ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠦᠷᠭᠡᠨ ᠭᠣᠪᠢ ᠎ᠳᠤ ᠳᠡᠯᠭᠡᠷᠡᠭᠰᠡᠨ ᠦᠵᠡᠰᠬᠦᠯᠡᠩᠲᠦ 《ᠵᠠᠭ᠎ᠤᠨ ᠴᠡᠴᠡᠭ》 — ᠠᠯᠲᠠᠨᠲᠠᠨ᠎ᠠ
ᠨᠡᠶᠢᠲᠡᠯᠡᠭᠰᠡᠨ ᠴᠠᠭ᠄ 2023-12-28

     ᠦᠪᠦᠷ ᠮᠣᠩᠭᠤᠯ᠎ᠤᠨ ᠦᠪᠡᠷᠲᠡᠭᠡᠨ ᠵᠠᠰᠠᠭ᠍ᠤ ᠣᠷᠣᠨ᠎ᠤ ᠪᠠᠶᠠᠨᠨᠠᠭᠤᠷ ᠬᠤᠲᠠ ᠵᠢᠨ ᠤᠷᠠᠳ᠎ᠤᠨ ᠬᠤᠶ᠋ᠢᠲᠤ ᠬᠤᠰᠢᠭᠤᠨ ᠎ᠤ ᠭᠣᠪᠢ ᠨᠤᠲᠤᠭ᠎ᠤᠨ ᠲᠠᠴᠢᠷ ᠠ᠋ᠯᠡᠰᠦᠨ᠎ᠳᠤ ᠭᠦᠨ᠎ᠠᠴᠠ ᠭᠦᠨ ᠦᠨᠳᠦᠰᠦ ᠬᠠᠳᠬᠤᠭᠰᠠᠨ ᠦᠵᠡᠰᠭᠦᠯᠡᠩᠲᠦ 《ᠵᠠᠭ᠎ᠤᠨ ᠴᠡᠴᠡᠭ》 ᠪᠠᠶ᠋ᠢᠳᠠᠭ᠃ ᠣᠯᠠᠨ ᠵᠢᠯ᠎ᠤᠨ ᠲᠤᠷᠰᠢᠲᠠ᠂ ᠲᠡᠷᠡ᠎ᠪᠠᠷ ᠬᠦᠴᠢᠷ᠎ᠤᠨ ᠠ᠋ᠮᠦᠨ᠎ᠡ ᠬᠥᠯ ᠨᠤᠭᠤᠷᠠᠭ᠍ᠤ ᠦᠭᠡᠢ᠂ ᠪᠡᠷᠬᠡᠰᠢᠶᠡᠯ᠎ᠤᠨ ᠠ᠋ᠮᠦᠨ᠎ᠡ ᠪᠡᠶ᠎ᠡ ᠪᠦᠬᠦᠶ᠋ᠢᠬᠦ ᠦᠭᠡᠢ ᠬᠠᠲᠠᠨ ᠵᠣᠷᠢᠭ ᠵᠶ᠋ᠠᠷ ᠮᠠᠯᠴᠢᠨ ᠠᠷᠠᠳ ᠵᠶ᠋ᠠᠨ ᠳᠠᠭ᠋ᠠᠭᠤᠯᠤᠨ ᠭᠤᠴᠢᠨ ᠲᠦᠮᠡᠨ ᠮᠦ᠍ ᠵᠠᠭ᠎ᠤᠨ ᠣᠢ ᠵᠢ ᠰᠠᠬᠢᠨ ᠰᠠᠭᠤᠵᠤ᠂ ᠳᠣᠮᠳᠠᠳᠤ ᠮᠣᠩᠭᠤᠯ ᠬᠤᠶᠠᠷ ᠤᠯᠤᠰ᠎ᠤᠨ ᠬᠢᠯᠢ ᠎ᠳᠤ᠎ᠬᠢ ᠠ᠋ᠯᠡᠰᠦᠨ᠎ᠤ  ᠨᠡᠭᠦᠳᠡᠯ᠎ᠢ ᠰᠡᠷᠭᠡᠶ᠋ᠢᠯᠡᠬᠦ ᠪᠠᠲᠤ ᠪᠠᠬᠢ 《ᠨᠣᠭᠤᠭ᠋ᠠᠨ  ᠬᠠᠯᠬᠠᠪᠴᠢ》 ᠵᠢ ᠪᠣᠰᠬᠠᠭᠰᠠᠨ ᠶᠤᠮ᠃ ᠠ᠋ᠨᠡ ᠬᠦ᠌ ᠦᠵᠡᠰᠬᠦᠯᠡᠩᠲᠦ 《ᠵᠠᠭ᠎ᠤᠨ ᠴᠡᠴᠡᠭ》 ᠪᠣᠯ  ᠳᠠᠷᠤᠢ ᠠᠯᠲᠠᠨᠲᠠᠨ᠎ᠠ  ᠮᠦᠨ᠃
      ᠣᠷᠴᠢᠮ ᠂ ᠠᠯᠲᠠᠨᠲᠠᠨ᠎ᠠ ᠤᠷᠭᠤᠬᠤ ᠨᠠᠷᠠ᠎ᠲᠠᠢ ᠤᠷᠤᠯᠳᠤᠨ ᠤᠨᠠᠭᠰᠠᠨ ᠮᠠᠯᠠᠭ᠋ᠠᠢ᠎ᠪᠠᠨ ᠠᠪᠬᠤ ᠵᠠᠪ ᠦᠭᠡᠢ ᠶᠠᠭ᠋ᠠᠷᠠᠯᠲᠠᠢ ᠪᠠᠶ᠋ᠢᠯ᠎ᠠ᠃ ᠵᠢᠯ ᠪᠣᠯᠭ᠋ᠠᠨ ᠴᠠᠭ᠋ᠠᠨ ᠭᠤᠶᠣᠣ ᠮᠠᠯᠲᠠᠭ᠍ᠤ ᠤᠯᠠᠷᠢᠯ ᠪᠣᠯᠤᠭᠰᠠᠭ᠋ᠠᠷ ᠠᠯᠲᠠᠨᠲᠠᠨ᠎ᠠ ᠣᠯᠠᠨ ᠭᠠᠵᠠᠷ᠎ᠤᠨ ᠵᠠᠬᠢᠶᠠᠯᠠᠭ᠎ᠠ ᠵᠢ ᠳᠣᠰᠴᠤ ᠮᠠᠯᠴᠢᠨ ᠲᠦᠮᠡᠨ ᠵᠶ᠋ᠠᠨ ᠳᠠᠭ᠋ᠠᠭᠤᠯᠤᠨ ᠴᠠᠭ᠋ᠠᠨ ᠭᠤᠶᠣᠣ ᠮᠠᠯᠲᠠᠭ᠋ᠠᠳ ᠶᠠᠭ᠋ᠠᠷᠠᠯᠲᠠᠢ ᠠᠵᠢᠯᠯᠠᠳᠠᠭ᠃ ᠠᠯᠲᠠᠨᠲᠠᠨ᠎ᠠ ᠪᠢᠳᠡᠨ᠎ᠤ ᠰᠣᠷᠪᠤᠯᠵᠢᠯᠠᠭ᠎ᠠ ᠵᠢ ᠬᠦᠯᠢᠶᠡᠬᠦ᠎ᠳᠤ᠎ᠪᠠᠨ᠄ 《ᠠ᠋ᠨᠡ ᠵᠢᠯ᠎ᠤᠨ ᠬᠤᠷᠢᠶᠠᠯᠲᠠ ᠨᠡᠯᠢᠶᠡᠳ ᠵᠦᠭᠡᠷ᠂ ᠪᠣᠷᠣᠯᠠᠭᠤᠯᠭ᠎ᠠ ᠵᠢᠨ ᠵᠠᠮ ᠴᠦ᠍ ᠭᠡᠰᠡᠨ ᠣᠯᠠᠨ ᠪᠣᠯᠤᠭᠰᠠᠨ᠎ᠠᠴᠠ ᠮᠠᠨ᠎ᠤ ᠬᠤᠷᠰᠢᠶᠠᠵᠢᠯ᠎ᠤᠨ ᠮᠠᠯᠴᠢᠳ᠎ᠤᠨ ᠣᠷᠣᠯᠭ᠎ᠠ  ᠶᠡᠬᠡᠬᠡᠨ ᠨᠡᠮᠡᠭᠳᠡᠬᠦ᠎ᠨᠢ ᠳᠠᠮᠵᠢᠭ ᠦᠭᠡᠢ》 ᠭᠡᠵᠦ ᠪᠠᠶ᠋ᠢᠯ᠎ᠠ᠃
      ᠳᠡᠭᠡᠷ᠎ᠡ ᠵᠠᠭᠤᠨ᠎ᠤ ᠳᠠᠯᠠᠭ᠋ᠠᠳ ᠣᠨ᠎ᠠᠴᠠ ᠠ᠋ᠬᠢᠯᠡᠨ᠂ ᠠᠯᠲᠠᠨᠲᠠᠨ᠎ᠠ ᠵᠢᠨ ᠨᠠᠭ᠋ᠠᠴᠤ ᠡᠪᠦᠭᠡ᠎ᠨᠢ  ᠡᠯᠡᠰᠦ ᠮᠠᠩᠬ᠎ᠠ᠎ᠲᠠᠢ ᠲᠡᠮᠡᠴᠡᠯᠳᠦᠬᠦ 《ᠪᠠᠶ᠋ᠢᠯᠳᠤᠭᠴᠢ》 ᠪᠣᠯᠤᠭᠰᠠᠨ ᠶᠤᠮ᠃ ᠲᠡᠷᠡ᠎ᠪᠠᠷ ᠨᠠᠰᠤᠨ ᠲᠤᠷᠰᠢᠲᠠ᠎ᠪᠠᠨ ᠨᠢᠭᠡ ᠲᠠᠯ᠎ᠠ᠎ᠪᠠᠷ ᠬᠡᠭᠡᠷ᠎ᠡ ᠵᠢᠨ ᠵᠠᠭ ᠮᠣᠳᠤ ᠵᠢ ᠬᠠᠮᠠᠭ᠋ᠠᠯᠠᠭ᠍ᠤ ᠠᠵᠢᠯ᠎ᠳᠤ ᠰᠢᠭᠤᠷᠬᠠᠶ᠋ᠢᠯᠠᠵᠤ᠂ ᠨᠦᠭᠦᠭᠡ ᠲᠠᠯ᠎ᠠ᠎ᠪᠠᠷ ᠮᠠᠯᠴᠢᠳ᠎ᠢ ᠳᠠᠭ᠋ᠠᠭᠤᠯᠤᠨ ᠵᠠᠭ  ᠣᠶ᠋ᠢᠵᠢᠭᠤᠯᠬᠤ ᠮᠡᠷᠭᠡᠵᠢᠯ᠎ᠢ ᠰᠤᠷᠤᠯᠴᠠᠬᠤ ᠵᠢᠨ ᠬᠠᠮᠲᠤ ᠵᠠᠭ᠎ᠤᠨ ᠤᠢ ᠵᠢᠨ  ᠭᠣᠪᠢ ᠬᠡᠭᠡᠷ᠎ᠡ ᠎ᠳᠤ᠎ᠬᠢ ᠦᠢ᠍ᠯᠡᠳᠦᠯ᠎ᠢ ᠤᠬᠠᠭᠤᠯᠤᠭᠰᠠᠨ ᠪᠠᠢ᠍ᠳᠠᠭ᠃ 2000 ᠣᠨ ᠪᠣᠯᠬᠤ᠎ᠳᠤ᠂ 《ᠬᠠᠨ ᠠᠭᠤᠯᠠ ᠵᠢ ᠴᠠᠰᠤ ᠳᠠᠷᠤᠵᠤ᠂ ᠬᠠᠶ᠋ᠢᠷᠠᠨ ᠪᠡᠶ᠎ᠡ ᠵᠢ ᠨᠠᠰᠤ  ᠳᠠᠷᠤᠨ᠎ᠠ》 ᠭᠡᠭᠴᠢ᠎ᠪᠠᠷ ᠠᠯᠲᠠᠨᠲᠠᠨ᠎ᠠ ᠵᠢᠨ ᠨᠠᠭ᠋ᠠᠴᠤ ᠡᠪᠦᠭᠡ᠎ᠨᠢ ᠳᠠᠯᠨ ᠨᠠᠰᠤᠯᠠᠵᠤ᠂ ᠵᠠᠭ᠎ᠤᠨ ᠣᠢ ᠵᠢ ᠬᠠᠮᠠᠭ᠋ᠠᠯᠠᠭ᠍ᠤ ᠰᠠᠨᠠᠭ᠎ᠠ ᠪᠠᠶ᠋ᠢᠪᠠᠴᠤ ᠤᠨᠤᠭ᠎ᠠ ᠬᠦᠷᠬᠦ ᠦᠭᠡᠢ ᠪᠣᠯᠤᠭᠰᠠᠨ ᠵᠶ᠋ᠠᠷ ᠠᠯᠲᠠᠨᠲᠠᠨ᠎ᠠ ᠵᠢᠨ ᠡᠵᠢ᠎ᠨᠢ ᠠ᠋ᠨᠡ ᠬᠦ᠌ ᠦᠢ᠍ᠯᠡᠰ᠎ᠢ ᠵᠠᠯᠭ᠋ᠠᠮᠵᠢᠯᠠᠭ᠋ᠠᠳ ᠦᠷᠭᠦᠯᠵᠢᠯᠡᠨ ᠤᠯᠠᠨ ᠵᠢᠯ  ᠰᠢᠭᠤᠷᠬᠠᠢ᠌ᠯᠠᠨ ᠠᠵᠢᠯᠯᠠᠵᠠᠢ᠃ ᠨᠠᠭ᠋ᠠᠴᠤ ᠡᠪᠦᠭᠡ ᠬᠢᠭᠡᠳ ᠡᠵᠢ ᠵᠢᠨ ᠎ᠬᠢ᠎ᠨᠢ  ᠭᠣᠪᠢ ᠬᠡᠭᠡᠷ᠎ᠡ ᠵᠢ ᠨᠣᠯᠣᠮ ᠨᠣᠭᠤᠭ᠋ᠠᠨ ᠵᠠᠭ᠎ᠤᠨ ᠤᠢ ᠪᠣᠯᠭ᠋ᠠᠭᠰᠠᠨ ᠵᠣᠷᠢᠭ ᠰᠠᠨᠠᠭ᠎ᠠ᠎ᠨᠢ ᠠᠯᠲᠠᠨᠲᠠᠨ᠎ᠠ ᠵᠢ ᠨᠦᠯᠦᠭᠡᠯᠡᠵᠦ ᠰᠡᠳᠬᠢᠯ ᠵᠢᠷᠦᠬᠡᠨ ᠎ᠳᠤ᠎ᠨᠢ ᠭᠦᠨ ᠰᠠᠭᠤᠭᠳᠠᠭᠰᠠᠨ ᠶᠤᠮ᠃ 2016 ᠣᠨ᠎ᠳᠤ ᠠᠯᠲᠠᠨᠲᠠᠨ᠎ᠠ ᠡᠵᠢ ᠵᠢᠨ ᠵᠶ᠋ᠠᠨ  ᠢᠳᠬᠠᠯ ᠎ᠢ ᠰᠤᠨᠤᠰᠤᠯ ᠦᠭᠡᠢ ᠭᠣᠣᠯᠯᠠᠭᠴᠢ ᠪᠠᠭᠰᠢ ᠵᠢᠨ ᠠᠵᠢᠯ ᠵᠶ᠋ᠠᠨ ᠰᠢᠭᠤᠷᠬᠠᠢ ᠣᠷᠬᠢᠵᠤ  ᠵᠠᠭ ᠲᠠᠷᠢᠵᠤ ᠬᠠᠮᠠᠭ᠋ᠠᠯᠠᠭ᠍ᠤ ᠠᠵᠢᠯ᠎ᠳᠤ ᠣᠷᠤᠯᠴᠠᠵᠠᠢ᠃ 《ᠡᠵᠢ ᠮᠢᠨᠢ ᠨᠠᠮ᠎ᠠ ᠵᠢ ᠬᠠᠯᠠ ᠳᠠᠭ᠋ᠠᠭ᠋ᠠᠬᠤ ᠦᠭᠡᠢ᠎ᠠᠴᠠ ᠶᠡᠭᠡ ᠪᠣᠯᠭᠤᠮᠵᠢᠯᠠᠭᠰᠠᠨ ᠶᠤᠮ᠃ ᠵᠠᠭ᠎ᠤᠨ ᠣᠢ ᠵᠢ ᠬᠠᠮᠠᠭ᠋ᠠᠯᠠᠭ᠍ᠤ᠎ᠨᠢ ᠬᠢᠯᠪᠠᠷ ᠪᠣᠰᠤ ᠠᠵᠢᠯ ᠭᠡᠳᠡᠭ᠎ᠢ ᠲᠡᠳᠡ ᠪᠦᠷ ᠲᠣᠳᠤᠷᠬᠠᠢ ᠮᠡᠳᠡᠨ᠎ᠡ᠃ ᠶᠡᠭᠡ ᠰᠠᠯᠬᠢ ᠰᠠᠯᠬᠢᠯᠠᠪᠠᠯ ᠵᠠᠭ  ᠦᠨᠳᠦᠰᠦ᠎ᠪᠠᠷ ᠤᠷᠪᠠᠴᠢᠬᠠᠳᠠᠭ᠂ ᠵᠠᠷᠢᠮ᠎ᠳᠤ᠎ᠪᠠᠨ ᠤᠰᠤ ᠲᠤᠲᠠᠭᠳᠠᠭᠰᠠᠨ᠎ᠠᠴᠠ ᠪᠣᠯᠵᠤ ᠵᠠᠭ  ᠶᠡᠭᠡ ᠬᠡᠮᠵᠢᠶ᠎ᠡ᠎ᠪᠠᠷ ᠬᠠᠲᠠᠭ᠋ᠠᠳ ᠦᠬᠦᠴᠢᠬᠡᠳᠡᠭ ᠵᠡᠷᠭᠡ ᠮᠠᠰᠢ ᠣᠯᠠᠨ ᠪᠡᠷᠬᠡᠰᠢᠶᠡᠯ ᠪᠠᠶ᠋ᠢᠳᠠᠭ》 ᠭᠡᠵᠦ ᠠᠯᠲᠠᠨᠲᠠᠨ᠎ᠠ ᠪᠢᠳᠡᠨ᠎ᠳᠤ ᠦᠩᠭᠡᠷᠡᠯᠲᠡ᠎ᠪᠠᠨ ᠶᠠᠷᠢᠵᠤ ᠪᠠᠶ᠋ᠢᠯ᠎ᠠ᠃
    ᠠᠯᠲᠠᠨᠲᠠᠨ᠎ᠠ ᠵᠢᠨ ᠠᠩᠬ᠎ᠠ ᠣᠶ᠋ᠢᠵᠢᠭᠤᠯᠤᠭᠰᠠᠨ ᠵᠠᠭ ᠎ᠨᠢ ᠣᠯᠠᠨ ᠵᠦᠢ᠍ᠯ᠎ᠤᠨ ᠰᠢᠯᠲᠠᠭ᠋ᠠᠨ᠎ᠳᠤ ᠨᠦᠯᠦᠭᠡᠯᠡᠭᠳᠡᠨ ᠠ᠋ᠳᠡᠭᠡᠷᠡᠯᠲᠡ ᠵᠢᠨ ᠨᠤᠷᠮ᠎ᠠ᠎ᠨᠢ ᠶᠡᠭᠡ ᠳᠣᠣᠷ᠎ᠠ᠂  ᠳᠤᠳᠤᠮᠳᠠᠨ ᠠᠷᠠᠴᠢᠯᠠᠭ᠍ᠤ  ᠦᠷᠲᠡᠭ᠎ᠨᠢ ᠦᠨᠳᠦᠷ ᠪᠠᠶ᠋ᠢᠪᠠ᠃ ᠪᠠᠢ᠍ᠭ᠋ᠠᠯᠢ ᠵᠢᠨ ᠭᠠᠮᠰᠢᠭ᠎ᠲᠠᠢ ᠵᠢᠯ ᠲᠣᠬᠢᠶᠠᠯᠳᠤᠬᠤ᠎ᠳᠤ ᠯᠡ ᠬᠦᠷᠪᠡᠯ ᠵᠠᠭ  ᠶᠡᠬᠡ ᠬᠡᠮᠵᠢᠶ᠎ᠡ᠎ᠪᠠᠷ ᠦᠬᠦᠴᠢᠬᠡᠳᠡᠭ᠃  ᠰᠠᠢ᠌ᠨ ᠵᠠᠭ  ᠣᠶ᠋ᠢᠵᠢᠭᠤᠯᠬᠤ ᠵᠢᠨ ᠲᠤᠰᠠᠳᠠ ᠠᠯᠲᠠᠨᠲᠠᠨ᠎ᠠ ᠶᠡᠭᠡ ᠬᠡᠮᠵᠢᠶᠡᠨ᠎ᠤ ᠪᠡᠯᠡ ᠮᠦᠩᠭᠦ ᠴᠤᠭᠯᠠᠭᠤᠯᠵᠤ ᠭᠡᠷ ᠦᠷᠦᠭᠡ᠂ ᠮᠠᠰᠢᠨ ᠤᠨᠤᠭ᠎ᠠ᠎ᠪᠠᠨ ᠬᠤᠳᠠᠯᠳᠤᠨ ᠪᠠᠶ᠋ᠢᠵᠤ ᠪᠦᠬᠦ ᠤᠯᠤᠰ᠎ᠤᠨ ᠡᠯ᠎ᠡ ᠭᠠᠵᠠᠷ ᠵᠶ᠋ᠠᠷ ᠲᠣᠭᠤᠷᠢᠨ ᠪᠠᠶ᠋ᠢᠴᠠᠭ᠋ᠠᠵᠤ ᠲᠤᠷᠰᠢᠯᠭ᠎ᠠ ᠬᠤᠷᠠᠮᠳᠤᠭᠤᠯᠪᠠ᠃ 《ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ》 ᠭᠡᠳᠡᠭ ᠵᠶ᠋ᠠᠷ ᠠᠯᠲᠠᠨᠲᠠᠨ᠎ᠠ ᠬᠠᠭ᠋ᠠᠰ ᠵᠢᠯ᠎ᠤᠨ ᠲᠤᠭᠤᠷᠢᠨ ᠰᠤᠷᠤᠯᠴᠠᠯᠭ᠎ᠠ᠂ ᠲᠤᠰᠬᠠᠢ ᠪᠣᠯᠪᠠᠰᠤᠷᠠᠯ᠎ᠪᠠᠷ ᠳᠠᠮᠵᠢᠨ ᠵᠠᠭ ᠎ᠤᠨ ᠠ᠋ᠳᠡᠭᠡᠷᠡᠯᠲᠡ ᠵᠢᠨ ᠨᠣᠷᠮ᠎ᠠ ᠵᠢ ᠶᠡᠭᠡ᠎ᠪᠠᠷ ᠳᠡᠭᠡᠭᠰᠢᠯᠡᠭᠦᠯᠦᠭᠰᠡᠨ ᠶᠤᠮ᠃ 2017 ᠣᠨ᠎ᠳᠤ ᠠᠯᠲᠠᠨᠲᠠᠨ᠎ᠠ ᠦᠪᠦᠷ ᠮᠣᠩᠭᠤᠯ᠎ᠤᠨ ᠵᠠᠭ᠎ᠤᠨ ᠣᠢ ᠠᠮᠢ ᠠᠬᠤᠢ ᠵᠢᠨ ᠬᠤᠪᠢ  ᠣᠷᠤᠭᠤᠯᠤᠭᠰᠠᠨ ᠬᠢᠵᠠᠭ᠋ᠠᠷᠲᠤ ᠺᠤᠮᠫᠠᠨᠢ ᠵᠢ ᠠ᠋ᠭᠦᠰᠬᠡᠨ ᠪᠠᠶ᠋ᠢᠭᠤᠯᠵᠤ᠂ ᠠ᠋ᠯᠡᠰᠦᠨ ᠴᠦᠯ᠎ᠢ ᠨᠣᠭᠤᠭ᠋ᠠᠷᠠᠭᠤᠯᠬᠤ᠂ ᠵᠠᠭ  ᠣᠶ᠋ᠢᠵᠢᠭᠤᠯᠬᠤ ᠠᠵᠢᠯ᠎ᠢ ᠲᠤᠰᠠᠭ᠍ᠠᠶ᠋ᠢᠵᠢᠭᠤᠯᠵᠤ᠂ ᠬᠦᠮᠦᠨ᠎ᠤ ᠬᠦᠴᠦ᠎ᠪᠠᠷ  ᠴᠠᠭ᠋ᠠᠨ ᠭᠤᠶᠣᠣ ᠲᠠᠷᠢᠬᠤ ᠵᠢ ᠰᠣᠳᠤᠯᠤᠨ᠂ ᠲᠠᠷᠢᠵᠤ ᠤᠢ᠍ᠵᠢᠭᠤᠯᠵᠤ᠂ ᠦᠢ᠍ᠯᠡᠳᠪᠦᠷᠢᠯᠡᠵᠤ᠂ ᠪᠣᠯᠪᠠᠰᠤᠷᠠᠭᠤᠯᠵᠤ᠂ ᠪᠣᠷᠤᠯᠠᠭᠤᠯᠵᠠᠢ᠃
     ᠠᠮᠢ ᠠᠬᠤᠢ ᠵᠢᠨ ᠬᠠᠮᠠᠭ᠋ᠠᠯᠠᠯᠲᠠ᠎ᠪᠠᠷ ᠠᠰᠢᠭ ᠣᠯᠬᠤ ᠬᠦᠰᠡᠯ ᠵᠶ᠋ᠠᠨ ᠪᠡᠶᠡᠯᠡᠭᠦᠯᠬᠦ ᠵᠢᠨ ᠲᠦᠯᠦᠭᠡ᠂  ᠠᠯᠲᠠᠨᠲᠠᠨ᠎ᠠ 16 ᠮᠠᠯᠴᠢᠨ ᠠ᠋ᠷᠦᠬᠡ ᠵᠢ ᠳᠠᠶ᠋ᠢᠴᠢᠯᠠᠨ 《ᠠᠯᠲᠠᠨ ᠬᠦᠷᠦᠰᠦ ᠲᠠᠷᠢᠶᠠᠯᠠᠭ᠍ᠤ  ᠮᠠᠯᠵᠢᠬᠤ ᠣᠶ᠋ᠢᠵᠢᠭᠤᠯᠬᠤ ᠬᠤᠷᠰᠢᠶᠠᠵᠢᠯ》 ᠪᠠᠶ᠋ᠢᠭᠤᠯᠵᠠᠢ᠃ 《ᠺᠤᠮᠫᠠᠨᠢ + ᠮᠠᠯᠴᠢᠳ + ᠬᠤᠷᠰᠢᠶᠠᠵᠢᠯ》 ᠭᠡᠬᠦ ᠬᠦᠭᠵᠢᠯᠲᠡ ᠵᠢᠨ ᠬᠡᠯᠪᠡᠷᠢ᠎ᠪᠠᠷ ᠳᠠᠮᠵᠢᠨ᠂ ᠶᠡᠭᠡ ᠬᠡᠮᠵᠢᠶ᠎ᠡ᠎ᠪᠠᠷ ᠵᠠᠭ  ᠣᠶ᠋ᠢᠵᠢᠭᠤᠯᠤᠭᠰᠠᠨ᠎ᠤ ᠰᠠᠭᠤᠷᠢᠨ᠎ᠳᠤ ᠤᠷᠭᠤᠮᠠᠯ ᠲᠠᠷᠢᠬᠤ᠂ ᠰᠤᠳᠤᠯᠬᠤ᠂ ᠪᠣᠯᠪᠠᠰᠤᠷᠠᠭᠤᠯᠬᠤ᠂ ᠪᠣᠷᠤᠯᠠᠭᠤᠯᠬᠤ ᠵᠡᠷᠭᠡ ᠠ᠋ᠷᠴᠢᠮᠵᠢᠭ᠌ᠰᠡᠨ ᠠᠵᠤ ᠦᠢ᠍ᠯᠡᠰ᠎ᠤᠨ ᠬᠡᠯᠬᠢᠶ᠎ᠡ ᠪᠣᠢ ᠪᠣᠯᠵᠠᠢ᠃ ᠣᠬᠤᠷᠬᠠᠨ ᠬᠡᠳᠦᠨ ᠵᠢᠯ᠎ᠤᠨ ᠳᠣᠲᠤᠷ᠎ᠠ ᠬᠤᠷᠰᠢᠶᠠᠵᠢᠯ᠎ᠤᠨ ᠮᠠᠯᠴᠢᠳ᠎ᠤᠨ ᠣᠷᠤᠯᠭ᠎ᠠ᠎ᠨᠢ ᠤᠤᠯ ᠎ᠤᠨ᠎ᠬᠢ᠎ᠠᠴᠠ᠎ᠪᠠᠨ ᠳᠦᠷᠪᠡᠨ ᠳᠠᠬᠢᠨ ᠵᠶ᠋ᠡᠷ ᠨᠡᠮᠡᠭᠳᠡᠵᠡᠢ᠃ ᠣᠳᠣ ᠬᠤᠷᠰᠢᠶᠠᠵᠢᠯ ᠪᠣᠯᠤᠨ ᠵᠠᠭ᠎ᠤᠨ ᠣᠢ ᠠᠮᠢ ᠠᠬᠤᠢ ᠵᠢᠨ ᠺᠣᠮᠫᠠᠨᠢ ᠵᠢᠨ ᠬᠠᠮᠲᠤ᠎ᠪᠠᠷ ᠬᠠᠮᠠᠭ᠋ᠠᠯᠠᠵᠤ ᠪᠠᠢ᠍ᠭ᠎ᠠ ᠬᠡᠭᠡᠷ᠎ᠡ ᠵᠢᠨ ᠵᠠᠭ ᠪᠠ ᠬᠦᠮᠦᠨ᠎ᠤ ᠬᠦᠴᠦᠨ ᠵᠶ᠋ᠠᠷ ᠣᠶ᠋ᠢᠵᠢᠭᠤᠯᠤᠭᠰᠠᠨ ᠵᠠᠭ᠎ᠨᠢ ᠭᠤᠴᠢᠨ ᠲᠦᠮᠡᠨ ᠮᠦ᠍  ᠪᠣᠯᠵᠤ᠂ ᠤᠷᠭᠤᠯᠲᠠ ᠎ᠪᠠᠷ  ᠰᠠᠢ᠌ᠨ ᠪᠠᠢ᠍ᠵᠤ᠂ ᠠ᠋ᠯᠡᠰᠦ ᠵᠢ ᠳᠣᠭᠲᠠᠪᠤᠷᠢᠵᠢᠭᠤᠯᠬᠤ᠎ᠳᠤ ᠮᠠᠰᠢ ᠰᠠᠶ᠋ᠢᠨ  ᠦᠷ᠎ᠡ ᠪᠦᠲᠦᠮᠵᠢ᠎ᠲᠠᠢ ᠪᠣᠯᠤᠭᠰᠠᠨ ᠶᠤᠮ᠃ 《ᠣᠳᠣ ᠵᠠᠭ᠎ᠤᠨ ᠣᠢ᠎ᠳᠤ ᠵᠡᠭᠡᠷ᠎ᠡ᠂ ᠬᠠᠪᠲᠠᠭ᠋ᠠᠢ᠂ ᠴᠢᠨ᠋ᠸ᠎ᠠ᠂ ᠦᠨᠡᠭᠡ ᠵᠡᠷᠭᠡ ᠠᠮᠢᠲᠠᠨ ᠦᠷᠭᠦᠯᠵᠢ ᠬᠠᠷᠠᠭᠳᠠᠭ᠍ᠤ ᠪᠣᠯᠵᠤ ᠬᠠᠶᠠ ᠬᠠᠶᠠ ᠬᠤᠯᠠᠨ ᠴᠦ᠍ ᠭᠡᠰᠡᠨ ᠬᠠᠷᠠᠭᠳᠠᠭ᠍ᠤ ᠪᠣᠯᠵᠠᠢ》 ᠭᠡᠵᠦ ᠬᠣᠷᠰᠢᠶᠠᠵᠢᠯ᠎ᠤᠨ ᠮᠠᠯᠴᠢᠨ ᠶᠠᠷᠢᠵᠤ ᠪᠠᠶ᠋ᠢᠯ᠎ᠠ᠃
    ᠣᠶ᠋ᠢᠷ᠎ᠠ ᠵᠢᠨ ᠵᠢᠯ᠎ᠠᠴᠠ ᠠᠯᠲᠠᠨᠲᠠᠨ᠎ᠠ ᠪᠠᠶᠠᠨᠨᠠᠭᠤᠷ᠎ᠤᠨ ᠠᠮᠢ ᠠᠬᠤᠢ ᠵᠢᠨ ᠬᠠᠮᠠᠭ᠋ᠠᠯᠠᠯᠲᠠ ᠬᠢᠭᠡᠳ ᠪᠦᠲᠦᠭᠡᠨ ᠪᠠᠶ᠋ᠢᠭᠤᠯᠤᠯᠲᠠ᠂ ᠦᠨᠳᠦᠰᠦᠲᠡᠨ᠎ᠤ  ᠡᠮ ᠡᠮᠨᠡᠯᠭᠡ ᠵᠢᠨ ᠰᠠᠭᠤᠷᠢᠨ ᠭᠠᠵᠠᠷ᠎ᠢ ᠪᠦᠲᠦᠭᠡᠨ ᠪᠠᠢ᠍ᠭᠤᠯᠬᠤ᠂ ᠳᠤᠮᠳᠠᠳᠤ ᠮᠣᠩᠭᠤᠯ ᠬᠤᠶᠠᠷ ᠤᠯᠤᠰ᠎ᠤᠨ ᠠᠷᠠᠯᠵᠢᠶ᠎ᠠ ᠬᠤᠳᠠᠯᠳᠤᠭ᠎ᠠ ᠵᠡᠷᠭᠡ ᠣᠯᠠᠨ ᠲᠠᠯ᠎ᠠ᠎ᠳᠤ ᠬᠦᠴᠦᠨ ᠵᠢᠳᠬᠦᠯ ᠵᠶ᠋ᠠᠨ ᠦᠵᠡᠭᠦᠯᠦᠭᠰᠡᠨ ᠪᠢᠯᠡ᠃ 《ᠠᠮᠢ ᠠᠬᠤᠢ ᠎ᠪᠠᠨ ᠨᠡᠩ ᠰᠠᠶ᠋ᠢᠨ ᠪᠦᠲᠦᠭᠡᠨ ᠪᠠᠶ᠋ᠢᠭᠤᠯᠪᠠᠯ ᠰᠠᠶᠢ ᠨᠡᠩ ᠣᠯᠠᠨ ᠮᠠᠯᠴᠢᠨ ᠲᠦᠮᠡᠨ ᠲᠡᠭᠦᠨ᠎ᠤ ᠠᠰᠢᠭ ᠰᠢᠮ᠎ᠡ ᠵᠢ ᠬᠦᠷᠲᠡᠵᠤ ᠳᠡᠢ᠍ᠯᠬᠦ ᠪᠣᠯᠤᠨ᠎ᠠ᠃ ᠨᠡᠩ ᠣᠯᠠᠨ ᠮᠠᠯᠴᠢᠨ ᠲᠦᠮᠡᠨ᠎ᠳᠤ ᠠᠮᠢ ᠠᠬᠤᠢ ᠵᠢᠨ  ᠦᠷ᠎ᠡ ᠠᠰᠢᠭ᠎ᠢ ᠬᠦᠷᠲᠡᠭᠡᠬᠦ ᠵᠢᠨ ᠲᠤᠰᠠᠳᠠ ᠪᠢ ᠠᠮᠢ ᠠᠬᠤᠢ ᠎ᠪᠠᠨ ᠨᠡᠩ ᠰᠠᠶ᠋ᠢᠨ ᠪᠦᠲᠦᠭᠡᠨ ᠪᠠᠶ᠋ᠢᠭᠤᠯᠬᠤ᠎ᠪᠠᠷ ᠴᠢᠷᠮᠠᠶ᠋ᠢᠨ᠎ᠠ》 ᠭᠡᠵᠦ ᠠᠯᠲᠠᠨᠲᠠᠨ᠎ᠠ ᠢᠲᠡᠭᠡᠯ ᠲᠡᠭᠦᠯᠳᠡᠷ ᠶᠠᠷᠢᠵᠤ ᠪᠠᠶ᠋ᠢᠯ᠎ᠠ᠃

 

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠤᠳᠬᠠᠬᠤ ᠪᠤᠯᠪᠠᠰᠤᠷᠠᠯ ᠡᠷᠬᠢᠯᠡᠪᠡ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠶᠢᠰᠦ᠄ ᠡᠬᠡ ᠎ᠪᠠᠨ ᠳᠡᠭᠡᠳᠦᠯᠡᠨ ᠬᠦᠦ᠎ᠪᠠᠨ ᠪᠤᠯᠠᠰᠢᠯᠠᠬᠤ ᠭᠡᠮᠡᠪᠡᠢ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠠᠷᠪᠠ᠄ ᠦᠪᠡᠷ᠎ᠢ ᠎ᠪᠠᠨ ᠬᠤᠳᠠᠯᠳᠤᠨ ᠠᠪᠤ᠎ᠪᠠᠨ ᠣᠷᠤᠰᠢᠭᠤᠯᠪᠡᠢ
ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠨᠠᠮ᠎ᠤᠨ ᠭᠡᠰᠢᠭᠦᠨ ᠺᠠᠳ᠋ᠷᠴᠤᠳ᠎ᠢ ᠵᠣᠬᠢᠶᠠᠨ ᠪᠠᠢ᠌ᠭᠤᠯᠵᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠦᠮᠤᠵᠢᠯ᠎ᠤᠨ ᠤᠷᠳᠤᠨ᠎ᠢ ᠲᠤᠭᠤᠷᠢᠨ ᠦᠵᠡᠬᠦᠯᠪᠡ
 
            