ᠦᠷᠭᠦᠯᠵᠢ ᠪᠠᠭᠰᠢ ᠭᠡᠷ᠎ᠤᠨ ᠠᠬᠠᠮᠠᠳ᠎ᠤᠨ ᠵᠢᠡᠨ ᠮᠠᠭᠲᠠᠭ᠋ᠠᠯ ᠰᠠᠢ᠌ᠰᠢᠶᠠᠯ᠎ᠢ ᠭᠦᠷᠲᠡᠲᠡᠭ ᠪᠠᠢ᠌ᠪᠠ᠃ ᠤᠯᠠᠨ᠎ᠤ ᠬᠠᠢ᠌ᠷ᠎ᠠ ᠵᠢ ᠣᠯᠣᠭᠰᠠᠨ ᠪᠤᠤ ᠳ᠋ᠠ ᠰᠢ ᠴᠦ᠍ ᠨᠣᠮ ᠪᠢᠴᠢᠭ ᠵᠢᠡᠨ ᠰᠢᠮᠳᠠᠨ ᠰᠤᠷᠤᠯᠴᠠᠵᠦ᠂ ᠬᠣᠵᠢᠮ ᠨᠢᠭᠡᠨ ᠠᠷᠠᠳ ᠤᠯᠠᠨ ᠎ᠳᠤ᠎ᠪᠠᠨ ᠲᠤᠰᠠᠲᠠᠢ ᠬᠥᠮᠥᠨ ᠪᠤᠯᠬᠤ ᠵᠢ ᠬᠦᠰᠡᠵᠦ ᠪᠠᠢ᠌ᠪᠠ᠃ ᠭᠡᠶ᠎ᠡ᠂ ᠰᠠᠨᠠᠭᠰᠠᠨ ᠪᠦᠭᠦᠨ ᠰᠠᠨᠠᠭ᠎ᠠ᠎ᠪᠠᠷ ᠪᠦᠲᠦᠳᠡᠭ ᠦᠭᠡᠢ᠂ ᠲᠡᠷᠡ ᠠᠮᠢᠳᠤᠷᠠᠯ᠎ᠤᠨ ᠬᠦᠴᠢᠷᠳᠡᠯ᠎ᠠᠴᠠ ᠪᠣᠯᠵᠤ ᠠᠩᠬ᠎ᠠ ᠲᠤᠮᠳᠠᠳᠦ᠎ᠪᠠᠨ ᠴᠦ᠍ ᠲᠡᠭᠦᠰᠴᠦ ᠳᠡᠢ᠌ᠯᠦᠭᠰᠡᠨ ᠦᠭᠡᠢ ᠰᠤᠷᠭ᠋ᠠᠭᠤᠯᠢ᠎ᠠᠴᠠ ᠭᠠᠷᠴᠠᠢ᠃ ᠲᠡᠭᠦᠨ᠎ᠤ ᠰᠡᠳᠬᠢᠯ᠎ᠢ ᠮᠡᠳᠡᠭᠰᠡᠨ ᠠᠪᠤ ᠡᠵᠢ᠎ᠨᠢ  《ᠬᠥᠮᠥᠨ ᠪᠦᠭᠦᠨ᠎ᠤ ᠠᠮᠢᠳᠤᠷᠠᠯ᠎ᠤᠨ ᠵᠠᠮ ᠠᠳᠠᠯᠢ ᠦᠭᠡᠢ᠂ ᠢᠳᠡᠪᠬᠢ ᠥᠭᠡᠳᠡᠷᠬᠡᠭ ᠰᠡᠳᠬᠢᠯᠭᠡ᠎ᠲᠠᠢ ᠶᠠᠪᠤᠵᠤ ᠯᠡ ᠪᠠᠢ᠌ᠪᠠᠯ ᠬᠠᠮᠢᠭ᠎ᠠ ᠶᠠᠪᠤᠵᠤ ᠶᠠᠭᠤ ᠬᠢᠭᠰᠡᠨ ᠴᠦ᠍ ᠤᠯᠠᠨ᠎ᠤ ᠳᠤᠮᠳᠠ᠎ᠪᠠᠨ ᠤᠳᠤ ᠪᠣᠯᠵᠤ ᠭᠢᠯᠠᠯᠵᠠᠨ᠎ᠠ ᠰᠢᠦ》 ᠭᠡᠵᠦ ᠰᠤᠷᠭ᠋ᠠᠵᠠᠢ᠃
   ᠡᠨᠡ ᠦᠭᠡ᠎ᠠᠴᠠ ᠵᠣᠷᠢᠭᠵᠢᠭᠰᠠᠨ ᠪᠤᠤ ᠳ᠋ᠠ ᠰᠢ ᠬᠥᠳᠡᠭᠡ ᠭᠡᠷ ᠎ᠲᠤ᠎ᠪᠠᠨ  ᠪᠤᠴᠠᠵᠤ᠂ ᠥᠪᠡᠷ ᠵᠢᠡᠨ ᠡᠷᠳᠡᠮ ᠰᠣᠶᠣᠯ᠎ᠤᠨ ᠮᠥᠷ᠎ᠢ ᠬᠥᠭᠡᠭᠡᠵᠦ ᠳᠡᠢ᠌ᠯᠦᠭᠰᠡᠨ ᠦᠭᠡᠢ ᠴᠦ᠍ ᠬᠣᠶᠠᠷ ᠳᠡᠭᠦᠦ ᠨᠢᠭᠡ ᠥᠬᠢᠨ ᠳᠡᠭᠦᠦ᠎ᠪᠠᠨ ᠡᠷᠳᠡᠮ ᠮᠡᠳᠡᠯᠭᠡ᠎ᠲᠠᠢ ᠬᠥᠮᠥᠨ ᠪᠤᠯᠭ᠋ᠠᠬᠤ᠎ᠪᠠᠷ ᠵᠣᠷᠢᠭ ᠰᠢᠭᠤᠳᠪᠠ᠃ ᠲᠡᠷᠡ ᠵᠢᠯ ᠪᠤᠤ ᠳ᠋ᠠ ᠰᠢ 17 ᠨᠠᠰᠤᠲᠠᠢ᠂ ᠲᠡᠭᠦᠨ᠎ᠤ ᠠᠪᠤ᠎ᠨᠢ ᠡᠪᠡᠳᠴᠢᠨ ᠠᠷᠬᠠᠭ᠎ᠲᠠᠢ ᠪᠠᠢ᠌ᠭᠰᠠᠨ᠎ᠠᠴᠠ ᠠᠯᠢᠪᠠ ᠬᠦᠨᠳᠦ ᠠᠵᠢᠯ ᠴᠥᠮ ᠲᠡᠭᠦᠨ᠎ᠤ ᠮᠥᠷᠥ ᠳᠡᠭᠡᠷ᠎ᠡ ᠳᠠᠷᠤᠵᠤ ᠪᠠᠭᠤᠪᠠ᠃ ᠲᠠᠷᠢᠶ᠎ᠠ ᠲᠠᠷᠢᠵᠦ ᠲᠠᠷᠢᠶ᠎ᠠ ᠠᠷᠴᠢᠬᠤ᠎ᠠᠴᠠ ᠲᠠᠷᠢᠶ᠎ᠠ ᠬᠤᠷᠢᠶᠠᠬᠤ ᠭᠦᠷᠲᠡᠯ᠎ᠠ ᠪᠦᠷ ᠯᠠ ᠪᠤᠤ ᠳ᠋ᠠ ᠰᠢ ᠭᠠᠭᠴᠠᠭ᠋ᠠᠷ ᠪᠠᠢ᠌ᠯᠳᠤᠬᠤ ᠯᠠ ᠬᠡᠷᠡᠭᠲᠡᠢ ᠪᠣᠯᠵᠠᠢ᠃ ᠲᠤᠬᠠᠢ ᠵᠢᠨ ᠦᠶ᠎ᠡ᠎ᠳᠤ ᠴᠥᠮ ᠬᠥᠮᠥᠨ᠎ᠤ ᠬᠦᠴᠦᠨ᠎ᠳᠤ ᠲᠦᠰᠢᠭᠯᠡᠳᠡᠭ ᠪᠣᠯᠬᠣᠷ ᠪᠤᠤ ᠳ᠋ᠠ ᠰᠢ ᠲᠠᠷᠢᠶ᠎ᠠ᠎ᠪᠠᠨ ᠰᠠᠢ᠌ᠲᠤᠷ ᠠᠷᠠᠴᠢᠯᠠᠵᠤ ᠳᠣᠳᠣᠮᠳᠠᠬᠤ ᠵᠢᠨ ᠲᠥᠯᠥᠭᠡ ᠡᠷᠲᠡᠯᠡᠵᠦ ᠣᠷᠣᠢ᠌ᠯᠠᠨ ᠵᠠᠷᠢᠮ᠎ᠳᠤ᠎ᠪᠠᠨ  ᠰᠥᠨᠢ ᠵᠢᠨ ᠰᠠᠷᠠᠨ᠎ᠤ ᠭᠡᠷᠡᠯ᠎ᠳᠤ ᠴᠦ᠍ ᠲᠠᠷᠢᠶᠠᠨ ᠭᠠᠵᠠᠷ᠎ᠤᠨ ᠵᠢᠡᠨ ᠡᠪᠡᠰᠦ ᠵᠢ ᠦᠭᠲᠡᠭᠡᠳᠡᠭ ᠪᠠᠢ᠌ᠪᠠ᠃ ᠢᠩᠭᠢᠭᠡᠳ ᠵᠢᠯ ᠪᠦᠷᠢ ᠪᠤᠰᠤᠳ᠎ᠠᠴᠠ ᠪᠠᠭ᠎ᠠ ᠠᠮᠤ ᠪᠤᠳᠠᠭ᠎ᠠ ᠬᠤᠷᠢᠶᠠᠳᠠᠭ ᠲᠠᠷᠢᠶᠠᠨ ᠭᠠᠵᠠᠷ᠎ᠨᠢ ᠠᠩᠬ᠎ᠠ ᠤᠳᠠᠭ᠎ᠠ ᠪᠤᠰᠤᠳ᠎ᠲᠠᠢ ᠠᠳᠠᠯᠢ ᠠᠮᠤ ᠪᠤᠳᠠᠭ᠎ᠠ ᠬᠤᠷᠢᠶᠠᠵᠤ ᠴᠢᠳᠠᠪᠠ᠃ ᠬᠦᠦ ᠵᠢᠡ ᠵᠢᠡᠨ ᠶᠠᠭ᠋ᠠᠷᠠᠯᠲᠠᠢ ᠠᠵᠢᠯᠯᠠᠵᠤ ᠦᠢ᠍ᠯᠡ᠎ᠪᠠᠨ ᠪᠠᠷᠠᠵᠤ ᠪᠠᠢ᠌ᠬᠤ ᠵᠢ ᠬᠠᠷᠠᠭᠰᠠᠨ ᠪᠤᠤ ᠳ᠋ᠠ ᠰᠢ ᠵᠢᠨ ᠠᠪᠤ᠎ᠨᠢ᠄ 《ᠮᠠᠨ᠎ᠤ ᠭᠡᠷ᠎ᠤᠨ ᠬᠥᠮᠥᠨ ᠤᠯᠠᠨ ᠭᠦᠳᠡᠯᠮᠦᠷᠢ ᠬᠦᠴᠦᠨ ᠪᠠᠭ᠎ᠠ᠂ ᠬᠠᠷ᠎ᠠ ᠭᠦᠳᠡᠯᠮᠦᠷᠢ᠎ᠳᠤ ᠲᠦᠰᠢᠭᠯᠡᠭᠡᠳ ᠠᠮᠢᠳᠤᠷᠠᠯ ᠵᠢᠡᠨ ᠥᠭᠡᠳᠡ ᠲᠠᠲᠠᠬᠤ᠎ᠳᠤ ᠬᠦᠴᠢᠷ ᠰᠢᠦ!》 ᠭᠡᠪᠡ᠃ ᠡᠨᠡ ᠦᠭᠡ᠎ᠠᠴᠠ ᠰᠡᠩᠬᠡᠷᠡᠭᠦᠯᠦᠯ ᠣᠯᠣᠭᠰᠠᠨ ᠪᠤᠤ ᠳ᠋ᠠ ᠰᠢ ᠰᠢᠨᠵᠢᠯᠡᠬᠦ ᠤᠬᠠᠭ᠋ᠠᠨᠴᠢ᠎ᠪᠠᠷ ᠲᠠᠷᠢᠶᠠᠯᠠᠬᠤ᠎ᠪᠠᠷ ᠬᠦᠴᠦᠯᠡᠵᠦ᠂ ᠰᠠᠢ᠌ᠨ ᠲᠠᠷᠢᠶᠠᠨ ᠦᠷ᠎ᠡ ᠪᠠ ᠬᠢᠮᠢ ᠵᠢᠨ ᠪᠣᠷᠳᠣᠭᠤᠷ ᠣᠷᠣᠭᠤᠯᠤᠨ ᠲᠤᠷᠰᠢᠵᠤ ᠲᠠᠷᠢᠪᠠ᠃ ᠨᠠᠮᠤᠷ ᠪᠤᠯᠬᠤ᠎ᠳᠤ᠂ ᠲᠠᠷᠢᠶᠠᠨ᠎ᠤ ᠤᠨᠠᠯᠳᠠ᠎ᠨᠢ ᠦᠨᠡᠬᠡᠷ ᠮᠡᠳᠡᠭᠳᠡᠮ᠎ᠡ ᠳᠡᠭᠡᠭᠰᠢᠯᠡᠵᠦ᠂ ᠠᠢ᠌ᠯ ᠠᠢ᠌ᠮᠠᠭ᠎ᠤᠨ᠎ᠬᠢᠨ ᠴᠦ᠍ ᠲᠡᠭᠦᠨ᠎ᠢ 《ᠲᠠᠷᠢᠶᠠᠯᠠᠩ᠎ᠤᠨ ᠮᠡᠷᠭᠡᠵᠢᠯᠲᠡᠨ》 ᠭᠡᠵᠡᠭᠡᠬᠦ ᠪᠣᠯᠵᠠᠢ᠃
   ᠪᠤᠤ ᠳ᠋ᠠ ᠰᠢ ᠵᠢᠨ᠎ᠬᠢᠨ᠎ᠤ ᠠᠳᠠᠯ ᠠᠮᠢᠳᠤᠷᠠᠯ᠎ᠨᠢ ᠠᠭ᠋ᠠᠵᠢᠮ ᠵᠢᠡᠷ ᠰᠠᠢ᠌ᠵᠢᠷᠠᠬᠤ ᠵᠢ ᠳᠠᠭ᠋ᠠᠯᠳᠤᠨ ᠠᠪᠤ ᠡᠵᠢ᠎ᠨᠢ ᠲᠡᠭᠦᠨ᠎ᠢ ᠡᠷᠲᠡᠬᠡᠨ ᠪᠡᠶ᠎ᠡ ᠪᠦᠲᠦᠨ ᠪᠤᠯᠭ᠋ᠠᠵᠦ᠂ ᠣᠮᠪᠣᠯᠣ ᠳᠣᠮᠪᠣᠯᠤ᠎ᠲᠠᠢ ᠵᠢᠷᠭ᠋ᠠᠬᠤ ᠵᠢ ᠰᠠᠨᠠᠵᠤ᠂ ᠵᠡᠷᠭᠡᠯᠡᠳᠡᠭᠡ ᠠᠢ᠌ᠯ᠎ᠠᠴᠠ᠎ᠪᠠᠨ ᠪᠡᠷᠢ ᠭᠤᠶᠤᠵᠦ ᠥᠭᠴᠡᠢ᠃ ᠪᠤᠤ ᠳ᠋ᠠ ᠰᠢ ᠰᠢᠨ᠎ᠡ ᠠᠮᠢᠳᠤᠷᠠᠯ ᠵᠢᠡᠨ ᠡᠬᠢᠯᠡᠭᠦᠯᠦᠭᠡᠳ ᠳᠡᠮᠡᠢ ᠤᠳᠠᠯ ᠦᠭᠡᠢ ᠡᠬᠡᠨᠡᠷ᠎ᠨᠢ ᠭᠡᠨᠡᠳᠲᠡ᠎ᠪᠠᠷ ᠡᠪᠡᠳᠴᠢᠨ᠎ᠳᠤ ᠨᠡᠷᠪᠡᠭᠳᠡᠪᠡ᠂ ᠲᠡᠷᠡ᠎ᠪᠠᠷ ᠡᠬᠡᠨᠡᠷ ᠵᠢᠡᠨ ᠡᠷᠡᠭᠦᠯᠵᠢᠭᠦᠯᠬᠦ ᠵᠢᠨ ᠲᠥᠯᠥᠭᠡ ᠲᠠᠷᠢᠶᠠᠨ ᠠᠵᠢᠯ ᠵᠢᠡᠨ ᠲᠠᠶᠠᠭᠳᠠᠵᠤ᠂ ᠭᠠᠵᠠᠷ ᠲᠠᠷᠢᠶ᠎ᠠ᠎ᠪᠠᠨ ᠪᠤᠰᠤᠳ᠎ᠲᠤ ᠲᠦᠷᠢᠶᠡᠰᠦᠯᠡᠭᠦᠯᠵᠦ᠂  ᠭᠠᠴᠠᠭ᠋ᠠᠨ᠎ᠤ ᠵᠥᠪᠯᠡᠯ᠎ᠤᠨ ᠭᠡᠷ᠎ᠢ ᠰᠠᠬᠢᠬᠤ ᠳᠥᠭᠥᠮᠬᠡᠨ ᠠᠵᠢᠯ᠎ᠢ ᠡᠷᠢᠵᠦ ᠬᠢᠭᠰᠡᠨ ᠪᠠᠢ᠌ᠨ᠎ᠠ᠃
   2004 ᠣᠨ᠎ᠳᠤ᠂ ᠬᠣᠢ᠌ᠲᠤ ᠲᠡᠮᠡᠭᠡᠨ ᠲᠠᠯᠠᠪᠠᠢ ᠭᠠᠴᠠᠭ᠋ᠠᠨ᠎ᠤ ᠲᠠᠷᠢᠶᠠᠴᠢᠨ ᠲᠤᠷᠵᠢᠰᠠᠡᠭᠪᠤ᠂ ᠵᠢᠦ ᠶᠦᠸᠸ ᠡᠷ᠎ᠡ ᠡᠮ᠎ᠡ ᠬᠣᠶᠠᠭᠤᠯᠠ ᠡᠪᠡᠳᠴᠢᠨ ᠵᠢᠡᠷ ᠬᠣᠢ᠌ᠨ᠎ᠠ ᠬᠣᠢ᠌ᠨ᠎ᠠ᠎ᠠᠴᠠ᠎ᠪᠠᠨ ᠨᠠᠰᠤ ᠪᠠᠷᠠᠵᠤ᠂ ᠬᠣᠶᠠᠷ ᠬᠦᠦ ᠵᠠᠯᠭ᠋ᠠᠪᠠᠶᠠᠷ ᠪᠠ ᠳᠠᠪᠬᠤᠷᠪᠠᠶᠠᠷ᠎ᠨᠢ ᠥᠨᠥᠴᠢᠷᠡᠵᠦ ᠬᠣᠴᠣᠷᠪᠠ᠃ ᠲᠡᠷᠡ ᠦᠶ᠎ᠡ᠎ᠳᠤ ᠨᠢᠭᠡ᠎ᠨᠢ  ᠳᠦᠩᠭᠡᠵᠦ 8 ᠨᠠᠰᠤᠲᠠᠢ᠂ ᠨᠦᠭᠦᠭᠡ᠎ᠨᠢ 12 ᠨᠠᠰᠤᠲᠠᠢ ᠪᠠᠢ᠌ᠵᠤ᠂ ᠥᠨᠥᠴᠢᠨ ᠬᠣᠴᠣᠷᠤᠭᠰᠠᠨ ᠲᠡᠷᠡ ᠬᠣᠶᠠᠷ ᠬᠦᠦ ᠬᠠᠷᠠᠬᠠᠨ ᠠᠮᠢᠨ᠎ᠳᠤ᠎ᠪᠠᠨ  ᠵᠥᠪ ᠪᠣᠯᠣᠭ᠋ᠠᠳᠤᠢ ᠪᠠᠢ᠌ᠪᠠ᠃ ᠪᠤᠤ ᠳ᠋ᠠ ᠰᠢ ᠭᠠᠴᠠᠭ᠋ᠠᠨ᠎ᠤ ᠨᠣᠮ᠎ᠤᠨ ᠦᠷᠦᠭᠡ ᠵᠢᠨ ᠨᠣᠮ ᠳᠡᠪᠲᠡᠷ᠎ᠢ ᠲᠢᠭᠯᠡᠵᠦ ᠪᠠᠢ᠌ᠬᠤ᠎ᠳᠤ᠎ᠪᠠᠨ  ᠰᠤᠷᠤᠯᠴᠠᠬᠤ ᠳᠤᠷᠠᠲᠠᠢ ᠪᠣᠯᠬᠣᠷ ᠤᠯᠠᠨ ᠨᠣᠮ ᠵᠣᠬᠢᠶᠠᠯ ᠤᠩᠰᠢᠵᠤ ᠠᠮᠵᠢᠵᠠᠢ᠃ ᠡᠭᠦᠨ᠎ᠳᠤ ᠲᠡᠷᠡ ᠨᠠᠰᠤᠲᠠᠨ ᠵᠢᠡᠨ ᠬᠦᠨᠳᠦᠯᠡᠵᠦ ᠨᠢᠯᠬᠠᠰ ᠵᠢᠡᠨ ᠬᠠᠷᠠᠭ᠋ᠠᠯᠵᠠᠬᠤ ᠲᠤᠬᠠᠢ ᠠᠭᠤᠯᠭ᠎ᠠ ᠵᠢ ᠴᠤ᠌ ᠠᠷᠪᠢᠨ ᠣᠯᠵᠤ ᠦᠵᠡᠵᠡᠢ᠃ ᠲᠡᠷᠡ ᠪᠠᠰᠠ ᠷᠠᠳᠢᠣ᠋ ᠳᠡᠭᠡᠷ᠎ᠡ᠎ᠠᠴᠠ ᠠᠨᠾᠦ᠋ᠢ ᠮᠤᠵᠢ ᠵᠢᠨ ᠨᠢᠭᠡᠨ ᠲᠠᠷᠢᠶᠠᠴᠢᠨ ᠡᠪᠦᠭᠡᠨ ᠥᠪᠡᠷ ᠵᠢᠡᠨ ᠬᠦᠴᠢᠷᠲᠡᠢ ᠪᠠᠢ᠌ᠭᠰᠠᠨ ᠴᠦ᠍ ᠥᠨᠥᠴᠢᠨ ᠬᠡᠦᠬᠡᠳ᠎ᠢ ᠠᠷᠠᠴᠢᠯᠠᠵᠤ ᠲᠡᠵᠢᠭᠡᠭᠰᠡᠨ ᠨᠢᠭᠡ ᠦᠯᠢᠭᠡᠷ᠎ᠢ ᠰᠣᠨᠣᠰᠪᠠ᠃ ᠬᠥᠮᠥᠰ ᠲᠡᠷᠡ ᠲᠠᠷᠢᠶᠠᠴᠢᠨ ᠡᠪᠦᠭᠡᠨ᠎ᠠᠴᠠ᠄ 《ᠲᠠ ᠥᠪᠡᠷ ᠵᠢᠡᠨ ᠴᠦ᠍ ᠬᠦᠴᠢᠷᠲᠡᠢ ᠪᠠᠢ᠌ᠲᠠᠯ᠎ᠠ᠎ᠪᠠᠨ ᠶᠠᠭᠤᠨ᠎ᠳᠤ ᠪᠠᠰᠠ ᠨᠢᠭᠡ ᠬᠡᠦᠬᠡᠳ᠎ᠢ ᠬᠠᠷᠠᠭ᠋ᠠᠯᠵᠠᠵᠤ ᠪᠠᠢ᠌ᠬᠤ ᠪᠤᠢ?》 ᠭᠡᠬᠦ᠎ᠳᠤ᠂ ᠲᠡᠷᠡ ᠲᠠᠷᠢᠶᠠᠴᠢᠨ ᠡᠪᠦᠭᠡᠨ᠄ 《ᠨᠢᠭᠡ ᠬᠡᠦᠬᠡᠳ᠎ᠢ ᠬᠠᠪᠰᠤᠷᠬᠤ᠎ᠨᠢ ᠨᠢᠭᠡ ᠭᠡᠷ ᠪᠦᠯᠢ ᠵᠢᠨ ᠬᠥᠮᠥᠰ᠎ᠢ ᠬᠠᠪᠰᠤᠷᠤᠬᠰᠠᠨ᠎ᠲᠠᠢ ᠠᠳᠠᠯᠢ᠂ ᠮᠥᠨ ᠴᠦ᠍ ᠬᠡᠦᠬᠡᠳ᠎ᠤᠨ ᠨᠢᠭᠡ ᠨᠠᠰᠤ ᠵᠢ ᠨᠥᠯᠥᠭᠡᠯᠡᠬᠦ ᠶᠠᠪᠤᠳᠠᠯ ᠰᠢᠦ!》 ᠭᠡᠵᠦ ᠬᠡᠯᠡᠭᠰᠡᠨ ᠭᠡᠳᠡᠭ᠃ ᠡᠨᠡ ᠦᠭᠡᠨ᠎ᠳᠤ ᠪᠤᠤ ᠳ᠋ᠠ ᠰᠢ ᠰᠡᠳᠬᠢᠯ ᠳᠣᠭᠳᠣᠯᠵᠤ᠂ ᠥᠨᠥᠴᠢᠷᠡᠵᠦ ᠬᠣᠴᠣᠷᠤᠭᠰᠠᠨ ᠵᠠᠯᠭ᠋ᠠᠪᠠᠶᠠᠷ ᠪᠠ ᠳᠠᠪᠬᠤᠷᠪᠠᠶᠠᠷ᠎ᠢ ᠬᠠᠷᠠᠵᠤ ᠬᠠᠷᠠᠭ᠋ᠠᠯᠵᠠᠬᠤ᠎ᠪᠠᠷ ᠪᠣᠯᠵᠠᠢ᠃ ᠢᠩᠭᠢᠭᠡᠳ ᠪᠤᠤ ᠳ᠋ᠠ ᠰᠢ ᠲᠡᠷᠡ ᠬᠣᠶᠠᠭᠤᠯᠠ ᠵᠢ ᠭᠡᠷ ᠎ᠲᠤ᠎ᠪᠠᠨ ᠲᠤᠰᠴᠤ ᠠᠪᠴᠢᠷᠠᠭ᠋ᠠᠳ ᠵᠠᠯᠭ᠋ᠠᠭ᠋ᠠᠳ ᠰᠤᠷᠭ᠋ᠠᠭᠤᠯᠢ ᠎ᠳᠤ᠎ᠨᠢ ᠶᠠᠪᠤᠭᠤᠯᠪᠠ᠃ ᠲᠤᠬᠠᠢ ᠵᠢᠨ ᠦᠶ᠎ᠡ᠎ᠳᠤ᠂ ᠪᠤᠤ ᠳ᠋ᠠ ᠰᠢ ᠵᠢᠨ ᠭᠡᠷ᠎ᠲᠤ 70 ᠨᠠᠰᠤ ᠵᠢ ᠳᠠᠪᠠᠵᠤ ᠪᠠᠢ᠌ᠭᠰᠠᠨ ᠵᠢᠷᠦᠬᠡᠨ ᠡᠪᠡᠳᠴᠢᠨ᠎ᠲᠠᠢ ᠨᠠᠰᠤᠲᠠᠨ ᠡᠵᠢ ᠪᠠ ᠤᠯᠠᠨ ᠵᠦᠢ᠍ᠯ᠎ᠤᠨ ᠡᠪᠡᠳᠴᠢᠨ ᠠᠷᠬᠠᠭ᠎ᠲᠠᠢ ᠡᠬᠡᠨᠡᠷ᠎ᠨᠢ ᠪᠠᠢ᠌ᠭᠰᠠᠨ ᠪᠥᠭᠡᠳ ᠬᠦᠦ ᠥᠬᠢᠨ ᠬᠣᠶᠠᠷ᠎ᠨᠢ ᠰᠤᠷᠭ᠋ᠠᠭᠤᠯᠢ᠎ᠳᠤ ᠰᠤᠷᠤᠯᠴᠠᠵᠦ ᠪᠠᠢ᠌ᠪᠠ᠃ ᠡᠳᠡᠭᠡᠷ ᠠᠮᠢᠳᠤᠷᠠᠯ᠎ᠤᠨ ᠬᠦᠴᠢᠷᠳᠡᠯ᠎ᠨᠢ ᠪᠤᠤ ᠳ᠋ᠠ ᠰᠢ ᠵᠢ ᠬᠣᠢ᠌ᠰᠢ ᠤᠬᠤᠷᠢᠭᠤᠯᠵᠤ ᠴᠢᠳᠠᠭᠰᠠᠨ ᠦᠭᠡᠢ᠂ ᠲᠡᠷᠡ ᠦᠷᠡᠴᠢᠯᠡᠵᠦ ᠲᠡᠵᠢᠭᠡᠭᠰᠡᠨ ᠬᠣᠶᠠᠷ ᠬᠡᠦᠬᠡᠳ ᠵᠢᠡᠨ ᠰᠠᠢ᠌ᠲᠤᠷ ᠰᠤᠷᠤᠯᠴᠠᠭᠤᠯᠬᠤ ᠵᠢᠨ ᠲᠥᠯᠥᠭᠡ ᠲᠣᠭᠲᠠᠭᠰᠠᠨ ᠬᠤᠭᠤᠴᠠᠭ᠋ᠠᠨ᠎ᠳᠤ ᠰᠢᠨ᠎ᠡ ᠬᠤᠪᠴᠠᠰᠤ ᠬᠤᠨᠠᠷ ᠬᠤᠳᠠᠯᠳᠤᠨ ᠠᠪᠴᠤ ᠥᠭᠴᠦ ᠪᠠᠢ᠌ᠭᠰᠠᠨ ᠮᠥᠷᠲᠡᠭᠡᠨ ᠬᠢᠴᠢᠶᠡᠯ ᠰᠤᠷᠤᠯᠭ᠎ᠠ᠎ᠳᠤ᠎ᠪᠠᠨ  ᠰᠠᠢ᠌ᠨ ᠬᠢᠷᠢ ᠪᠦᠳᠦᠮᠵᠢ ᠣᠯᠪᠠᠯ ᠠᠮᠲᠠᠲᠠᠢ ᠢᠳᠡᠭᠡᠨ ᠤᠮᠳᠠᠭ᠋ᠠᠨ ᠵᠶ᠋ᠠᠷ ᠱᠠᠩᠨᠠᠵᠤ ᠪᠠᠢ᠌ᠪᠠ᠃
   2006 ᠣᠨ᠎ᠳᠤ᠂ ᠬᠣᠢ᠌ᠲᠤ ᠲᠡᠮᠡᠭᠡᠨ ᠲᠠᠯᠠᠪᠠᠢ ᠭᠠᠴᠠᠭ᠋ᠠᠨ᠎ᠤ ᠲᠠᠷᠢᠶᠠᠴᠢᠨ ᠦ᠋ ᠲᠡᠮᠦᠷᠪᠠᠭ᠋ᠠᠨ᠎ᠠ ᠴᠦ᠍ ᠭᠡᠷᠭᠡᠢ᠎ᠲᠠᠢ᠎ᠪᠠᠨ ᠬᠣᠶᠠᠭᠤᠯᠠ ᠡᠪᠡᠳᠴᠢᠨ ᠵᠢᠡᠷ ᠨᠠᠰᠤ ᠪᠠᠷᠠᠵᠤ᠂ ᠠᠷᠪᠠ ᠭᠠᠷᠴᠤ ᠪᠠᠢ᠌ᠭᠰᠠᠨ ᠬᠣᠶᠠᠷ ᠵᠡᠮᠳᠡᠭ ᠬᠡᠦᠬᠡᠳ᠎ᠨᠢ ᠥᠨᠥᠴᠢᠷᠡᠵᠦ ᠬᠣᠴᠣᠷᠪᠠ᠃ ᠲᠡᠷᠡ ᠦᠶ᠎ᠡ᠎ᠳᠤ᠂ ᠥᠪᠡᠷ᠎ᠤᠨ ᠪᠡᠶ᠎ᠡ᠎ᠪᠠᠨ ᠴᠦ᠍ ᠬᠠᠷᠠᠭ᠋ᠠᠯᠵᠠᠵᠤ ᠲᠡᠢ᠌ᠯᠭᠦ ᠦᠭᠡᠢ ᠬᠣᠶᠠᠷ ᠵᠡᠮᠳᠡᠭ ᠬᠡᠦᠬᠡᠳ᠎ᠢ ᠬᠡᠨ ᠬᠥᠮᠥᠨ ᠴᠦ᠍ ᠦᠷᠡᠴᠢᠯᠡᠵᠦ ᠲᠡᠵᠢᠭᠡᠬᠦ ᠰᠠᠨᠠᠭ᠎ᠠ ᠦᠭᠡᠢ ᠪᠠᠢ᠌ᠭᠰᠠᠨ᠎ᠨᠢ ᠦᠨᠡᠨ᠃ ᠡᠭᠦᠨ᠎ᠢ ᠦᠵᠡᠭᠰᠡᠨ ᠪᠤᠤ ᠳ᠋ᠠ ᠰᠢ᠄ 《ᠶᠠᠭ᠋ᠠᠬᠢᠯ᠎ᠠ ᠭᠡᠰᠡᠨ ᠴᠦ᠍ ᠬᠡᠦᠬᠡᠳ᠎ᠲᠤ ᠪᠤᠷᠤᠭᠤ ᠦᠭᠡᠢ᠂ ᠬᠠᠷᠠᠵᠤ ᠪᠠᠢ᠌ᠭ᠋ᠠᠳ ᠦᠯᠪᠡᠷᠣᠭᠦᠯᠵᠦ ᠪᠤᠯᠬᠤ ᠦᠭᠡᠢ ᠪᠠ!》 ᠭᠡᠳ ᠲᠡᠷᠡ ᠬᠣᠶᠠᠷ ᠬᠡᠦᠬᠡᠳ᠎ᠢ ᠭᠡᠷ᠎ᠲᠡᠭᠡᠨ ᠠᠪᠴᠢᠷᠠᠵᠤ ᠦᠷᠡᠴᠢᠯᠡᠪᠡ᠃ ᠡᠭᠦᠨ᠎ᠠᠴᠠ ᠬᠣᠢ᠌ᠰᠢ ᠲᠡᠭᠦᠨ᠎ᠳᠤ ᠪᠠᠰᠠ ᠵᠡᠮᠳᠡᠭ ᠬᠡᠦᠬᠡᠳ ᠬᠠᠷᠠᠭ᠋ᠠᠯᠵᠠᠬᠤ ᠠᠵᠢᠯ ᠨᠡᠮᠡᠭᠳᠡᠵᠦ᠂ ᠥᠷᠯᠥᠭᠡ ᠨᠢᠭᠤᠷ ᠭᠠᠷ᠎ᠢ᠎ᠨᠢ ᠤᠬᠢᠶᠠᠬᠤ᠂ ᠬᠣᠭᠣᠯᠠ ᠤᠮᠳᠠ ᠵᠢ᠎ᠨᠢ ᠪᠡᠯᠡᠳᠬᠡᠬᠦ᠂ ᠥᠳᠬᠡᠨ ᠰᠢᠩᠭᠡᠨ᠎ᠢ᠎ᠨᠢ ᠭᠠᠳᠠᠭᠰᠢᠯᠠᠭᠤᠯᠬᠤ᠂ ᠬᠤᠪᠴᠠᠰᠤ ᠬᠤᠨᠠᠷ᠎ᠢ᠎ᠨᠢ ᠤᠬᠢᠶᠠᠬᠤ ᠵᠡᠷᠭᠡ᠎ᠳᠤ ᠪᠣᠷᠪᠢ ᠪᠣᠬᠢᠰᠬᠢᠯ ᠦᠭᠡᠢ ᠶᠠᠭ᠋ᠠᠷᠠᠬᠤ ᠪᠣᠯᠪᠠ᠃ ᠢᠩᠭᠢᠵᠦ 4 ᠵᠢᠯ ᠥᠩᠭᠡᠷᠡᠭᠰᠡᠨ᠎ᠤ ᠲᠠᠷᠠᠭ᠎ᠠ᠂ ᠪᠤᠤ ᠳ᠋ᠠ ᠰᠢ ᠵᠢᠨ ᠡᠬᠡᠨᠡᠷ᠎ᠨᠢ ᠡᠪᠡᠳᠴᠢᠨ ᠵᠢᠡᠷ ᠨᠠᠰᠤ ᠪᠠᠷᠠᠵᠤ᠂ ᠬᠣᠶᠠᠷ ᠵᠡᠮᠳᠡᠭ ᠬᠡᠦᠬᠡᠳ᠎ᠤᠨ ᠨᠢᠭᠡ ᠪᠣᠯᠬᠣ ᠥᠬᠢᠨ᠎ᠨᠢ ᠡᠪᠡᠳᠴᠢᠨ ᠵᠢᠡᠷ ᠨᠠᠰᠤ ᠪᠠᠷᠠᠵᠤ᠂ ᠨᠡᠯᠢᠶᠡᠳ ᠡᠷᠡᠭᠦᠯᠵᠢᠵᠦ ᠲᠣᠮᠤᠭ᠋ᠠᠵᠢᠭᠰᠠᠨ ᠵᠡᠮᠳᠡᠭ ᠬᠦᠦ ᠵᠢ ᠲᠡᠷᠡ ᠬᠡᠦᠬᠡᠳ᠎ᠤᠨ ᠠᠪᠠᠭ᠎ᠠ ᠠᠪᠤ᠎ᠨᠢ ᠲᠡᠵᠢᠭᠡᠬᠦ᠎ᠪᠠᠷ ᠠᠪᠠᠴᠢᠵᠠᠢ᠃
    ᠪᠤᠤ ᠳ᠋ᠠ ᠰᠢ ᠵᠢᠨ ᠨᠠᠰᠤᠲᠠᠨ ᠡᠵᠢ᠎ᠨᠢ ᠠᠮᠢᠳᠤᠷᠠᠯ᠎ᠳᠤ ᠳᠠᠷᠤᠭᠳᠠᠭᠰᠠᠨ ᠬᠦᠦ᠎ᠪᠠᠨ  ᠥᠷᠦ ᠡᠪᠡᠳᠬᠦ ᠎ᠳᠤ᠎ᠪᠠᠨ ᠵᠢᠷᠦᠬᠡ ᠮᠠᠯᠵᠢᠯ᠎ᠤᠨ ᠲᠠᠯᠠᠪᠠᠢ᠎ᠪᠠᠷ ᠨᠤᠲᠤᠭ᠎ᠲᠠᠢ ᠡᠯ ᠶᠠ ᠵᠢ ᠲᠡᠭᠦᠨ᠎ᠳᠤ ᠲᠠᠨᠢᠯᠴᠠᠭᠤᠯᠵᠤ ᠥᠭᠪᠡ᠃ ᠲᠡᠷᠡ ᠬᠣᠶᠠᠭᠤᠯᠠ᠎ᠪᠠᠨ ᠠᠳᠠᠯᠢᠬᠠᠨ ᠠᠮᠢᠳᠤᠷᠠᠯ᠎ᠤᠨ ᠥᠩᠭᠡᠷᠡᠯᠲᠡ᠎ᠲᠠᠢ ᠪᠠᠢ᠌ᠭᠰᠠᠨ᠎ᠠᠴᠠ ᠤᠳᠠᠯ ᠦᠭᠡᠢ ᠰᠡᠳᠬᠢᠯ ᠰᠠᠨᠠᠭ᠎ᠠ᠎ᠪᠠᠨ ᠣᠯᠣᠯᠴᠠᠵᠤ᠂  ᠬᠠᠮᠲᠤ᠎ᠳᠤ᠎ᠪᠠᠨ ᠲᠦᠷᠪᠡᠨ ᠬᠡᠦᠬᠡᠳ ᠪᠠ ᠨᠠᠰᠤᠲᠠᠨ ᠡᠵᠢ᠎ᠪᠠᠨ ᠠᠰᠠᠷᠠᠬᠤ ᠡᠭᠦᠷᠭᠡ ᠵᠢ ᠡᠭᠦᠷᠭᠡᠯᠡᠵᠦ ᠠᠪᠴᠠᠢ᠃
   ᠲᠡᠳᠡᠨᠤᠰ᠎ᠤᠨ ᠰᠢᠨ᠎ᠡ ᠠᠮᠢᠳᠤᠷᠠᠯ ᠡᠬᠢᠯᠡᠭᠡᠳ ᠳᠡᠮᠡᠢ ᠤᠳᠠᠯ ᠦᠭᠡᠢ ᠦᠷᠡᠴᠢᠯᠡᠵᠦ ᠲᠡᠵᠢᠭᠡᠭᠰᠡᠨ ᠬᠡᠦᠬᠡᠳ ᠳᠠᠪᠬᠤᠷᠪᠠᠶᠠᠷ᠎ᠨᠢ ᠬᠤᠸᠠᠬᠣᠰᠢᠭᠤ ᠰᠤᠮᠤᠨ᠎ᠤ ᠰᠤᠷᠭ᠋ᠠᠭᠤᠯᠢ᠎ᠳᠤ ᠰᠤᠷᠤᠯᠴᠠᠵᠦ ᠪᠠᠢ᠌ᠬᠤ᠎ᠳᠤ᠎ᠪᠠᠨ  ᠭᠡᠨᠡᠳᠲᠡ᠎ᠪᠠᠷ ᠡᠪᠡᠳᠴᠢᠯᠡᠪᠡ᠃ ᠪᠤᠤ ᠳ᠋ᠠ ᠰᠢ ᠬᠦᠦ᠎ᠪᠠᠨ ᠥᠪᠥᠷ ᠮᠣᠩᠭᠣᠯ᠎ᠤᠨ ᠦᠨᠳᠦᠰᠦᠲᠡᠨ᠎ᠤ ᠶᠡᠬᠡ ᠰᠤᠷᠭ᠋ᠠᠭᠤᠯᠢ ᠵᠢᠨ ᠬᠠᠷᠢᠶᠠᠲᠤ ᠡᠮᠨᠡᠯᠭᠡ ᠵᠢᠨ ᠬᠣᠷᠢᠶ᠎ᠠ᠎ᠳᠤ ᠬᠦᠷᠭᠡᠵᠦ ᠪᠠᠢ᠌ᠴᠠᠭ᠋ᠠᠯᠭ᠋ᠠᠭ᠋ᠠᠳ ᠠᠭᠤᠰᠬᠢᠨ ᠡᠪᠡᠳᠴᠢᠨ᠎ᠲᠠᠢ ᠪᠣᠯᠤᠭᠰᠠᠨ᠎ᠢ᠎ᠨᠢ ᠮᠠᠲᠠᠵᠠᠢ᠃ 《ᠪᠢ ᠦᠷᠡᠴᠢᠯᠡᠵᠦ ᠲᠡᠵᠢᠭᠡᠭᠰᠡᠨ ᠲᠦᠷᠪᠡᠨ ᠬᠡᠦᠬᠡᠳ ᠵᠢᠡᠨ ᠥᠪᠡᠷ᠎ᠤᠨ ᠬᠦᠦ ᠥᠬᠢᠨ᠎ᠠᠴᠠ᠎ᠪᠠᠨ ᠳᠤᠲᠠᠭᠤ ᠦᠭᠡᠢ ᠰᠠᠨᠠᠵᠤ ᠬᠠᠷᠠᠭ᠋ᠠᠯᠵᠠᠵᠠᠢ᠃ ᠳᠠᠪᠬᠤᠷᠪᠠᠶᠠᠷ ᠠᠭᠤᠰᠬᠢᠨ ᠡᠪᠡᠳᠴᠢᠨ ᠣᠯᠣᠭᠰᠠᠨ᠎ᠤ ᠲᠠᠷᠠᠭ᠎ᠠ᠂ ᠮᠡᠰᠡ ᠵᠠᠰᠠᠯ᠎ᠤᠨ ᠵᠣᠭᠣᠰ 2 ᠲᠦᠮᠡᠨ ᠲᠥᠭᠥᠷᠢᠭ᠎ᠢ᠎ᠨᠢ ᠴᠤᠭᠯᠠᠭᠤᠯᠬᠤ ᠵᠢᠨ ᠲᠥᠯᠥᠭᠡ ᠠᠢ᠌ᠯ ᠰᠠᠭ᠋ᠠᠬᠠᠯᠲᠠ᠂ ᠰᠠᠳᠤᠨ ᠲᠦᠷᠦᠯ ᠵᠢᠡᠨ ᠪᠠᠷᠠᠲᠠᠯ᠎ᠠ ᠭᠣᠶᠣᠭᠰᠠᠨ ᠶᠤᠮ᠃ ᠮᠠᠨ᠎ᠤ ᠭᠡᠷ᠎ᠤᠨ ᠬᠥᠮᠥᠨ ᠴᠦ᠍ ᠶᠡᠬᠡ᠎ᠪᠠᠷ ᠳᠡᠮᠵᠢᠵᠡᠢ᠂ ᠡᠮᠨᠡᠯᠭᠡ ᠵᠢᠨ ᠬᠣᠷᠢᠶ᠎ᠠ᠎ᠳᠤ ᠪᠠᠢ᠌ᠭᠰᠠᠨ 2 ᠰᠠᠷ᠎ᠠ ᠢᠯᠡᠭᠦᠦ ᠵᠢᠨ ᠬᠤᠭᠤᠴᠠᠭ᠋ᠠᠨ᠎ᠳᠤ ᠲᠡᠷᠡ ᠭᠠᠭᠴᠠᠭ᠋ᠠᠷ ᠵᠢᠡᠨ ᠭᠡᠷ᠎ᠤᠨ ᠠᠵᠢᠯ᠎ᠢ ᠬᠢᠵᠦ᠂ ᠨᠠᠰᠤᠲᠠᠨ ᠡᠵᠢ ᠵᠢ ᠮᠢᠨᠢ ᠴᠣᠬᠣᠮ ᠰᠠᠢ᠌ᠨ ᠠᠰᠠᠷᠠᠭᠰᠠᠨ ᠶᠤᠮ》 ᠭᠡᠵᠦ ᠪᠤᠤ ᠳ᠋ᠠ ᠰᠢ ᠬᠡᠯᠡᠨ᠎ᠡ᠃
   ᠳᠠᠪᠬᠤᠷᠪᠠᠶᠠᠷ ᠴᠦ᠍ ᠠᠪᠤ ᠡᠵᠢ ᠵᠢᠨ ᠵᠢᠨᠨ ᠲᠥᠯᠥᠭᠡ ᠲᠤᠡᠭ ᠰᠠᠨᠠᠭ᠋ᠠᠰᠢᠷᠠᠳᠠᠭ ᠪᠠᠢ᠌ᠪᠠ᠃ ᠲᠡᠷᠡ᠎ᠪᠠᠷ ᠠᠪᠤ ᠵᠢᠨ ᠵᠢᠡᠨ ᠵᠣᠭᠣᠰ ᠵᠢᠭᠡᠯᠡᠭᠰᠡᠨ ᠤᠴᠢᠷ᠎ᠢ ᠮᠡᠳᠡᠮᠡᠭᠴᠡ ᠰᠤᠷᠭ᠋ᠠᠭᠤᠯᠢ᠎ᠳᠤ ᠶᠠᠪᠤᠬᠤ᠎ᠪᠠᠨ ᠪᠣᠯᠢᠵᠤ᠂ ᠠᠪᠤ᠎ᠳᠤ᠎ᠪᠠᠨ ᠲᠤᠰᠠ ᠪᠣᠯᠵᠤ ᠬᠥᠳᠡᠭᠡ ᠭᠡᠷ ᠎ᠲᠤ᠎ᠪᠠᠨ ᠬᠠᠮᠵᠢᠨ ᠠᠵᠢᠯ ᠬᠢᠬᠦ᠎ᠪᠠᠷ ᠵᠣᠷᠢᠭ ᠰᠢᠭᠤᠳᠪᠠ᠃ ᠪᠤᠤ ᠳ᠋ᠠ ᠰᠢ ᠢᠳᠬᠠᠵᠤ ᠲᠡᠢ᠌ᠯᠭᠦ ᠦᠭᠡᠢ ᠪᠤᠯᠬᠤ᠎ᠳᠤ᠎ᠪᠠᠨ ᠨᠠᠮ ᠵᠠᠰᠠᠭ᠎ᠠᠴᠠ ᠭᠤᠶᠤᠴᠢᠯᠠᠯ ᠬᠦᠰᠡᠵᠡᠢ᠃ ᠡᠭᠦᠨ᠎ᠤ ᠬᠠᠷᠢᠭᠤ᠎ᠳᠤ᠂ ᠬᠤᠸᠠᠬᠣᠰᠢᠭᠤ ᠰᠤᠮᠤᠨ᠎ᠤ ᠳᠡᠳ᠋ ᠰᠤᠮᠤᠨ ᠳᠠᠷᠤᠭ᠎ᠠ ᠪᠠᠢ᠌ᠭᠰᠠᠨ ᠮᠠ᠊ ᠊ ᠰᠡᠷᠭᠦᠯᠡᠩ᠎ᠠᠴᠠ ᠳᠠᠪᠬᠤᠷᠪᠠᠶᠠᠷ᠎ᠢ ᠲᠦᠩᠯᠢᠶᠣᠣ ᠬᠤᠳᠠ ᠵᠢᠨ ᠬᠣᠷᠴᠢᠨ ᠲᠣᠭᠣᠷᠢᠭ᠎ᠤᠨ ᠱᠤᠸᠠᠩ  ᠫᠣᠣᠽᠢ ᠪᠠᠯᠭ᠋ᠠᠰᠤᠨ᠎ᠤ ᠠᠵᠢᠯ ᠮᠡᠷᠭᠡᠵᠢᠯ᠎ᠤᠨ ᠰᠤᠷᠭ᠋ᠠᠭᠤᠯᠢ᠎ᠲᠠᠢ ᠬᠠᠷᠢᠴᠠᠵᠤ᠂ ᠶᠠᠮᠠᠷ ᠴᠤ᠌ ᠰᠦᠢ᠍ᠳᠬᠡᠯ ᠬᠤᠷᠢᠶᠠᠬᠤ ᠦᠭᠡᠢ᠎ᠪᠠᠷ ᠮᠡᠷᠭᠡᠵᠢᠯ ᠰᠤᠷᠭ᠋ᠠᠬᠤ᠎ᠪᠠᠷ ᠶᠠᠪᠤᠭᠤᠯᠪᠠ᠃ 2013 ᠣᠨ᠎ᠳᠤ ᠪᠤᠤ ᠳ᠋ᠠ ᠰᠢ ᠵᠢᠨ ᠬᠦᠦ᠎ᠨᠢ ᠪᠠᠢ ᠰᠦᠢ ᠪᠠᠶᠠᠨᠨᠠᠭᠤᠷ᠎ᠲᠤ ᠬᠦᠴᠦᠨ᠎ᠤ ᠠᠵᠢᠯ ᠬᠢᠵᠦ ᠪᠠᠢ᠌ᠭ᠋ᠠᠳ ᠲᠡᠷᠭᠡᠨ  ᠡᠨᠳᠡᠯ ᠭᠠᠷᠴᠤ᠂ ᠬᠡᠳᠦᠢ ᠡᠮᠨᠡᠭᠦᠯᠵᠦ ᠰᠤᠪᠢᠯᠠᠭᠰᠠᠨ ᠪᠤᠯᠪᠠᠴᠦ ᠲᠤᠰᠠ ᠪᠣᠯᠤᠭᠰᠠᠨ ᠦᠭᠡᠢ 2016 ᠣᠨ᠎ᠳᠤ ᠨᠠᠰᠤ ᠪᠠᠷᠠᠵᠠᠢ᠃ ᠡᠨᠡ ᠮᠡᠲᠦ᠎ᠪᠠᠷ ᠦᠬᠦᠯ ᠬᠠᠭ᠋ᠠᠴᠠᠯ᠂ ᠡᠪᠡᠳᠴᠢᠨ ᠵᠤᠪᠠᠯᠠᠡᠭ ᠪᠤᠤ ᠳ᠋ᠠ ᠰᠢ ᠵᠢ ᠤᠳᠠᠭ᠎ᠠ ᠳᠠᠷᠠᠭ᠋ᠠᠯᠠᠨ ᠨᠢᠭᠤᠷ ᠨᠢᠳᠦ ᠦᠭᠡᠢ ᠳᠠᠭ᠋ᠠᠷᠢᠵᠦ ᠪᠠᠢ᠌ᠭᠰᠠᠨ ᠴᠤ᠌ ᠲᠡᠷᠡ 《ᠲᠡᠮᠦᠷ ᠡᠷ᠎ᠡ》 ᠵᠢᠨ ᠬᠠᠲᠠᠭᠤ ᠵᠣᠷᠢᠭ ᠵᠢᠡᠷ ᠲᠠᠭ᠋ᠠᠷᠠᠬᠰᠠᠨ ᠶᠠᠪᠤᠳᠠᠯ ᠪᠦᠭᠦᠨ᠎ᠢ ᠲᠠᠮᠢᠷ ᠵᠢᠨᠨ ᠰᠢᠪᠬᠠᠨ ᠲᠤᠭᠤᠯᠵᠦ ᠪᠠᠢ᠌ᠪᠠ᠃
   ᠊᠊᠊᠊᠊᠊ 2016 ᠣᠨ᠎ᠳᠤ᠂ ᠤᠯᠠᠭ᠋ᠠᠨ ᠵᠠᠭ᠋ᠠᠯᠮᠠᠢ᠌ᠳᠠᠨ᠎ᠤ ᠨᠡᠢ᠌ᠭᠡᠮᠯᠢᠭ᠎ᠠᠴᠠ ᠱᠸᠪᠡᠷᠲᠦ ᠎ᠳᠤ᠎ᠬᠢ ᠮᠣᠩᠭᠣᠯ ᠲᠤᠮᠳᠠᠳᠦ ᠰᠤᠷᠭ᠋ᠠᠭᠤᠯᠢ ᠵᠢᠨ ᠰᠤᠷᠤᠬ᠍ᠴᠢᠳ᠎ᠲᠤ ᠦᠨ᠎ᠡ ᠲᠥᠯᠥᠪᠦᠷᠢ ᠦᠭᠡᠢ᠎ᠪᠠᠷ ᠪᠡᠶ᠎ᠡ ᠵᠢᠨ ᠪᠠᠢ᠌ᠴᠠᠭ᠋ᠠᠯᠲᠠ ᠬᠢᠵᠦ ᠥᠭᠴᠡᠢ᠃ ᠡᠨᠡ ᠪᠠᠢ᠌ᠴᠠᠭ᠋ᠠᠯᠲᠠ ᠵᠢᠨ ᠲᠠᠷᠠᠭ᠎ᠠ ᠳᠡᠮᠡᠢ ᠤᠳᠠᠯ ᠦᠭᠡᠢ᠂ ᠱᠸᠪᠡᠷᠲᠦ ᠎ᠳᠤ᠎ᠬᠢ ᠮᠣᠩᠭᠣᠯ ᠲᠤᠮᠳᠠᠳᠦ ᠰᠤᠷᠭ᠋ᠠᠭᠤᠯᠢ᠎ᠠᠴᠠ ᠨᠠᠳᠠ᠎ᠳᠤ ᠤᠲᠠᠰᠤ ᠢᠷᠡᠭᠦᠯᠵᠦ᠂  ᠨᠠᠮ᠎ᠠ ᠵᠢ ᠳᠠᠷᠤᠢ᠌ᠬᠠᠨ ᠳᠠᠪᠬᠤᠷᠪᠠᠶᠠᠷ ᠪᠠ ᠵᠠᠯᠭ᠋ᠠᠪᠠᠶᠠᠷ᠎ᠤᠨ ᠲᠡᠵᠢᠭᠡᠭᠰᠡᠨ ᠠᠪᠤ ᠪᠤᠤ ᠳ᠋ᠠ ᠰᠢ᠎ᠲᠠᠢ ᠬᠠᠷᠢᠯᠴᠠᠵᠤ᠂ ᠡᠨᠡ ᠬᠡᠦᠬᠡᠳ᠎ᠲᠤ ᠤᠯᠠᠮ ᠨᠢᠭᠡ ᠠᠯᠬᠤᠮ ᠪᠠᠢ᠌ᠴᠠᠭ᠋ᠠᠯᠲᠠ ᠬᠢᠯᠭᠡᠬᠦ ᠵᠢ ᠨᠠᠢ᠌ᠳᠠᠵᠠᠢ᠃ ᠡᠨᠡ ᠴᠢᠮᠡᠭᠡ᠎ᠪᠠᠷ ᠪᠤᠤ ᠳ᠋ᠠ ᠰᠢ ᠲᠦᠩᠯᠢᠶᠣᠣ᠎ᠳᠤ ᠬᠦᠷᠴᠦ ᠪᠠᠢ᠌ᠴᠠᠭ᠋ᠠᠯᠲᠠ ᠬᠢᠯᠭᠡᠭᠡᠳ ᠵᠠᠯᠭ᠋ᠠᠪᠠᠶᠠᠷ᠎ᠲᠤ ᠲᠥᠷᠥᠯᠬᠢ ᠵᠢᠨ ᠵᠢᠷᠦᠬᠡᠨ ᠡᠪᠡᠳᠴᠢᠨ᠎ᠲᠠᠢ ᠪᠠᠢ᠌ᠬᠤ ᠵᠢ ᠮᠡᠳᠡᠵᠡᠢ᠃ ᠡᠭᠦᠨ᠎ᠢ ᠰᠣᠨᠣᠰᠤᠭ᠋ᠠᠳ ᠪᠢ ᠴᠦ᠍ ᠮᠠᠰᠢ ᠰᠡᠳᠬᠢᠯ ᠵᠣᠪᠠᠵᠤ᠂ ᠤᠯᠠᠭ᠋ᠠᠨ ᠵᠠᠭ᠋ᠠᠯᠮᠠᠢ᠌ᠳᠠᠨ᠎ᠤ ᠨᠡᠢ᠌ᠭᠡᠮᠯᠢᠭ᠎ᠠᠴᠠ ᠳᠡᠮᠵᠢᠯᠭᠡ ᠭᠤᠶᠤᠴᠢᠯᠠᠪᠠ᠃ ᠤᠯᠠᠭ᠋ᠠᠨ ᠵᠠᠭ᠋ᠠᠯᠮᠠᠢ᠌ᠳᠠᠨ᠎ᠤ ᠨᠡᠢ᠌ᠭᠡᠮᠯᠢᠭ ᠴᠦ᠍ ᠲᠡᠳᠡᠨᠤᠰ᠎ᠤᠨ ᠪᠠᠢ᠌ᠳᠠᠯ᠎ᠢ ᠪᠠᠢ᠌ᠴᠠᠭ᠋ᠠᠵᠤ ᠮᠡᠳᠡᠭᠡᠳ᠂ ᠵᠠᠯᠭ᠋ᠠᠪᠠᠶᠠᠷ᠎ᠲᠤ ᠦᠨ᠎ᠡ ᠲᠥᠯᠥᠪᠦᠷᠢ ᠦᠭᠡᠢ᠎ᠪᠠᠷ ᠮᠡᠰᠡ ᠵᠠᠰᠠᠯ ᠬᠢᠵᠦ ᠥᠭᠬᠦ᠎ᠪᠠᠷ ᠪᠣᠯᠵᠠᠢ ᠭᠡᠵᠦ ᠬᠣᠢ᠌ᠲᠤ ᠲᠡᠮᠡᠭᠡᠨ ᠲᠠᠯᠠᠪᠠᠢ  ᠭᠠᠴᠠᠭ᠋ᠠᠨ᠎ᠤ ᠨᠠᠮ᠎ᠤᠨ ᠡᠭᠦᠷ᠎ᠤᠨ ᠱᠦᠵᠢ ᠲᠦᠡᠭ ᠯᠢᠶᠠᠩ ᠬᠡᠯᠡᠵᠦ ᠪᠠᠢ᠌ᠯ᠎ᠠ᠃
    ᠢᠩᠭᠢᠭᠡᠳ ᠲᠦᠡᠭ ᠯᠢᠶᠠᠩ ᠂ ᠪᠤᠤ ᠳ᠋ᠠ ᠰᠢ ᠪᠣᠯᠣᠨ ᠤᠯᠠᠭ᠋ᠠᠨ ᠵᠠᠭ᠋ᠠᠯᠮᠠᠢ᠌ᠳᠠᠨ᠎ᠤ ᠨᠡᠢ᠌ᠭᠡᠮᠯᠢᠭ᠎ᠤᠨ ᠠᠵᠢᠯᠲᠠᠨ᠎ᠲᠠᠢ ᠬᠠᠮᠲᠤ᠎ᠪᠠᠷ ᠪᠡᠭᠡᠵᠢᠩ᠎ᠤᠨ ᠵᠡᠪᠰᠡᠭᠲᠦ ᠴᠠᠭᠳᠠᠭ᠋ᠠᠨ᠎ᠤ ᠡᠮᠨᠡᠯᠭᠡ ᠵᠢᠨ ᠬᠣᠷᠢᠶ᠎ᠠ᠎ᠳᠤ ᠭᠦᠷᠪᠠ᠃ ᠵᠠᠯᠭ᠋ᠠᠪᠠᠶᠠᠷ᠎ᠤᠨ ᠡᠪᠡᠳᠴᠢᠨ᠎ᠨᠢ ᠪᠤᠰᠤᠳ ᠬᠥᠮᠥᠨ᠎ᠤ ᠡᠪᠡᠳᠴᠢᠨ᠎ᠠᠴᠠ ᠬᠦᠨᠳᠦ ᠪᠠᠢ᠌ᠭᠰᠠᠨ ᠪᠣᠯᠬᠣᠷ ᠭᠤᠷᠪᠠ ᠤᠳᠠᠭ᠎ᠠ ᠮᠡᠰᠡ ᠵᠠᠰᠠᠯ ᠬᠢᠭᠡᠳ ᠰᠠᠶᠢ ᠡᠷᠡᠭᠦᠯᠵᠢᠪᠡ᠃ ᠪᠤᠤ ᠳ᠋ᠠ ᠰᠢ ᠵᠢᠨ ᠦᠢ᠍ᠯᠡ ᠠᠵᠢᠯᠯᠠᠭ᠎ᠠ ᠵᠢ ᠮᠡᠳᠡᠭᠰᠡᠨ ᠡᠮᠨᠡᠯᠭᠡ ᠵᠢᠨ ᠬᠣᠷᠢᠶᠠᠨ᠎ᠤ ᠠᠵᠢᠯᠲᠠᠨ ᠴᠦ᠍ ᠲᠡᠳᠡᠨᠤᠰ᠎ᠢ ᠮᠠᠭᠲᠠᠨ ᠰᠠᠢ᠌ᠰᠢᠶᠠᠵᠤ ᠲᠤᠰᠠᠯᠠᠨ ᠲᠠᠮᠵᠢᠵᠦ ᠪᠠᠢ᠌ᠭᠰᠠᠨ ᠭᠡᠳᠡᠭ᠃ ᠡᠨᠡ ᠦᠶ᠎ᠡ᠎ᠳᠤ᠂ ᠬᠣᠢ᠌ᠲᠤ ᠲᠡᠮᠡᠭᠡᠨ ᠲᠠᠯᠠᠪᠠᠢ ᠭᠠᠴᠠᠭ᠋ᠠᠨ᠎ᠤ ᠠᠷᠠᠳ ᠤᠯᠠᠨ ᠴᠦ᠍ ᠰᠠᠢ᠌ᠨ ᠳᠤᠷ᠎ᠠ᠎ᠠᠴᠠ᠎ᠪᠠᠨ ᠵᠣᠭᠣᠰ ᠬᠠᠨᠳᠢᠪᠯᠡᠵᠤ᠂ ᠪᠤᠤ ᠳ᠋ᠠ ᠰᠢ᠎ᠳᠤ 5000 ᠲᠥᠭᠥᠷᠢᠭ ᠲᠤᠰᠠᠯᠠᠮᠵᠢ ᠵᠢᠨ ᠮᠥᠩᠭᠥ ᠬᠦᠷᠭᠡᠵᠦ ᠥᠭᠴᠡᠢ᠃
   ᠪᠤᠤ ᠳ᠋ᠠ ᠰᠢ ᠤᠯᠠᠨ᠎ᠤ ᠳᠡᠮᠵᠢᠯᠭᠡ᠎ᠪᠠᠷ ᠬᠦᠦ᠎ᠪᠠᠨ ᠡᠮᠨᠡᠯᠭᠡ ᠵᠢᠨ ᠬᠣᠷᠢᠶ᠎ᠠ᠎ᠳᠤ ᠬᠣᠶᠠᠷ ᠰᠠᠷ᠎ᠠ ᠭᠠᠷᠤᠢ ᠰᠤᠪᠢᠯᠠᠵᠤ ᠡᠷᠡᠭᠦᠯᠵᠢᠭᠦᠯᠦᠭᠡᠳ ᠦᠷᠭᠦᠯᠵᠢᠯᠡᠨ ᠰᠤᠷᠭ᠋ᠠᠭᠤᠯᠢ ᠎ᠳᠤ᠎ᠨᠢ ᠰᠤᠷᠤᠯᠴᠠᠭᠤᠯᠪᠠ᠃ ᠬᠣᠵᠢᠮ᠎ᠨᠢ᠂ ᠳᠠᠪᠬᠤᠷᠪᠠᠶᠠᠷ ᠱᠤᠸᠠᠩ ᠫᠣᠣᠽᠢ ᠪᠠᠯᠭ᠋ᠠᠰᠤᠨ᠎ᠤ ᠠᠵᠢᠯ ᠮᠡᠷᠭᠡᠵᠢᠯ᠎ᠤᠨ ᠰᠤᠷᠭ᠋ᠠᠭᠤᠯᠢ᠎ᠠᠴᠠ ᠲᠡᠭᠦᠰᠴᠦ᠂ ᠵᠠᠯᠭ᠋ᠠᠪᠠᠶᠠᠷ ᠠᠩᠬ᠎ᠠ ᠲᠤᠮᠳᠠᠳᠦ᠎ᠪᠠᠨ ᠲᠡᠭᠦᠰᠦᠭᠡᠳ ᠬᠣᠶᠠᠭᠤᠯᠠ᠎ᠪᠠᠨ ᠪᠠᠶᠠᠨᠨᠠᠭᠤᠷ ᠬᠤᠳᠠ᠎ᠳᠤ ᠰᠠᠨᠠᠭ᠋ᠠᠨ ᠎ᠳᠤ᠎ᠪᠠᠨ ᠲᠣᠬᠢᠷᠠᠭᠰᠠᠨ ᠠᠵᠢᠯ ᠣᠯᠵᠤ ᠨᠤᠲᠤᠭᠰᠢᠨ ᠠᠮᠢᠳᠤᠷᠠᠵᠠᠢ᠃ ᠦᠷ᠎ᠡ ᠵᠢᠨ ᠲᠥᠯᠥᠭᠡ ᠥᠲᠡᠯᠵᠦ᠂ ᠵᠤᠯᠵᠠᠭ᠎ᠠ ᠵᠢᠨ ᠲᠥᠯᠥᠭᠡ ᠵᠤᠲᠠᠨ᠎ᠠ ᠭᠡᠳᠡᠭ ᠵᠢᠡᠷ᠂ ᠡᠳᠡᠭᠡᠷ ᠵᠢᠯ᠎ᠤᠨ ᠲᠤᠷᠰᠢ ᠦᠷ᠎ᠡ ᠬᠡᠦᠬᠡᠳ ᠵᠢᠨᠨ ᠥᠪᠡᠷ᠎ᠤᠨ ᠬᠥᠮᠥᠨ᠎ᠤ ᠭᠡᠵᠦ ᠢᠯᠭ᠋ᠠᠯ ᠦᠭᠡᠢ ᠨᠢᠭᠡ ᠯᠠ ᠰᠡᠳᠬᠢᠯ ᠵᠢᠡᠷ ᠬᠥᠮᠥᠨ ᠪᠤᠯᠭ᠋ᠠᠬᠤ ᠭᠡᠵᠦ ᠥᠷᠯᠥᠭᠡ ᠦᠳᠡᠰᠢ ᠵᠢ ᠲᠡᠮᠡᠴᠡᠨ ᠵᠢᠷᠦᠬᠡᠨ ᠲᠠᠮᠢᠷ ᠵᠢᠨᠨ ᠰᠢᠪᠬᠠᠵᠤ ᠶᠠᠪᠤᠭᠰᠠᠨ ᠪᠤᠤ ᠳ᠋ᠠ ᠰᠢ ᠡᠨᠡ ᠵᠢᠯ᠎ᠤᠨ ᠬᠠᠪᠤᠷ ᠪᠡᠶ᠎ᠡ᠎ᠨᠢ ᠪᠠᠭ᠋ᠠᠬᠠᠨ ᠡᠪ ᠦᠭᠡᠢ ᠪᠣᠯᠤᠭᠰᠠᠨ ᠵᠢᠡᠷ ᠡᠮᠨᠡᠯᠭᠡ᠎ᠳᠤ ᠬᠦᠷᠴᠦ ᠪᠠᠢ᠌ᠴᠠᠭ᠋ᠠᠯᠭ᠋ᠠᠭᠰᠠᠨ᠎ᠳᠤ ᠤᠯᠠᠭ᠋ᠠᠨ ᠬᠣᠭᠣᠯᠠᠢ ᠵᠢᠨ ᠦᠮᠠᠨ ᠭᠡᠵᠦ ᠣᠨᠣᠰᠢᠯᠠᠵᠠᠢ᠃ ᠮᠡᠰᠡ ᠵᠠᠰᠠᠯ ᠬᠢᠪᠡᠯ ᠠᠷᠪᠠᠨ ᠲᠦᠮᠡᠨ ᠲᠥᠭᠥᠷᠢᠭ ᠬᠡᠷᠡᠭᠰᠡᠬᠦ ᠶᠤᠮ ᠭᠡᠨ᠎ᠡ᠃ ᠠᠷᠪᠠᠨ ᠲᠦᠮᠡᠨ ᠲᠥᠭᠥᠷᠢᠭ! ᠪᠤᠤ ᠳ᠋ᠠ ᠰᠢ ᠵᠢᠨ᠎ᠬᠢᠨ᠎ᠳᠤ ᠠᠪᠴᠤ ᠬᠡᠯᠡᠪᠡᠯ ᠲᠡᠭᠷᠢ ᠵᠢᠨ ᠲᠣᠭ᠎ᠠ᠂ ᠲᠡᠷᠡ ᠵᠣᠭᠣᠰ᠎ᠢ ᠬᠡᠷᠬᠢᠨ ᠭᠠᠷᠭ᠋ᠠᠬᠤ᠎ᠪᠠᠨ ᠣᠯᠵᠤ ᠶᠠᠳᠠᠨ ᠠᠷᠭ᠎ᠠ ᠪᠠᠷᠠᠭᠳᠠᠨ ᠵᠣᠪᠠᠵᠤ ᠪᠠᠢ᠌ᠲᠠᠯ᠎ᠠ ᠥᠪᠡᠷ᠎ᠤᠨ ᠎ᠬᠢ᠎ᠨᠢ ᠥᠬᠢᠨ ᠪᠠ ᠲᠡᠵᠢᠭᠡᠭᠰᠡᠨ ᠬᠦᠦ ᠳᠠᠪᠬᠤᠷᠪᠠᠶᠠᠷ᠂ ᠵᠠᠯᠭ᠋ᠠᠪᠠᠶᠠᠷ ᠨᠠᠷ ᠳᠠᠷᠤᠢ᠌ᠬᠠᠨ ᠵᠣᠭᠣᠰ ᠮᠥᠩᠭᠥ ᠵᠢ᠎ᠨᠢ ᠪᠦᠷᠢᠳᠦᠭᠦᠯᠵᠦ ᠥᠭᠭᠦᠭᠰᠡᠨ ᠵᠢᠡᠷ ᠡᠪᠡᠳᠴᠢᠨ᠎ᠤ ᠬᠣᠣᠷ᠎ᠨᠢ ᠲᠠᠷᠬᠠᠬᠤ᠎ᠠᠴᠠ ᠡᠮᠦᠨ᠎ᠡ ᠮᠡᠰᠡ ᠵᠠᠰᠠᠯ ᠬᠢᠵᠦ ᠠᠮᠵᠢᠵᠠᠢ᠃ ᠦᠢ᠍ᠯᠡ᠎ᠪᠠᠨ ᠪᠠᠷᠠᠵᠤ ᠦᠰᠦ᠎ᠪᠠᠨ ᠲᠡᠭᠦᠵᠦ ᠥᠰᠬᠡᠭᠰᠡᠨ ᠦᠷ᠎ᠡ ᠬᠡᠦᠬᠡᠳ᠎ᠨᠢ ᠥᠨᠥᠳᠥᠷ ᠪᠦᠷ ᠬᠥᠮᠥᠨ᠎ᠤ ᠵᠡᠷᠭᠡ᠎ᠳᠤ ᠬᠦᠷᠴᠦ ᠲᠠᠮᠤ ᠵᠢᠨ ᠡᠭᠦᠳᠡ ᠵᠢ ᠲᠣᠭᠰᠢᠭᠰᠠᠨ ᠲᠡᠭᠦᠨ᠎ᠢ ᠡᠷᠯᠢᠭ᠎ᠤᠨ ᠣᠷᠣᠨ᠎ᠠᠴᠠ ᠡᠭᠡᠭᠦᠯᠵᠦ ᠠᠪᠴᠢᠷᠠᠯ᠎ᠠ᠃
᠊   ᠊᠊᠊᠊᠊ ᠦᠷ᠎ᠡ ᠬᠡᠦᠬᠡᠳ ᠮᠠᠨᠢ ᠥᠰᠴᠦ ᠥᠭᠡᠯᠡᠢ ᠥᠨᠳᠥᠷ ᠪᠣᠯᠵᠤ ᠥᠪᠡᠷ ᠥᠪᠡᠷ᠎ᠤᠨ ᠠᠵᠢᠯ ᠠᠮᠢᠳᠤᠷᠠᠯ᠎ᠲᠠᠢ ᠪᠣᠯᠤᠭᠰᠠᠨ ᠴᠤ᠌ ᠬᠤᠪᠢᠨ ᠎ᠳᠤ᠎ᠪᠠᠨ ᠪᠦᠷ ᠠᠷᠠᠢ ᠴᠢᠷᠠᠢ᠂ ᠥᠲᠡᠯᠬᠦ ᠵᠢᠨ ᠦᠵᠦᠭᠦᠷ᠎ᠲᠤ ᠦᠷ᠎ᠡ ᠬᠡᠦᠬᠡᠳ ᠎ᠲᠤ᠎ᠪᠠᠨ ᠳᠠᠷᠤᠭ᠋ᠠᠰᠤ ᠪᠤᠤ ᠪᠣᠯᠣᠶ᠎ᠠ ᠭᠡᠵᠦ ᠪᠤᠳᠤᠬᠰᠠᠨ ᠪᠢ ᠡᠢ᠌ᠮᠦ ᠮᠠᠭᠤ ᠡᠪᠡᠳᠴᠢᠨ᠎ᠳᠤ ᠨᠡᠷᠪᠡᠭᠳᠡᠴᠢᠬᠡᠬᠦ ᠭᠡᠵᠦ ᠦᠨᠡᠬᠡᠷ ᠰᠠᠨᠠᠭᠰᠠᠨ ᠦᠭᠡᠢ ᠠ᠋᠃ ᠰᠠᠢ᠌ᠨ ᠰᠠᠨᠠᠭ᠎ᠠ ᠴᠠᠭ᠋ᠠᠪᠤᠷ ᠰᠡᠳᠬᠢᠯ ᠵᠢᠡᠷ ᠶᠠᠪᠤᠭᠰᠠᠨ ᠶᠤᠮ ᠬᠣᠢ᠌ᠨ᠎ᠠ ᠵᠦᠭᠡᠷ ᠪᠠᠢ᠌ᠯᠭᠦᠢ ᠳ᠋ᠠ ᠭᠡᠵᠦ ᠪᠤᠤ ᠳ᠋ᠠ ᠰᠢ ᠰᠣᠷᠪᠤᠯᠵᠢᠯᠠᠭ᠎ᠠ ᠬᠦᠯᠢᠶᠡᠬᠦ ᠎ᠳᠤ᠎ᠪᠠᠨ ᠬᠡᠯᠡᠵᠦ ᠪᠠᠢ᠌ᠯ᠎ᠠ᠃
   ᠦᠷᠭᠦᠯᠵᠢ ᠥᠷᠥᠭᠡᠯ ᠪᠤᠰᠤᠳ᠎ᠢ ᠲᠤᠰᠠᠯᠠᠵᠤ ᠶᠠᠪᠤᠭᠰᠠᠨ ᠥᠷᠥᠪᠴᠢ ᠰᠡᠳᠬᠢᠯᠲᠡᠨ ᠪᠤᠤ ᠳ᠋ᠠ ᠰᠢ᠎ᠲᠠᠢ ᠠᠮᠢᠳᠤᠷᠠᠯ ᠦᠨᠡᠬᠡᠷ ᠬᠠᠲᠠᠭᠤ ᠲᠣᠭᠯᠠᠵᠠᠢ᠃ ᠲᠡᠷᠡ ᠪᠦᠭᠦᠨ᠎ᠢ ᠠᠵᠢᠭ ᠦᠭᠡᠢ ᠢᠯᠠᠨ ᠳᠠᠪᠠᠬᠤ ᠢᠲᠡᠭᠡᠯ ᠵᠣᠷᠢᠭ ᠲᠡᠭᠦᠨ᠎ᠳᠤ ᠪᠤᠢ ᠭᠡᠳᠡᠭ᠎ᠢ ᠪᠤᠤ ᠳ᠋ᠠ ᠰᠢ ᠵᠢ ᠲᠠᠨᠢᠳᠠᠭ ᠬᠥᠮᠥᠨ ᠪᠣᠯᠭ᠋ᠠᠨ᠎ᠨᠢ ᠪᠠᠷᠳᠠᠮ ᠢᠲᠡᠭᠡᠨ᠎ᠡ᠃ ᠤᠴᠢᠷ᠎ᠨᠢ ᠲᠡᠷᠡ ᠪᠣᠯ ᠬᠡᠵᠢᠶᠡᠳᠡ ᠬᠥᠮᠥᠨ ᠵᠤᠨ᠎ᠤ᠎ᠪᠠᠨ ᠰᠡᠳᠬᠢᠯ᠎ᠳᠤ ᠰᠦᠨᠳᠡᠷᠯᠡᠬᠦ  《ᠲᠡᠮᠦᠷ ᠡᠷ᠎ᠡ》 ᠰᠢᠦ ᠳ᠋ᠠ᠃
 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠦᠷᠭᠡᠨ ᠭᠣᠪᠢ ᠎ᠳᠤ ᠳᠡᠯᠭᠡᠷᠡᠭᠰᠡᠨ ᠦᠵᠡᠰᠬᠦᠯᠡᠩᠲᠦ 《ᠵᠠᠭ᠎ᠤᠨ ᠴᠡᠴᠡᠭ》 — ᠠᠯᠲᠠᠨᠲᠠᠨ᠎ᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠤᠳᠬᠠᠬᠤ ᠪᠤᠯᠪᠠᠰᠤᠷᠠᠯ ᠡᠷᠬᠢᠯᠡᠪᠡ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠶᠢᠰᠦ᠄ ᠡᠬᠡ ᠎ᠪᠠᠨ ᠳᠡᠭᠡᠳᠦᠯᠡᠨ ᠬᠦᠦ᠎ᠪᠠᠨ ᠪᠤᠯᠠᠰᠢᠯᠠᠬᠤ ᠭᠡᠮᠡᠪᠡᠢ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠠᠷᠪᠠ᠄ ᠦᠪᠡᠷ᠎ᠢ ᠎ᠪᠠᠨ ᠬᠤᠳᠠᠯᠳᠤᠨ ᠠᠪᠤ᠎ᠪᠠᠨ ᠣᠷᠤᠰᠢᠭᠤᠯᠪᠡᠢ
 
            