ᠪᠤᠶᠠᠨᠮᠦ᠋ᠩᠭᠡ ᠬᠢᠭᠡᠳ ︽ᠵᠠᠷᠤᠳ ᠨᠤᠳᠤᠭ ᠤᠨ ᠠᠭᠤᠯᠠ ᠤᠰᠤ︾
ᠨᠡᠶᠢᠲᠡᠯᠡᠭᠰᠡᠨ ᠴᠠᠭ᠄
2025/3/26
 ᠪᠤᠶᠠᠨᠮᠦ᠋ᠩᠭᠡ ᠬᠢᠭᠡᠳ ︽ᠵᠠᠷᠤᠳ ᠨᠤᠳᠤᠭ ᠤᠨ ᠠᠭᠤᠯᠠ ᠤᠰᠤ︾                                      ᠨᠠ᠊ · ᠬᠦᠬᠡᠰᠢᠭᠤᠢ ᠵᠤᠬᠢᠶᠠᠪᠠ                             ᠨᠢᠭᠡ           ᠰᠡᠳᠬᠢᠯ ᠰᠡᠷᠬᠦᠮ᠎ᠠ ᠵᠤᠨ ᠤ ᠨᠢᠭᠡ ᠤᠷᠤᠢ ᠢᠷᠠᠭᠤ ᠨᠠᠶᠢᠷᠠᠭᠴᠢ ᠬ᠋᠊ · ᠮᠠᠩᠬᠠᠨ ᠲᠡᠭᠦᠦ ᠤᠳᠠᠰᠤ ᠢᠷᠡᠭᠦᠯᠵᠤ ᠂ ᠪᠤᠶᠠᠨᠮᠦ᠋ᠩᠭᠡ ᠪᠠᠭᠰᠢ ᠶᠢᠨ ︽ᠵᠠᠷᠤᠳ ᠨᠤᠳᠤᠭ ᠤᠨ ᠠᠭᠤᠯᠠ ᠤᠰᠤ︾ ᠶᠢᠨ ᠭᠤᠷᠪᠠᠳᠤᠭᠠᠷ ᠪᠤᠳᠢ   ᠨᠢ ᠮᠡᠨᠳᠦᠯᠡᠴᠢᠬᠡᠯ᠎ᠡ᠃ ᠰᠢᠨᠡᠬᠡᠨ ᠢᠷᠡᠭᠰᠡᠨ ᠪᠡᠭᠡ ᠨᠢ ᠬᠠᠳᠠᠭ᠎ᠠ ᠦᠭᠡᠢ   ᠡᠨᠡ ᠬᠦ ᠨᠤᠮ ᠤᠨ ᠬᠡᠪᠯᠡᠭᠲᠡᠭᠰᠡᠨ ᠪᠠᠶᠠᠷ ᠢ ᠪᠢᠲᠡ ᠬᠡᠳᠦᠭᠦᠯᠡ ᠪᠡᠯᠭᠡᠯᠡᠬᠦ ᠪᠠᠷ ᠪᠠᠶᠢᠨ᠎ᠠ᠂ ᠪᠠᠭᠰᠢ ᠲᠠᠨ ᠢ ᠪᠢ ᠲᠤᠰᠬᠤ ᠪᠠᠷ ᠤᠴᠢᠶ᠎ᠡ ᠭᠡᠵᠤ ᠵᠠᠯᠠᠵᠤ ᠪᠠᠶᠢᠯ᠎ᠠ᠃  ᠮᠢᠨᠤ ᠮᠡᠳᠡᠵᠤ ᠪᠠᠶᠢᠬᠤ ᠪᠠᠷ ᠂ ︽ᠵᠠᠷᠤᠳ ᠨᠤᠳᠤᠭ ᠤᠨ ᠠᠭᠤᠯᠠ ᠤᠰᠤ︾ ᠶᠢᠨ ᠨᠢᠭᠡᠳᠦᠭᠡᠷ ᠪᠤᠳᠢ ᠨᠢ ᠭᠤᠤᠯᠳᠠᠭᠤ ᠵᠠᠷᠤᠳ ᠨᠤᠳᠤᠭ ᠤᠨ ᠭᠤᠤᠯ ᠭᠤᠷᠤᠬ᠎ᠠ᠂ ᠨᠠᠭᠤᠷ ᠱᠠᠩᠲᠠ ᠶᠢ ᠲᠡᠮᠳᠡᠭᠯᠡᠵᠤ᠂ ᠬᠤᠶᠠᠳᠤᠭᠠᠷ ᠪᠤᠳᠢ ᠨᠢ ᠠᠭᠤᠯᠠ ᠬᠠᠶᠢᠷᠬᠠᠨ᠂ ᠲᠠᠪᠠᠭ᠎ᠠ ᠬᠦᠳᠦᠯ ᠢ ᠲᠡᠮᠳᠡᠭᠯᠡᠵᠤ᠂ ᠭᠤᠷᠪᠠᠳᠤᠭᠠᠷ ᠪᠤᠳᠢ ᠨᠢ ᠲᠠᠯ᠎ᠠ ᠵᠢᠯᠠᠭ᠎ᠠ᠂ ᠮᠠᠩᠬ᠎ᠠ ᠵᠤ  ᠶᠢ ᠲᠡᠮᠳᠡᠭᠯᠡᠭᠰᠡᠨ ᠲᠡᠭᠦᠪᠦᠷᠢ ᠪᠤᠯᠬᠤ ᠶᠤᠮ᠃  ᠲᠤᠰ ᠢᠵᠢ ᠨᠤᠮ ᠤᠨ ᠭᠤᠷᠪᠠᠳᠤᠭᠠᠷ ᠪᠤᠳᠢ ᠨᠢ ᠨᠢᠭᠡᠨᠲᠡ ᠬᠡᠪᠯᠡᠯ  ᠳᠤ ᠤᠷᠤᠭᠰᠠᠨ ᠴᠢᠮᠡᠭᠡ ᠶᠢ ᠲᠦᠷᠦᠭᠦᠬᠡᠨ ᠪᠤᠶᠠᠨᠮᠦ᠋ᠩᠭᠡ ᠨᠦᠬᠦᠷ ᠲᠠᠢ  ᠸᠢᠴᠠᠲ ᠢᠶᠠᠷ ᠨᠡᠪᠲᠡᠷᠡᠬᠦ ᠵᠠᠭᠤᠷ᠎ᠠ ᠰᠤᠨᠤᠰᠴᠤ ᠪᠠᠶᠢᠭᠰᠠᠨ ᠪᠦᠭᠡᠳ ᠲᠦᠷᠬᠡᠨ ᠬᠡᠪᠯᠡᠭᠲᠡᠬᠦ ᠶᠢ  ᠨᠢ ᠬᠦᠰᠡᠨ ᠪᠠᠷᠠᠯᠠᠵᠤ ᠪᠠᠶᠢᠭᠰᠠᠨ ᠵᠠᠷᠤᠳ ᠤᠩᠰᠢᠭᠴᠢ  ᠶᠢᠨ ᠨᠢᠭᠡ ᠪᠤᠯᠬᠤᠷ ᠰᠢᠨ᠎ᠠ ᠨᠤᠮ ᠤᠨ ᠰᠤᠷᠠᠭ ᠢ ᠰᠤᠨᠤᠷᠲᠠᠭᠠᠳ ᠨᠡᠭᠡᠷᠡᠨ ᠰᠢᠬᠢᠷ ᠬᠦᠯᠬᠦᠭᠰᠡᠨ ᠬᠡᠦᠬᠡᠳ ᠰᠢᠭ ᠲᠡᠭᠳᠡᠯᠵᠡᠪᠠ᠃  ︽ᠬᠦᠨᠳᠦ ᠬᠡᠮᠡᠨ ᠪᠤᠤ ᠠᠶᠤ ᠡᠷᠭᠦᠪᠠᠰᠦ ᠲᠠᠭᠠᠭᠠᠶᠤ᠃  ᠬᠤᠯᠠ ᠬᠡᠮᠡᠨ ᠪᠤᠤ ᠴᠦᠬᠦ  ᠵᠤᠷᠢᠪᠠᠰᠤ ᠬᠦᠷᠦᠶᠦ︾ ᠭᠡᠳᠡᠭ ᠢᠶᠠᠷ ᠵᠠᠷᠤᠳ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠰᠠᠨᠠᠯ ᠲᠤᠷᠠᠳᠤᠯᠭ᠎ᠠ ᠪᠠᠷ ᠵᠠᠷᠤᠳ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠪᠠᠶᠢᠩᠭᠤ ᠶᠢᠨ ᠬᠤᠷᠢᠶ᠎ᠠ ᠲᠤᠰᠬᠠᠢ ᠪᠢᠴᠢᠭ  ᠮᠠᠲ᠋ᠧᠷᠢᠶᠠᠯ ᠪᠠᠭᠤᠯᠭᠠᠵᠤ᠂  ᠵᠠᠷᠤᠳ ᠨᠤᠳᠤᠭ ᠤᠨ ᠠᠭᠤᠯᠠ ᠤᠰᠤ ᠶᠢ ᠲᠡᠮᠳᠡᠭᠯᠡᠨ ᠪᠢᠴᠢᠬᠦ ᠠᠵᠢᠯ ᠢ ᠪᠤᠶᠠᠨᠮᠦ᠋ᠩᠭᠡ ᠨᠦᠬᠦᠷ ᠲᠤ ᠲᠠᠭᠠᠭᠠᠯᠭᠠᠭᠰᠠᠨ ᠢ  ᠲᠡᠷᠡ ᠪᠠᠷ  ᠵᠢᠷᠭᠤᠭᠠᠨ ᠵᠢᠯ ᠢᠯᠡᠭᠦᠦ ᠶᠢᠨ ᠴᠠᠭ ᠢ ᠵᠠᠷᠤᠴᠠᠭᠤᠯᠵᠤ 130 ᠲᠦᠮᠡᠨ ᠦᠰᠦᠭ ᠪᠦᠬᠦᠢ ᠭᠤᠷᠪᠠᠨ ᠪᠤᠳᠢ ᠨᠤᠮ ᠢ ᠨᠠᠶᠢᠷᠠᠭᠤᠯᠤᠨ ᠬᠡᠪᠯᠡᠭᠦᠯᠦᠭᠰᠡᠨ ᠨᠢ ᠨᠡᠭᠡᠷᠡᠨ ︽ᠴᠢᠷᠠᠢ ᠡᠴᠡᠵᠤ᠂ ᠮᠢᠬ᠎ᠠ ᠲᠤᠷᠠᠵᠤ᠂ ᠰᠢᠷᠪᠤᠰᠦ ᠰᠤᠩᠬᠤ︾ ᠶᠢᠨ ᠦᠢᠯᠡ ᠶᠢ ᠠᠮᠰᠠᠪᠠᠴᠤ ᠦᠨᠦᠳᠦᠷ ᠬᠠᠮᠤᠭ ᠰᠡᠭᠦᠯᠴᠢ ᠶᠢᠨ ᠭᠤᠷᠪᠠᠳᠤᠭᠠᠷ ᠪᠤᠳᠢ ᠤᠩᠰᠢᠭᠴᠢ ᠤᠯᠠᠨ ᠲᠠᠢ  ᠵᠤᠯᠭᠠᠬᠤ ᠪᠤᠯᠤᠭᠰᠠᠨ  ᠳᠤ ᠪᠢᠲᠠ ᠮᠦᠨ ᠲᠠᠭᠠᠨ  ᠪᠠᠶᠠᠰᠤᠯᠴᠠᠪᠠ᠃                                                          ᠬᠤᠶᠠᠷ          ᠪᠤᠶᠠᠨᠮᠦ᠋ᠩᠭᠡ ᠨᠦᠬᠦᠷ ᠲᠠᠢ ᠪᠢ ᠡᠷᠲᠡ ᠲᠠᠨᠢᠯᠴᠠᠳᠠᠭ᠃  ᠲᠡᠷᠡ ᠪᠠᠷ 1981 ᠤᠨ ᠳᠤ ᠪᠠᠭᠰᠢ ᠶᠢᠨ ᠰᠤᠷᠭᠠᠭᠤᠯᠢ ᠲᠡᠭᠦᠰᠴᠤ ᠂ ᠪᠠᠶᠠᠷᠳᠤᠬᠤᠰᠢᠭᠤ ᠲᠤᠮᠳᠠᠳᠤ ᠰᠤᠷᠭᠠᠭᠤᠯᠢ ᠳᠤ ᠠᠵᠢᠯ ᠤᠨ ᠭᠠᠷᠤᠭ᠎ᠠ ᠠᠪᠤᠭᠰᠠᠨ ᠠᠴᠠ ᠬᠤᠶᠢᠰᠢ ᠠᠵᠢᠯ ᠤᠨ ᠰᠡᠯᠡᠭᠦᠦ ᠪᠠᠷ ᠰᠢᠯᠦᠭ ᠬᠤᠯᠪᠤᠭ᠎ᠠ ᠪᠢᠴᠢᠵᠤ ︽ᠬᠤᠨ ᠭᠠᠯᠠᠭᠤ︾  ︽ᠵᠠᠯᠠᠭᠤ ᠵᠤᠬᠢᠶᠠᠯᠴᠢ︾ ︽ᠦᠪᠦᠷ ᠮᠤᠩᠭᠤᠯ ᠤᠨ ᠡᠳᠦᠷ ᠤᠨ ᠰᠤᠨᠢᠨ︾ ᠵᠡᠷᠭᠡ ᠰᠤᠨᠢᠨ ᠰᠡᠳᠬᠦᠯ ᠢᠶᠠᠷ ᠠᠯᠳᠠᠭ ᠤᠨᠤᠭ ᠨᠡᠶᠢᠲᠡᠯᠡᠭᠦᠯᠵᠤ ᠪᠠᠶᠢᠭᠰᠠᠨ ᠨᠢ ᠲᠡᠭᠦᠨ ᠤ ᠤᠷᠠᠨ ᠵᠤᠬᠢᠶᠠᠯ ᠳᠤ ᠲᠤᠷ᠎ᠠ ᠪᠠᠬ᠎ᠠ ᠲᠠᠢ ᠪᠠᠶᠢᠭᠰᠠᠨ ᠮᠦᠷᠲᠡᠭᠡᠨ ᠨᠠᠶᠢᠷᠠᠭᠤᠯᠵᠤ ᠪᠢᠴᠢᠬᠦ ᠠᠪᠢᠶᠠᠰ ᠨᠢ ᠬᠠᠷᠠᠬᠠᠨ ᠬᠦᠭᠵᠢᠩᠭᠦᠢ ᠪᠠᠶᠢᠭᠰᠠᠨ ᠢ ᠬᠠᠷᠠᠭᠤᠯᠵᠤ ᠪᠠᠶᠢᠵᠠᠢ᠃  ᠲᠤᠬᠠᠢ ᠶᠢᠨ ᠦᠶ᠎ᠡ ᠳᠤ ᠵᠠᠷᠤᠳ ᠬᠤᠰᠢᠭᠤᠨ ᠤ ᠰᠢᠨᠬᠤᠸᠠ ᠨᠤᠮ ᠤᠨ ᠲᠡᠯᠭᠡᠭᠦᠷ ᠲᠤ  ᠰᠢᠯᠦᠭᠴᠢ ᠯ᠊ · ᠤᠳᠽᠡᠷ ᠤᠨ ︽ᠡᠪᠡᠰᠦ ᠲᠡᠯᠡᠬᠡᠢ ᠬᠤᠶᠠᠷ ︾ ᠭᠡᠰᠡᠨ ᠰᠠᠶᠢᠬᠠᠨ ᠨᠤᠮ ᠢᠷᠡᠭᠰᠡᠨ ᠰᠤᠷᠠᠭ ᠢ ᠬᠠᠮᠳᠤ ᠰᠤᠷᠤᠭᠴᠢ ᠠᠴᠠ ᠪᠠᠨ ᠰᠤᠨᠤᠰᠤᠭᠠᠳ ᠲᠤᠰᠬᠠᠶᠢᠯᠠᠨ ᠯᠦᠪᠧᠢ ᠪᠠᠯᠭᠠᠰᠤᠨ ᠳᠤ ᠨᠤᠮ ᠠᠪᠬᠤ ᠪᠠᠷ  ᠢᠷᠡᠭᠰᠡᠨ ᠨᠢ ᠲᠡᠭᠦᠨ ᠤ ᠤᠷᠠᠨ ᠵᠤᠬᠢᠶᠠᠯ ᠤᠨ ᠵᠠᠯᠠᠭᠤᠰ  ᠪᠠᠶᠢᠭᠰᠠᠨ  ᠤ ᠪᠠᠳᠤ ᠭᠡᠷᠡᠴᠢ ᠪᠤᠯᠵᠤ ᠬᠤᠴᠤᠷᠴᠠᠢ᠃ ᠰᠡᠭᠦᠯ ᠤᠨ ᠦᠶ᠎ᠡ ᠳᠤ ᠲᠡᠷᠡ ᠪᠠᠭᠰᠢ ᠶᠢᠨ ᠠᠯᠪᠠᠨ ᠠᠴᠠ ᠵᠠᠰᠠᠭ ᠵᠠᠬᠢᠷᠭᠠᠨ ᠤ ᠠᠵᠢᠯ ᠳᠤ ᠰᠢᠯᠵᠢᠭᠰᠡᠨ ᠢᠶᠠᠷ ᠤᠷᠠᠨ ᠵᠤᠬᠢᠶᠠᠯ ᠤᠷᠤᠯᠳᠤᠬᠤ ᠴᠠᠭ ᠬᠤᠮᠰᠠᠳᠠᠵᠤ ᠨᠢᠭᠡᠨ ᠦᠶ᠎ᠡ ᠪᠢᠷ ᠢ ᠬᠤᠷᠢᠶᠠᠵᠤ ᠰᠤᠳᠤᠷ ᠢ ᠡᠪᠬᠡᠵᠤ ᠶᠠᠪᠤᠵᠠᠢ᠃        ᠠᠷᠪᠠᠭᠠᠳ ᠵᠢᠯ ᠤᠨ ᠡᠮᠤᠨ᠎ᠠ  ᠨᠠᠮ᠎ᠠ ᠶᠢ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠳᠤ ᠠᠵᠢᠯᠯᠠᠵᠤ ᠪᠠᠶᠢᠬᠤ ᠳᠤ ᠪᠤᠶᠠᠨᠮᠦ᠋ᠩᠭᠡ ᠨᠦᠬᠦᠷ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠲᠤᠪᠴᠢᠶ᠎ᠠ ᠳᠤ ᠲᠠᠷᠤᠭᠠᠯᠠᠵᠤ ᠪᠠᠶᠢᠭᠰᠠᠨ ᠪᠠ ᠮᠠᠨ ᠤ ᠬᠤᠶᠠᠷ ᠤᠨ ᠪᠠᠶᠢᠭᠤᠯᠭ᠎ᠠ ᠨᠢᠭᠡ ᠯᠡ ᠠᠰᠠᠷ ᠲᠤ ᠠᠯᠪᠠᠯᠠᠭᠰᠠᠨ ᠠᠴᠠ ᠬᠠᠷᠢᠯᠴᠠᠨ  ᠶᠠᠪᠤᠯᠴᠠᠵᠤ  ᠬᠠᠮᠲᠤ ᠪᠠᠷ ᠰᠤᠷᠤᠯᠴᠠᠬᠤ ᠰᠠᠶᠢᠬᠠᠨ ᠠᠵᠠ ᠲᠤᠬᠢᠶᠠᠯ ᠢ ᠤᠯᠭᠤᠭᠰᠠᠨ ᠶᠤᠮ᠃  ᠲᠡᠷᠡ ᠦᠶ᠎ᠡ ᠳᠤ ᠬᠤᠶᠠᠷ ᠪᠠᠶᠢᠭᠤᠯᠭ᠎ᠠ ᠪᠠᠷ ᠢᠶᠠᠨ ᠬᠠᠮᠵᠢᠯᠴᠠᠨ ︽ᠦᠨᠳᠦᠰᠦᠲᠡᠨ ᠤ ᠪᠦᠯᠭᠦᠮᠲᠡᠯ︾ ᠬᠤᠨᠳᠠᠭᠠᠳᠤ ᠰᠢᠯᠦᠭ ᠲᠠᠭᠤᠤ ᠶᠢᠨ ᠤᠷᠤᠯᠳᠤᠭᠠᠨ ᠢ ᠤᠳᠠᠭ᠎ᠠ ᠲᠠᠷᠠᠭᠠᠯᠠᠨ ᠵᠤᠬᠢᠶᠠᠨ ᠪᠠᠶᠢᠭᠤᠯᠵᠤ᠂ ᠦᠷᠭᠡᠨ ᠤᠯᠠᠨ ᠰᠢᠯᠦᠭᠴᠢ  ᠤᠷᠠᠯᠢᠭᠴᠢᠨ ᠢᠶᠠᠨ ᠤᠷᠮᠠᠰᠢᠭᠤᠯᠤᠨ ᠲᠡᠳᠬᠦᠵᠤ ᠪᠠᠶᠢᠭᠰᠠᠨ ᠢ ᠤᠳᠤ ᠡᠷᠬᠢᠴᠡᠭᠦᠯᠬᠦ ᠳᠤ ᠤᠷᠮ᠎ᠠ ᠲᠠᠢ ᠪᠠᠶᠢᠨ᠎ᠠ᠃  ᠪᠤᠶᠠᠨᠮᠦ᠋ᠩᠭᠡ ᠨᠦᠬᠦᠷ ᠤᠨ ᠨᠠᠳᠠ ᠳᠤ ᠦᠭᠭᠦᠭᠰᠡᠨ ᠰᠠᠭᠤᠭᠳᠠᠯ ᠭᠡᠪᠡᠯ ᠦᠨᠳᠦᠰᠦᠲᠡᠨ ᠤ ᠵᠠᠩ ᠦᠢᠯᠡ᠂ ᠨᠤᠳᠤᠭ ᠤᠰᠤᠨ ᠤ ᠦᠯᠢᠭᠡᠷ ᠲᠡᠦᠬᠡ᠂ ᠦᠯᠢᠭᠡᠷ ᠬᠤᠯᠪᠤᠭ᠎ᠠ ᠂ ᠤᠷᠳᠤ ᠶᠢᠨ ᠲᠠᠭᠤᠤ ᠳᠤ ᠮᠠᠰᠢ ᠲᠤᠷ᠎ᠠ ᠰᠤᠨᠢᠷᠬᠠᠯ ᠲᠠᠢ᠂ ᠬᠦᠮᠦᠨ ᠳᠤ  ᠶᠡᠭᠡ ᠲᠤᠰᠠᠷᠬᠠᠭ᠂ ᠠᠵᠢᠯ ᠳᠤ ᠮᠠᠰᠢ ᠰᠢᠭᠤᠷᠬᠠᠢ᠂ ᠦᠢᠯᠡᠰ  ᠲᠤ ᠪᠠᠨ ᠲᠤᠩ ᠬᠠᠶᠢᠷ᠎ᠠ ᠲᠠᠢ᠃    ᠠᠷᠪᠠ ᠭᠠᠷᠤᠢ ᠵᠢᠯ ᠤᠨ ᠡᠮᠤᠨ᠎ᠠ ᠬᠤᠭᠤᠷᠴᠢ ᠯᠤᠤᠽᠡᠷ  ᠨᠠᠰᠤ ᠪᠠᠷᠠᠭᠰᠠᠨ ᠳᠤ  ᠲᠡᠷᠡ ᠮᠠᠰᠢᠲᠠ ᠡᠮᠭᠡᠨᠢᠵᠤ ᠬᠡᠳᠦᠨ ᠠᠬ᠎ᠠ ᠲᠡᠭᠦᠦ ᠪᠠᠨ ᠲᠠᠭᠤᠳᠠᠵᠤ ᠲᠤᠷᠠᠳᠬᠠᠯ ᠮᠦᠷᠦᠭᠡᠳᠦᠯ ᠤᠨ ᠰᠢᠷᠡᠭᠡ ᠵᠠᠰᠠᠵᠤ ᠰᠡᠪ ᠰᠡᠮᠡᠬᠡᠷᠬᠡᠨ ᠨᠢᠯᠪᠤᠰᠤ ᠤᠷᠤᠰᠬᠠᠵᠤ ᠪᠠᠶᠢᠭᠰᠠᠨ ᠢ ᠪᠢ ᠤᠯᠵᠤ ᠬᠠᠷᠠᠭᠠᠳ ᠶᠠᠭᠠᠬᠢᠵᠤ ᠢᠳᠬᠠᠬᠤ ᠪᠠᠨ ᠤᠯᠬᠤ ᠦᠭᠡᠢ ᠪᠠᠶᠢᠭᠰᠠᠨ ᠶᠤᠮ ᠡ︕ ᠲᠠᠭᠤᠤ ᠶᠢ ᠰᠠᠶᠢᠬᠠᠨ ᠲᠠᠭᠤᠯᠠᠳᠠᠭ᠂ ᠬᠤᠭᠤᠷ ᠢ  ᠡᠭᠡᠰᠢᠭᠯᠡᠩᠲᠡᠢ ᠲᠠᠲᠠᠳᠠᠭ᠂ ᠮᠤᠩᠭᠤᠯ ᠦᠰᠦᠭ ᠢᠶᠠᠨ ᠢᠲᠡᠯᠢᠭ ᠰᠠᠶᠢᠬᠠᠨ ᠪᠢᠴᠢᠲᠡᠭ ᠡᠨᠡ ᠬᠦᠮᠦᠨ ᠢ ᠪᠢ ᠤᠳᠬ᠎ᠠ ᠤᠷᠠᠯᠢᠭ ᠤᠨ ᠵᠠᠮ ᠢᠶᠠᠷ ᠢᠶᠠᠨ ᠵᠠᠮᠨᠠᠭᠠᠳ ᠪᠠᠶᠢᠭᠰᠠᠨ ᠪᠤᠯ ᠶᠡᠭᠡ ᠶᠠᠭᠤᠮ᠎ᠠ ᠪᠦᠳᠦᠭᠡᠵᠤ ᠪᠤᠯᠬᠤ ᠬᠦᠮᠦᠨ ᠳ᠋ᠠ ᠭᠡᠵᠤ ᠪᠢᠲᠡᠭᠦᠬᠡᠨ  ᠳᠤ ᠪᠠᠨ ᠪᠤᠳᠤᠵᠤ ᠪᠠᠶᠢᠭᠰᠠᠨ  ᠢᠶᠠᠨ ᠨᠢᠭᠤᠬᠤ ᠦᠭᠡᠢ᠃  ᠦᠭᠡ ᠶᠢ ᠨᠢ ᠪᠢ ᠪᠢᠴᠢᠵᠤ᠂ ᠠᠶ᠎ᠠ ᠶᠢ ᠨᠢ ᠴᠢᠯᠠᠭᠤ ᠵᠤᠬᠢᠶᠠᠭᠰᠠᠨ ︽ᠵᠡᠭᠦᠳᠦᠨ ᠴᠡᠩᠭᠡᠷ ᠵᠠᠷᠤᠳ︾ ᠲᠠᠭᠤᠤ ᠶᠢ  ᠠᠩᠬ᠎ᠠ ᠰᠤᠨᠤᠰᠤᠭᠠᠳ ᠰᠡᠳᠬᠢᠯ ᠬᠦᠲᠡᠯᠬᠦ  ᠳᠤ ᠪᠠᠨ ᠨᠢᠭᠡ ᠰᠦᠨᠢ ᠬᠤᠭᠤᠷᠲᠠᠵᠤ ᠬᠤᠨᠤᠭᠰᠠᠨ ᠡᠨᠡ ᠬᠦᠮᠦᠨ ᠤ ᠤᠳᠬ᠎ᠠ ᠤᠷᠠᠯᠢᠭ ᠤᠨ ᠲᠤᠷ᠎ᠠ ᠪᠠᠭ᠋ᠠᠷᠬᠠᠯ ᠬᠢᠷᠢ ᠵᠡᠷᠭᠡ ᠭᠡᠰᠡᠨ ᠢ ᠬᠡᠯᠡᠬᠦ ᠦᠭᠡᠢ ᠳᠤ  ᠴᠦ  ᠬᠦᠮᠦᠰ ᠮᠡᠳᠡᠨ᠎ᠡ᠃            ᠰᠡᠬᠦᠯ ᠤᠨ ᠦᠶ᠎ᠡ ᠳᠤ ᠪᠢ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠳᠤ ᠠᠵᠢᠯ ᠰᠢᠯᠵᠢᠵᠤ ᠂ ᠲᠡᠷᠡ ᠪᠠᠰᠠ ᠠᠷᠠᠳ ᠤᠨ ᠲᠦᠯᠦᠭᠡᠯᠡᠭᠴᠢᠳ ᠤᠨ ᠪᠠᠶᠢᠩᠭᠤ ᠶᠢᠨ ᠬᠤᠷᠢᠶ᠎ᠠ ᠳᠤ ᠠᠵᠢᠯ ᠰᠢᠯᠵᠢᠭᠰᠡᠨ ᠢᠶᠠᠷ ᠪᠢᠲᠡ ᠬᠤᠶᠠᠷ ᠬᠤᠶᠠᠳᠠᠬᠢ ᠤᠳᠠᠭ᠎ᠠ ᠨᠢᠭᠡ ᠠᠰᠠᠷ ᠲᠤ ᠠᠯᠪᠠᠯᠠᠬᠤ ᠬᠤᠪᠢ ᠢᠷᠦᠭᠡᠯ ᠲᠤᠬᠢᠶᠠᠭᠰᠠᠨ ᠶᠤᠮ ᠡ᠃  ᠡᠩ ᠤᠨ ᠴᠠᠭ ᠲᠤ ᠬᠤᠷᠠᠯ ᠬᠤᠢ ᠭᠡᠳ ᠵᠤᠬᠢᠶᠠᠨ ᠪᠦᠳᠦᠬᠡᠬᠦ ᠴᠠᠭ ᠬᠤᠮᠰᠠ ᠪᠤᠯᠬᠤᠷ ᠪᠢ ᠭᠠᠷᠠᠭ ᠤᠨ ᠠᠮᠠᠷᠠᠯᠲᠠ ᠶᠢᠨ ᠬᠤᠶᠠᠷ ᠡᠳᠦᠷ ᠢ ᠠᠰᠢᠭᠯᠠᠵᠤ ᠠᠯᠪᠠᠨ ᠭᠡᠷ ᠲᠤ ᠢᠷᠡᠭᠡᠳ ᠨᠤᠮ ᠰᠤᠳᠤᠷ ᠲᠠᠢ ᠨᠦᠬᠦᠴᠡᠳᠡᠭ ᠵᠠᠩᠰᠢᠯ ᠲᠠᠢ᠃   ᠤᠷᠢᠳᠤ ᠨᠢ ᠪᠢ ᠲᠡᠮᠡᠢ ᠤᠪᠠᠶᠢᠯᠠᠭᠰᠠᠨ ᠦᠭᠡᠢ᠂ ᠬᠡᠵᠢᠶ᠎ᠡ ᠬᠤᠶᠢᠨ᠎ᠠ ᠨᠢ ᠰᠠᠶ᠋ᠢ ᠪᠤᠶᠠᠨᠮᠦ᠋ᠩᠭᠡ ᠨᠦᠬᠦᠷ ᠤᠨ ᠮᠤᠲ᠋ᠤᠷ  ᠬᠡᠵᠢᠶᠡᠲᠡ ᠠᠯᠪᠠᠨ ᠠᠰᠠᠷ ᠤᠨ ᠠᠷᠤ ᠳᠤ ᠵᠤᠭᠰᠤᠵᠤ ᠪᠠᠶᠢᠳᠠᠭ ᠨᠢ ᠲᠡᠷᠡ ᠪᠠᠰᠠ ᠭᠠᠷᠠᠭ ᠤᠨ ᠠᠮᠠᠷᠠᠯᠳᠠ  ᠪᠠᠷ ᠠᠯᠪᠠᠯᠠᠬᠤ ᠭᠡᠷ  ᠲᠤ ᠪᠠᠨ ᠰᠤᠷᠪᠤᠯᠵᠢᠯᠠᠵᠤ ᠢᠷᠡᠭᠰᠡᠨ ︽  ᠵᠠᠷᠤᠳ ᠨᠤᠳᠤᠭ ᠤᠨ ᠠᠭᠤᠯᠠ ᠤᠰᠤ︾ ᠪᠠᠨ ᠨᠠᠶᠢᠷᠠᠭᠤᠯᠤᠨ ᠲᠡᠮᠳᠡᠭᠯᠡᠵᠤ ᠪᠠᠶᠢᠭᠰᠠᠨ ᠪᠦᠯᠦᠭᠡ᠃  ᠵᠢᠷᠭᠤᠭᠠᠨ ᠵᠢᠯ ᠢᠯᠡᠭᠦᠦ ᠶᠢᠨ ᠴᠠᠭ᠂ ᠬᠤᠶᠠᠷ ᠮᠢᠩᠭ᠎ᠠ ᠢᠯᠡᠬᠦᠦ ᠡᠳᠦᠷ ᠬᠤᠨᠤᠭ᠂ ᠤᠨᠴᠠᠭᠠᠢ ᠵᠠᠷᠢᠮ ᠠᠮᠠᠷᠠᠯᠲᠠ ᠶᠢ ᠭᠠᠷᠭᠠᠪᠠᠯ ᠪᠤᠶᠠᠨᠮᠦ᠋ᠩᠭᠡ ᠨᠦᠬᠦᠷ ᠠᠮᠠᠷᠠᠯᠳᠠ ᠶᠢᠨ ᠡᠳᠦᠷ ᠬᠤᠨᠤᠭ ᠢ ᠪᠠᠷᠤᠭ ᠪᠦᠷ ᠡᠨᠡ ᠨᠤᠮ ᠳᠤ ᠵᠠᠷᠤᠴᠠᠭᠤᠯᠤᠭᠰᠠᠨ ᠭᠡᠬᠦ ᠳᠤ ᠲᠦᠯᠬᠢᠬᠦᠦ ᠬᠡᠯᠡᠭᠰᠡᠨ ᠦᠬᠡ ᠪᠢᠰᠢ᠃  ᠬᠠᠶᠠ ᠵᠠᠷᠢᠮ ᠦᠭᠡ ᠦᠰᠦᠭ ᠢ ᠶᠠᠭᠠᠬᠢᠵᠤ ᠪᠢᠴᠢᠬᠦ ᠲᠤᠬᠠᠢ ᠨᠠᠳᠠ ᠠᠴᠠ ᠯᠠᠪᠯᠠᠬᠤ ᠪᠠᠷ ᠮᠢᠨᠤ ᠠᠯᠪᠠᠨ ᠭᠡᠷ ᠲᠤ ᠢᠷᠡᠳᠡᠭ ᠃ ᠪᠢ ᠲᠡᠭᠦᠨ ᠳᠤ ᠄ 《ᠲᠤᠰ ᠨᠤᠮ ᠲᠠᠨ ᠤ ᠦᠢᠯᠡ ᠶᠢ ᠪᠠᠷᠠᠭᠠᠵᠤ ᠪᠠᠶᠢᠨ᠎ᠠ ᠳ᠋ᠠ 》ᠭᠡᠵᠤ ᠬᠡᠯᠡᠬᠦ  ᠳᠤ  ᠲᠡᠷᠡ ᠪᠠᠷ᠄《 ᠠᠷᠠᠳ ᠤᠨ ᠲᠦᠯᠦᠭᠡᠯᠡᠭᠴᠢ ᠨᠠᠷ ᠵᠢᠴᠢ ᠦᠯᠵᠡᠶᠢᠮᠡᠨᠳᠤ ᠂ ᠪᠠᠶᠠᠨᠰᠠᠩ᠂ ᠡᠤ ᠴᠢᠩ ᠬᠠᠢ ᠡᠷᠬᠢᠯᠡᠭᠴᠢ ᠶᠢᠨ  ᠢᠲᠡᠭᠡᠯ ᠨᠠᠶᠢᠲᠠᠯᠭ᠎ᠠ ᠢ ᠬᠦᠰᠡᠷᠲᠡᠭᠦᠯᠬᠦ ᠦᠭᠡᠢ ᠶᠢᠨ ᠲᠦᠯᠦᠭᠡ ᠢᠩᠭᠢᠵᠤ ᠯᠡ ᠴᠢᠷᠮᠠᠶᠢᠵᠤ ᠶᠠᠪᠤᠭ᠎ᠠ ᠰᠢᠦ᠂ ᠲᠡᠭᠡᠪᠡᠴᠤ ᠮᠠᠨ ᠤ ᠮᠤᠩᠭᠤᠯ ᠦᠭᠡᠨ ᠤ 〈 ᠲᠤᠷ᠎ᠠ ᠳᠤ ᠰᠢᠷ᠎ᠠ ᠦᠭᠡᠢ 〉 ᠭᠡᠳᠡᠭ ᠶᠠᠭ ᠲᠠᠭᠠᠷᠠᠨ᠎ᠠ᠂ ᠮᠠᠨ ᠤ ᠦᠶ᠎ᠡ ᠳᠤ ᠡᠨᠡ ᠨᠡᠷᠡᠶᠢᠳᠦᠯ ᠢ ᠲᠡᠮᠳᠡᠭᠯᠡᠵᠤ ᠦᠯᠡᠳᠡᠬᠦ ᠨᠢ ᠮᠢᠨᠤ ᠬᠠᠷᠢᠭᠤᠴᠠᠯᠭ᠎ᠠ ᠰᠢᠦ》 ᠭᠡᠵᠤ ᠮᠠᠭ ᠮᠠᠭ ᠬᠦᠬᠦᠷᠡᠵᠤ ᠪᠠᠶᠢᠯ᠎ᠠ᠃           ᠲᠡᠷᠡ ᠪᠠᠷ ᠤᠤᠯ  ᠳᠤ ᠪᠠᠨ ᠭᠠᠵᠠᠷ ᠵᠦᠢ ᠶᠢᠨ ᠪᠠᠭᠰᠢ᠂ ᠭᠠᠯ ᠢ ᠰᠡᠷᠭᠡᠶᠢᠯᠡᠬᠦ ᠠᠯᠪᠠᠨ ᠭᠡᠷ ᠤᠨ ᠡᠷᠬᠢᠯᠡᠭᠴᠢ ᠪᠠᠶᠢᠭᠰᠠᠨ ᠪᠤᠯᠬᠤᠷ ᠵᠠᠷᠤᠳ ᠨᠤᠳᠤᠭ ᠤᠨ ᠠᠭᠤᠯᠠ ᠤᠰᠤ ᠪᠠᠨ ᠠᠯᠠᠭᠠᠨ  ᠵᠢᠷᠤᠭᠠᠰᠤ ᠪᠠᠨ ᠰᠢᠭ᠋ ᠦᠢᠯᠠᠭᠠᠳᠠᠭ ᠮᠦᠷᠲᠡᠭᠡᠨ ᠲᠡᠭᠦᠨ ᠤ ᠲᠡᠮᠳᠡᠭᠯᠡᠭᠰᠡᠨ ᠠᠭᠤᠯᠠ ᠲᠠᠪᠠᠭᠠᠨ ᠤ ᠦᠨᠳᠦᠷᠴᠡ ᠶᠢᠨ ᠬᠡᠮᠵᠢᠶ᠎ᠡ ᠨᠢ ᠰᠢᠨᠵᠢᠯᠡᠬᠦ ᠤᠬᠠᠭᠠᠨ ᠤ ᠦᠨᠳᠦᠰᠦ ᠪᠠᠷᠢᠮᠳᠠ ᠲᠠᠢ ᠪᠠᠶᠢᠳᠠᠭ᠃ ᠪᠦᠷᠢᠨ ᠪᠤᠰᠤ ᠪᠦᠷᠢᠳᠬᠡᠯ ᠢᠶᠠᠷ᠂ ᠪᠤᠶᠠᠨᠮᠦ᠋ᠩᠭᠡ ᠨᠦᠬᠦᠷ ᠤᠨ ᠨᠠᠶᠢᠷᠠᠭᠤᠯᠤᠨ ᠵᠤᠬᠢᠶᠠᠭᠰᠠᠨ ︽ᠵᠠᠷᠤᠳ ᠨᠤᠳᠤᠭ ᠤᠨ ᠠᠭᠤᠯᠠ ᠤᠰᠤ︾ ᠤᠨ 《ᠨᠢᠭᠡᠳᠦᠭᠡᠷ ᠪᠤᠳᠢ — ᠭᠤᠤᠯ ᠭᠤᠷᠤᠬ᠎ᠠ ᠨᠠᠭᠤᠷ ᠱᠠᠩᠳᠠ》 ᠳᠤ100 ᠭᠠᠷᠤᠢ ᠭᠤᠤᠯ ᠭᠤᠷᠤᠬ᠎ᠠ᠂ 70 ᠭᠠᠷᠤᠢ ᠨᠠᠭᠤᠷ ᠬᠠᠭ᠂  300 ᠢᠯᠡᠭᠦᠦ ᠪᠤᠯᠠᠭ ᠱᠠᠩᠲᠠ ᠶᠢᠨ ᠨᠡᠷᠡᠶᠢᠳᠦᠯ  ᠤᠨ ᠢᠷᠠᠯ ᠭᠠᠷᠤᠯ᠂ ᠤᠨᠴᠠᠯᠢᠭ ᠰᠢᠨᠵᠢ᠂ ᠪᠠᠶᠢᠷᠢᠰᠢᠯ ᠵᠢᠴᠢ ᠲᠡᠭᠦᠨ ᠤ ᠬᠠᠮᠢᠶ᠎ᠠ ᠲᠠᠢ ᠦᠯᠢᠭᠡᠷ ᠲᠤᠮᠤᠭ ᠢ ᠲᠤᠳᠤᠷᠬᠠᠶᠢᠯᠠᠨ ᠲᠠᠶᠢᠯᠪᠤᠷᠢᠯᠠᠵᠤ᠂ 《 ᠬᠤᠶᠠᠳᠤᠭᠠᠷ ᠪᠤᠳᠢ — ᠠᠭᠤᠯᠠ ᠬᠠᠶᠢᠷᠬᠠᠨ᠂ ᠲᠠᠪᠠᠭ᠎ᠠ ᠬᠦᠳᠦᠯ》 ᠳᠤ 5000 ᠭᠠᠷᠤᠢ ᠠᠭᠤᠯᠠ ᠬᠠᠶᠢᠷᠬᠠᠨ᠂  400 ᠭᠠᠷᠤᠢ ᠲᠠᠪᠠᠭ᠎ᠠ ᠬᠦᠲᠦᠯ  ᠤᠨ ᠨᠡᠷᠡᠶᠢᠳᠦᠯ ᠤᠨ ᠤᠨᠴᠠᠯᠢᠭ ᠰᠢᠨᠵᠢ᠂ ᠢᠷᠠᠯ ᠭᠠᠷᠤᠯ᠂ ᠭᠠᠵᠠᠷ ᠤᠨ ᠪᠠᠶᠢᠴᠠ ᠪᠠᠶᠢᠷᠢᠰᠢᠯ ᠦᠨᠳᠦᠷᠴᠡ ᠶᠢᠨ ᠬᠡᠮᠵᠢᠶ᠎ᠡ ᠂ ᠦᠯᠢᠭᠡᠷ ᠲᠤᠮᠤᠭ ᠢ ᠲᠡᠮᠳᠡᠭᠯᠡᠨ ᠪᠢᠴᠢᠵᠤ᠂  《ᠭᠤᠷᠪᠠᠳᠤᠭᠠᠷ ᠪᠤᠳᠢ — ᠲᠠᠯ᠎ᠠ ᠵᠢᠯᠠᠭ᠎ᠠ ᠮᠠᠩᠬ᠎ᠠ ᠵᠤ 》 ᠳᠤ 1200 ᠭᠠᠷᠤᠢ ᠲᠠᠯ᠎ᠠ ᠵᠢᠯᠠᠭ᠎ᠠ᠂ ᠭᠤᠤ ᠭᠠᠩᠭ᠎ᠠ᠂  ᠬᠠᠪᠴᠢᠯ ᠬᠦᠨᠲᠡᠢ᠂ ᠲᠡᠨᠵᠢ ᠲᠤᠰᠢ ᠪᠠ 500 ᠭᠠᠷᠤᠢ ᠡᠯᠡᠰᠦ ᠮᠠᠩᠬ᠎ᠠ᠂ ᠪᠤᠷᠤ ᠵᠤ ᠶᠢᠨ ᠨᠡᠷᠡᠶᠢᠳᠦᠯ ᠤᠨ ᠢᠷᠡᠯ ᠭᠠᠷᠤᠯ᠂ ᠤᠨᠴᠠᠯᠢᠭ ᠰᠢᠨᠵᠢ᠂ ᠪᠠᠶᠢᠴᠠ ᠪᠠᠶᠢᠷᠢᠰᠢᠯ ᠪᠠ ᠦᠯᠢᠭᠡᠷ ᠲᠤᠮᠤᠭ ᠢ ᠲᠤᠳᠤᠭᠬᠠᠨ ᠲᠠᠶᠢᠯᠪᠤᠷᠢᠯᠠᠵᠠᠢ᠃ ᠪᠦᠬᠦᠶᠢᠯᠡ ᠢᠵᠢ ᠨᠤᠮ ᠳᠤ ᠢᠯᠡᠭᠦᠦ ᠲᠤᠳᠠᠭᠤ ᠨᠦᠬᠦᠪᠦᠷᠢᠯᠡᠵᠤ ᠪᠢᠴᠢᠭᠰᠡᠨ ᠢ ᠨᠡᠶᠢᠯᠡᠭᠦᠯᠵᠤ ᠪᠤᠳᠤᠪᠠᠯ 8000 ᠰᠢᠬᠠᠮ ᠭᠠᠵᠠᠷ ᠤᠰᠤ ᠶᠢᠨ ᠨᠠᠷ᠎ᠠ ᠨᠡᠷᠡᠶᠢᠳᠦᠯ ᠢ ᠪᠦᠷᠢᠳᠬᠡᠨ ᠪᠢᠴᠢᠭᠰᠡᠨ ᠪᠠᠶᠢᠨ᠎ᠠ᠃                                                          ᠭᠤᠷᠪᠠ             ᠪᠤᠶᠠᠨᠮᠦ᠋ᠩᠭᠡ ᠨᠦᠬᠦᠷ ᠦᠪᠡᠷ ᠢᠶᠠᠨ ᠦᠰᠦᠭ ᠴᠤᠬᠢᠵᠤ ᠴᠢᠲᠠᠬᠤ ᠦᠭᠡᠢ ᠪᠤᠯᠬᠤᠷ ᠪᠤᠢ ᠪᠦᠬᠦᠢ ᠰᠤᠷᠪᠤᠯᠵᠢᠯᠠᠭᠰᠠᠨ‌ᠮᠠᠲ᠋ᠧᠷᠢᠶᠠᠯ ᠲᠡᠮᠳᠡᠭᠯᠡᠭᠰᠡᠨ ᠵᠦᠢᠯᠡᠰ ᠨᠢ ᠪᠦᠷ ᠯᠡ ᠭᠠᠷ ᠪᠢᠴᠢᠮᠡᠯ ᠪᠠᠶᠢᠳᠠᠭ᠃ 130 ᠲᠦᠮᠡᠨ ᠦᠰᠦᠭ ᠪᠦᠬᠦᠢ ᠭᠤᠷᠪᠠᠨ ᠪᠤᠳᠢ ᠨᠤᠮ ᠢ ᠭᠠᠷ ᠪᠢᠴᠢᠮᠡᠯ ᠢᠶᠠᠷ ᠬᠡᠳᠦ ᠤᠳᠠᠭ᠎ᠠ ᠬᠠᠭᠤᠯᠵᠤ ᠲᠡᠮᠳᠡᠭᠯᠡᠨ᠎ᠡ ᠭᠡᠳᠡᠭ  ᠬᠡᠴᠢᠨᠡᠭᠡᠨ ᠶᠡᠭᠡ ᠬᠦᠴᠦ ᠬᠦᠯᠦᠰᠦ ᠂  ᠬᠡᠴᠢᠨᠡᠬᠡᠨ  ᠠᠷᠪᠢᠨ ᠴᠠᠭ ᠮᠦᠴᠡ ᠵᠠᠷᠤᠴᠠᠭᠤᠯᠤᠨ᠎ᠠ ᠭᠡᠳᠡᠭ ᠢ ᠪᠤᠳᠤᠪᠠᠯ ᠪᠢᠰᠢᠷᠡᠯ ᠲᠦᠷᠦᠭᠲᠡᠨ᠎ᠡ᠃ ᠵᠢᠷᠭᠤᠭᠠᠨ ᠵᠢᠯ ᠢᠯᠡᠭᠦᠦ ᠶᠢᠨ ᠴᠠᠭ ᠬᠤᠭᠤᠴᠠᠭ᠎ᠠ᠂ ᠵᠢᠷᠭᠤᠭᠠᠨ ᠵᠠᠭᠤ ᠭᠠᠷᠤᠢ ᠬᠦᠮᠦᠨ  ᠢ ᠰᠤᠷᠪᠤᠯᠵᠢᠯᠠᠭᠰᠠᠨ ᠲᠡᠮᠳᠡᠭᠯᠡᠯ᠂ ᠵᠢᠷᠠ ᠭᠠᠷᠤᠢ ᠲᠡᠮᠳᠡᠭᠯᠡᠯ ᠤᠨ ᠲᠡᠪᠳᠡᠷ ᠪᠤᠯᠤᠨ ᠵᠢᠷᠠ ᠭᠠᠷᠤᠢ ᠰᠢᠨ᠎ᠠ ᠬᠠᠭᠤᠴᠢᠨ ᠭᠠᠵᠠᠷ ᠤᠨ ᠵᠢᠷᠤᠭ᠂ ᠬᠤᠶᠢᠨ᠎ᠠ ᠡᠮᠤᠨ᠎ᠠ ᠵᠢᠷᠭᠤᠭᠠᠨ ᠲᠦᠮᠡ ᠢᠯᠡᠭᠦᠦ ᠭᠠᠵᠠᠷ ᠤᠨ ᠠᠶᠠᠯᠠᠯ ᠁  ᠡᠳᠡᠭᠡᠷ ᠵᠢᠯ  ᠤᠨ ᠲᠤᠷᠰᠢ ︽ᠵᠠᠷᠤᠳ ᠨᠤᠳᠤᠭ ᠤᠨ ᠠᠭᠤᠯᠠ ᠤᠰᠤ︾ ᠶᠢᠨ ᠨᠡᠷᠡᠶᠢᠳᠦᠯ ᠢ ᠲᠡᠮᠳᠡᠭᠯᠡᠨ ᠦᠯᠡᠳᠡᠭᠡᠬᠦ ᠶᠢᠨ ᠲᠦᠯᠦᠭᠡ ᠪᠤᠶᠠᠨᠮᠦ᠋ᠩᠭᠡ ᠨᠦᠬᠦᠷ ᠵᠠᠷᠤᠳ ᠨᠤᠳᠤᠭ ᠤᠨ ᠠᠭᠤᠯᠠ ᠠᠭᠤᠯᠠᠨ ᠤ ᠰᠤᠵᠠᠭ ᠢ ᠲᠤᠭᠤᠯᠵᠤ᠂ ᠤᠰᠤ ᠮᠦᠷᠡᠨ ᠤ ᠤᠯᠤᠮ ᠢ ᠭᠡᠳᠦᠯᠵᠤ᠂ ᠤᠲᠤᠷ ᠲᠤᠪᠤ ᠪᠠᠷ ᠰᠤᠷᠪᠤᠯᠵᠢᠯᠠᠨ ᠤᠯᠠᠨ ᠲᠦᠮᠡᠨ ᠤ ᠲᠤᠮᠳᠠ ᠭᠦᠨᠵᠡᠭᠡᠶᠢᠷᠡᠵᠤ᠂ ᠮᠠᠰᠢᠨ ᠲᠡᠷᠭᠡ ᠤᠷᠤᠵᠤ ᠲᠡᠶᠢᠯᠬᠦ ᠦᠭᠡᠢ ᠭᠠᠵᠠᠷ ᠮᠤᠲ᠋ᠤᠷ ᠢᠶᠠᠷ ᠵᠠᠮᠨᠠᠨ᠎ᠠ᠂ ᠮᠤᠲ᠋ᠤᠷ ᠶᠠᠪᠤᠵᠤ ᠲᠡᠶᠢᠯᠬᠦ ᠦᠭᠡᠢ ᠭᠠᠵᠠᠷ ᠶᠠᠪᠠᠭᠠᠨ ᠢᠶᠠᠷ ᠬᠦᠷᠦᠨ᠎ᠡ᠃ ᠲᠡᠭᠦᠨ ᠤ   ᠡᠨᠡ ᠬᠦ ᠦᠢᠯᠡ ᠠᠵᠢᠯᠯᠠᠭ᠎ᠠ ᠶᠢ  ᠨᠢ ᠨᠤᠳᠤᠭ ᠤᠨ ᠪᠤᠭᠤᠷᠤᠯᠴᠤᠳ ᠰᠤᠨᠤᠰᠤᠭᠠᠳ  ᠰᠡᠳᠬᠢᠯ ᠬᠦᠲᠡᠯᠵᠤ᠂ ᠰᠤᠷᠪᠤᠯᠵᠢᠯᠠᠨ ᠲᠡᠮᠳᠡᠭᠯᠡᠬᠦ ᠠᠵᠢᠯ  ᠳᠤ ᠨᠢ ᠮᠠᠰᠢ ᠲᠤᠰᠠ ᠲᠡᠮ ᠪᠤᠯᠤᠭᠰᠠᠨ  ᠭᠡᠵᠦ ᠲᠡᠷᠡ ᠨᠠᠳᠠ ᠳᠤ ᠶᠠᠷᠢᠵᠤ ᠪᠠᠶᠢᠭᠰᠠᠨ ᠶᠤᠮ᠃          ᠵᠠᠷᠤᠳ ᠨᠤᠳᠤᠭ ᠤᠨ ᠠᠭᠤᠯᠠ ᠪᠤᠯᠭᠠᠨ ᠨᠢ ᠲᠤᠮᠤᠭ ᠲᠠᠢ᠂ ᠤᠰᠤ ᠪᠤᠯᠭᠠᠨ ᠨᠢ ᠦᠯᠢᠭᠡᠷ ᠲᠠᠢ᠂   ᠭᠤᠤᠯ ᠭᠤᠷᠤᠬ᠎ᠠ ᠨᠢ ᠬᠤᠭᠤᠷ ᠤᠨ ᠠᠶᠠᠰ ᠰᠢᠭ᠋ ᠢᠶᠠᠷ ᠬᠠᠷᠬᠢᠯᠠᠨ᠂ ᠭᠤᠷᠭᠤᠤᠯᠳᠠᠢ ᠰᠢᠪᠠᠭᠤ ᠨᠢ ᠦᠯᠢᠭᠡᠷ ᠤᠨ ᠠᠶ᠎ᠠ ᠰᠢᠭ᠋  ᠢᠶᠠᠷ ᠲᠤᠩᠭᠤᠳᠳᠠᠭ ᠃ ᠦᠨᠢᠷ ᠪᠠᠶᠠᠯᠢᠭ᠂ ᠦᠵᠡᠰᠭᠦᠯᠡᠩᠳᠤ ᠰᠠᠶᠢᠬᠠᠨ ᠵᠠᠷᠤᠳ ᠬᠤᠰᠢᠭᠤ ᠪᠤᠯ ᠬᠤᠷᠴᠢᠨ ᠨᠤᠳᠤᠭ ᠤᠨ ᠬᠤᠶᠢᠳᠦ ᠬᠡᠰᠡᠭ ᠲᠤ ᠰᠢᠭᠢᠳᠬᠡᠬᠡᠭᠰᠡᠨ ᠨᠢᠭᠡᠨ ᠭᠡᠷᠡᠯᠳᠤ ᠰᠤᠪᠤᠳ ᠪᠤᠯᠬᠤ ᠶᠤᠮ᠃ ᠬᠠᠲᠠᠨ ᠲᠡᠭᠡᠷ᠎ᠡ ᠪᠠᠨ ᠪᠢᠴᠢᠭ ᠲᠠᠢ᠂ ᠬᠠᠳᠠᠭ ᠲᠡᠭᠡᠷ᠎ᠡ ᠪᠠᠨ ᠢᠷᠦᠬᠡᠯ ᠲᠠᠢ  ᠡᠨᠡ ᠨᠤᠳᠤᠭ ︽ᠲᠤᠮᠳᠠᠳᠤ ᠤᠯᠤᠰ ᠤᠨ ᠲᠠᠭᠤᠷᠢᠯᠢᠭ ᠤᠨ ᠨᠤᠳᠤᠭ︾  ︽ᠲᠤᠮᠳᠠᠳᠤ ᠤᠯᠤᠰ ᠤᠨ ᠠᠷᠠᠳ ᠤᠨ ᠤᠷᠠᠯᠢᠭ ᠤᠨ ᠨᠤᠳᠤᠭ︾ ︽ᠲᠤᠮᠳᠠᠳᠤ ᠤᠯᠤᠰ ᠤᠨ ᠦᠨᠳᠦᠰᠦᠲᠡᠨ ᠤ ᠪᠠᠷ ᠵᠢᠷᠤᠭ ᠤᠨ ᠨᠤᠳᠤᠭ︾ ᠪᠤᠯᠬᠤ ᠶᠤᠮ᠃  ᠬᠠᠷᠠᠭ᠎ᠠ  ᠮᠣᠬᠤᠭᠠᠮ᠎ᠠ ᠨᠤᠭᠤᠭᠠᠨ ᠲᠠᠯ᠎ᠠ ᠶᠢᠨ ᠲᠤᠮᠳᠠᠭᠤᠷ᠂ ᠪᠠᠷ᠎ᠠ ᠲᠠᠰᠤᠷᠠᠮ᠎ᠠ ᠠᠭᠲᠠ ᠬᠦᠯᠦᠭ ᠴᠠᠬᠢᠯᠠᠭᠰᠠᠨ ᠰᠠᠷᠠᠭᠤᠯ ᠰᠠᠶᠢᠬᠠᠨ ᠬᠠᠩᠭᠠᠢ ᠲᠠᠯ᠎ᠠ ᠨᠤᠳᠤᠭ ᠲᠤ ᠰᠢᠨ᠎ᠠ ᠴᠢᠯᠠᠭᠤᠨ ᠵᠡᠪᠰᠡᠭ ᠤᠨ ᠦᠶ᠎ᠡ ᠶᠢᠨ ︽ᠬᠤᠩ ᠱᠠᠨ ᠤ ᠰᠤᠶᠤᠯ︾ ᠪᠠ ︽ᠫᠦ᠋ ᠾᠧ ᠶᠢᠨ ᠰᠤᠶᠤᠯ︾ ᠤᠨ ᠦᠯᠡᠳᠡᠭᠲᠡᠯ᠂ ᠡᠮᠤᠨ᠎ᠡ ᠪᠤᠯᠠᠭᠳᠤ ᠶᠢᠨ ᠡᠷᠲᠡᠨ ᠤ ᠪᠠᠭᠤᠷᠢ᠂  ᠪᠠᠶᠢᠯᠳᠤᠭᠠᠨᠳᠤ ᠤᠯᠤᠰ ᠤᠨ ᠦᠶ᠎ᠡ  ᠶᠢᠨ ᠴᠢᠯᠠᠭᠤᠨ ᠵᠡᠪᠰᠡᠭ᠂ ᠠᠯᠲᠠᠨ ᠤᠯᠤᠰ ᠤᠨ ᠦᠶ᠎ᠡ ᠶᠢᠨ ᠪᠤᠷᠤ ᠬᠡᠷᠡᠮ᠂ ᠯᠢᠶᠤᠤ ᠶᠢᠨ ᠪᠤᠩᠬᠤᠨ᠂ ᠮᠢᠩ ᠴᠢᠩ  ᠤᠨ ᠦᠶ᠎ᠡ ᠶᠢᠨ ᠰᠦᠮ᠎ᠡ ᠬᠡᠶᠢᠳ ᠪᠠ ᠤᠯᠠᠭᠠᠨᠬᠠᠳᠠ ᠶᠢᠨ ᠠᠭᠤᠢ ᠳ᠋ᠦᠩ᠂ ᠬᠠᠨ ᠠᠭᠤᠯᠠ ᠶᠢᠨ ᠭᠠᠪᠤᠷ ᠤᠨ  ᠷᠠᠰᠢᠶᠠᠨ᠂ ᠭᠠᠭ᠋ᠠᠶᠢᠳᠤ ᠶᠢᠨ ᠠᠯᠲᠠᠨ ᠰᠢᠷᠭᠤᠭᠤᠯ᠂ ᠭᠡᠷᠴᠢᠯᠠᠭᠤ ᠶᠢᠨ ᠦᠯᠵᠡᠶᠢᠳᠤ ᠤᠷᠤᠨ ᠠᠭᠤᠯᠠ   ᠁ ᠮᠡᠳᠦ  ᠶᠢᠨ ᠪᠠᠶᠢᠭᠠᠯᠢ ᠶᠢᠨ ᠦᠵᠡᠮᠵᠢᠳᠤ ᠤᠷᠤᠨ ᠪᠠ ᠰᠤᠶᠤᠯ ᠤᠨ ᠦᠨᠡᠳᠦ ᠦᠯᠡᠲᠡᠭᠳᠡᠯ ᠲᠠᠨ᠎ᠠ ᠰᠤᠪᠤᠳ ᠰᠢᠭ᠋  ᠬᠢᠯᠠᠯᠵᠠᠨ᠂ ᠬᠤᠷᠸ᠎ᠠ ᠶᠢᠨ ᠬᠦᠮᠦᠨ ᠵᠤᠨ ᠤ ᠬᠠᠶᠢᠷ᠎ᠠ ᠪᠠᠭ᠋ᠠᠷᠬᠠᠯ ᠢ ᠰᠤᠷᠢᠨᠵᠢᠨ ᠮᠡᠳᠦ ᠲᠠᠲᠠᠵᠤ ᠪᠠᠶᠢᠳᠠᠭ ᠰᠠᠨ᠃  ᠡᠨᠡ ᠰᠠᠶᠢᠬᠠᠨ ᠨᠤᠳᠤᠭ ᠤᠨ ᠢᠶᠠᠨ ᠠᠭᠤᠯᠠ ᠤᠰᠤᠨ ᠤ ᠨᠡᠷᠡᠶᠢᠳᠦᠯ ᠢ ᠲᠡᠮᠳᠡᠭᠯᠡᠨ ᠬᠤᠵᠢᠮ ᠤᠨ ᠬᠦᠮᠦᠰ ᠲᠤ ᠰᠤᠶᠤᠯ ᠤᠨ ᠦᠪ ᠪᠤᠯᠭᠠᠨ ᠦᠯᠡᠳᠡᠬᠦ ᠭᠡᠭᠴᠢ ᠶᠠᠭᠤᠳᠠᠢ ᠡᠷᠬᠢᠮ ᠵᠢᠳᠬᠦᠯ ᠠᠵᠢ᠃       ᠨᠤᠳᠤᠭ ᠤᠰᠤᠨ ᠤ ᠨᠡᠷᠡᠶᠢᠳᠦᠯ ᠳᠤ ᠮᠠᠰᠢ ᠶᠡᠭᠡ ᠰᠤᠶᠤᠯ ᠤᠨ ᠠᠭᠤᠯᠬᠤᠨ ᠲᠠᠢ ᠪᠠᠶᠢᠳᠠᠭ᠃   ᠬᠢᠲᠠᠳ᠂ ᠮᠤᠩᠭᠤᠯ᠂ ᠬᠤᠳᠤᠩ ᠵᠡᠷᠭᠡ ᠠᠷᠪᠠᠨ ᠭᠤᠷᠪᠠᠨ ᠦᠨᠳᠦᠰᠦᠲᠡᠨ ᠬᠤᠯᠢᠯᠳᠤᠨ ᠰᠠᠭᠤᠷᠢᠰᠢᠭᠰᠠᠨ ᠡᠨᠡ ᠨᠤᠳᠤᠭ ᠲᠤ ᠠᠭᠤᠯᠠ ᠤᠰᠤ ᠨᠢ ᠲᠡᠦᠬᠡ ᠶᠢᠨ ᠤᠷᠳᠤ ᠤᠳᠠᠭᠠᠨ ᠬᠤᠪᠢᠷᠠᠯᠳᠠ ᠶᠢ ᠲᠠᠭᠠᠭᠠᠳ ᠦᠪᠡᠷ ᠤᠨ ᠭᠡᠰᠡᠨ ᠤᠨᠴᠠᠯᠢᠭ  ᠪᠦᠬᠦᠢ ᠨᠡᠷᠡᠶᠢᠳᠦᠯ ᠲᠠᠢ ᠪᠤᠯᠤᠭᠰᠠᠨ ᠮᠦᠷᠲᠡᠭᠡᠨ ᠭᠤᠶᠤ ᠰᠠᠶᠢᠬᠠᠨ ᠦᠨᠳᠦᠰᠦᠲᠡᠨ ᠤ ᠪᠦᠯᠬᠦᠮᠲᠡᠯ ᠤᠨ ᠦᠯᠢᠭᠡᠷ ᠲᠡᠦᠬᠡ ᠶᠢ  ᠬᠠᠳᠠᠭᠠᠯᠠᠵᠤ᠂ ᠲᠤᠮᠳᠠᠳᠤ ᠶᠢᠨ ᠦᠨᠳᠦᠰᠦᠲᠡᠨ ᠤ ᠬᠠᠮᠳᠤ ᠴᠤᠭᠴᠠ ᠶᠢᠨ ᠤᠬᠠᠮᠰᠠᠷ ᠢ ᠪᠠᠳᠤᠭᠬᠠᠬᠤ  ᠳᠤ ᠮᠠᠰᠢ ᠰᠠᠶᠢᠨ ᠦᠢᠯᠡᠳᠦᠯ ᠲᠠᠢ ᠪᠠᠶᠢᠳᠠᠭ᠃  ᠵᠢᠱᠢᠶᠡᠯᠡᠪᠡᠯ᠂ ᠵᠢᠷᠦᠭᠡ ᠪᠠᠯᠭᠠᠰᠤᠨ ᠤ ᠵᠢᠷᠦᠬᠡ ᠠᠭᠤᠯᠠ ᠤᠳᠤ ᠬᠤᠪᠢᠰᠬᠠᠯᠳᠤ ᠬᠦᠮᠦᠵᠢᠯ ᠤᠨ ᠰᠠᠭᠤᠷᠢᠨ ᠭᠠᠵᠠᠷ ᠪᠤᠯᠵᠤ᠂ ᠪᠠᠶᠠᠨᠲᠠᠯ᠎ᠠ ᠰᠤᠮᠤ ᠶᠢᠨ  ᠹᠧᠩ ᠬᠤᠸᠠᠩ ᠱᠠᠨ ᠠᠭᠤᠯᠠ ︵ᠭᠠᠷᠤᠳᠢ ᠶᠢᠨ ᠠᠭᠤᠯᠠ︶ ᠶᠠᠫᠤᠨ ᠢ ᠡᠰᠡᠷᠭᠦᠴᠡᠬᠦ ᠲᠠᠶᠢᠨ ᠳᠤ ᠡᠷᠡᠯᠭᠡᠭᠯᠡᠨ ᠪᠠᠶᠢᠯᠳᠤᠭᠰᠠᠨ ᠰᠡᠴᠡᠨᠴᠤᠭᠳᠤ ᠵᠡᠷᠬᠡ 18 ᠦᠷᠡᠭᠳᠡᠭᠰᠡᠨ ᠪᠠᠭᠠᠳᠤᠷᠴᠤᠳ ᠤᠨ ᠦᠯᠢᠭᠡᠷ ᠲᠡᠦᠭᠡ ᠶᠢ ᠬᠠᠶᠢᠯᠠᠵᠤ᠂  ᠯᠦᠪᠧᠢ ᠪᠠᠯᠭᠠᠰᠤᠨ ᠤ ᠫᠤᠤ ᠲᠠᠢ ᠱᠠᠨ ᠠᠭᠤᠯᠠ ᠴᠢᠯᠦᠭᠡᠯᠡᠬᠦ ᠲᠠᠶᠢᠨ ᠳᠤ ᠦᠷᠡᠭᠳᠡᠭᠰᠡᠨ ᠪᠠᠭᠠᠳᠤᠷᠴᠤᠳ ᠤᠨ ᠬᠦᠰᠢᠶ᠎ᠡ ᠶᠢ ᠡᠯᠢᠭᠡᠨ ᠳᠤ ᠪᠠᠨ ᠪᠦᠪᠠᠶᠢᠯᠠᠵᠤ ᠪᠠᠶᠢᠳᠠᠭ ᠡ᠃         ︽ᠵᠠᠷᠤᠳ ᠨᠤᠳᠤᠭ ᠤᠨ ᠠᠭᠤᠯᠠ ᠤᠰᠤ︾ ᠨᠤᠮ ᠳᠤ ᠵᠠᠷᠤᠳ ᠨᠤᠳᠤᠭ ᠤᠨ ᠠᠭᠤᠯᠠ ᠤᠰᠤ᠂ ᠲᠠᠪᠠᠭ᠎ᠠ ᠬᠦᠲᠦᠯ᠂ ᠲᠠᠯ᠎ᠠ ᠵᠢᠯᠠᠭ᠎ᠠ᠂ ᠮᠠᠩᠬ᠎ᠠ ᠵᠤ ᠶᠢ  ᠭᠠᠭᠴᠠ ᠬᠦ ᠪᠠᠶᠢᠷᠢᠰᠢᠯ ᠂ ᠦᠨᠳᠤᠷᠴᠡ᠂ ᠤᠨᠴᠠᠯᠢᠭ ᠰᠢᠨᠵᠢ ᠵᠡᠷᠭᠡ ᠭᠠᠵᠠᠷ ᠵᠦᠢ ᠶᠢᠨ ᠲᠠᠯ᠎ᠠ ᠠᠴᠠ ᠲᠡᠮᠳᠡᠭᠯᠡᠭᠡᠳ ᠯᠡ ᠵᠤᠭᠰᠤᠭᠰᠠᠨ ᠦᠭᠡᠢ ᠬᠠᠷᠢᠨ ᠲᠡᠭᠦᠨ ᠤ ᠲᠡᠦᠬᠡ ᠢᠷᠡᠯᠲᠡ᠂ ᠦᠯᠢᠭᠡᠷ ᠲᠤᠮᠤᠭ᠂ ᠬᠠᠭᠤᠴᠢ ᠶᠠᠷᠢᠶ᠎ᠡ ᠵᠡᠷᠭᠡ ᠶᠢ ᠴᠢᠲᠠᠬᠤ ᠶᠢᠨ ᠬᠢᠷᠢ ᠪᠠᠷ ᠲᠡᠮᠳᠡᠭᠯᠡᠨ ᠦᠯᠡᠳᠡᠭᠡᠭᠰᠡᠨ  ᠨᠢ ᠲᠤᠰ ᠨᠤᠮ ᠤᠨ ᠤᠷᠠᠯᠢᠭ ᠰᠤᠨᠢᠷᠬᠠᠮᠵᠢ ᠶᠢᠨ ᠦᠨ᠎ᠡ ᠦᠷᠲᠡᠭ ᠢ ᠲᠡᠭᠡᠭᠰᠢᠯᠡᠭᠦᠯᠵᠡᠢ᠃  ᠨᠤᠳᠤᠭ ᠤᠰᠤᠨ ᠤ ᠨᠡᠷᠡᠶᠢᠳᠦᠯ ᠪᠤᠯ ᠨᠢᠭᠡ ᠲᠡᠦᠬᠡ ᠶᠤᠮ᠂ ᠦᠷ᠎ᠡ ᠬᠤᠶᠢᠴᠢᠰ  ᠲᠤ ᠪᠠᠨ ᠦᠪᠯᠡᠨ ᠤᠯᠠᠮᠵᠢᠯᠠᠬᠤ ᠤᠶᠤᠨ ᠤ ᠲᠦᠯᠬᠢᠭᠦᠷ ᠶᠤᠮ᠃ ᠡᠨᠡ ᠲᠠᠯ᠎ᠠ ᠠᠴᠠ ᠪᠤᠳᠤᠪᠠᠯ ᠲᠤᠰ ᠨᠤᠮ ᠲᠡᠦᠭᠡ ᠶᠢᠨ ᠦᠨ᠎ᠡ ᠦᠷᠲᠡᠭ ᠲᠠᠢ   ᠨᠠᠳᠠ ᠳᠤ ᠰᠠᠨᠠᠭᠳᠠᠵᠤ ᠪᠠᠶᠢᠨ᠎ᠠ᠃ ︽ᠨᠤᠮ ᠪᠤᠯ ᠱᠠᠳᠤ᠂ ᠨᠤᠮ ᠪᠤᠯ ᠲᠤᠯᠢ︾ ᠭᠡᠵᠤ ᠮᠡᠷᠭᠡᠳ ᠤᠨ ᠦᠬᠡᠨ ᠳᠤ ᠪᠠᠶᠢᠳᠠᠭ᠃ ︽ᠨᠤᠮ ᠢ ᠬᠠᠳᠠᠭ ᠢᠶᠠᠷ ᠪᠠᠭᠯᠠᠵᠤ᠂ ᠬᠡᠦᠬᠡᠳ ᠢᠶᠠᠨ ᠲᠠᠪᠤᠤ ᠪᠠᠷ ᠪᠠᠭᠯᠠᠳᠠᠭ︾ ᠪᠢᠲᠡᠨ ᠳᠤ ᠪᠤᠯ ᠨᠤᠮ ᠪᠤᠯ ᠤᠯᠳᠠᠰᠢ ᠦᠭᠡᠢ ᠡᠷᠳᠡᠨᠢ᠂ ᠦᠨᠡᠯᠡᠰᠢ ᠦᠭᠡᠢ ᠰᠤᠪᠤᠳ ᠪᠤᠯᠬᠤ ᠶᠤᠮ᠃  ᠡᠨᠡ ᠤᠳᠬ᠎ᠠ ᠠᠴᠠ ᠦᠵᠡᠪᠡᠯ ᠲᠤᠰ ᠨᠤᠮ ᠪᠤᠯ ᠲᠤᠩ ᠶᠡᠭᠡ ᠬᠠᠳᠠᠭᠠᠯᠠᠮᠵᠢ ᠶᠢᠨ ᠦᠨ᠎ᠡ ᠦᠷᠲᠡᠭ ᠲᠠᠢ  ᠰᠠᠨ᠃                       ᠲᠦᠷᠪᠡ          ᠰᠢ ᠶᠢᠨ ᠫᠢᠩ ᠶᠡᠷᠦᠩᠬᠡᠢ ᠱᠦᠵᠢ ᠄ ︽  ᠲᠡᠭᠡᠳᠦ ᠬᠡᠮᠵᠢᠶᠡᠨ ᠤ ᠰᠤᠶᠤᠯ ᠤᠨ ᠢᠲᠡᠭᠡᠯ ᠦᠭᠡᠢ ᠪᠤᠯ ᠰᠤᠶᠤᠯ ᠤᠨ  ᠴᠡᠴᠡᠭᠯᠡᠯ ᠬᠦᠭᠵᠢᠯ ᠪᠠᠶᠢᠬᠤ ᠦᠭᠡᠢ᠂ ᠲᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠪᠠᠶᠢᠬᠤ ᠦᠭᠡᠢ︾ ᠭᠡᠵᠤ  ᠵᠢᠭᠠᠪᠤᠷᠢᠯᠠᠭᠰᠠᠨ ᠶᠤᠮ᠃  ᠡᠭᠦᠨ ᠲᠠᠢ ᠠᠳᠠᠯᠢ ᠪᠠᠷ ᠨᠤᠳᠤᠭ ᠤᠰᠤᠨ ᠤ ᠰᠤᠶᠤᠯ ᠤᠨ ᠲᠤᠬᠠᠢ ᠲᠡᠭᠡᠳᠦ ᠬᠡᠮᠵᠢᠶᠡᠨ ᠤ ᠢᠲᠡᠭᠡᠯ ᠪᠠ ᠤᠬᠠᠮᠰᠠᠷ ᠪᠠᠶᠢᠬᠤ ᠦᠭᠡᠢ ᠪᠤᠯ ᠬᠦᠲᠡᠭᠡ ᠲᠤᠰᠬᠤᠨ ᠤ  ᠬᠦᠭᠵᠢᠯ ᠮᠠᠨᠳᠤᠯ ᠪᠠᠶᠢᠵᠤ ᠴᠢᠲᠠᠬᠤ ᠦᠭᠡᠢ᠂ ᠬᠦᠲᠡᠭᠡ ᠲᠤᠰᠬᠤᠨ ᠢ ᠪᠦᠬᠦ ᠲᠠᠯ᠎ᠠ ᠪᠠᠷ ᠬᠦᠭᠵᠢᠭᠦᠯᠦᠨ ᠮᠠᠨᠳᠤᠭᠤᠯᠬᠤ ᠬᠠᠷᠠᠯᠲᠠ ᠶᠢ  ᠦᠨᠡᠨ ᠬᠦ ᠪᠡᠶᠡᠯᠡᠬᠦᠯᠬᠦ ᠳᠤ ᠪᠡᠷᠬᠡ ᠶᠤᠮ᠃ ᠬᠦᠲᠡᠭᠡ ᠲᠤᠰᠬᠤᠨ ᠤ ᠰᠤᠶᠤᠯ ᠦᠨᠢ ᠤᠳᠠᠭᠠᠨ ᠦᠦᠬᠡ ᠲᠡᠦᠭᠡ ᠲᠠᠢ᠂ ᠠᠷᠠᠳ ᠤᠨ ᠲᠤᠮᠤᠭ ᠶᠠᠷᠢᠶ᠎ᠡ᠂ ᠲᠤᠰᠬᠤᠨ ᠤ ᠲᠦᠷᠢᠮ ᠠᠷᠠᠳ ᠤᠨ ᠭᠡᠷ᠎ᠡ᠂ ᠤᠯᠠᠮᠵᠢᠯᠠᠯᠳᠤ ᠰᠢᠯᠢᠲᠡᠭ ᠵᠠᠩ ᠲᠠᠳᠬᠠᠯ᠂ ᠪᠠᠶᠠᠷ ᠲᠤᠷᠠᠰᠬᠠᠯ ᠤᠨ ᠠᠵᠢᠯᠯᠠᠭ᠎ᠠ᠂ ᠠᠭᠤᠯᠠ ᠤᠰᠤᠨ ᠤ ᠨᠡᠷᠡᠶᠢᠳᠳᠦᠯ ᠂ ᠭᠠᠷ ᠤᠷᠠᠯᠠᠯ  ᠁  ᠵᠡᠷᠭᠡ ᠨᠢ ᠬᠦᠲᠡᠭᠡ ᠲᠤᠰᠬᠤᠨ ᠤ ᠰᠤᠶᠤᠯ ᠤᠨ ᠪᠠᠶᠠᠯᠢᠭ ᠠᠭᠤᠯᠬᠤᠨ ᠢ ᠪᠤᠢ ᠪᠤᠯᠭᠠᠭᠰᠠᠨ ᠶᠤᠮ᠃ ᠬᠦᠲᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠶᠢ ᠪᠦᠬᠦ ᠲᠠᠯ᠎ᠠ ᠪᠠᠷ ᠠᠬᠢᠭᠤᠯᠬᠤ ᠶᠠᠪᠤᠴᠠ ᠳᠤ᠂ ᠬᠦᠲᠡᠭᠡ ᠲᠤᠰᠬᠤᠨ ᠤ ᠰᠤᠶᠤᠯ ᠢ ᠤᠯᠠᠮᠵᠢᠯᠠᠨ ᠬᠦᠭᠵᠢᠬᠦᠯᠵᠤ᠂ ᠦᠨᠢ ᠤᠳᠠᠭᠠᠨ ᠬᠦᠲᠡᠭᠡ ᠲᠤᠰᠬᠤᠨ ᠤ ᠰᠤᠶᠤᠯ ᠢ ᠰᠢᠨ᠎ᠠ ᠴᠠᠭ ᠦᠶ᠎ᠡ ᠳᠤ ᠬᠢᠵᠠᠭᠠᠯᠠᠰᠢ ᠦᠭᠡᠢ ᠲᠠᠳᠠᠬᠤ ᠬᠦᠴᠦᠨ ᠪᠠ ᠴᠤᠭ ᠵᠢᠪᠬᠤᠭ᠎ᠠ  ᠲᠠᠢ ᠪᠤᠯᠭᠠᠵᠤ᠂ ᠬᠦᠲᠡᠭᠡ ᠲᠤᠰᠬᠤᠨ ᠢ ᠪᠦᠬᠦ ᠲᠠᠯ᠎ᠠ ᠪᠠᠷ ᠬᠦᠭᠵᠢᠭᠦᠯᠦᠨ ᠮᠠᠨᠳᠤᠭᠤᠯᠬᠤ ᠳᠤ ᠡᠯᠪᠡᠭ ᠪᠠᠶᠠᠯᠢᠭ  ᠰᠤᠶᠤᠯ ᠤᠨ ᠰᠢᠮ᠎ᠠ ᠲᠡᠵᠢᠭᠡᠯ ᠬᠠᠩᠭᠠᠬᠤ ᠬᠡᠷᠡᠭᠲᠡᠢ᠃ ︽ᠨᠢᠭᠡ ᠭᠠᠵᠠᠷ ᠤᠨ ᠪᠦᠷᠢᠨ ᠲᠡᠦᠬᠡ︾  ︽ᠨᠢᠭᠡ ᠭᠠᠵᠠᠷ  ᠤᠨ ᠨᠡᠪᠲᠡᠷᠭᠡᠢ ᠲᠤᠯᠢ︾ ᠪᠤᠯᠤᠭᠰᠠᠨ ᠨᠤᠳᠤᠭ ᠤᠰᠤᠨ ᠤ ᠨᠡᠷᠡᠶᠢᠳᠦᠯ ᠨᠢ ᠬᠦᠲᠡᠭᠡ ᠲᠤᠰᠬᠤᠨ ᠤ ᠰᠤᠶᠤᠯ ᠢ ᠲᠡᠮᠳᠡᠭᠯᠡᠬᠦ᠂ ᠰᠤᠶᠤᠯ ᠤᠨ ᠦᠨᠳᠤᠰᠤ ᠰᠤᠷᠪᠤᠯᠵᠢ ᠶᠢ ᠦᠯᠡᠳᠡᠭᠡᠬᠦ᠂ ᠲᠡᠦᠬᠡ ᠶᠢᠨ ᠪᠤᠯᠪᠠᠰᠤᠨ ᠢ ᠤᠯᠠᠮᠵᠢᠯᠠᠬᠤ ᠵᠡᠷᠭᠡ ᠲᠠᠯ᠎ᠠ ᠪᠠᠷ ᠪᠤᠰᠤᠳ ᠨᠤᠮ ᠪᠢᠴᠢᠭ  ᠢᠶᠠᠷ ᠤᠷᠤᠯᠠᠭᠤᠯᠵᠤ ᠲᠡᠶᠢᠯᠬᠦ ᠦᠭᠡᠢ ᠴᠢᠬᠤᠯᠠ ᠦᠢᠯᠡᠳᠦᠯ ᠲᠠᠢ ᠶᠤᠮ᠃         ᠠᠭᠤᠯᠠ ᠤᠰᠤᠨ ᠤ ᠨᠠᠷ᠎ᠠ᠂ ᠨᠤᠳᠤᠭ ᠤᠰᠤᠨ ᠤ ᠲᠡᠦᠬᠡ ᠵᠡᠷᠭᠡ ᠨᠤᠮ ᠪᠢᠴᠢᠭ ᠨᠢ  ᠨᠤᠳᠤᠭ ᠤᠰᠤᠨ ᠤ ᠠᠭᠤᠷ ᠠᠮᠢᠰᠬᠤᠯ ᠢᠶᠠᠷ ᠵᠤᠵᠠᠭᠠᠨ᠂ ᠰᠤᠶᠤᠯ ᠤᠨ ᠠᠭᠤᠯᠬᠤᠨ ᠢᠶᠠᠷ  ᠭᠦᠨ᠂ ᠠᠭᠤᠯᠭ᠎ᠠ ᠨᠢ ᠪᠦᠬᠦ ᠲᠠᠯ᠎ᠠ ᠶᠢ ᠬᠠᠮᠤᠷᠴᠤ ᠨᠠᠷᠢᠨ ᠪᠤᠳᠠᠳᠠᠢ ᠪᠤᠯᠬᠤᠷ᠂ ᠬᠦᠲᠡᠭᠡ ᠲᠤᠰᠬᠤᠨ ᠤ ᠵᠠᠰᠠᠯᠲᠠ ᠶᠢᠨ ᠰᠢᠰᠲ᠋ᠧᠮ ᠢ ᠲᠡᠭᠦᠯᠲᠡᠷᠵᠢᠭᠦᠯᠬᠦ᠂ ᠬᠦᠲᠡᠭᠡ ᠲᠤᠰᠬᠤᠨ ᠤ ᠵᠠᠰᠠᠯᠲᠠ ᠶᠢᠨ ᠴᠢᠲᠠᠪᠤᠷᠢ ᠶᠢ ᠲᠡᠭᠡᠭᠰᠢᠯᠡᠬᠦᠯᠬᠦ ᠳᠤ ᠤᠨᠤᠪᠴᠢᠲᠠᠢ  ᠮᠠᠲ᠋ᠧᠷᠢᠶᠠᠯ ᠮᠡᠳᠡᠭᠡ ᠵᠠᠩᠭᠢ ᠪᠤᠯᠤᠨ ᠠᠰᠢᠭᠲᠠᠢ ᠲᠡᠦᠭᠡ ᠶᠢᠨ ᠲᠤᠯᠢᠯᠠᠯ ᠬᠠᠩᠭᠠᠵᠤ ᠪᠤᠯᠤᠨ᠎ᠠ᠃ ᠪᠢᠲᠡ ᠨᠤᠳᠤᠭ ᠤᠰᠤᠨ ᠤ ᠲᠡᠦᠬᠡ ᠴᠠᠳᠢᠭ ᠢ ᠡᠮᠬᠢᠳᠬᠡᠨ ᠨᠠᠶᠢᠷᠠᠭᠤᠯᠬᠤ  ᠳᠤ ᠪᠠᠨ ᠰᠢ ᠶᠢᠨ ᠫᠢᠩ ᠶᠡᠷᠦᠩᠭᠡᠢ ᠱᠦᠵᠢ ᠶᠢᠨ ᠲᠡᠦᠭᠡ ᠦᠢᠯᠠᠯᠭ᠎ᠠ ᠶᠢᠨ ᠠᠵᠢᠯ ᠤᠨ ᠲᠤᠬᠠᠢ  ᠴᠢᠬᠤᠯᠡ ᠵᠢᠭᠠᠪᠤᠷᠢ ᠶᠢ  ᠬᠢᠨᠠᠮᠠᠭᠠᠢ ᠲᠤᠭᠤᠰᠢᠯᠠᠭᠤᠯᠤᠨ  ᠨᠠᠶᠢᠳᠠᠪᠤᠷᠢᠵᠢᠭᠤᠯᠵᠤ᠂ ᠲᠡᠦᠬᠡ ᠦᠢᠯᠠᠯᠭ᠎ᠠ ᠶᠢᠨ ᠨᠤᠮ ᠪᠢᠴᠢᠭ ᠲᠤ ᠬᠠᠳᠠᠭᠠᠯᠠᠭᠲᠠᠵᠤ ᠪᠠᠶᠢᠭ᠎ᠠ ᠯᠤᠳᠤ ᠶᠡᠭᠡ ᠡᠬᠢ ᠪᠠᠶᠠᠯᠢᠭ ᠤᠨ ᠲᠠᠪᠠᠭᠤᠯᠢᠭ ᠢ ᠬᠦᠢᠴᠡᠳ ᠪᠠᠳᠠᠷᠠᠭᠤᠯᠵᠤ᠂ ᠲᠡᠭᠦᠨ ᠤ ᠲᠤᠳᠤᠷᠠᠬᠢ ᠡᠷᠬᠢᠮ ᠨᠠᠨᠳᠢᠨ ᠲᠡᠦᠬᠡ ᠶᠢᠨ ᠤᠶᠤᠨ ᠤᠬᠠᠭᠠᠨ ᠢ ᠬᠦᠨᠵᠡᠬᠡᠢ  ᠠᠭᠤᠳᠠᠯᠵᠤ᠂ ᠲᠡᠦᠬᠡ ᠶᠢᠨ ᠲᠤᠷᠰᠢᠯᠭ᠎ᠠ ᠪᠤᠯᠤᠨ ᠤᠶᠤᠨ ᠤᠬᠠᠭᠠᠨ ᠪᠠᠷ ᠬᠦᠲᠡᠭᠡ ᠲᠤᠰᠬᠤᠨ ᠤ ᠵᠠᠰᠠᠯᠲᠠ ᠶᠢᠨ ᠲᠦᠷᠢᠮ ᠢ ᠲᠠᠰᠤᠷᠠᠯᠲᠠ ᠦᠭᠡᠢ ᠲᠡᠭᠦᠯᠲᠡᠷᠵᠢᠭᠦᠯᠵᠤ᠂  ᠬᠠᠮᠲᠤ ᠪᠠᠷ ᠪᠠᠶᠢᠭᠤᠯᠬᠤ᠂  ᠬᠠᠮᠲᠤ ᠪᠠᠷ ᠵᠠᠰᠠᠬᠤ᠂  ᠬᠠᠮᠲᠤ ᠪᠠᠷ ᠡᠳ᠋ᠯᠡᠬᠦ ᠬᠦᠲᠡᠭᠡ ᠲᠤᠰᠬᠤᠨ ᠤ ᠵᠠᠰᠠᠯᠲᠠ ᠵᠢᠨ‌‍ᠰᠢᠰᠲ᠋ᠧᠮ ᠢ ᠪᠦᠷᠢᠨᠰᠢᠭᠦᠯᠵᠤ᠂ ᠬᠦᠲᠡᠭᠡ ᠲᠤᠰᠬᠤᠨ ᠤ ᠪᠦᠬᠦ ᠲᠠᠯ᠎ᠠ ᠶᠢᠨ ᠬᠦᠭᠵᠢᠯ  ᠮᠠᠨᠳᠤᠯ ᠢ ᠠᠬᠢᠭᠤᠯᠬᠤ ᠬᠡᠷᠡᠭᠲᠡᠢ᠃        ᠪᠤᠶᠠᠨᠮᠦ᠋ᠩᠭᠡ ᠬᠢᠭᠡᠳ ᠲᠡᠭᠦᠨ ᠤ ︽  ᠵᠠᠷᠤᠳ ᠨᠤᠳᠤᠭ ᠤᠨ ᠠᠭᠤᠯᠠ ᠤᠰᠤ ︾ ᠪᠤᠯ  ᠨᠢᠭᠡ ᠢᠵᠢ ᠴᠢᠨᠠᠷ ᠰᠠᠶᠢᠲᠠᠢ ᠨᠤᠮ ᠪᠤᠯᠬᠤ ᠶᠢ ᠲᠦᠩᠯᠢᠶᠤᠤ ᠬᠤᠲᠠ ᠶᠢᠨ ᠨᠠᠮ ᠤᠨ ᠲᠡᠦᠬᠡ ᠤᠷᠤᠨ ᠨᠤᠳᠤᠭ ᠤᠨ ᠦᠢᠯᠠᠯᠭ᠎ᠠ ᠰᠤᠳᠤᠯᠬᠤ ᠭᠡᠷ ᠠᠴᠠ 2020—2023 ᠤᠨ ᠤ ᠲᠦᠩᠯᠢᠶᠤᠤ ᠬᠤᠲᠠ ᠶᠢᠨ ᠨᠠᠮ ᠤᠨ ᠲᠡᠦᠬᠡ ᠬᠢᠭᠡᠳ ᠤᠷᠤᠨ ᠨᠤᠳᠤᠭ ᠤᠨ ᠦᠢᠯᠠᠯᠭ᠎ᠠ ᠶᠢᠨ ᠰᠢᠯᠢᠳᠡᠭ ᠪᠦᠳᠦᠮᠵᠢ ᠶᠢᠨ ᠰᠢᠯᠭᠠᠷᠠᠭᠤᠯᠤᠯᠲᠠ ᠳᠤ ᠰᠢᠯᠢᠲᠡᠭ ᠪᠦᠲᠦᠭᠡᠯ ᠤᠨ ᠱᠠᠩᠨᠠᠯ ᠤᠯᠭᠤᠭᠰᠠᠨ ᠨᠢ ᠲᠡᠭᠦᠨ ᠤ ᠭᠡᠷᠡᠴᠢ ᠪᠠᠶᠢᠵᠤ ᠲᠠᠭᠠᠷᠠᠨ᠎ᠠ᠃  ᠰᠢᠨ᠎ᠠ ᠮᠡᠳᠡᠭᠡ ᠵᠠᠭᠤᠴᠢᠯᠠᠭᠤᠷ ᠪᠤᠯᠤᠨ ᠡᠯᠧᠷᠲ᠋ᠤᠷᠦᠨ ᠨᠤᠮ ᠤᠨ ᠰᠢᠬᠠᠯᠲᠠ ᠲᠤᠤᠷ᠎ᠠ ᠴᠠᠭᠠᠰᠤᠨ ᠬᠡᠪᠯᠡᠯ ᠤᠨ ᠨᠤᠮ ᠤᠨ ᠲᠠᠷᠬᠠᠭᠠᠯᠲᠠ ᠬᠠᠰᠤᠭᠳᠠᠵᠤ ᠪᠠᠶᠢᠭ᠎ᠠ ᠪᠠᠶᠢᠲᠠᠯ ᠲᠤᠤᠷ᠎ᠠ ᠬᠡᠳᠦᠨ ᠮᠢᠩᠭᠠᠨ ᠲᠡᠪᠲᠡᠷ ᠬᠡᠪᠯᠡᠭᠰᠡᠨ  ᠡᠨᠡ ᠬᠦ ᠨᠤᠮ ᠬᠦᠮᠦᠰ ᠤᠨ ᠠᠰᠠᠭᠤᠨ ᠰᠤᠷᠠᠭᠯᠠᠨ ᠪᠤᠯᠢᠶᠠᠯᠳᠤᠨ ᠦᠵᠡᠬᠦ ᠨᠤᠮ ᠪᠤᠯᠵᠤ ᠪᠠᠶᠢᠭ᠎ᠠ ᠨᠢ  ᠲᠣᠰ ᠨᠤᠮ ᠤᠨ ᠦᠨ᠎ᠡ ᠴᠡᠨ᠎ᠠ ᠶᠢ ᠪᠠᠰᠠ ᠨᠢᠭᠡ ᠤᠳᠬ᠎ᠠ ᠠᠴᠠ ᠬᠠᠷᠠᠭᠤᠯᠵᠤ ᠪᠠᠶᠢᠭ᠎ᠠ ᠶᠤᠮ᠃  ᠬᠦᠯᠦᠰᠦ ᠴᠢᠰᠦ ᠪᠠᠷ ᠤᠮᠳᠠᠯᠠᠨ ᠠᠷᠠᠴᠢᠯᠠᠭᠰᠠᠨ ᠴᠠᠩᠬᠤᠢ ᠴᠡᠴᠡᠭ ᠢᠶᠠᠨ ᠬᠦᠮᠦᠰ ᠦᠵᠡᠭᠡᠳ ᠪᠠᠶᠠᠰᠬᠤ ᠰᠢᠭ᠋ ᠬᠡᠳᠦᠶᠢᠴᠢᠨᠡᠬᠡᠨ ᠵᠢᠯ ᠤᠨ ᠬᠦᠴᠦ ᠬᠦᠲᠡᠯᠮᠤᠷᠢ ᠪᠠᠷ ᠢᠶᠠᠨ ᠨᠠᠶᠢᠷᠠᠭᠤᠯᠤᠨ ᠵᠤᠬᠢᠶᠠᠭᠰᠠᠨ ︽ᠵᠠᠷᠤᠳ ᠨᠤᠳᠤᠭ ᠤᠨ ᠠᠭᠤᠯᠠ ᠤᠰᠤ︾ ᠨᠢ ᠵᠤᠬᠢᠶᠠᠭᠴᠢ ᠪᠤᠶᠠᠨᠮᠦ᠋ᠩᠭᠡ ᠵᠢᠴᠢ ᠤᠩᠰᠢᠭᠴᠢ ᠪᠢᠲᠡᠨ ᠳᠤ ᠬᠢᠵᠠᠭᠠᠷ ᠦᠭᠡᠢ ᠪᠠᠶᠠᠷ ᠪᠠᠭ᠋ᠠᠳᠤᠯ ᠠᠪᠴᠢᠷᠠᠵᠤ ᠦᠭᠭᠦ ᠶᠢ ᠪᠢ ᠢᠲᠡᠭᠡᠵᠤ ᠪᠠᠶᠢᠨ᠎ᠠ᠃ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号