ᠲᠡᠷᠭᠡᠯ ᠣᠷᠴᠢᠭᠤᠯᠪᠠ
ᠠᠳᠢᠶ᠎ᠠ ᠢᠮᠠᠭᠲᠠ ᠡᠭᠦᠷᠭᠡ ᠲᠤᠰᠢᠶᠠᠯ ᠵᠶ᠋ᠠᠨ ᠬᠢᠴᠢᠶᠡᠩᠭᠦᠢ᠌ᠯᠡᠨ ᠭᠦᠢ᠍ᠴᠡᠳᠬᠡᠵᠦ᠂ 《ᠪᠥᠬᠥ ᠤᠯᠤᠰ᠎ᠤᠨ ᠶᠣᠰᠣ ᠰᠤᠷᠲᠠᠬᠤᠨ᠎ᠤ ᠵᠢᠱ᠌ᠢᠶᠡᠴᠢ》 《ᠪᠥᠬᠥ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠲᠡᠷᠢᠭᠦᠨ᠎ᠤ ᠬᠤᠪᠢ ᠬᠥᠮᠥᠨ》 《ᠬᠠᠮᠤᠭ᠎ᠤᠨ ᠰᠣᠳᠤᠨ ᠴᠡᠷᠢᠭ ᠵᠶ᠋ᠠᠨ ᠬᠦᠷᠢᠶᠡᠯᠡᠭᠴᠢ》 ᠭᠡᠬᠦ ᠢᠷᠠᠭᠤ ᠠᠯᠳᠠᠷ᠎ᠤᠨ ᠴᠣᠯᠠ ᠵᠢ ᠭᠥᠷᠳᠡᠭᠰᠡᠨ ᠪᠥᠭᠡᠳ 《ᠠᠷᠠᠳ᠎ᠤᠨ ᠡᠳᠦᠷ᠎ᠤᠨ ᠰᠣᠨᠢᠨ》᠂ ᠲᠥᠪ ᠲᠧᠯᠸᠢᠰ᠎ᠤᠨ ᠰᠦᠯᠵᠢᠶ᠎ᠡ ᠵᠡᠷᠭᠡ ᠭᠣᠣᠯ ᠤᠷᠤᠰᠬᠠᠯ᠎ᠤᠨ ᠵᠠᠭᠤᠴᠢᠯᠠᠭᠤᠷ᠎ᠤᠨ᠎ᠬᠢᠨ᠎ᠤ ᠠᠩᠬᠠᠷᠤᠯ᠎ᠢ ᠲᠠᠲᠠᠵᠤ ᠮᠡᠳᠡᠭᠡᠯᠡᠭᠳᠡᠵᠡᠢ᠃ ᠲᠡᠷᠡ ᠡᠬᠡᠨᠡᠷ᠎ᠲᠠᠢ᠎ᠪᠠᠨ ᠬᠦᠴᠢᠷ ᠪᠡᠷᠬᠡᠰᠢᠶᠡᠯ᠎ᠠᠴᠠ ᠠᠶᠤᠬᠤ ᠦᠭᠡᠢ᠂ ᠠᠯᠪᠠᠨ ᠵᠢᠷᠤᠮ ᠵᠶ᠋ᠠᠷ ᠬᠢᠯᠢ ᠬᠢᠵᠠᠭ᠋ᠠᠷ ᠵᠶ᠋ᠠᠨ ᠰᠠᠬᠢᠨ ᠬᠠᠮᠠᠭ᠋ᠠᠯᠠᠵᠤ᠂ ᠦᠨᠡᠨᠴᠢ ᠰᠢᠳᠤᠷᠭᠤ ᠦᠢ᠍ᠯᠡᠰ ᠵᠢᠳᠬᠦᠯ ᠵᠶ᠋ᠡᠨ ᠡᠬᠡ ᠤᠯᠤᠰ᠎ᠤᠨ ᠤᠮᠠᠷᠠᠲᠤ ᠬᠢᠯᠢ ᠵᠢᠨ ᠬᠠᠮᠠᠭ᠋ᠠᠯᠠᠯᠲᠠ ᠵᠢᠨ ᠱᠤᠭᠤᠮ ᠳᠡᠭᠡᠷ᠎ᠡ ᠰᠡᠢ᠌ᠯᠦᠭᠰᠡᠨ ᠪᠠᠢ᠌ᠨ᠎ᠠ᠃ ᠲᠡᠷᠡ ᠪᠣᠯ ᠬᠥᠮᠥᠰ᠎ᠤᠨ ᠰᠡᠳᠬᠢᠯ ᠵᠢᠷᠦᠬᠡᠨ ᠳᠤ᠎ᠬᠢ 《ᠤᠮᠠᠷᠠᠲᠤ ᠬᠢᠯᠢ ᠵᠢᠨ ᠲᠠᠯ᠎ᠠ ᠨᠤᠲᠤᠭ᠎ᠤᠨ ᠬᠠᠮᠠᠭ᠋ᠠᠯᠠᠭᠴᠢ》 ᠪᠣᠯᠣᠨ᠎ᠠ᠃ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠲᠠᠯ᠎ᠠ ᠨᠤᠲᠤᠭ ᠬᠢᠯᠢ ᠬᠢᠵᠠᠭ᠋ᠠᠷ ᠤᠷᠤᠨ ᠠᠮᠤᠷ ᠠᠮᠤᠭᠤᠯᠠᠩ ᠪᠠᠢ᠌ᠵᠤ᠂ ᠠᠷᠠᠳ ᠲᠦᠮᠡᠨ ᠠᠮᠤᠷ ᠵᠢᠮᠤᠷ ᠠᠵᠤ ᠲᠦᠷᠦᠵᠦ᠂ ᠡᠬᠡ ᠤᠯᠤᠰ ᠡᠳᠦᠷ ᠢᠷᠡᠬᠦᠶ᠎ᠡ ᠬᠦᠴᠦᠷᠬᠡᠭᠵᠢᠨ ᠮᠠᠨᠳᠤᠵᠤ ᠪᠠᠢ᠌ᠨ᠎ᠠ ᠂ ᠡᠨᠡ ᠪᠣᠯ ᠤᠯᠤᠰ ᠤᠷᠤᠨ᠎ᠤ ᠬᠤᠪᠢ ᠵᠠᠶᠠᠭ᠎ᠠ᠂ ᠠᠷᠠᠳ ᠤᠯᠠᠨ᠎ᠤ ᠠᠵᠠ ᠵᠠᠪᠰᠢᠶᠠᠨ ᠮᠥᠨ》 ᠬᠡᠵᠦ ᠠᠳᠢᠶ᠎ᠠ ᠬᠡᠯᠡᠪᠡ᠃
ᠨᠠᠰᠤ᠎ᠪᠠᠷ ᠵᠶ᠋ᠠᠨ ᠬᠢᠯᠢ ᠬᠠᠮᠠᠭ᠋ᠠᠯᠠᠪᠠ
ᠪᠤᠭᠤᠲᠤ ᠬᠣᠲᠠ ᠵᠢᠨ ᠳᠠᠷᠬᠠᠨ ᠮᠤᠤᠮᠢᠩᠭ᠋ᠠᠨ ᠬᠣᠯᠪᠣᠭ᠋ᠠᠲᠤ ᠬᠣᠰᠢᠭᠤᠨ᠎ᠤ ᠳᠤᠮᠳᠠᠳᠤ ᠮᠣᠩᠭᠣᠯ᠎ᠤᠨ ᠬᠢᠯᠢ ᠳᠤ᠎ᠬᠢ ᠮᠠᠨᠳᠤᠯ᠎ᠠ ᠪᠠᠯᠭ᠋ᠠᠰᠤ ᠪᠣᠯ ᠪᠠᠢ᠌ᠯᠳᠤᠬᠤ ᠪᠣᠳᠣᠯᠭ᠎ᠠ ᠵᠢᠨ ᠴᠢᠬᠤᠯᠠ ᠭᠠᠵᠠᠷ ᠪᠣᠯᠣᠨ᠎ᠠ᠃ ᠡᠨᠳᠡ᠎ᠠᠴᠠ ᠬᠣᠢ᠌ᠰᠢ᠎ᠪᠠᠨ ᠠᠷᠪᠠᠨ ᠬᠡᠳᠦᠨ ᠺᠢᠯᠤᠮᠸᠲᠷ ᠶᠠᠪᠤᠬᠤ᠎ᠳᠤ᠂ ᠲᠠᠯ᠎ᠠ ᠨᠤᠲᠤᠭ᠎ᠤᠨ ᠭᠦᠨᠳᠤ᠎ᠬᠢ ᠨᠢᠬᠡᠨ ᠬᠦᠷᠢᠶᠡᠨ᠎ᠤ ᠳᠤᠮᠳᠠ ᠨᠠᠮᠢᠷᠠᠵᠤ ᠪᠠᠢ᠌ᠭ᠎ᠠ ᠲᠠᠪᠤᠨ ᠣᠳᠣᠲᠤ ᠤᠯᠠᠭ᠋ᠠᠨ ᠲᠤᠭ ᠣᠨᠴᠠᠭ᠋ᠠᠢ ᠢᠯᠡ ᠬᠠᠷᠠᠭᠳᠠᠨ᠎ᠠ᠂ ᠡᠨᠡ ᠪᠣᠯ ᠳᠠᠷᠤᠢ ᠬᠢᠯᠢ ᠬᠠᠮᠠᠭ᠋ᠠᠯᠠᠭᠴᠢ ᠠᠳᠢᠶ᠎ᠠ ᠭᠤᠸᠠᠢ ᠵᠢᠨ ᠠᠢ᠌ᠯ ᠭᠡᠷ ᠪᠣᠯᠣᠨ᠎ᠠ᠃
ᠠᠳᠢᠶ᠎ᠠ ᠵᠢᠨ ᠭᠡᠷ᠎ᠠᠴᠠ ᠬᠣᠢ᠌ᠰᠢ 4 ᠺᠢᠯᠣᠮᠧᠲᠷ ᠣᠷᠴᠢᠮ ᠪᠣᠯ ᠳᠠᠷᠤᠢ ᠳᠤᠮᠳᠠᠳᠤ ᠮᠣᠩᠭᠣᠯ᠎ᠤᠨ ᠬᠢᠯᠢ ᠵᠢᠨ ᠵᠠᠭ᠋ᠠᠭ ᠪᠣᠯᠣᠨ᠎ᠠ᠂ ᠲᠡᠳᠡᠨ᠎ᠤ ᠭᠡᠷ᠎ᠤᠨ 9000 ᠮᠦ᠍ ᠪᠡᠯᠴᠢᠭᠡᠷ᠎ᠨᠢ ᠬᠢᠯᠢ ᠵᠢᠨ ᠱᠤᠭᠤᠮ ᠬᠦᠷᠲᠡᠯ᠎ᠡ ᠦᠷᠭᠦᠯᠵᠢᠯᠡᠵᠡᠢ᠃ 《ᠡᠬᠡ ᠣᠷᠣᠨ ᠵᠶ᠋ᠠᠨ ᠬᠠᠮᠠᠭ᠋ᠠᠯᠠᠬᠤ》᠎ᠨᠢ ᠠᠳᠢᠶ᠎ᠠ ᠵᠢᠨ ᠰᠡᠳᠬᠢᠯ᠎ᠳᠤ ᠭᠦᠨ ᠬᠠᠳᠠᠩᠰᠢᠭᠰᠠᠨ ᠶᠤᠮ᠃ ᠠᠳᠢᠶ᠎ᠠ 1962 ᠣᠨ᠎ᠳᠤ ᠲᠦᠷᠦᠨ᠂ ᠠᠷᠪᠠ ᠶᠢᠰᠦᠲᠡᠢᠳᠤᠪᠠᠨ ᠴᠡᠷᠢᠭ᠎ᠲᠤ ᠣᠷᠣᠵᠤ ᠂ 3 ᠵᠢᠯ ᠬᠢᠯᠢ ᠵᠢᠨ ᠴᠡᠷᠢᠭ ᠪᠣᠯᠵᠤ᠂ ᠭᠤᠷᠪᠠᠳᠤᠭ᠋ᠠᠷ ᠳᠡᠰ᠎ᠤᠨ ᠭᠠᠪᠢᠶ᠎ᠠ ᠪᠠᠢ᠌ᠭᠤᠯᠵᠤ᠂ 1984 ᠣᠨ᠎ᠳᠤ ᠴᠡᠷᠢᠭ ᠠᠩᠭᠢ᠎ᠠᠴᠠ᠎ᠪᠠᠨ ᠬᠠᠯᠠᠭᠳᠠᠨ ᠭᠡᠷ᠎ᠲᠤ᠎ᠪᠠᠨ ᠬᠠᠷᠢᠵᠤ ᠮᠠᠯ ᠵᠶ᠋ᠠᠨ ᠬᠠᠷᠢᠭᠤᠯᠤᠭᠰᠠᠨᠤ ᠳᠠᠷᠠᠭ᠎ᠠ᠂ ᠲᠡᠷᠡ ᠲᠡᠷᠤᠢ ᠬᠢᠯᠢ ᠵᠢᠨ ᠲᠣᠮᠢᠯᠠᠭᠰᠠᠨ ᠰᠠᠯᠪᠤᠷᠢ ᠵᠢᠨ ᠠᠯᠪᠠᠨ ᠵᠢᠷᠤᠮ᠎ᠤᠨ ᠬᠢᠯᠢ ᠵᠢᠨ ᠬᠠᠮᠠᠭ᠋ᠠᠯᠠᠭᠴᠢ ᠪᠣᠯᠵᠠᠢ᠃
ᠡᠨᠳᠡ ᠬᠥᠮᠥᠨ ᠠᠮᠠ ᠴᠥᠭᠡᠨ᠂ ᠵᠣᠨ ᠳᠤ ᠪᠠᠨ ᠬᠠᠯᠠᠭᠤᠨ᠂ ᠬᠠᠬᠢᠷ ᠡᠪᠦᠯ ᠣᠷᠳᠣ᠂ ᠤᠤᠭᠤᠬᠤ ᠤᠰᠤ᠂ ᠢᠳᠡᠰᠢᠨ ᠨᠤᠭᠤᠭ᠋ᠠᠨ᠎ᠤ ᠬᠠᠩᠭ᠋ᠠᠯᠭ᠎ᠠ ᠮᠠᠭᠤᠲᠠᠢ᠂ ᠡᠪᠡᠳᠴᠢᠨ ᠦᠵᠡᠭᠦᠯᠬᠦ᠂ ᠡᠳ᠋ ᠪᠠᠷᠠᠭ᠎ᠠ ᠬᠤᠳᠠᠯᠳᠤᠨ ᠠᠪᠬᠤ᠎ᠳᠤ ᠲᠤᠢ᠌ᠯ᠎ᠤᠨ ᠳᠥᠭᠥᠮ ᠦᠭᠡᠢ ᠃ ᠠᠷᠪᠠᠭ᠋ᠠᠳ ᠵᠢᠯ᠎ᠤᠨ ᠡᠮᠦᠨ᠎ᠡ᠂ ᠡᠷᠬᠢᠨ ᠲᠣᠭᠣᠷᠢᠨ᠎ᠤ ᠮᠠᠯᠴᠢᠳ ᠬᠣᠢ᠌ᠨ᠎ᠠ ᠬᠣᠢ᠌ᠨ᠎ᠠ᠎ᠠᠴᠠ᠎ᠪᠠᠨ ᠬᠢᠯᠢ ᠬᠢᠵᠠᠭ᠋ᠠᠷ᠎ᠠᠴᠠ ᠨᠡᠭᠦᠵᠦ ᠶᠠᠪᠤᠭᠰᠠᠨ᠎ᠳᠤ᠂ ᠠᠳᠢᠶ᠎ᠠ ᠡᠬᠡᠨᠡᠷ᠎ᠲᠠᠢ᠎ᠪᠠᠨ ᠬᠠᠮᠲᠤ ᠴᠡᠷᠢᠭ ᠠᠴᠠ ᠬᠠᠯᠠᠭᠳᠠᠬᠤ ᠦᠶ᠎ᠡ ᠵᠢᠨ ᠠᠮᠠᠯᠠᠯᠲᠠ᠎ᠪᠠᠨ ᠪᠠᠲᠤ ᠰᠠᠬᠢᠬᠤ ᠵᠢᠨ ᠲᠥᠯᠥᠭᠡ 《ᠬᠢᠯᠢ ᠬᠢᠵᠠᠭ᠋ᠠᠷ ᠵᠶ᠋ᠠᠨ ᠨᠠᠰᠤᠨ ᠲᠤᠷᠰᠢᠲᠠ᠎ᠪᠠᠨ ᠰᠠᠬᠢᠨ ᠬᠠᠮᠠᠭ᠋ᠠᠯᠠᠨ᠎ᠠ!》 ᠭᠡᠵᠦ ᠠᠨᠳᠠᠭ᠋ᠠᠢ᠌ᠯᠠᠪᠠ᠃
《ᠨᠤᠲᠤᠭ ᠤᠰᠤᠨ᠎ᠳᠤ᠎ᠪᠠᠨ ᠰᠠᠭᠤᠬᠤ ᠬᠥᠮᠥᠨ᠎ᠲᠠᠢ ᠪᠠᠢ᠌ᠬᠤ ᠬᠡᠷᠡᠭᠲᠡᠢ᠂ ᠨᠤᠲᠤᠭ ᠳᠡᠪᠢᠰᠬᠡᠷ ᠵᠶ᠋ᠡᠨ ᠰᠠᠬᠢᠨ ᠬᠠᠮᠠᠭ᠋ᠠᠯᠠᠬᠤ ᠬᠥᠮᠥᠨ᠎ᠲᠠᠢ ᠪᠠᠢ᠌ᠬᠤ ᠬᠡᠷᠡᠭᠲᠡᠢ》᠃ ᠭᠠᠴᠠᠭ᠋ᠠᠨ᠎ᠤ ᠨᠠᠮ᠎ᠤᠨ ᠡᠭᠦᠷ᠎ᠤᠨ ᠱᠦᠵᠢ ᠵᠢᠨ ᠲᠤᠰᠢᠶᠠᠯ᠎ᠢ 12 ᠵᠢᠯ ᠬᠠᠷᠢᠭᠤᠴᠠᠭᠰᠠᠨ ᠠᠳᠢᠶ᠎ᠠ ᠵᠢᠨ ᠬᠡᠯᠡᠬᠦ ᠪᠠᠷ᠂ ᠬᠡᠳᠦᠢ᠌ᠪᠡᠷ ᠬᠣᠶᠠᠷ ᠵᠢᠯ᠎ᠤᠨ ᠡᠮᠦᠨ᠎ᠡ ᠵᠠᠰᠠᠭ᠎ᠤᠨ ᠣᠷᠳᠣᠨ᠎ᠠᠴᠠ 20 ᠺᠢᠯᠣᠮᠧᠲᠷ᠎ᠤᠨ ᠴᠠᠭ᠋ᠠᠨᠠᠬᠢ ᠪᠠᠯᠭ᠋ᠠᠰᠤᠨ᠎ᠳᠤ ᠰᠢᠨ᠎ᠡ ᠪᠠᠢ᠌ᠰᠢᠩ ᠪᠠᠷᠢᠵᠤ ᠥᠭᠭᠦᠭᠰᠡᠨ ᠪᠣᠯᠪᠠᠴᠤ᠂ ᠲᠡᠷᠡ ᠬᠥᠭᠰᠢᠨᠲᠠᠢᠪᠠᠨ ᠮᠠᠯᠵᠢᠬᠤ ᠣᠷᠣᠨ᠎ᠳᠤ ᠰᠠᠭᠤᠬᠤ ᠳᠤᠷᠠᠲᠠᠢ ᠃ ᠮᠠᠯ ᠬᠠᠷᠢᠭᠤᠯᠬᠤ ᠵᠢᠨ ᠬᠠᠮᠲᠤ᠂ ᠡᠳᠦᠷ ᠪᠦᠷᠢ ᠮᠠᠯ ᠤᠨᠤᠭ᠎ᠠ ᠵᠢᠨ ᠬᠢᠯᠢ ᠳᠠᠪᠠᠬᠤ ᠵᠢ ᠰᠡᠷᠭᠡᠢ᠌ᠯᠡᠵᠦ᠂ ᠬᠢᠯᠢ ᠬᠢᠵᠠᠭ᠋ᠠᠷ᠎ᠤᠨ ᠪᠠᠢ᠌ᠳᠠᠯ᠎ᠢ ᠠᠵᠢᠭᠯᠠᠬᠤ ᠪᠣᠯ ᠲᠡᠭᠦᠨ᠎ᠤ ᠡᠳᠦᠷ ᠲᠤᠳᠤᠮ᠎ᠤᠨ ᠠᠵᠢᠯ ᠪᠣᠯᠣᠨ᠎ᠠ᠃
ᠠᠳᠢᠶ᠎ᠠ ᠨᠢᠭᠡ ᠤᠳᠠᠭ᠎ᠠ ᠬᠢᠯᠢ᠎ᠪᠠᠷ ᠲᠣᠭᠣᠷᠢᠨ ᠪᠠᠢ᠌ᠴᠠᠭ᠋ᠠᠬᠤ᠎ᠳᠤ ᠪᠠᠨ ᠭᠡᠨᠡᠳᠲᠡ ᠬᠣᠯᠠ ᠵᠢᠨ ᠠᠭᠤᠯᠠᠨ ᠳᠣᠪᠣᠴᠠᠭ ᠳᠡᠭᠡᠷ᠎ᠡ 3 ᠪᠠᠷᠠᠭ᠋ᠠᠨ ᠰᠡᠭᠦᠳᠡᠷ ᠨᠠᠲᠤᠪᠡᠯᠵᠡᠵᠦ ᠪᠠᠢ᠌ᠬᠤ ᠵᠢ ᠣᠯᠵᠤ ᠮᠠᠲᠠᠵᠠᠢ᠃ ᠳᠤᠷᠠᠨᠳᠠᠬᠤ᠎ᠪᠠᠷ ᠳᠡᠮᠵᠢᠨ ᠲᠡᠳᠡ ᠪᠣᠯ 3 ᠭᠠᠳᠠᠭ᠋ᠠᠳᠤ ᠵᠢᠨ ᠬᠥᠮᠥᠨ᠂ ᠪᠠᠰᠠ ᠫᠤᠤ ᠡᠭᠦᠷᠴᠦ ᠪᠠᠢ᠌ᠬᠤ ᠵᠢ ᠣᠯᠵᠤ ᠮᠠᠲᠠᠵᠠᠢ᠃ ᠠᠳᠢᠶ᠎ᠠ ᠲᠡᠷᠡ ᠳᠠᠷᠤᠢ᠎ᠳᠤ᠎ᠨᠢ ᠰᠡᠷᠡᠮᠵᠢ᠎ᠲᠠᠢ ᠪᠤᠯᠵᠦ᠂ 《ᠲᠡᠳᠡᠨ ᠢ ᠶᠠᠭ᠋ᠠᠬᠢᠭᠰᠠᠨ ᠴᠤ᠌ ᠮᠠᠨ᠎ᠤ ᠤᠯᠤᠰ᠎ᠤᠨ ᠬᠢᠯᠢ᠎ᠳᠤ ᠣᠷᠣᠭᠤᠯᠵᠤ ᠪᠣᠯᠬᠤ ᠦᠭᠡᠢ》 ᠬᠡᠵᠦ ᠰᠠᠨᠠᠵᠠᠢ᠃ ᠠᠳᠢᠶ᠎ᠠ ᠬᠠᠤᠯᠢ ᠪᠤᠰᠤ᠎ᠪᠠᠷ ᠬᠢᠯᠢ᠎ᠪᠠᠷ ᠣᠷᠣᠵᠤ ᠢᠷᠡᠭᠰᠡᠳ᠎ᠤᠨ ᠠᠵᠢᠯᠯᠠᠭ᠎ᠠ ᠵᠢ ᠨᠢᠭᠲᠠ ᠠᠵᠢᠭᠯᠠᠬᠤ ᠵᠢᠨ ᠬᠠᠮᠲᠤ᠂ ᠬᠢᠯᠢ ᠵᠢᠨ ᠬᠠᠮᠠᠭ᠋ᠠᠯᠠᠯᠲᠠ ᠵᠢᠨ ᠲᠣᠮᠢᠯᠠᠭᠰᠠᠨ ᠰᠠᠯᠪᠤᠷᠢ᠎ᠲᠠᠢ ᠦᠳᠲᠡᠷ ᠲᠦᠷᠭᠡᠨ ᠬᠠᠷᠢᠯᠴᠠᠵᠤ᠂ ᠬᠠᠮᠤᠭ᠎ᠤᠨ ᠰᠡᠭᠦᠯ᠎ᠳᠤ ᠲᠡᠷᠡ ᠭᠤᠷᠪᠠᠨ ᠬᠥᠮᠥᠨ᠎ᠢ ᠬᠢᠯᠢ᠎ᠠᠴᠠ ᠭᠠᠷᠭ᠋ᠠᠪᠠ᠃ ᠣᠯᠠᠨ ᠵᠢᠯ᠎ᠤᠨ ᠲᠤᠷᠰᠢ᠂ ᠠᠳᠢᠶ᠎ᠠ ᠪᠣᠯᠣᠨ ᠲᠡᠭᠦᠨ᠎ᠤ ᠡᠬᠡᠨᠡᠷ ᠨᠠᠷᠠᠨᠴᠡᠴᠡᠭ ᠬᠢᠯᠢ ᠬᠢᠵᠠᠭ᠋ᠠᠷ ᠣᠷᠣᠨ ᠵᠶ᠋ᠠᠷ ᠨᠡᠶ᠋ᠢᠲᠡ 10 ᠲᠦᠮᠡᠨ ᠺᠢᠯᠣᠮᠧᠲᠷ᠎ᠤᠨ ᠠᠯᠪᠠᠨ ᠵᠢᠷᠤᠮ᠎ᠤᠨ ᠪᠠᠢ᠌ᠴᠠᠭ᠋ᠠᠯᠲᠠ ᠬᠢᠵᠦ᠂ 300 ᠭᠠᠷᠤᠢ ᠵᠤᠷᠪᠤᠰ ᠡᠯ᠎ᠡ ᠵᠦᠢ᠍ᠯ᠎ᠤᠨ ᠮᠡᠳᠡᠭᠡ ᠵᠠᠩᠭᠢ ᠵᠢ ᠳᠡᠭᠡᠭᠰᠢ ᠪᠠᠨ ᠮᠡᠳᠡᠭᠦᠯᠵᠦ᠂ ᠬᠢᠯᠢ ᠵᠢᠨ ᠲᠣᠮᠢᠯᠠᠭᠰᠠᠨ ᠰᠠᠯᠪᠤᠷᠢ᠎ᠳᠤ ᠬᠠᠮᠵᠢᠨ ᠬᠢᠯᠢ ᠬᠢᠵᠠᠭ᠋ᠠᠷ ᠣᠷᠣᠨ᠎ᠳᠤ ᠬᠣᠯᠪᠣᠭᠳᠠᠭᠰᠠᠨ ᠬᠡᠳᠦᠨ ᠠᠷᠪᠠᠨ ᠬᠡᠷᠡᠭ᠎ᠢ ᠢᠯᠡᠷᠡᠭᠦᠯᠵᠡᠢ᠃
ᠲᠠᠪᠤᠨ ᠣᠳᠣᠲᠤ ᠤᠯᠠᠭ᠋ᠠᠨ ᠲᠤᠭ ᠵᠶ᠋ᠡᠨ ᠥᠨᠳᠥᠷ ᠲᠤ ᠨᠠᠮᠢᠷᠠᠭᠤᠯᠤᠶ᠎ᠠ
ᠬᠡᠳᠦᠢ᠌ᠪᠡᠷ ᠠᠭᠤᠷ ᠠᠮᠢᠰᠬᠤᠯ ᠮᠠᠭᠤ᠂ ᠨᠥᠬᠥᠴᠡᠯ ᠬᠠᠲᠠᠭᠤ ᠪᠡᠷᠬᠡ᠂ ᠠᠮᠢᠳᠤᠷᠠᠯ᠎ᠨᠢ ᠲᠠᠩ ᠴᠤᠯᠭᠤᠢ ᠪᠣᠯᠪᠠᠴᠤ᠂ ᠠᠳᠢᠶ᠎ᠠ ᠡᠨᠳᠡ ᠭᠠᠭᠴᠠᠭ᠋ᠠᠷᠳᠠᠮᠠᠯ ᠪᠢᠰᠢ᠂ ᠤᠴᠢᠷ᠎ᠨᠢ ᠭᠠᠯ ᠤᠯᠠᠭ᠋ᠠᠨ ᠲᠠᠪᠤᠨ ᠣᠳᠣᠲᠤ ᠤᠯᠠᠭ᠋ᠠᠨ ᠲᠣᠭ ᠲᠡᠭᠦᠨ᠎ᠳᠤ ᠬᠠᠨᠢ ᠪᠣᠯᠵᠤ ᠪᠠᠢ᠌ᠳᠠᠭ᠃
2005 ᠣᠨ᠎ᠤ ᠬᠠᠪᠤᠷ᠂ ᠨᠢᠭᠡᠨ ᠵᠠᠮ ᠤᠨ ᠬᠥᠮᠥᠨ᠎ᠠᠴᠠ ᠬᠠᠷᠠᠬᠠᠨ ᠬᠥᠬᠡᠷᠡᠭᠡᠳᠦᠢ ᠪᠡᠯᠴᠢᠭᠡᠷ ᠪᠣᠯᠣᠨ ᠪᠦᠷᠬᠦᠭ ᠲᠡᠭᠷᠢ ᠵᠢ ᠵᠢᠭ᠋ᠠᠨ ᠲᠡᠭᠦᠨ᠎ᠳᠤ᠂ ᠵᠠᠮ᠎ᠳᠤ ᠶᠠᠮᠠᠷ ᠴᠤ᠌ ᠲᠡᠮᠳᠡᠭ ᠦᠭᠡᠢ ᠪᠤᠯᠬᠤᠷ ᠬᠠᠮᠢᠭ᠎ᠠ ᠬᠦᠷᠦᠭᠰᠡᠨ ᠵᠶ᠋ᠠᠨ ᠮᠡᠳᠡᠬᠦ ᠦᠬᠡᠢ ᠪᠤᠯᠵᠠᠢ ᠬᠡᠪᠡ᠃ ᠲᠡᠬᠡᠬᠡᠳ ᠠᠳᠢᠶ᠎ᠠ ᠠᠢ᠌ᠯ ᠭᠡᠷ᠎ᠲᠤ᠎ᠪᠠᠨ ᠲᠠᠪᠤᠨ ᠣᠳᠣᠲᠤ ᠤᠯᠠᠭ᠋ᠠᠨ ᠲᠤᠭ᠎ᠢ ᠮᠠᠨᠳᠤᠭᠤᠯᠬᠤ ᠪᠤᠳᠤᠯ ᠣᠷᠤᠪᠠ᠃
ᠬᠡᠯᠡᠪᠡᠯ ᠲᠡᠷᠤᠢ ᠬᠢᠬᠦ ᠬᠡᠷᠡᠭᠳᠡᠢ᠃ ᠤᠳᠠᠯ ᠦᠭᠡᠢ ᠠᠳᠢᠶ᠎ᠠ ᠡᠬᠡᠨᠡᠷ ᠪᠣᠯᠣᠨ ᠬᠣᠶᠠᠷ ᠨᠢᠯᠬ᠎ᠠ ᠬᠦᠦ᠎ᠪᠠᠨ ᠳᠠᠭ᠋ᠠᠭᠤᠯᠤᠨ ᠠᠢ᠌ᠯ᠎ᠤᠨ ᠬᠦᠷᠢᠶᠡᠨ᠎ᠳᠤ᠎ᠪᠠᠨ ᠲᠠᠪᠤᠨ ᠣᠳᠣᠲᠤ ᠤᠯᠠᠭ᠋ᠠᠨ ᠲᠤᠭ᠎ᠢ ᠮᠠᠨᠳᠤᠭᠤᠯᠪᠠ᠃ ᠲᠤᠬᠠᠢ ᠵᠢᠨ ᠦᠶ᠎ᠡ᠎ᠳᠤ ᠬᠡᠳᠦᠢ᠌ᠪᠡᠷ ᠳᠥᠭᠥᠮᠬᠡᠨ᠂ ᠳᠠᠭᠤᠤ ᠬᠥᠭᠵᠢᠮ ᠦᠭᠡᠢ ᠪᠠᠢ᠌ᠭᠰᠠᠨ ᠴᠤ᠌᠂ ᠡᠨᠡ ᠭᠠᠵᠠᠷ ᠪᠣᠯ ᠳᠤᠮᠳᠠᠳᠤ ᠤᠯᠤᠰ᠎ᠤᠨ ᠲᠡᠪᠢᠰᠬᠡᠷ ᠮᠦᠨ ᠭᠡᠳᠡᠭ᠎ᠢ ᠬᠥᠮᠥᠰ᠎ᠲᠤ ᠬᠡᠯᠡᠵᠦ ᠥᠭᠬᠦ ᠭᠡᠰᠡᠨ ᠶᠤᠮ᠃
ᠵᠣᠨ᠎ᠤ ᠤᠯᠠᠷᠢᠯ ᠪᠣᠯᠬᠤ᠎ᠳᠤ᠂ ᠬᠢᠯᠢ ᠵᠢᠨ ᠬᠠᠮᠠᠭ᠋ᠠᠯᠠᠯᠲᠠ ᠵᠢᠨ ᠲᠣᠮᠢᠯᠠᠭᠰᠠᠨ ᠰᠠᠯᠪᠤᠷᠢ ᠵᠢᠨ ᠴᠠᠭᠳᠠᠭ᠎ᠠ ᠲᠡᠭᠦᠨ᠎ᠢ ᠬᠠᠪᠰᠤᠷᠤᠨ ᠲᠣᠭ᠎ᠤᠨ ᠮᠣᠳᠣᠨ ᠡᠰᠢ ᠵᠢ᠎ᠨᠢ ᠲᠡᠮᠦᠷ ᠡᠰᠢ᠎ᠪᠠᠷ ᠰᠣᠯᠢᠵᠤ ᠥᠭᠴᠡᠢ᠃ ᠡᠭᠦᠨ᠎ᠠᠴᠠ ᠡᠬᠢᠯᠡᠨ᠂ ᠪᠠᠶᠠᠷ ᠳᠤᠷᠠᠰᠬᠠᠯ᠎ᠤᠨ ᠡᠳᠦᠷ ᠪᠣᠯᠬᠤ ᠪᠦᠷᠢ ᠠᠳᠢᠶ᠎ᠠ ᠵᠢᠨ ᠵᠢᠵᠢᠭᠬᠡᠨ ᠬᠦᠷᠢᠶᠡᠨ᠎ᠳᠤ ᠤᠯᠤᠰ᠎ᠤᠨ ᠲᠣᠭ ᠮᠠᠨᠳᠤᠭᠤᠯᠬᠤ ᠶᠣᠰᠣᠯᠠᠯ ᠶᠠᠪᠤᠭᠳᠠᠭᠤᠯᠬᠤ ᠪᠤᠯᠵᠠᠢ᠃ ᠵᠠᠷᠢᠮ ᠦᠶ᠎ᠡ᠎ᠳᠤ ᠲᠣᠮᠢᠯᠠᠭᠰᠠᠨ ᠰᠠᠯᠪᠤᠷᠢ ᠵᠢᠨ ᠴᠠᠭᠳᠠᠭ᠎ᠠ ᠪᠣᠯᠣᠨ ᠬᠡᠳᠦᠨ ᠺᠢᠯᠣᠮᠧᠲᠷ᠎ᠤᠨ ᠠᠯᠤᠰ ᠠᠴᠠ ᠨᠠᠮ᠎ᠤᠨ ᠭᠡᠰᠢᠭᠦᠳ ᠪᠠᠰᠠ ᠬᠦᠷᠦᠯᠴᠡᠨ ᠢᠷᠡᠵᠦ ᠤᠷᠤᠯᠴᠠᠳᠠᠭ᠃
ᠡᠳᠦᠭᠡ ᠬᠥᠮᠥᠰ ᠡᠨᠡ ᠬᠦ᠌ ᠥᠷᠭᠡᠨ ᠠᠭᠤᠳᠠᠮ ᠲᠠᠯ᠎ᠠ ᠨᠤᠲᠤᠭ᠎ᠲᠤ ᠬᠦᠷᠴᠦ ᠢᠷᠡᠬᠦ ᠪᠦᠷᠢ᠂ ᠠᠯᠤᠰ ᠬᠤᠯᠠ ᠨᠠᠮᠢᠷᠠᠭᠰᠠᠨ ᠲᠠᠪᠤᠨ ᠣᠳᠣᠲᠤ ᠤᠯᠠᠭ᠋ᠠᠨ ᠲᠤᠭ᠎ᠠᠴᠠ ᠭᠠᠳᠠᠨ᠎ᠠ᠂ ᠪᠠᠰᠠ ᠠᠳᠢᠶ᠎ᠠ ᠵᠢᠨ ᠭᠡᠷ᠎ᠤᠨ ᠪᠠᠷᠠᠭᠤᠨ ᠲᠠᠯ᠎ᠠ ᠵᠢᠨ ᠬᠦᠲᠦᠯ ᠳᠡᠭᠡᠷᠡᠬᠢ ᠲᠣᠮᠣ 《ᠳᠤᠮᠳᠠᠳᠤ ᠤᠯᠤᠰ》 ᠭᠡᠬᠦ ᠬᠣᠶᠠᠷ ᠦᠰᠦᠭ᠎ᠢ ᠣᠯᠵᠤ ᠬᠠᠷᠠᠬᠤ ᠪᠢᠯᠡ᠃ ᠡᠨᠡ᠎ᠨᠢ 2008 ᠣᠨ᠎ᠳᠤ ᠲᠡᠷᠡ ᠲᠡᠭᠦᠵᠦ ᠠᠪᠴᠢᠷᠠᠭᠰᠠᠨ ᠤᠯᠠᠭ᠋ᠠᠨ ᠲᠣᠭᠣᠰᠬ᠎ᠠ᠎ᠪᠠᠷ ᠵᠶ᠋ᠡᠨ《ᠪᠢᠴᠢᠵᠦ》 ᠪᠦᠲᠦᠭᠡᠭᠰᠡᠨ ᠶᠤᠮ᠃ ᠲᠡᠷᠡ᠄ 《ᠡᠨᠡ ᠭᠠᠵᠠᠷ ᠰᠠᠢ᠌ᠨ᠂ ᠦᠷᠯᠦᠬᠡ ᠵᠢᠨ ᠨᠡᠷᠡᠨ᠎ᠤ ᠠᠩᠬᠠᠨ᠎ᠤ ᠰᠢᠵᠢᠷ ᠲᠤᠶᠠᠭ᠎ᠠ ᠡᠨᠡ ᠦᠰᠦᠭ ᠳᠡᠭᠡᠷ᠎ᠡ ᠲᠤᠰᠴᠤ ᠳᠡᠶ᠋ᠢᠯᠦᠨ᠎ᠡ》 ᠭᠡᠵᠦ ᠬᠡᠯᠡᠨ᠎ᠡ᠃
2019 ᠣᠨ᠎ᠤ ᠰᠢᠨ᠎ᠡ ᠳᠤᠮᠳᠠᠳᠤ ᠤᠯᠤᠰ ᠪᠠᠢ᠌ᠭᠤᠯᠤᠭᠳᠠᠭᠰᠠᠨ 70 ᠵᠢᠯ᠎ᠤᠨ ᠤᠢ ᠵᠢᠨ ᠲᠠᠰᠢᠷᠠᠮ ᠵᠶ᠋ᠠᠷ᠂ ᠠᠳᠢᠶ᠎ᠠ ᠣᠨᠴᠠᠭ᠋ᠠᠢ᠌ᠯᠠᠨ ᠤᠯᠠᠭ᠋ᠠᠨ ᠰᠢᠷ ᠵᠶ᠋ᠡᠷ 《ᠳᠤᠮᠳᠠᠳᠤ ᠤᠯᠤᠰ》 ᠭᠡᠬᠦ ᠬᠣᠶᠠᠷ ᠦᠰᠦᠭ ᠵᠶ᠋ᠠᠨ ᠰᠢᠨᠡᠳᠬᠡᠨ ᠵᠢᠷᠤᠵᠤ᠂ ᠠᠷᠤᠳᠤᠨᠢ ᠴᠢᠯᠠᠭᠤ᠎ᠪᠠᠷ 《70》 ᠭᠡᠬᠦ ᠦᠰᠦᠭ᠎ᠢ ᠦᠷ᠎ᠦᠨ ᠵᠢᠭᠰᠠᠭ᠋ᠠᠵᠠᠢ᠃
《 ᠡᠨᠳᠡᠬᠢ ᠪᠣᠯ ᠳᠤᠮᠳᠠᠳᠤ ᠤᠯᠤᠰ ᠤᠨᠬᠢ ᠭᠡᠳᠡᠭ᠎ᠢ ᠪᠢ ᠬᠥᠮᠥᠨ ᠪᠦᠬᠦᠨ᠎ᠳᠤ ᠮᠡᠳᠡᠭᠦᠯᠦᠨ᠎ᠡ᠂ ᠡᠭᠦᠨ᠎ᠠᠴᠠ ᠭᠠᠳᠠᠨ᠎ᠠ ᠲᠠᠯ᠎ᠠ ᠨᠤᠲᠤᠭ ᠳᠡᠩᠳᠡᠭᠦᠦ ᠶᠡᠬᠡ ᠪᠣᠯᠬᠣᠷ ᠢᠮ ᠲᠡᠮᠳᠡᠭ ᠮᠠᠰᠢ ᠴᠥᠭᠡᠨ ᠪᠠᠢ᠌ᠳᠠᠭ᠂ ᠬᠡᠷᠪᠡ ᠵᠦᠭ ᠴᠢᠭ ᠵᠶ᠋ᠡᠨ ᠠᠯᠳᠠᠬᠤ᠎ᠳᠤ ᠬᠦᠷᠪᠡᠯ ᠮᠠᠰᠢ ᠠᠶᠤᠯᠲᠠᠢ ᠶᠤᠮ᠂ ᠡᠢ᠌ᠮᠦ᠎ᠠᠴᠠ ᠪᠢ ᠤᠯᠤᠰ᠎ᠤᠨ ᠲᠤᠭ ᠵᠶ᠋ᠠᠨ ᠥᠨᠳᠥᠷ᠎ᠲᠤ ᠨᠠᠮᠢᠷᠠᠭᠤᠯᠤᠭᠰᠠᠨ ᠶᠤᠮ᠂ ᠲᠥᠭᠡᠷᠢᠭᠰᠡᠨ ᠬᠥᠮᠥᠨ ᠤᠯᠤᠰ᠎ᠤᠨ ᠲᠤᠭ᠎ᠢ ᠴᠢᠭᠯᠡᠨ ᠪᠢᠳᠡᠨ᠎ᠢ ᠡᠷᠢᠵᠦ ᠢᠷᠡᠬᠦ ᠪᠤᠯᠤᠨ᠎ᠠ》 ᠭᠡᠵᠦ ᠠᠳᠢᠶ᠎ᠠ ᠬᠡᠯᠡᠪᠡ᠃
ᠡᠴᠢᠭᠡ ᠬᠥᠪᠡᠭᠦᠨ ᠪᠤᠬᠢᠶ᠎ᠠ ᠵᠠᠯᠭ᠋ᠠᠨ ᠬᠢᠯᠢ ᠮᠠᠨᠠᠪᠠ
ᠤᠳᠠᠭ᠋ᠠᠨ ᠵᠢᠯ ᠤᠨ ᠠᠯᠪᠠᠨ ᠵᠢᠷᠤᠮ᠎ᠤᠨ ᠬᠢᠯᠢ ᠵᠢᠨ ᠪᠠᠢ᠌ᠴᠠᠭ᠋ᠠᠯᠲᠠ ᠪᠠ ᠬᠦᠳᠡᠯᠮᠦᠷᠢ᠎ᠠᠴᠠ ᠪᠣᠯᠵᠤ᠂ ᠠᠳᠢᠶ᠎ᠠ ᠵᠢᠨ ᠬᠥᠯ᠎ᠨᠢ ᠡᠮᠵᠡᠭᠯᠡᠨ᠂ ᠪᠠᠰᠠ ᠨᠣᠢ᠌ᠷᠤᠨ ᠪᠤᠯᠴᠢᠷᠬᠠᠢ ᠵᠢᠨ ᠦᠷᠪᠢᠰᠦᠯ᠂ ᠲᠠᠷᠢᠬᠢᠨ ᠰᠤᠳᠠᠯ᠎ᠤᠨ ᠪᠦᠭᠯᠡᠷᠡᠯ ᠵᠡᠷᠭᠡ ᠡᠪᠡᠳᠴᠢᠨ᠎ᠳᠤ ᠨᠡᠷᠪᠡᠭᠳᠡᠵᠡᠢ᠃ ᠲᠡᠭᠦᠨ᠎ᠤ ᠡᠬᠡᠨᠡᠷ᠎ᠨᠢ ᠬᠦᠨᠳᠦ ᠡᠪᠡᠳᠴᠢᠨ᠎ᠳᠤ ᠨᠡᠷᠪᠡᠭᠳᠡᠭᠰᠡᠨ ᠪᠥᠭᠡᠳ ᠬᠥᠯ ᠨᠢᠷᠤᠭᠤ᠎ᠨᠢ 20 ᠰᠢᠬᠠᠮ ᠵᠢᠯ ᠡᠪᠡᠳᠴᠡᠢ᠃ ᠭᠡᠪᠡᠴᠦ ᠬᠦᠴᠢᠷ ᠪᠡᠷᠬᠡᠰᠢᠶᠡᠯ᠎ᠤᠨ ᠡᠮᠦᠨ᠎ᠡ ᠡᠷ᠎ᠡ ᠡᠮ᠎ᠡ ᠬᠣᠶᠠᠭᠤᠯᠠ᠎ᠪᠠᠨ ᠶᠡᠷᠦ᠎ᠠᠴᠠ ᠤᠬᠤᠷᠢᠵᠦ ᠦᠵᠡᠭᠡ ᠦᠭᠡᠢ᠂ ᠠᠳᠢᠶ᠎ᠠ ᠭᠡᠷ᠎ᠲᠤ᠎ᠪᠠᠨ 《 ᠤᠬᠠᠭᠤᠯᠭ᠎ᠠ ᠵᠢᠨ ᠮᠣᠩᠭᠣᠯ ᠭᠡᠷ》 ᠪᠤᠰᠬᠠᠵᠦ᠂ ᠲᠣᠭᠲᠠᠮᠠᠯ ᠬᠤᠭᠤᠴᠠᠭ᠎ᠠ᠎ᠲᠠᠢ᠎ᠪᠠᠷ ᠣᠢ᠌ᠷ᠎ᠠ ᠬᠠᠪᠢ ᠵᠢᠨ ᠨᠠᠮ᠎ᠤᠨ ᠭᠡᠰᠢᠭᠦᠳ ᠵᠶ᠋ᠡᠨ ᠵᠣᠬᠢᠶᠠᠨ ᠪᠠᠢ᠌ᠭᠤᠯᠤᠨ ᠰᠤᠷᠤᠯᠴᠠᠭᠤᠯᠵᠤ᠂ ᠠᠷᠠᠳ᠎ᠲᠤ ᠠᠰᠢᠭᠲᠠᠢ ᠮᠠᠯᠵᠢᠬᠤ ᠦᠢ᠍ᠯᠡᠳᠪᠤᠷᠢᠯᠡᠯ᠎ᠳᠤ ᠠᠰᠢᠭ ᠬᠦᠷᠲᠡᠭᠡᠬᠦ ᠨᠠᠮ᠎ᠤᠨ ᠲᠥᠷᠥ ᠵᠢᠨ ᠪᠣᠳᠣᠯᠭ᠎ᠠ ᠵᠢ ᠲᠠᠢ᠌ᠯᠪᠤᠷᠢᠯᠠᠵᠦ ᠦᠭᠳᠡᠭ᠃
ᠠᠳᠢᠶ᠎ᠠ ᠵᠢᠨ 38 ᠵᠢᠯ᠎ᠤᠨ ᠲᠤᠷᠰᠢ ᠠᠶᠤᠯ ᠲᠦᠭᠰᠢᠭᠦᠷᠢ᠎ᠠᠴᠠ ᠠᠶᠤᠬᠤ ᠦᠭᠡᠢ᠂ ᠬᠠᠷᠠᠮ ᠦᠭᠡᠢ ᠵᠢᠳᠬᠦᠳᠡᠭ ᠵᠣᠷᠢᠭ ᠰᠠᠨᠠᠭ᠎ᠠ᠎ᠨᠢ ᠬᠡᠦᠬᠡᠳ ᠵᠶ᠋ᠠᠨ ᠭᠦᠨ ᠨᠥᠯᠥᠭᠡᠯᠡᠪᠡ᠃ ᠲᠡᠭᠦᠨ᠎ᠤ ᠵᠣᠷᠢᠭ ᠰᠠᠨᠠᠭ᠋ᠠᠨ᠎ᠤ ᠨᠦᠯᠦᠭᠡᠯᠡᠯ ᠵᠶ᠋ᠡᠷ᠂ ᠶᠠᠫᠤᠨ᠎ᠳᠤ 6 ᠵᠢᠯ ᠰᠤᠷᠤᠯᠴᠠᠭ᠎ᠠ ᠶᠡᠬᠡ ᠬᠦᠦ ᠪᠢᠮᠪᠠ ᠪᠣᠯᠣᠨ ᠱᠠᠩᠬᠠᠢ᠎ᠳᠤ ᠬᠡᠳᠦᠨ ᠵᠢᠯ ᠠᠵᠢᠯᠯᠠᠭᠰᠠᠨ ᠪᠠᠭ᠎ᠠ ᠬᠦᠦ ᠠᠳᠢᠯᠢᠨᠢ ᠨᠤᠲᠤᠭ᠎ᠲᠤ᠎ᠪᠠᠨ ᠪᠤᠴᠠᠵᠤ᠂ ᠨᠢᠭᠡ ᠲᠠᠯ᠎ᠠ᠎ᠪᠠᠷ ᠠᠪᠤ ᠡᠵᠢ᠎ᠪᠠᠨ ᠬᠠᠷᠠᠭ᠋ᠠᠯᠵᠠᠵᠤ᠂ ᠨᠦᠭᠦᠭᠡ ᠲᠠᠯ᠎ᠠ᠎ᠪᠠᠷ ᠠᠪᠤ ᠡᠵᠢ ᠵᠢᠨ ᠵᠶ᠋ᠡᠨ ᠦᠢ᠍ᠯᠡᠰ᠎ᠢ ᠵᠠᠯᠭ᠋ᠠᠮᠵᠢᠯᠠᠵᠤ ᠡᠬᠡ ᠤᠯᠤᠰ᠎ᠤᠨ ᠵᠶ᠋ᠠᠨ ᠤᠮᠠᠷᠠᠲᠤ ᠬᠢᠯᠢ ᠵᠢ ᠰᠠᠬᠢᠨ ᠬᠠᠮᠠᠭ᠋ᠠᠯᠠᠪᠠ᠃
2020 ᠣᠨ᠎ᠳᠤ᠂ ᠰᠢᠨ᠎ᠡ ᠳᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ ᠳᠡᠯᠭᠡᠷᠡᠭᠰᠡᠨᠤ ᠳᠠᠷᠠᠭ᠎ᠠ᠂ ᠠᠳᠢᠶ᠎ᠠ ᠡᠴᠢᠭᠡ ᠬᠥᠪᠡᠭᠦᠨ ᠥᠴᠥᠬᠡᠨ ᠴᠦ᠍ ᠲᠠᠲᠠᠭ᠋ᠠᠯᠵᠠᠯ ᠦᠭᠡᠢ᠎ᠪᠠᠷ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠠᠵᠢᠯ᠎ᠳᠤ ᠤᠷᠤᠯᠴᠠᠵᠦ᠂ ᠡᠷᠦᠬᠡ ᠳᠠᠷᠠᠭ᠋ᠠᠯᠠᠨ ᠤᠬᠠᠭᠤᠯᠭ᠎ᠠ ᠵᠢᠨ ᠬᠠᠭᠤᠳᠠᠰᠤ ᠲᠠᠷᠬᠠᠭ᠋ᠠᠨ᠂ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠬᠠᠮᠢᠶ᠎ᠠ ᠪᠦᠬᠦᠢ ᠮᠡᠳᠡᠯᠭᠡ ᠵᠢ ᠲᠠᠢ᠌ᠯᠪᠤᠷᠢᠯᠠᠨ᠂ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠴᠡᠭ᠎ᠲᠤ ᠬᠦᠷᠴᠦ ᠵᠢᠵᠢᠭᠦᠷᠯᠡᠨ᠂ ᠪᠤᠰᠤᠳ ᠵᠢᠵᠢᠭᠦᠷᠯᠡᠭᠴᠢ᠎ᠳᠤ ᠬᠣᠭᠣᠯᠠ ᠪᠠ ᠡᠳᠦᠷ ᠲᠤᠲᠤᠮ᠎ᠤᠨ ᠬᠡᠷᠡᠭᠯᠡᠭᠡᠨ᠎ᠤ ᠵᠦᠢ᠍ᠯ᠎ᠢ ᠬᠦᠷᠭᠡᠪᠡ᠃ ᠠᠳᠢᠶ᠎ᠠ ᠦᠪᠡᠷ᠎ᠤᠨ ᠪᠤᠳᠠᠳᠤ ᠦᠢ᠍ᠯᠡ ᠠᠵᠢᠯᠯᠠᠭ᠎ᠠ᠎ᠪᠠᠷ ᠵᠶ᠋ᠠᠨ ᠬᠦᠴᠢᠷ᠎ᠢ ᠰᠥᠷᠦᠨ ᠤᠷᠤᠭᠰᠢᠯᠠᠬᠤ᠂ ᠳᠤᠷᠠᠲᠠᠶ᠎ᠠ ᠬᠤᠪᠢ ᠨᠡᠮᠡᠷᠢ ᠦᠵᠡᠭᠦᠯᠬᠦ᠂ ᠵᠣᠷᠢᠭᠲᠠᠢ᠎ᠪᠠᠷ ᠬᠠᠷᠢᠭᠤᠴᠠᠯᠭ᠎ᠠ ᠡᠬᠦᠷᠬᠡᠯᠡᠳᠡᠭ ᠬᠢᠯᠢ ᠬᠠᠮᠠᠭ᠋ᠠᠯᠠᠭᠴᠢ ᠵᠢᠨ ᠵᠣᠷᠢᠭ ᠰᠠᠨᠠᠭ᠎ᠠ ᠵᠢ ᠬᠠᠷᠠᠭᠤᠯᠤᠭᠰᠠᠨ ᠶᠤᠮ᠃
ᠰᠢ ᠵᠢᠨ ᠫᠢᠩ ᠶᠡᠷᠦᠩᠬᠡᠢ ᠱᠦᠵᠢ ᠥᠪᠥᠷ ᠮᠣᠩᠭᠣᠯ᠎ᠳᠤ ᠪᠠᠢ᠌ᠴᠠᠭ᠋ᠠᠨ ᠰᠤᠳᠤᠯᠤᠯᠲᠠ ᠬᠢᠬᠦ ᠳᠤ᠎ᠪᠠᠨ ᠶᠠᠷᠢᠭᠰᠠᠨ᠄ 《ᠡᠭᠦᠳᠡ ᠡᠷᠦᠬᠡ᠎ᠪᠠᠨ ᠰᠠᠢ᠌ᠲᠤᠷ ᠰᠠᠬᠢᠵᠤ᠂ ᠡᠬᠡ ᠤᠯᠤᠰ᠎ᠤᠨ ᠬᠢᠯᠢ ᠬᠢᠵᠠᠭ᠋ᠠᠷ ᠵᠶ᠋ᠠᠨ ᠰᠠᠢ᠌ᠲᠤᠷ ᠰᠠᠬᠢᠵᠤ᠂ ᠥᠪᠥᠷ ᠮᠣᠩᠭᠣᠯ᠎ᠤᠨ ᠴᠥᠭᠡᠨ ᠲᠣᠭ᠋ᠠᠲᠤ ᠦᠨᠳᠦᠰᠦᠲᠡᠨ᠎ᠤ ᠰᠠᠢ᠌ᠨ ᠰᠠᠢ᠌ᠬᠠᠨ ᠣᠶᠤᠨ ᠰᠠᠨᠠᠭ᠋ᠠᠨ᠎ᠤ ᠭᠡᠷ ᠣᠷᠣᠨ ᠵᠶ᠋ᠠᠨ ᠰᠠᠢ᠌ᠲᠤᠷ ᠰᠠᠬᠢᠵᠦ ᠬᠠᠮᠠᠭ᠋ᠠᠯᠠᠬᠤ ᠬᠡᠷᠡᠭᠲᠡᠢ》 ᠭᠡᠬᠦ ᠵᠢᠭ᠋ᠠᠪᠤᠷᠢ ᠵᠢ ᠠᠳᠢᠶ᠎ᠠ ᠬᠠᠨ᠎ᠠ ᠳᠡᠭᠡᠷ᠎ᠡ᠎ᠪᠠᠨ ᠡᠯᠭᠦᠨ ᠳᠡᠭᠡᠳᠦᠯᠡᠵᠦ ᠪᠠᠢ᠌ᠳᠠᠭ᠃ ᠠᠳᠢᠶ᠎ᠠ᠄ 《ᠡᠨᠡ ᠪᠣᠯ ᠮᠢᠨᠤ ᠢᠮᠠᠭᠲᠠ ᠵᠢᠨ ᠢᠲᠡᠭᠡᠯ ᠪᠠ ᠬᠥᠭᠡᠭᠡᠴᠡᠯᠳᠦᠯ ᠮᠥᠨ᠂ ᠪᠢ ᠥᠩᠭᠡᠷᠡᠭᠰᠡᠨ᠎ᠲᠠᠢ᠎ᠪᠠᠨ ᠠᠳᠠᠯᠢ᠎ᠪᠠᠷ ᠡᠨᠳᠡ ᠮᠠᠯ ᠵᠶ᠋ᠠᠨ ᠬᠠᠷᠢᠭᠤᠯᠵᠤ ᠬᠢᠯᠢ ᠬᠢᠵᠠᠭ᠋ᠠᠷ ᠵᠶ᠋ᠠᠨ ᠲᠣᠭᠣᠷᠢᠨ ᠪᠠᠢ᠌ᠴᠠᠭ᠋ᠠᠵᠤ᠂ ᠬᠡᠦᠬᠡᠳ᠎ᠲᠠᠢ᠎ᠪᠠᠨ ᠬᠠᠮᠲᠤ᠎ᠪᠠᠷ ᠲᠠᠷᠬᠠᠨ ᠮᠤᠤᠮᠢᠩᠭ᠋ᠠᠨ᠎ᠤ ᠲᠠᠯ᠎ᠠ ᠨᠤᠲᠤᠭ᠎ᠤᠨ ᠬᠢᠯᠢ ᠳᠤ ᠠᠮᠤᠷ ᠲᠦᠪᠰᠢᠨ᠎ᠤ ᠲᠣᠣᠷ᠎ᠢ ᠪᠠᠢ᠌ᠭᠤᠯᠤᠨ᠎ᠠ》 ᠬᠡᠵᠦ ᠬᠡᠯᠡᠨ᠎ᠡ᠃
ᠴᠡᠷᠢᠭ ᠪᠠᠢ᠌ᠭᠰᠠᠨ ᠭᠤᠷᠪᠠᠨ ᠵᠢᠯ᠎ᠤᠨ ᠲᠤᠷᠰᠢ᠂ ᠲᠡᠷᠡ ᠭᠠᠷ᠎ᠲᠤ᠎ᠪᠠᠨ ᠫᠤᠤ ᠠᠳᠬᠤᠨ ᠤᠯᠤᠰ ᠣᠷᠣᠨ ᠵᠶ᠋ᠠᠨ ᠬᠠᠮᠠᠭ᠋ᠠᠯᠠᠵᠤ ᠥᠩᠭᠡᠷᠡᠵᠡᠢ; ᠴᠡᠷᠢᠭ᠎ᠤᠨ ᠬᠤᠪᠴᠠᠰᠤ᠎ᠪᠠᠨ ᠲᠠᠢ᠌ᠯᠤᠭᠰᠠᠨ ᠴᠤ᠌ ᠲᠡᠷᠡ ᠮᠥᠨ ᠯᠡ ᠤᠭ ᠰᠠᠨᠠᠭ᠎ᠠ᠎ᠪᠠᠨ ᠮᠠᠷᠲᠠᠯ ᠦᠭᠡᠢ᠎ᠪᠠᠷ ᠬᠢᠯᠢ ᠬᠢᠵᠠᠭ᠋ᠠᠷ ᠵᠶ᠋ᠠᠨ ᠰᠠᠬᠢᠨ ᠬᠠᠮᠠᠭ᠋ᠠᠯᠠᠪᠠ; ᠦᠶ᠎ᠡ ᠵᠠᠯᠭ᠋ᠠᠨ ᠪᠤᠬᠢᠶ᠎ᠠ ᠳᠠᠮᠵᠢᠭᠤᠯᠵᠤ᠂ ᠬᠦᠦ᠎ᠨᠢ ᠡᠴᠢᠭᠡ ᠵᠢᠨ ᠵᠶ᠋ᠡᠨ ᠵᠣᠷᠢᠭ ᠰᠠᠨᠠᠭ᠎ᠠ ᠵᠢ ᠵᠠᠯᠭ᠋ᠠᠮᠵᠢᠯᠠᠨ ᠬᠢᠯᠢ ᠬᠠᠮᠠᠭ᠋ᠠᠯᠠᠪᠠ᠃ ᠨᠢᠭᠡᠨ ᠡᠭᠡᠯ ᠪᠣᠷᠣᠭᠵᠢᠭᠤᠨ ᠮᠠᠯᠴᠢᠨ᠂ ᠨᠢᠭᠡ ᠭᠡᠷ᠎ᠤᠨ᠎ᠬᠢᠨ᠎ᠤ ᠨᠠᠮ ᠵᠶ᠋ᠠᠨ ᠬᠠᠢ᠌ᠷᠠᠯᠠᠵᠤ ᠤᠯᠤᠰ᠎ᠲᠤ᠎ᠪᠠᠨ ᠵᠢᠳᠬᠦᠳᠡᠭ ᠬᠥᠪᠡᠭᠦᠳ ᠥᠬᠢᠳ᠂ ᠳᠡᠰᠪᠦᠷᠢ ᠬᠠᠲᠠᠭᠤᠵᠢᠯᠲᠠᠢ᠎ᠪᠠᠷ ᠴᠤᠴᠠᠯᠲᠠ ᠦᠭᠡᠢ ᠤᠷᠤᠭᠰᠢᠯᠠᠬᠤ ᠮᠣᠩᠭᠣᠯ ᠮᠣᠷᠢᠨ᠎ᠤ ᠵᠣᠷᠢᠭ ᠰᠠᠨᠠᠭ᠎ᠠ᠎ᠪᠠᠷ᠂ ᠰᠠᠢ᠌ᠨ ᠬᠥᠪᠡᠭᠦᠳ ᠥᠬᠢᠳ᠎ᠤᠨ ᠠᠤᠭ᠎ᠠ ᠵᠣᠷᠢᠭ ᠣᠮᠣᠭ ᠵᠢᠪᠬᠤᠭ᠎ᠠ᠎ᠪᠠᠷ ᠡᠬᠡ ᠤᠯᠤᠰ᠎ᠲᠤ᠎ᠪᠠᠨ ᠬᠦᠴᠦ᠎ᠪᠠᠨ ᠡᠷᠭᠦᠵᠦ᠂ ᠡᠬᠡ ᠤᠯᠤᠰ᠎ᠤᠨ ᠤᠮᠠᠷᠠᠲᠤ ᠬᠢᠯᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠠᠲᠤ ᠴᠣᠭᠴᠠᠯᠠᠭᠰᠠᠨ ᠢᠷᠠᠭᠤ ᠲᠤᠤᠯᠢ ᠵᠢ ᠪᠢᠴᠢᠭᠯᠡᠭᠰᠡᠨ ᠪᠠᠢ᠌ᠨ᠎ᠠ᠃
《ᠨᠠᠭᠤᠷ ᠠᠮᠤᠭᠤᠯᠠᠩ ᠪᠣᠯ ᠨᠤᠭᠤᠰᠤ ᠠᠮᠤᠭᠤᠯᠠᠩ》 ᠭᠡᠳᠡᠭ ᠵᠶ᠋ᠡᠷ ᠬᠥᠮᠥᠨ ᠴᠦ᠍ ᠠᠳᠠᠯᠢᠬᠠᠨ᠂ ᠠᠮᠤᠷ ᠲᠣᠭᠲᠠᠭᠤᠨ ᠡᠬᠡ ᠤᠯᠤᠰ ᠪᠠᠢ᠌ᠬᠤ ᠦᠭᠡᠢ ᠪᠣᠯ ᠠᠮᠤᠷ ᠠᠮᠤᠭᠤᠯᠠᠩ ᠠᠮᠢᠳᠤᠷᠠᠯ ᠪᠠᠢ᠌ᠵᠤ ᠴᠢᠳᠠᠬᠤ ᠦᠭᠡᠢ᠃ ᠭᠡᠷ ᠪᠦᠯᠢ ᠪᠣᠯ ᠬᠠᠮᠤᠭ᠎ᠤᠨ ᠪᠠᠭ᠎ᠠ ᠨᠢᠬᠡᠴᠢ ᠮᠥᠨ᠂ ᠤᠯᠤᠰ ᠤᠷᠤᠨ ᠪᠣᠯ ᠮᠢᠩᠭ᠎ᠠ ᠲᠦᠮᠡᠨ ᠭᠡᠷ ᠪᠦᠯᠢ᠎ᠪᠠᠷ ᠪᠦᠷᠢᠯᠳᠦᠳᠡᠭ ᠶᠤᠮ᠃ ᠨᠢᠭᠡ ᠯᠡ ᠰᠡᠳᠬᠢᠯ ᠵᠶ᠋ᠡᠷ ᠤᠯᠤᠰ ᠤᠷᠤᠨ ᠵᠶ᠋ᠠᠨ ᠪᠠᠭᠳᠠᠭ᠋ᠠᠨ ᠰᠠᠬᠢᠵᠦ᠂ ᠨᠢᠭᠡ ᠯᠡ ᠵᠢᠳᠬᠦᠯ ᠵᠶ᠋ᠡᠷ ᠠᠳᠠᠯ ᠦᠢ᠍ᠯᠡᠰ ᠵᠶ᠋ᠠᠨ ᠴᠣᠭᠴᠠᠯᠠᠨ᠎ᠠ᠃ ᠠᠳᠢᠶ᠎ᠠ ᠵᠢᠨ᠎ᠬᠢᠨ ᠲᠠᠪᠤᠨ ᠣᠳᠣᠲᠤ ᠤᠯᠠᠭ᠋ᠠᠨ ᠲᠤᠭ ᠵᠶ᠋ᠡᠨ ᠥᠨᠳᠥᠷ ᠮᠠᠨᠳᠤᠭᠤᠯᠵᠤ᠂ 《ᠳᠤᠮᠳᠠᠳᠤ ᠤᠯᠤᠰ》 ᠬᠡᠬᠦ ᠬᠣᠶᠠᠷ ᠦᠰᠦᠭ᠎ᠢ ᠬᠠᠮᠤᠭ᠎ᠤᠨ ᠢᠯᠡ ᠪᠠᠢ᠌ᠷᠢᠨ᠎ᠳᠤ ᠰᠢᠭᠢᠳᠬᠡᠵᠦ᠂ ᠭᠠᠵᠠᠷ ᠠᠭᠤᠳᠠᠮ ᠬᠥᠮᠥᠨ ᠰᠡᠢ᠌ᠷᠡᠭ ᠲᠠᠯ᠎ᠠ ᠨᠤᠲᠤᠭ᠎ᠤᠨ 《ᠳᠤᠮᠳᠠᠳᠤ ᠤᠯᠤᠰ᠎ᠤᠨ ᠤᠯᠠᠭ᠋ᠠᠨ》 ᠪᠣᠯᠣᠨ ᠲᠣᠳᠤᠷᠠᠵᠤ᠂ 《 ᠵᠠᠮᠴᠢ ᠲᠡᠮᠳᠡᠭ》 ᠪᠣᠯᠭ᠋ᠠᠭᠰᠠᠨ ᠪᠠᠢ᠌ᠨ᠎ᠠ᠃ ᠲᠡᠭᠦᠨ᠎ᠤ ᠰᠡᠳᠬᠢᠯ᠎ᠳᠤ ᠡᠬᠡ ᠤᠯᠤᠰ᠎ᠤᠨ ᠠᠰᠢᠭ ᠲᠤᠰᠠ ᠠᠯᠢᠪᠠ᠎ᠠᠴᠠ ᠡᠷᠬᠢᠮ᠂ ᠡᠬᠡ ᠤᠯᠤᠰ᠎ᠤᠨ ᠬᠡᠷᠡᠭᠴᠡᠭᠡ ᠪᠣᠯ ᠳᠠᠷᠤᠢ ᠥᠪᠡᠷ᠎ᠤᠨ ᠠᠵᠢᠯᠯᠠᠭ᠎ᠠ ᠮᠥᠨ᠃ ᠭᠠᠭᠴᠠ ᠬᠦ᠌ ᠡᠬᠡ ᠤᠯᠤᠰ᠎ᠤᠨ ᠬᠡᠷᠡᠭᠴᠡᠭᠡ ᠪᠣᠯᠣᠨ ᠬᠤᠪᠢ ᠬᠥᠮᠥᠨ᠎ᠤ ᠰᠣᠩᠭᠣᠯᠲᠠ ᠵᠢ ᠨᠢᠭᠲᠠ ᠤᠶᠠᠯᠳᠤᠭᠤᠯᠪᠠᠯ ᠰᠠᠶᠢ ᠬᠥᠮᠥᠨ᠎ᠤ ᠠᠮᠢᠳᠤᠷᠠᠯ᠎ᠤᠨ ᠦᠨ᠎ᠡ ᠥᠷᠲᠡᠭ᠎ᠢ ᠪᠡᠶᠡᠯᠡᠭᠦᠯᠵᠦ ᠴᠢᠳᠠᠬᠤ ᠠᠵᠢ᠃
ᠥᠪᠥᠷ ᠮᠣᠩᠭᠣᠯ᠎ᠤᠨ 4000 ᠭᠠᠷᠤᠢ ᠺᠢᠯᠣᠮᠧᠲᠷ ᠬᠢᠯᠢ ᠵᠢᠨ ᠱᠤᠭᠤᠮ ᠳᠤ ᠠᠳᠢᠶ᠎ᠠ ᠰᠢᠭ᠋ ᠲᠦᠭ ᠲᠦᠮᠡᠨ ᠬᠢᠯᠢ ᠵᠢᠨ ᠬᠠᠮᠠᠭ᠋ᠠᠯᠠᠭᠴᠢ ᠪᠣᠶ᠂ ᠲᠠᠳᠠ ᠦᠨᠡᠨᠴᠢ ᠰᠢᠳᠤᠷᠭᠤ ᠪᠠᠷ ᠬᠠᠷᠢᠭᠤᠴᠠᠯᠭ᠎ᠠ ᠡᠬᠦᠷᠬᠡᠯᠡᠨ᠂ ᠬᠤᠪᠢ ᠨᠡᠮᠡᠷᠢ ᠦᠵᠡᠬᠦᠯᠦᠭᠰᠡᠨᠤ ᠬᠠᠷᠠᠭ᠎ᠠ᠎ᠪᠠᠷ ᠬᠢᠯᠢ ᠬᠢᠵᠠᠭ᠋ᠠᠷ ᠠᠮᠤᠷ ᠲᠠᠢ᠌ᠪᠤᠩ᠂ ᠦᠨᠳᠦᠰᠦᠲᠡᠨ ᠪᠦᠬᠦᠨ ᠪᠦᠯᠬᠦᠮᠳᠡᠯ᠎ᠲᠠᠢ᠂ ᠨᠡᠢ᠌ᠭᠡᠮ ᠠᠮᠤᠷ ᠲᠣᠭᠲᠠᠭᠤᠨ᠂ ᠠᠷᠠᠳ ᠲᠦᠮᠡᠨ ᠠᠮᠤᠷ ᠲᠠᠢ᠌ᠪᠤᠩ ᠠᠵᠤ ᠲᠦᠷᠦᠭᠦ᠂ ᠠᠵᠤ ᠠᠬᠤᠢ ᠰᠣᠶᠣᠯ᠎ᠤᠨ ᠬᠦᠭᠵᠢᠯ ᠴᠡᠴᠡᠭᠯᠡᠯ᠎ᠢ ᠰᠣᠯᠢᠵᠤ ᠠᠪᠴᠢᠷᠠᠭᠰᠠᠨ ᠶᠤᠮ᠃ ᠬᠢᠯᠢ ᠬᠠᠮᠠᠭ᠋ᠠᠯᠠᠭᠴᠢ ᠵᠢᠨ ᠦᠯᠢᠭᠡᠷ ᠵᠢᠱ᠌ᠢᠶ᠎ᠡ᠎ᠠᠴᠠ ᠰᠤᠷᠤᠯᠴᠠᠬᠤ᠎ᠳᠤ᠂ 《ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ》 ᠨᠠᠶ᠋ᠢᠳᠠᠯᠭ᠎ᠠ ᠵᠢ ᠴᠠᠭ ᠢᠮᠠᠭᠲᠠ ᠪᠠᠲᠤ ᠴᠡᠭᠡᠵᠢᠯᠡᠵᠦ᠂ ᠡᠭᠦᠳᠡ ᠡᠷᠦᠬᠡ᠎ᠪᠠᠨ ᠰᠠᠢ᠌ᠲᠤᠷ ᠰᠠᠬᠢᠵᠤ᠂ ᠡᠬᠡ ᠤᠯᠤᠰ᠎ᠤᠨ ᠬᠢᠯᠢ ᠬᠢᠵᠠᠭ᠋ᠠᠷ ᠵᠶ᠋ᠠᠨ ᠰᠠᠢ᠌ᠲᠤᠷ ᠰᠠᠬᠢᠬᠤ ᠬᠡᠷᠡᠭᠲᠡᠢ; ᠠᠭᠤᠤ ᠶᠡᠬᠡ ᠡᠬᠡ ᠤᠯᠤᠰ᠂ ᠳᠤᠮᠳᠠᠳᠤ ᠵᠢᠨ ᠦᠨᠳᠦᠰᠦᠲᠡᠨ᠂ ᠳᠤᠮᠳᠠᠳᠤ ᠵᠢᠨ ᠰᠣᠶᠣᠯ᠂ ᠳᠤᠮᠳᠠᠳᠤ ᠤᠯᠤᠰ᠎ᠤᠨ ᠡᠪ ᠬᠠᠮᠲᠤ ᠨᠠᠮ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠲᠤᠬᠠᠢ ᠲᠠᠨᠢᠯᠲᠠ᠎ᠪᠠᠨ ᠲᠠᠰᠤᠷᠠᠯᠲᠠ ᠦᠭᠡᠢ ᠴᠢᠩᠭ᠋ᠠᠳᠬᠠᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠵᠤ᠂ ᠤᠯᠤᠰ ᠣᠷᠣᠨ᠎ᠤ ᠨᠢᠭᠡᠳᠦᠯ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ᠎ᠳᠤ ᠬᠦᠴᠦᠷᠬᠡᠭ ᠶᠡᠬᠡ ᠤᠶᠤᠨ ᠰᠠᠨᠠᠭ᠋ᠠᠨ᠎ᠤ ᠬᠦᠴᠦᠨ᠎ᠢ ᠨᠢᠭᠲᠠᠷᠠᠭᠤᠯᠬᠤ ᠬᠡᠷᠡᠭᠲᠡᠢ ᠶᠤᠮ᠃
ᠣᠷᠴᠢᠭᠤᠯᠤᠭᠴᠢ ᠵᠢᠨ ᠬᠠᠶᠢᠭ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠤᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠎ᠤᠨ ᠬᠢᠨᠠᠨ ᠣᠩᠰᠢᠬᠤ ᠬᠢᠨᠠᠨ ᠦᠵᠡᠬᠦ ᠲᠥᠪ