ᠮᠤᠩᠭᠤᠯᠴᠤᠳ ᠤᠨ ᠮᠠᠯ ᠰᠡᠳᠡᠷᠯᠡᠬᠦ ᠶᠤᠰᠤ ᠪᠠ ᠮᠠᠯ ᠲᠠᠮᠠᠭᠠᠯᠠᠬᠤ ᠵᠠᠩᠰᠢᠯ
ᠨᠡᠶᠢᠲᠡᠯᠡᠭᠰᠡᠨ ᠴᠠᠭ᠄
2019/5/6
         ᠮᠤᠩᠭᠤᠯᠴᠤᠳ ᠤᠨ ᠮᠠᠯ ᠰᠡᠳᠡᠷᠯᠡᠬᠦ ᠶᠤᠰᠤ ᠪᠠ ᠮᠠᠯ ᠲᠠᠮᠠᠭᠠᠯᠠᠬᠤ ᠵᠠᠩᠰᠢᠯ                                                                                                                       ᠪᠠ᠊ · ᠴᠤᠯᠮᠤᠨ       ⒈ ᠮᠠᠯ ᠰᠡᠳᠡᠷᠯᠡᠬᠦ ᠶᠤᠰᠤ      ᠮᠤᠩᠭᠤᠯᠴᠤᠳ ᠠᠯᠢ ᠡᠷᠳᠠ ᠠᠴᠠ ︽ᠤᠪᠤᠭ᠎ᠠ ᠲᠠᠬᠢᠬᠤ︾ ᠡᠳᠤᠷ ᠲᠡᠭᠡᠨ ᠤᠡᠭᠭᠤᠨ ᠬᠠᠶᠢᠷᠠᠳᠤ ᠮᠠᠯ ᠢᠶᠠᠨ ᠲᠠᠷᠬᠠᠯᠠᠨ ᠰᠡᠳᠡᠷᠯᠡᠬᠦ ᠦᠪᠡᠷᠮᠢᠴᠨ ᠤᠯᠠᠮᠵᠢᠯᠠᠯ ᠲᠠᠢ ᠶᠤᠮ᠃      ᠮᠤᠩᠭᠤᠯᠴᠤᠳ ᠤᠨ ᠤᠪᠤᠭ᠎ᠠ ᠲᠠᠬᠢᠭᠠᠳ ᠮᠠᠯ ᠰᠡᠳᠡᠷᠯᠡᠬᠦ ᠵᠤᠷᠰᠢᠯ ᠨᠢ ᠲᠡᠤᠬᠡ ᠶᠢᠨ ᠬᠦᠭᠵᠢᠯᠳᠠ ᠪᠤᠯᠤᠨ ᠬᠦᠮᠤᠰ ᠤᠨ ᠦᠵᠡᠯ ᠤᠬᠠᠮᠰᠠᠷ ᠤᠨ ᠲᠠᠪᠰᠢᠯᠳᠠ ᠶᠢ ᠲᠠᠭᠠᠯᠳᠤᠨ ᠦᠡᠭᠭᠡᠷᠡᠭᠰᠡᠨ ᠤ ᠮᠤᠬᠤᠷ ᠪᠢᠰᠢᠷᠡᠯ ᠢ ᠰᠦᠰᠦᠭᠯᠡᠨ ᠲᠠᠭᠠᠳᠬᠠᠬᠤ ᠠᠭᠤᠯᠭ᠎ᠠ ᠠᠴᠠ ᠪᠠᠨ ᠬᠤᠪᠢᠷᠠᠵᠦ᠂ ᠲᠠᠪᠤᠨ ᠬᠤᠰᠢᠭᠤ ᠮᠠᠯ ᠢᠶᠠᠨ ᠬᠠᠷᠠᠬᠤ ᠨᠢᠳᠤᠨ ᠤ ᠴᠡᠴᠡᠭᠡᠢ ᠪᠠᠨ ᠮᠡᠳᠤ ᠬᠠᠶᠢᠷᠠᠯᠠᠨ ᠦᠵᠡᠵᠦ᠂ ᠦᠨᠢᠷ ᠦᠰᠦᠯᠳᠠ ᠪᠠᠨ ᠪᠡᠯᠭᠡᠯᠡᠨ᠂ ᠡᠩᠭᠡ ᠠᠮᠢᠳᠤᠷᠠᠯ ᠢᠶᠠᠨ ᠮᠬᠠᠳᠠᠵᠦ ᠠᠯᠤᠰ ᠬᠡᠳᠤ  ᠶᠢᠨ ᠰᠠᠶᠢᠨ ᠰᠠᠶᠢᠬᠠᠨ ᠢᠶᠠᠨ ᠵᠦᠡᠭᠨᠡᠳᠡᠭ ᠤᠴᠢᠷ ᠠᠭᠤᠯᠭ᠎ᠠ ᠲᠠᠢ ᠪᠤᠯᠤᠨ ᠬᠤᠪᠢᠷᠬᠠᠰᠠᠨ ᠶᠤᠮ᠃      ᠮᠤᠩᠭᠤᠯᠴᠤᠳ ᠰᠡᠳᠡᠷᠯᠡᠬᠦ ᠮᠠᠯ ᠢ ᠤᠪᠤᠭ᠎ᠠ ᠲᠠᠬᠢᠬᠤ ᠡᠳᠤᠷ ᠤᠪᠤᠭᠠᠨ ᠲᠡᠭᠡᠷ᠎ᠠ ᠪᠠᠨ ᠠᠪᠠᠴᠢᠵᠦ ᠰᠡᠳᠡᠷᠯᠡᠨ ᠪᠡᠯᠬᠡ ᠲᠡᠮᠪᠡᠷᠢᠯ ᠲᠠᠢ᠂ ᠦᠯᠵᠠᠢ ᠬᠤᠳᠤᠭ ᠲᠠᠢ ᠡᠳᠤᠷ ᠤᠡᠭᠭᠤᠯᠠᠵᠦ᠂ ᠨᠠᠰᠤ ᠵᠢᠯ᠂ ᠦᠡᠭᠭᠡ ᠵᠢᠰᠤ ᠶᠢ ᠨᠢ ᠲᠤᠷᠠᠳᠤᠨ᠂ ᠮᠣᠨᠳᠠᠭ᠎ᠠ ᠪᠣᠶᠣ ᠬᠦᠵᠦᠬᠦᠦ ᠳᠣᠯᠣᠭᠠᠢ ᠳᠤᠨᠢ ᠳᠣᠷᠭᠠᠨ ᠬᠠᠳᠠᠭ ᠵᠠᠩᠬᠢᠶ᠎ᠠ ᠵᠡᠬᠦᠯᠭᠡᠳᠡᠭ᠃      ᠢᠷᠬᠡ᠂ ᠰᠡᠷᠭᠡ ᠰᠡᠳᠡᠷᠯᠡᠪᠡᠯ ᠵᠠᠷᠣᠬᠤ᠂ ᠬᠤᠳᠠᠯᠳᠣᠬᠤ᠂ ᠰᠣᠯᠢᠵᠦ ᠠᠷᠠᠯᠵᠢᠶᠠᠯᠠᠬᠤ ᠪᠠ ᠠᠯᠠᠵᠦ ᠨᠢᠳᠣᠯᠵᠦ ᠪᠣᠯᠬᠤ ᠦᠭᠡᠢ ᠪᠦᠭᠡᠳ ᠭᠤᠶᠠᠳᠠᠵᠦ ᠵᠣᠳᠣᠵᠦ ᠪᠣᠯᠬᠤ ᠦᠭᠡᠢ᠂ ᠠᠳᠣᠭᠤ ᠦᠭᠡᠷ ᠰᠡᠳᠡᠷᠯᠡᠪᠡᠯ ᠣᠨᠣᠵᠦ ᠡᠳ᠋ᠯᠡᠬᠦ᠂ ᠬᠦᠯᠢᠵᠦ ᠪᠠᠷᠢᠬᠤ᠂ ᠵᠣᠳᠣᠵᠦ ᠴᠣᠬᠢᠵᠦ ᠪᠦᠷ ᠪᠣᠯᠬᠤ ᠦᠭᠡᠢ᠂ ᠨᠠᠩ ᠴᠦ ᠵᠠᠷᠣᠵᠦ ᠬᠤᠳᠠᠯᠳᠣᠵᠦ ᠪᠣᠯᠬᠤ ᠦᠭᠡᠢ ᠪᠦᠭᠡᠳ ᠰᠣᠯᠢᠵᠦ ᠠᠷᠠᠯᠵᠢᠶᠠᠯᠠᠬᠤ ᠶᠢ ᠴᠢᠩᠭ᠎ᠠ ᠴᠡᠭᠡᠷᠯᠡᠨ᠎ᠡ᠃ ᠪᠣᠭ᠂ ᠪᠣᠳᠠ ᠭᠡᠰᠡᠨ ᠦᠭᠡᠢ ᠰᠡᠳᠡᠷᠯᠡᠭᠰᠡᠨ ᠮᠠᠯ ᠤᠨ ᠦᠰᠦ ᠬᠢᠯᠭᠠᠰᠣ᠂ ᠨᠣᠣᠰᠣ᠂ ᠣᠩᠭᠠᠰᠣ᠂ ᠳᠡᠯ ᠰᠡᠬᠦᠯ ᠢ ᠳᠣᠷ᠎ᠠ ᠪᠠᠷ ᠢᠶᠠᠨ ᠬᠠᠶᠢᠴᠢᠯᠠᠵᠦ ᠪᠣᠯᠬᠤ ᠦᠭᠡᠢ ᠴᠡᠭᠡᠷ ᠶᠣᠰᠣᠨ ᠪᠠᠶᠢᠳᠠᠭ᠃      ᠬᠡᠷᠪᠡ ᠡᠳ᠋ᠯᠡᠬᠦ ᠣᠴᠢᠷ ᠲᠠᠢ ᠪᠣᠯ ᠳᠡᠷᠡ ᠡᠳᠦᠷ ᠨᠢ ᠣᠪᠣᠭᠠᠨ ᠳᠠᠭᠠᠨ ᠬᠡᠯᠡᠭᠡᠳ ᠡᠳ᠋ᠯᠡᠵᠦ ᠣᠨᠣᠵᠦ ᠪᠣᠯᠣᠨ᠎ᠠ᠃ᠭᠡᠪᠡᠴᠦ ᠵᠢᠯ ᠤᠨ ᠳᠦᠷᠪᠡᠨ ᠣᠯᠠᠷᠢᠯ ᠳᠤ ᠳᠠᠷᠭᠤ ᠬᠦᠴᠦ ᠲᠠᠢ ᠪᠠᠶᠢᠯᠭᠠᠵᠦ᠂ ᠳᠡᠯ ᠰᠡᠬᠦᠯ ᠢ ᠨᠢ ᠬᠦᠨᠳᠡᠬᠦ ᠦᠭᠡᠢ᠂ ᠵᠢᠯ ᠪᠣᠯᠭᠠᠨ ᠤ ᠣᠪᠣᠭ᠎ᠠ ᠳᠠᠬᠢᠬᠤ ᠡᠳᠦᠷ ᠰᠡᠳᠡᠷᠯᠡᠭᠰᠡᠨ ᠮᠠᠯ ᠢᠶᠠᠨ ᠠᠪᠠᠴᠢᠵᠦ ᠰᠠᠭᠠᠯᠢ ᠶᠢᠨ ᠳᠡᠭᠡᠵᠢ ᠪᠠᠷ ᠳᠡᠭᠡᠵᠢᠯᠡᠨ᠂ ᠣᠪᠣᠭᠠᠨ ᠳᠠᠭᠠᠨ ᠳᠠᠬᠢᠨ ᠳᠠᠭᠠᠳᠬᠠᠵᠦ ᠵᠠᠩᠬᠢᠶ᠎ᠠ ᠪᠠᠨ ᠰᠢᠨᠡᠳᠬᠡᠨ ᠵᠠᠰᠠᠵᠦ ᠦᠭᠭᠦᠨ᠎ᠡ᠃ ᠮᠠᠯ ᠰᠡᠳᠡᠷᠯᠡᠬᠦ ᠨᠢ ᠮᠠᠯ ᠳᠠᠭᠠᠨ ᠦᠩᠭᠡ ᠪᠡᠷ᠎ᠠ ᠨᠠᠮᠠᠵᠦ ᠰᠦᠷᠦᠭ ᠲᠡᠭᠡᠨ ᠰᠦᠷ ᠨᠠᠮᠪᠠᠭ᠎ᠠ ᠪᠣᠯᠳᠠᠭ ᠮᠦᠷᠳᠡᠭᠡᠨ ᠶᠡᠷᠦ ᠨᠢ ︽ᠳᠦᠮᠡᠨ ᠳᠡᠭᠡᠨ ᠳᠦᠷᠦᠬᠦᠦ ᠨᠢᠭᠡ︾ ᠭᠡᠳᠡᠭ ᠮᠡᠷᠭᠡᠨ ᠦᠭᠡ ᠪᠠᠨ ᠵᠢᠷᠣᠮᠯᠬᠠᠰᠠᠨ ᠤ ᠣᠴᠢᠷ ᠶᠣᠰᠣᠨ ᠶᠣᠮ᠃      ⒉ ᠮᠠᠯ ᠲᠠᠮᠠᠭᠠᠯᠠᠬᠤ ᠵᠠᠩᠰᠢᠯ      ᠮᠤᠩᠭᠤᠯᠴᠤᠳ ᠡᠷᠳᠠ ᠲᠡᠭᠡᠳᠤ ᠠᠴᠠ ᠪᠠᠨ ᠡᠬᠢᠯᠡᠨ ᠦᠪᠡᠷ ᠤᠨ ᠡᠷᠬᠢᠯᠡᠨ ᠡᠵᠡᠮᠰᠢᠭᠰᠡᠨ ᠤᠯᠠᠨ  ᠵᠠᠭᠤ ᠮᠢᠩᠭᠠᠨ ᠮᠠᠯ ᠰᠦᠷᠦᠭ ᠢᠶᠠᠨ ᠲᠠᠨᠢᠨ ᠪᠦᠷᠢᠳᠬᠡᠬᠦ ᠳᠡᠭᠡᠨ ᠮᠠᠯ ᠤᠨ ᠦᠡᠭᠭᠡ ᠵᠢᠰᠣ᠂ ᠨᠠᠰᠤ ᠰᠢᠳᠤ᠂ ᠲᠦᠷᠰᠤ ᠶᠠᠩᠵᠤ ᠵᠡᠷᠭᠡ ᠪᠠᠷ ᠨᠢ ᠵᠢᠰᠤᠯᠡᠨ ᠢᠯᠭᠠᠪᠤᠷᠢᠯᠠᠬᠤ ᠠᠷᠭ᠎ᠠ ᠴᠢᠳᠠᠪᠤᠷᠢ ᠶᠢ ᠪᠤᠯᠪᠠᠰᠤᠷᠠᠭᠤᠯᠤᠠᠨᠰᠠᠨ ᠠᠴᠠ ᠭᠠᠳᠠᠨ᠎ᠠ ᠪᠠᠰᠨ ᠨᠢᠬᠡᠨ ᠴᠢᠬᠤᠯᠨ ᠪᠠᠷᠢᠮᠳᠠ ᠲᠡᠮᠳᠡᠭ ᠲᠠᠮᠠᠭ᠎ᠠ ᠶᠢ ᠡᠬᠦᠳᠤᠨ ᠪᠦᠳᠦᠭᠡᠭᠰᠡᠨ ᠶᠤᠮ᠃      ᠮᠠᠯ ᠤᠨ ᠳᠠᠮᠠᠭ᠎ᠠ ᠳᠤ ᠳᠣᠮᠣ ᠳᠠᠮᠠᠭ᠎ᠠ᠂ ᠪᠠᠭ᠎ᠠ ᠳᠠᠮᠠᠭ᠎ᠠ ᠭᠡᠵᠦ ᠬᠤᠶᠠᠷ ᠵᠣᠶᠢᠯ ᠪᠠᠶᠢᠳᠠᠭ᠃ ᠳᠣᠮᠣ ᠳᠠᠮᠠᠭ᠎ᠠ  ᠶᠢᠨ ᠬᠡᠮᠵᠢᠶ᠎ᠡ ᠨᠢ ᠪᠠᠷᠤᠭ 6 — 11 cm ᠣᠷᠴᠢᠮ᠂ ᠪᠠᠭ᠎ᠠ ᠳᠠᠮᠠᠭ᠎ᠠ ᠶᠢᠨ ᠬᠡᠮᠵᠢᠶ᠎ᠡ ᠨᠢ ᠪᠠᠷᠤᠭ 1.5 — 2 cm ᠣᠷᠴᠢᠮ ᠪᠠᠶᠢᠳᠠᠭ᠃ ᠳᠣᠮᠣ ᠳᠠᠮᠠᠭ᠎ᠠ ᠶᠢ ᠳᠡᠮᠡᠭᠡ ᠠᠳᠣᠭᠤᠨ ᠤ ᠪᠡᠶ᠎ᠡ ᠳᠡᠭᠡᠷ᠎ᠡ᠂ ᠪᠠᠭ᠎ᠠ ᠳᠠᠮᠠᠭ᠎ᠠ ᠶᠢ ᠦᠬᠡᠷ᠂ ᠬᠤᠨᠢ᠂ ᠢᠮᠠᠭᠠᠨ ᠤ ᠡᠪᠡᠷ ᠪᠤᠶᠤ ᠴᠢᠬᠢᠨ ᠲᠡᠭᠡᠷ᠎ᠠ ᠲᠠᠷᠤᠬᠤ ᠳᠤ ᠵᠤᠷᠢᠭᠤᠯᠤᠠᠨᠰᠠᠨ ᠪᠠᠶᠢᠳᠠᠭ᠃ ᠪᠤᠳᠠ ᠪᠤᠭ ᠮᠠᠯ ᠢ 2 — 3 ᠨᠠᠰᠣ ᠬᠦᠷᠬᠦ ᠳᠤ ᠬᠠᠪᠤᠷ ᠨᠠᠮᠤᠷ ᠤᠨ ᠤᠯᠠᠷᠢᠯ ᠳᠤ ᠲᠠᠮᠠᠭᠠᠯᠠᠨ᠎ᠠ᠃ ᠮᠠᠯ ᠤᠨ ᠪᠡᠶ᠎ᠠ ᠶᠢᠨ ᠲᠡᠭᠡᠷ᠎ᠠ ᠲᠠᠮᠠᠭᠠᠯᠠᠬᠤ ᠳᠠᠭᠠᠨ ᠲᠠᠮᠠᠭ᠎ᠠ ᠲᠠᠷᠤᠬᠤ ᠬᠡᠰᠡᠭ ᠤᠨ ᠦᠰᠤ ᠨᠤᠤᠰᠤ ᠶᠢ ᠨᠢ ᠬᠠᠶᠢᠴᠢᠯᠠᠬᠤ ᠪᠤᠶᠤ ᠵᠢᠭᠠᠬᠠᠨ ᠤᠰᠤ ᠪᠠᠷ ᠨᠤᠷᠭᠠᠠᠨᠰᠠᠨ ᠤ ᠲᠠᠷᠠᠭ᠎ᠠ ᠭᠠᠯ ᠳᠤ ᠤᠯᠠᠶᠢᠯᠭᠠᠠᠨᠰᠠᠨ ᠲᠠᠮᠠᠭ᠎ᠠ ᠪᠠᠨ ᠲᠡᠩᠴᠡᠬᠦᠷᠢ ᠲᠤᠬᠢᠷᠠᠮᠵᠢᠳᠡᠢ ᠲᠤᠷᠠᠶᠢᠳᠡᠯ᠎ᠠ ᠲᠤᠳᠤ ᠲᠠᠷᠤᠨ᠎ᠠ᠃      ᠲᠠᠮᠠᠭ᠎ᠠ ᠶᠢ ᠮᠠᠯ ᠤᠨ ᠪᠡᠶ᠎ᠠ ᠶᠢᠨ ᠠᠯᠢ ᠬᠡᠰᠡᠭ ᠲᠤ ᠶᠠᠭᠠᠬᠢᠵᠦ ᠲᠠᠷᠤᠬᠤ ᠲᠤᠬᠠᠢ ᠮᠤᠩᠭᠤᠯᠴᠤᠳ ᠲᠤᠠᠨᠳ᠋ᠬᠠᠰᠠᠨ ᠶᠤᠰᠤ ᠵᠢᠷᠤᠮ ᠪᠠᠶᠢᠳᠠᠭ᠃ ᠲᠤᠬᠠᠶᠢᠯᠠᠪᠠᠯ ᠲᠡᠮᠡᠬᠡᠨ ᠤ ᠵᠦᠪᠳᠡᠢ ᠲᠠᠯ᠎ᠠ ᠶᠢᠨ ᠨᠢᠭᠤᠷ᠂ ᠭᠤᠶ᠎ᠠ᠂ ᠲᠠᠰᠢᠶ᠎ᠠ ᠪᠠ ᠪᠤᠷᠤᠭᠤᠳᠡᠢ ᠲᠠᠯ᠎ᠠ ᠶᠢᠨ ᠭᠤᠶ᠎ᠠ᠂ ᠪᠤᠷᠤᠭᠤᠳᠡᠢ ᠲᠠᠯ᠎ᠠ ᠶᠢᠨ ᠭᠤᠶ᠎ᠠ᠂ ᠲᠠᠰᠢᠶ᠎ᠠ ᠵᠡᠷᠭᠡ ᠭᠠᠵᠠᠷ ᠲᠠᠷᠤᠨ᠎ᠠ᠃ᠠᠳᠤᠭᠤᠨ ᠤ ᠵᠦᠪ ᠪᠤᠷᠤᠭᠤ ᠬᠤᠶᠠᠷ ᠬᠠᠴᠠᠷ ᠪᠤᠶᠤ ᠲᠡᠮᠡᠬᠡᠨ ᠤ ᠪᠤᠷᠤᠭᠤᠳᠡᠢ ᠲᠠᠯ᠎ᠠ ᠶᠢᠨ ᠬᠠᠴᠠᠷ ᠲᠡᠭᠡᠷ᠎ᠠ ᠲᠠᠮᠠᠭ᠎ᠠ ᠲᠠᠷᠤᠳᠠᠭ ᠦᠬᠡᠢ᠃ ᠵᠠᠷᠢᠮ ᠨᠤᠳᠤᠭ ᠲᠤ ︽ᠪᠤᠷᠤᠭᠤᠳᠡᠢ ᠲᠠᠯ᠎ᠠ ᠶᠢᠨ ᠲᠠᠮᠠᠭ᠎ᠠ ᠪᠤᠯ ᠪᠠᠷᠬᠠᠳᠠᠬᠤ ᠶᠢᠨ ᠲᠡᠮᠳᠡᠭ︾ ᠬᠡᠮᠡᠨ ᠠᠯᠢ ᠴᠤ ᠮᠠᠯ ᠤᠨ ᠪᠤᠷᠤᠭᠤᠳᠡᠢ ᠲᠠᠯ᠎ᠠ ᠲᠡᠭᠡᠷ᠎ᠠ ᠶᠡᠷᠤ ᠲᠠᠮᠠᠭ᠎ᠠ ᠲᠠᠷᠤᠳᠠᠭ ᠦᠬᠡᠢ ᠵᠠᠩᠰᠢᠯ ᠪᠠᠶᠢᠳᠠᠭ᠃ ᠦᠬᠡᠷ ᠤᠨ ᠪᠡᠶ᠎ᠠ ᠲᠡᠭᠡᠷ᠎ᠠ ᠲᠠᠮᠠᠭ᠎ᠠ ᠲᠠᠷᠤᠬᠤ ᠨᠢ ᠲᠤᠩ ᠴᠦᠬᠡᠨ᠂ ᠭᠤᠤᠯᠳᠠᠭᠤ ᠡᠪᠡᠷ ᠲᠡᠭᠡᠷ᠎ᠠ ᠨᠢ ᠲᠠᠮᠠᠭ᠎ᠠ ᠲᠠᠷᠤᠳᠠᠭ᠂ ᠤᠨᠴᠨ ᠵᠠᠷᠢᠮ ᠲᠤᠶᠢᠮᠤᠭ ᠦᠬᠡᠷ ᠲᠤ ᠪᠤᠯ ᠲᠠᠰᠢᠶ᠎ᠠ ᠲᠡᠭᠡᠷ᠎ᠠ ᠨᠢ ᠨᠢᠮᠬᠡᠨ ᠲᠠᠮᠠᠭᠠᠯᠠᠨ᠎ᠠ᠃ ᠬᠤᠨᠢ ᠢᠮᠠᠭ᠎ᠠ ᠶᠢ ᠡᠪᠡᠷ ᠲᠡᠭᠡᠷ᠎ᠠ ᠨᠢ ᠲᠠᠮᠠᠭᠠᠯᠠᠨ᠎ᠠ᠃ ᠵᠠᠷᠢᠮ ᠮᠤᠬᠤᠷ ᠬᠤᠨᠢ᠂ ᠢᠮᠠᠭ᠎ᠠ ᠶᠢᠨ ᠴᠢᠬᠢᠨ ᠲᠡᠭᠡᠷ᠎ᠠ ᠨᠢ ᠲᠠᠮᠠᠭᠠᠯᠠᠬᠤ ᠶᠢ ᠭᠠᠷᠭᠠᠪᠠᠯ ᠬᠤᠨᠢ ᠢᠮᠠᠭᠠᠨ ᠤ ᠪᠡᠶ᠎ᠠ ᠶᠢᠨ ᠦᠬᠡᠷ᠎ᠠ ᠬᠡᠰᠡᠭ ᠲᠤ ᠲᠠᠮᠠᠭᠠᠯᠠᠬᠤ ᠦᠬᠡᠢ᠃      ᠮᠠᠯ ᠲᠠᠮᠠᠭᠠᠯᠠᠬᠤ ᠳᠤ ᠲᠠᠮᠠᠭ᠎ᠠ ᠶᠢᠨ ᠲᠡᠭᠡᠳᠤ ᠲᠠᠯ᠎ᠠ ᠶᠢ ᠡᠷᠭᠡᠪᠰᠢ ᠡᠭᠴᠨ ᠦᠬᠡᠳᠠ ᠬᠠᠨᠳᠤᠭᠤᠯᠬᠤ ᠪᠤᠶᠤ ᠮᠠᠯ ᠤᠨ ᠲᠤᠯᠤᠭᠠᠢ ᠵᠦᠭ ᠬᠠᠨᠳᠤᠭᠤᠯᠵᠦ ᠲᠠᠷᠤᠨ᠎ᠠ᠃      ᠮᠤᠩᠭᠤᠯᠴᠤᠳ ᠰᠠᠷᠠᠨ ᠲᠠᠮᠠᠭ᠎ᠠ ᠶᠢ ᠬᠠᠮᠤᠭ ᠤᠨ ᠡᠷᠬᠢᠮ ᠲᠡᠭᠡᠳᠤ ᠲᠠᠮᠠᠭ᠎ᠠ ᠬᠡᠮᠡᠨ ᠦᠵᠡᠵᠦ ᠲᠡᠬᠦᠨ ᠤ ᠬᠤᠶᠠᠷ ᠦᠵᠦᠬᠦᠷ ᠢ ᠮᠠᠯ ᠤᠨ ᠲᠤᠯᠤᠭᠠᠢ ᠵᠦᠭ ᠬᠠᠨᠳᠤᠭᠤᠯᠵᠦ ᠲᠠᠷᠤᠨ᠎ᠠ᠃ ᠰᠠᠷᠠᠨ ᠲᠠᠮᠠᠭ᠎ᠠ ᠶᠢᠨ ᠤᠴᠢᠷ ᠨᠢ ᠰᠠᠷ᠎ᠠ ᠪᠦᠷᠢ ᠶᠢᠨ ᠰᠢᠨᠡᠳ ᠢᠶᠠᠷ ᠬᠠᠪᠢᠷᠭᠠᠨ ᠰᠠᠷᠨ ᠭᠠᠷᠴᠤ᠂ ᠡᠳᠤᠷ ᠠᠴᠠ ᠡᠳᠤᠷ ᠲᠤᠮᠤᠷᠬᠠᠰᠠᠭᠠᠷ ᠠᠷᠪᠠᠨ ᠲᠠᠪᠤᠨ  ᠤ ᠡᠳᠤᠷ ᠪᠦᠬᠦᠯᠢ ᠲᠦᠬᠦᠷᠡᠩ ︵ᠲᠡᠷᠭᠡᠯ︶ ᠪᠤᠯᠬᠤ ᠶᠠᠪᠤᠳᠠᠯ ᠢᠶᠠᠷ ᠮᠠᠯ ᠬᠦᠷᠦᠩᠭᠡ ᠨᠢ ᠵᠢᠯ ᠲᠠᠷᠠᠭᠠᠯᠠᠨ ᠦᠨᠢᠷ ᠦᠰᠴᠤ ᠪᠠᠶᠠᠨ ᠴᠢᠨᠡᠬᠡᠯᠢᠭ ᠪᠤᠯᠬᠤ ᠶᠢ ᠪᠡᠯᠭᠡᠳᠡᠳᠡᠭ ᠪᠠᠶᠢᠨ᠎ᠠ᠃ ᠰᠤᠮᠤᠨ ᠲᠠᠮᠠᠭ᠎ᠠ ᠲᠠᠢ ᠠᠶᠢᠯ ᠦᠬᠡᠳᠡᠯᠡᠬᠦ ᠨᠢ ᠲᠦᠷᠭᠡᠨ᠂ ᠲᠤᠭᠤᠷᠠᠢ ᠲᠠᠮᠠᠭ᠎ᠠ ᠲᠠᠢ ᠠᠶᠢᠯ ᠶᠠᠳᠠᠭᠤᠷᠠᠬᠤ ᠦᠬᠡᠢ᠃ ᠵᠤᠭᠤᠰᠤᠨ ᠲᠠᠮᠠᠭ᠎ᠠ ᠲᠠᠢ ᠠᠶᠢᠯ ᠡᠳ᠋ ᠮᠦᠡᠭᠭᠦ ᠡᠯᠪᠡᠭ ᠬᠡᠬᠦ ᠮᠡᠳᠤ ᠪᠡᠯᠬᠡᠯᠡᠨ ᠲᠠᠶᠢᠯᠪᠤᠷᠢᠯᠠᠵᠦ ᠶᠠᠷᠢᠳᠠᠭ ᠪᠢᠯᠨ᠃ ︵︽ᠦᠪᠣᠷ ᠮᠣᠩᠭᠤᠯ  ᠤᠨ ᠮᠠᠯ ᠠᠵᠣ ᠠᠬᠤᠢ︾ ᠰᠠᠣᠨᠬᠦᠯ ᠤᠨ 2018 ᠣᠨ ᠤ 2 ᠳ᠋ᠣᠭᠠᠷ ᠬᠤᠭᠤᠴᠠᠭᠠᠨ  ᠠᠴᠠ ᠰᠢᠯᠵᠢᠬᠦᠯᠪᠠ᠃︶
 
ᠢᠷᠡᠯᠲᠡ᠄ ︽ᠦᠪᠣᠷ ᠮᠣᠩᠭᠤᠯ  ᠤᠨ ᠮᠠᠯ ᠠᠵᠣ ᠠᠬᠤᠢ︾ ᠰᠠᠣᠨᠬᠦᠯ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号