ᠦᠵᠦᠮᠦᠴᠢᠨ ᠤ ᠤᠯᠠᠮᠵᠢᠯᠠᠯᠳᠤ ᠨᠡᠭᠦᠳᠡᠯ ᠮᠠᠯᠵᠢᠯ ᠤᠨ ᠠᠷᠭ᠎ᠠ ᠬᠡᠯᠪᠡᠷᠢ
ᠨᠡᠶᠢᠲᠡᠯᠡᠭᠰᠡᠨ ᠴᠠᠭ᠄
2019/5/6
         ᠦᠵᠦᠮᠦᠴᠢᠨ ᠤ ᠤᠯᠠᠮᠵᠢᠯᠠᠯᠳᠤ ᠨᠡᠭᠦᠳᠡᠯ          ᠮᠠᠯᠵᠢᠯ ᠤᠨ ᠠᠷᠭ᠎ᠠ ᠬᠡᠯᠪᠡᠷᠢ                                              ᠤᠷᠢᠶᠠᠩᠬᠠᠨ ᠤ · ᠶᠤᠨᠳᠤᠨ        ᠦᠵᠦᠮᠦᠴᠢᠨ ᠮᠠᠯᠴᠢᠳ ᠨᠡᠭᠦᠳᠡᠯ ᠬᠢᠬᠦ ᠤᠷᠳᠤ ᠬᠤᠭᠤᠴᠠᠭᠠᠨ ᠤ ᠦᠢᠯᠡᠳᠦᠯᠭᠡ ᠶᠢᠨ ᠶᠠᠪᠤᠴᠠ ᠲᠤᠮᠳᠠ ᠪᠠᠨ ᠤᠯᠠᠨ ᠵᠦᠢᠯ ᠤᠨ ᠨᠡᠭᠦᠳᠡᠯ ᠤᠨ ᠬᠡᠯᠪᠡᠷᠢ ᠮᠠᠶ᠋ᠢᠭ ᠢ ᠡᠭᠦᠳᠦᠭᠰᠡᠨ ᠪᠠᠶᠢᠨ᠎ᠠ᠂ ᠡᠭᠦᠨ ᠳᠤ ᠶᠡᠭᠡ ᠨᠡᠭᠦᠳᠡᠯ᠂ ᠠᠯᠤᠰ ᠤᠨ ᠨᠡᠭᠦᠳᠡᠯ᠂ ᠤᠶᠢᠷ᠎ᠠ ᠶᠢᠨ ᠨᠡᠭᠦᠳᠡᠯ᠂ ᠤᠳᠤᠷ ᠤᠨ ᠨᠡᠭᠦᠳᠡᠯ᠂ ᠤᠯᠠᠷᠢᠯ ᠤᠨ ᠨᠡᠭᠦᠳᠡᠯ ᠭᠡᠵᠦ ᠢᠯᠭᠠᠳᠠᠭ᠃ ᠨᠡᠭᠦᠳᠡᠯ ᠬᠢᠬᠦ ᠶᠢᠨ ᠠᠴᠢ ᠲᠤᠰᠠ ᠭᠡᠪᠡᠯ᠂ ᠮᠠᠯ ᠰᠦᠷᠦᠭ ᠢᠶᠠᠨ ᠤᠨᠳᠤᠷᠤᠭᠤᠯᠬᠤ᠂ ᠦᠷᠡᠵᠢᠭᠦᠯᠵᠦ ᠦᠰᠭᠡᠬᠦ᠂ ᠲᠠᠷᠭᠤ ᠠᠪᠤᠭᠤᠯᠵᠦ ᠲᠤᠭᠳᠠᠭᠠᠬᠤ᠂ ᠤᠰᠤ ᠪᠡᠯᠴᠢᠭᠡᠷ ᠢᠶᠠᠨ ᠲᠦᠯᠦᠪᠯᠡᠭᠡ ᠲᠠᠢ ᠠᠰᠢᠭᠯᠠᠬᠤ᠂ ᠬᠦᠷᠦᠰᠦ ᠰᠢᠷᠤᠢ ᠪᠠᠨ ᠬᠠᠮᠠᠭᠠᠯᠠᠬᠤ ᠵᠡᠷᠭᠡ ᠶᠠᠪᠤᠳᠠᠯ ᠪᠤᠯᠤᠨ᠎ᠠ᠃ ᠠᠯᠤᠰ ᠤᠨ ᠨᠡᠭᠦᠳᠡᠯ᠂ ᠤᠯᠠᠷᠢᠯ ᠤᠨ ᠨᠡᠭᠦᠳᠡᠯ ᠬᠢᠬᠦ ᠲᠤᠮᠳᠠ ᠪᠠᠰᠠ ᠬᠦᠩᠭᠡᠨ ᠤᠳᠤᠷ ᠤᠨ ᠰᠡᠯᠭᠦᠭᠡ ᠨᠡᠭᠦᠳᠡᠯ ᠨᠢ ᠤᠯᠠᠨ ᠪᠠᠶᠢᠳᠠᠭ᠂ ︽ᠤᠯᠠᠨ ᠬᠦᠳᠡᠯᠭᠡᠭᠡᠨᠳᠦ ᠴᠢᠨᠠᠷ ᠪᠦᠬᠦᠢ ᠨᠡᠭᠦᠳᠡᠯ ᠮᠠᠯᠵᠢᠯ︾ ᠢ ᠬᠢᠳᠡᠭ ᠨᠢ ᠪᠡᠯᠴᠢᠭᠡᠷ ᠤᠨ ᠲᠠᠷᠤᠭᠠᠰᠤ ᠶᠢ ᠬᠦᠩᠭᠡᠯᠡᠨ᠂ ᠡᠪᠡᠰᠦᠨ ᠤ ᠤᠷᠭᠤᠴᠠ ᠶᠢ ᠨᠦᠯᠦᠭᠡᠯᠡᠬᠦ ᠦᠭᠡᠢ ᠪᠠᠶᠢᠵᠦ᠂ ᠮᠠᠯ ᠪᠡᠯᠴᠢᠭᠡᠷ ᠤᠨ ᠬᠠᠷᠢᠯᠴᠠᠨ ᠨᠦᠬᠦᠪᠦᠷᠢᠯᠡᠯᠴᠡᠭᠰᠡᠨ ᠵᠤᠬᠢᠴᠡᠯ ᠢ ᠤᠯᠭᠤᠳᠠᠭ ᠶᠤᠮ᠃      ᠶᠡᠭᠡ ᠨᠡᠭᠦᠳᠡᠯ ᠬᠢᠬᠦ᠃ ᠶᠡᠭᠡ ᠨᠡᠭᠦᠳᠡᠯ ᠪᠤᠯ ᠡᠷᠳᠡ ᠲᠡᠭᠡᠷ᠎ᠡ ᠲᠡᠤᠬᠡᠨ ᠳᠤ ᠶᠠᠷᠢᠭᠳᠠᠬᠤ ᠶᠡᠭᠡ ᠠᠯᠤᠰ ᠬᠤᠯᠠ ᠶᠢᠨ ᠡᠷᠬᠢᠵᠦ ᠪᠤᠴᠠᠰᠢ ᠦᠭᠡᠢ ᠨᠡᠭᠦᠳᠡᠯ ᠪᠤᠯᠤᠨ᠎ᠠ᠃ ᠲᠡᠤᠬᠡᠨ ᠨᠡᠭᠦᠳᠡᠯ ᠢ ᠠᠵᠢᠭᠯᠠᠪᠠᠯ ᠪᠠᠷᠤᠭ ᠨᠢᠭᠡ ᠨᠡᠭᠦᠳᠡᠯ ᠤᠨ ᠬᠤᠭᠤᠴᠠᠭ᠎ᠠ ᠨᠢ ᠬᠠᠭᠠᠰ ᠵᠠᠭᠤᠨ ᠠᠴᠠ ᠲᠤᠷᠤᠭᠰᠢ ᠦᠭᠡᠢ ᠬᠤᠭᠤᠴᠠᠭ᠎ᠠ ᠬᠡᠷᠡᠭᠰᠡᠵᠦ᠂ ᠨᠤᠲᠤᠭ ᠲᠠᠭᠠᠨ ᠪᠤᠴᠠᠬᠤ ᠪᠤᠯᠤᠮᠵᠢ ᠲᠤᠩ ᠪᠠᠭ᠎ᠠ ᠪᠠᠶᠢᠵᠦ᠂ ᠠᠷᠪᠠᠨ ᠵᠢᠯ ᠪᠤᠶᠤ ᠬᠡᠳᠦᠨ ᠠᠷᠪᠠᠨ ᠵᠢᠯ᠂ ᠡᠰᠡᠪᠡᠯ ᠨᠢᠭᠡᠮᠦᠰᠦᠨ ᠪᠤᠴᠠᠵᠦ ᠢᠷᠡᠬᠦ ᠦᠭᠡᠢ ᠪᠠᠷ ᠬᠢᠬᠦ ᠠᠶᠢᠮᠠᠭ ᠪᠦᠯᠦᠭ ᠤᠨ ᠨᠡᠭᠦᠳᠡᠯ ᠪᠤᠯᠤᠨ᠎ᠠ᠃ ᠲᠡᠭᠡᠬᠦ ᠮᠦᠷᠳᠡᠭᠡᠨ ᠬᠦᠮᠦᠨ᠂ ᠮᠠᠯ ᠰᠦᠷᠦᠭ᠂ ᠬᠦᠷᠦᠩᠭᠡ ᠬᠤᠭᠰᠢᠯ ᠢᠶᠠᠨ ᠪᠦᠬᠦᠨ ᠢ ᠠᠪᠴᠤ ᠨᠡᠬᠦᠬᠦ ᠵᠡᠷᠭᠡ ᠤᠨᠴᠠᠯᠢᠭ ᠲᠠᠢ ᠶᠤᠮ᠂ ᠡᠶᠢᠮᠦ ᠨᠡᠭᠦᠳᠡᠯ ᠨᠢ ᠤᠨᠴᠠᠭᠠᠢ ᠪᠠᠶᠢᠳᠠᠯ ᠦᠭᠡᠢ ᠪᠤᠯ ᠬᠢᠬᠦ ᠪᠤᠯᠤᠯᠴᠠᠭ᠎ᠠ ᠦᠭᠡᠢ ᠨᠡᠶᠢᠭᠡᠮ ᠤᠨ ᠰᠢᠯᠳᠠᠭᠠᠨ ᠠᠴᠠ ᠪᠤᠯᠤᠭᠰᠠᠨ ᠨᠡᠭᠦᠳᠡᠯ ᠪᠤᠯᠬᠤ ᠶᠤᠮ᠃      ᠲᠦᠷᠪᠡᠨ ᠤᠯᠠᠷᠢᠯ ᠢᠶᠠᠷ ᠨᠡᠭᠦᠬᠦ᠃ ᠲᠦᠷᠪᠡᠨ ᠤᠯᠠᠷᠢᠯ ᠢᠶᠠᠷ ᠲᠤᠭᠳᠠᠮᠠᠯ ᠨᠡᠭᠦᠬᠦ ᠨᠢ ᠡᠩ ᠤᠨ ᠤᠯᠠᠷᠢᠯ ᠤᠨ ᠵᠢᠯ ᠤᠨ ᠡᠷᠭᠢᠯᠳᠡ ᠶᠢᠨ ᠴᠢᠨᠠᠷ ᠲᠠᠢ ᠨᠡᠭᠦᠳᠡᠯ ᠪᠤᠯᠤᠨ᠎ᠠ᠃ ᠡᠨᠡ ᠪᠤᠯ ᠦᠪᠡᠷ ᠤᠨ ᠲᠤᠭᠳᠠᠪᠤᠷᠢᠳᠠᠢ ᠮᠠᠯᠵᠢᠵᠦ ᠪᠠᠶᠢᠭᠰᠠᠨ ᠨᠤᠲᠤᠭ ᠲᠠᠭᠠᠨ ᠠᠪᠤᠭᠰᠠᠨ ᠤᠯᠠᠷᠢᠯ ᠤᠨ ᠦᠩᠭᠡ ᠪᠠᠷ ᠰᠢᠯᠵᠢᠬᠦ ᠠᠷᠭ᠎ᠠ ᠬᠡᠯᠪᠡᠷᠢ ᠶᠤᠮ᠃ ᠪᠡᠯᠴᠢᠭᠡᠷ  ᠢᠶᠠᠨ ᠲᠦᠷᠪᠡᠨ ᠤᠯᠠᠷᠢᠯ ᠢᠶᠠᠷ ᠬᠤᠪᠢᠶᠠᠵᠦ᠂ ᠤᠯᠠᠷᠢᠯ ᠤᠨ ᠪᠡᠯᠴᠢᠭᠡᠷ ᠢᠶᠠᠨ ᠪᠠᠰᠠ ᠲᠤᠲᠤᠷ᠎ᠠ ᠪᠠᠨ ᠨᠠᠷᠢᠨ ᠬᠤᠪᠢᠶᠠᠷᠢ  ᠲᠠᠢ ᠠᠰᠢᠭᠯᠠᠳᠠᠭ᠂ ᠬᠠᠷᠢᠨ ᠲᠦᠷᠪᠡᠨ ᠤᠯᠠᠷᠢᠯ ᠤᠨ ᠪᠡᠯᠴᠢᠭᠡᠷ ᠨᠢ ᠵᠦᠪᠬᠡᠨ ᠲᠦᠷᠪᠡ ᠤᠳᠠᠭ᠎ᠠ ᠨᠡᠭᠦᠵᠦ ᠪᠠᠭᠤᠬᠤ ᠭᠡᠰᠡᠨ ᠶᠠᠪᠤᠳᠠᠯ ᠪᠢᠰᠢ᠃ ᠤᠯᠠᠷᠢᠯ ᠢᠶᠠᠷ ᠨᠤᠲᠤᠭ ᠬᠤᠪᠢᠳᠡᠨ ᠮᠠᠯᠵᠢᠬᠤ ᠪᠤᠯᠪᠠᠴᠤ ᠪᠠᠰᠠ ᠪᠠᠶᠢᠭᠠᠯᠢ ᠶᠢᠨ ᠰᠢᠯᠳᠠᠭᠠᠨ ᠪᠠ ᠪᠡᠯᠴᠢᠭᠡᠷ ᠤᠨ ᠪᠠᠶᠢᠳᠠᠯ ᠤᠨ ᠪᠤᠳᠠᠳᠠᠢ ᠨᠦᠬᠦᠴᠡᠯ ᠢᠶᠠᠨ ᠰᠤᠩᠭᠤᠵᠦ᠂ ᠤᠯᠠᠷᠢᠯ ᠤᠨ ᠪᠡᠯᠴᠢᠭᠡᠷ ᠢᠶᠠᠨ ᠳᠠᠬᠢᠨ ᠠᠰᠢᠭᠯᠠᠨ ᠲᠤᠬᠢᠷᠠᠭᠤᠯᠬᠤ ᠴᠣ᠋ ᠪᠤᠢ᠃ ᠢᠩᠭᠢᠬᠦ ᠨᠢ ᠡᠪᠡᠰᠦ ᠤᠷᠭᠤᠮᠠᠯ ᠤᠨ ᠰᠤᠶᠤᠭᠠᠯᠠᠬᠤ᠂ ᠴᠡᠴᠡᠭᠯᠡᠬᠦ᠂ ᠦᠷᠡᠯᠡᠬᠦ᠂ᠰᠠᠴᠤᠬᠤ ᠵᠡᠷᠭᠡ ᠪᠦᠬᠦ ᠶᠠᠪᠤᠴᠠ ᠶᠢ ᠬᠠᠷᠠᠭᠠᠯᠵᠠᠳᠠᠭ ᠪᠤᠯᠬᠤᠷ ᠨᠦᠯᠦᠭᠡ ᠪᠤᠯᠳᠠᠭ ᠦᠭᠡᠢ ᠪᠢᠯᠡ᠃      ᠤᠳᠤᠷ ᠨᠡᠭᠦᠳᠡᠯ ᠬᠢᠬᠦ᠃ ᠤᠳᠤᠷ ᠨᠡᠭᠦᠳᠡᠯ ᠢ ᠤᠶᠢᠷ᠎ᠠ ᠪᠤᠶᠤ ᠬᠤᠯᠠ ᠶᠢᠨ ᠤᠳᠤᠷ ᠭᠡᠵᠦ ᠢᠯᠭᠠᠳᠠᠭ ᠪᠦᠭᠡᠳ ᠡᠳᠦᠷ ᠬᠤᠨᠤᠭ ᠴᠦᠬᠡᠨ ᠢᠶᠠᠷ ᠪᠡᠯᠴᠢᠭᠡᠷ ᠰᠢᠯᠵᠢᠬᠦ ᠶᠢ ᠤᠳᠤᠷ ᠭᠡᠳᠡᠭ᠃ ᠤᠶᠢᠷ᠎ᠠ ᠶᠢᠨ ᠤᠳᠤᠷ ᠭᠡᠳᠡᠭ ᠪᠤᠯ ᠤᠯᠠᠩᠬᠢ ᠳᠠᠭᠠᠨ ᠤᠯᠠᠷᠢᠯ ᠤᠨ ᠲᠤᠲᠤᠷ᠎ᠠ ᠪᠠᠨ ᠶᠠᠪᠤᠭᠳᠠᠬᠤ ᠰᠢᠭᠤᠳ ᠪᠦᠭᠡᠳ ᠬᠦᠩᠭᠡᠨ ᠮᠠᠶ᠋ᠢᠭ ᠤᠨ ᠪᠡᠯᠴᠢᠭᠡᠷ ᠰᠢᠯᠵᠢᠬᠦ ᠬᠡᠯᠪᠡᠷᠢ ᠪᠤᠯᠤᠨ᠎ᠠ᠃ ᠭᠡᠷ ᠬᠤᠳᠠᠯᠠ᠂ ᠮᠠᠯ ᠰᠦᠷᠦᠭ ᠪᠦᠬᠦᠨ ᠢᠶᠠᠷ ᠢᠶᠠᠨ ᠬᠠᠮᠳᠤ ᠪᠠᠷ ᠶᠠᠪᠤᠬᠤ ᠪᠢᠰᠢ ᠠᠯᠢ ᠮᠠᠯ ᠰᠦᠷᠦᠭ ᠪᠡᠯᠴᠢᠭᠡᠷ ᠰᠢᠯᠵᠢᠬᠦ ᠴᠢᠬᠤᠯᠠ ᠲᠠᠢ ᠪᠤᠯ ᠲᠡᠷᠡ ᠰᠦᠷᠦᠭ ᠢᠶᠠᠨ ᠠᠪᠴᠤ᠂ ᠲᠦᠭᠦᠮ ᠬᠡᠯᠪᠡᠷᠢ ᠶᠢᠨ ᠤᠷᠤᠨ ᠰᠠᠭᠤᠴᠠ ᠪᠡᠯᠡᠳᠭᠡᠵᠦ᠂ ᠵᠤᠨ ᠪᠤᠯ ᠤᠰᠤᠨ ᠲᠡᠷᠭᠡ᠂ ᠡᠪᠦᠯ ᠪᠤᠯ ᠬᠤᠷᠤᠭᠠᠨ ᠲᠡᠷᠭᠡ ᠪᠠᠨ ᠠᠪᠴᠤ᠂ ᠴᠦᠬᠡᠨ ᠡᠳᠦᠷ ᠬᠤᠨᠤᠭ ᠢᠶᠠᠷ ᠤᠳᠤᠷᠯᠠᠳᠠᠭ᠃ ᠠᠯᠤᠰ ᠤᠨ ᠤᠳᠤᠷ ᠪᠤᠯ ᠭᠠᠵᠠᠷ ᠤᠰᠤᠨ ᠨᠢ ᠵᠠᠶᠢᠳᠠᠭᠤ ᠠᠯᠤᠰ ᠤᠨ ᠨᠢᠭᠡᠴᠡ ᠳᠤ ᠴᠦᠭᠡᠨ ᠬᠤᠨᠤᠭ ᠲᠤᠭ᠎ᠠ ᠪᠠᠷ ᠬᠦᠩᠭᠡᠨ ᠮᠠᠶ᠋ᠢᠭ ᠤᠨ ᠤᠳᠤᠷ ᠶᠠᠪᠤᠵᠦ᠂ ᠮᠠᠯ ᠢᠶᠠᠨ ᠲᠦᠷ ᠨᠤᠭᠤᠭᠠᠨ ᠳᠤ ᠴᠠᠳᠬᠠᠬᠤ ᠪᠤᠶᠤ ᠲᠠᠷᠭᠤ ᠠᠪᠤᠭᠤᠯᠬᠤ ᠳᠤ ᠵᠤᠷᠢᠭᠤᠯᠤᠨ᠂ ᠪᠡᠯᠴᠢᠭᠡᠷ ᠰᠡᠯᠭᠦᠨ ᠮᠠᠯᠵᠢᠳᠠᠭ᠃ ᠤᠳᠤᠷ ᠶᠠᠪᠤᠬᠤ ᠳᠤ ᠤᠯᠠᠩᠬᠢ ᠳᠠᠭᠠᠨ ᠬᠤᠶᠠᠷ ᠭᠤᠷᠪᠠᠨ ᠬᠦᠮᠦᠨ᠂ ᠨᠢᠭᠡ ᠤᠨᠤᠭᠠᠷᠢ ᠶᠢᠨ ᠮᠤᠷᠢ᠂ 2 — 3 ᠬᠦᠯᠤᠪᠦᠷᠢ ᠶᠢᠨ ᠦᠬᠡᠷ ᠪᠤᠯᠤᠨ ᠲᠡᠷᠭᠡ ᠲᠡᠭᠡᠭᠡᠰᠢ᠂ ᠲᠦᠭᠦᠮ ᠠᠪᠰᠠᠷᠬᠠᠨ ᠬᠦᠨᠡᠰᠦᠨ ᠤ ᠪᠡᠯᠡᠳᠭᠡᠮᠵᠢ ᠪᠠ ᠬᠡᠷᠡᠭᠰᠡᠯ ᠵᠡᠷᠭᠡ ᠯᠡ ᠪᠠᠶᠢᠳᠠᠭ ᠶᠤᠮ᠃      ᠠᠯᠤᠰ ᠤᠨ ᠨᠡᠭᠦᠳᠡᠯ ᠬᠢᠬᠦ᠃ ᠠᠯᠤᠰ ᠤᠨ ᠨᠡᠭᠦᠳᠡᠯ ᠢ ᠲᠤᠭᠳᠠᠪᠤᠷᠢᠳᠠᠢ ᠪᠡᠯᠴᠢᠭᠡᠷ ᠨᠤᠲᠤᠭ ᠨᠢ ᠭᠠᠩ ᠬᠠᠭᠰᠠᠷᠠᠭᠠᠨ ᠪᠤᠶᠤ ᠵᠤᠳ ᠵᠤᠷᠬᠠᠨ ᠤ ᠪᠠᠶᠢᠭᠠᠯᠢ ᠶᠢᠨ ᠰᠢᠯᠳᠠᠭᠠᠨ ᠠᠴᠠ ᠪᠤᠯᠵᠦ᠂ ᠮᠠᠯ ᠮᠠᠯᠵᠢᠬᠤ ᠨᠦᠬᠦᠴᠡᠯ ᠢᠶᠠᠷ ᠠᠨᠠᠢ ᠪᠤᠯᠤᠭᠰᠠᠨ ᠦᠶ᠎ᠡ ᠳᠤ ᠠᠷᠭ᠎ᠠ ᠪᠤᠰᠤ ᠪᠡᠯᠴᠢᠭᠡᠷ ᠰᠢᠯᠵᠢᠬᠦ ᠶᠠᠪᠤᠳᠠᠯ ᠪᠤᠯᠵᠦ ᠶᠠᠪᠤᠭᠳᠠᠭᠤᠯᠳᠠᠭ᠂ ᠡᠨᠡ ᠨᠢ ᠶᠡᠷᠦᠨᠢ ᠠᠶᠢᠮᠠᠭ ᠪᠦᠯᠦᠭ ᠪᠤᠶᠤ ᠨᠢᠭᠡᠴᠡ ᠶᠢᠨ ᠬᠠᠮᠳᠤ ᠶᠢᠨ ᠠᠵᠢᠯᠯᠠᠭ᠎ᠠ ᠪᠤᠯᠤᠨ ᠶᠠᠪᠤᠭᠳᠠᠳᠠᠭ ᠠᠴᠠ ᠠᠶᠢᠮᠠᠭ ᠤᠨ ᠲᠦᠷᠦᠭᠦᠴᠢ ᠪᠤᠶᠤ ᠨᠢᠭᠡᠴᠡ ᠶᠢᠨ ᠬᠠᠷᠢᠭᠤᠴᠠᠯᠭᠠᠳᠠᠨ ᠵᠤᠬᠢᠶᠠᠨ ᠪᠠᠶᠢᠭᠤᠯᠳᠠᠭ ᠶᠤᠮ᠂ ᠤᠳᠤᠷ ᠶᠠᠪᠤᠬᠤ ᠬᠤᠭᠤᠴᠠᠭ᠎ᠠ ᠨᠢ ᠨᠠᠭᠠᠳᠤ ᠵᠠᠬ᠎ᠠ ᠳᠠᠭᠠᠨ 1 — 2 ᠵᠢᠯ ᠪᠤᠯᠳᠠᠭ᠂ ᠡᠶᠢᠮᠤᠷᠬᠦᠤ ᠠᠯᠤᠰ ᠤᠨ ᠨᠡᠭᠦᠳᠡᠯ ᠨᠢ ᠪᠠᠰᠠ ᠪᠡᠯᠴᠢᠭᠡᠷ ᠢᠶᠠᠨ ᠬᠤᠷᠯᠠᠭᠤᠯᠤᠨ ᠲᠠᠯᠪᠢᠬᠤ ᠰᠠᠶᠢᠨ ᠲᠤᠬᠢᠶᠠᠯ ᠢ ᠪᠤᠢ ᠪᠤᠯᠭᠠᠳᠠᠭ᠃ ᠠᠯᠤᠰ ᠤᠨ ᠨᠡᠭᠦᠳᠡᠯ ᠢ ᠪᠠᠰᠠ ᠠᠯᠤᠰ ᠤᠨ ᠤᠳᠤᠷ ᠴᠤ ᠭᠡᠳᠡᠭ᠃ ᠠᠯᠤᠰ ᠤᠨ ᠨᠡᠭᠦᠳᠡᠯ ᠳᠤ ᠠᠶᠢᠯ ᠡᠷᠦᠬᠡ ᠨᠢ ᠪᠦᠬᠦ ᠠᠴᠢᠶ᠎ᠠ ᠬᠦᠰᠭᠡ ᠪᠤᠶᠤ ᠮᠠᠯ ᠰᠦᠷᠦᠭ ᠢᠶᠠᠨ ᠪᠦᠬᠦᠨ ᠢ ᠠᠪᠴᠤ ᠨᠡᠭᠦᠳᠡᠭ᠂ ᠨᠡᠭᠦᠳᠡᠯ ᠢ ᠵᠤᠬᠢᠶᠠᠨ ᠪᠠᠶᠢᠭᠤᠯᠬᠤ ᠳᠠᠭᠠᠨ ᠨᠤᠲᠤᠭᠴᠢ᠂ ᠨᠡᠭᠦᠳᠡᠯᠴᠢ ᠪᠠ ᠠᠴᠢᠶ᠎ᠠ ᠬᠦᠰᠭᠡ᠂ ᠮᠠᠯ ᠭᠡᠯᠢᠭᠴᠢ ᠭᠡᠬᠦ ᠵᠡᠷᠭᠡ ᠬᠦᠮᠦᠨ ᠤ ᠬᠦᠴᠦᠨ ᠬᠡᠷᠡᠭ ᠲᠠᠢ ᠠᠴᠠ ᠭᠠᠳᠠᠨ᠎ᠠ᠂ ᠳᠠᠮᠵᠢᠵᠦ ᠶᠠᠪᠤᠬᠤ ᠮᠠᠯ ᠤᠨ ᠡᠳᠦᠷ ᠤᠨ ᠪᠡᠯᠴᠢᠭᠡᠷ᠂ ᠵᠦᠭ ᠴᠢᠭᠯᠡᠯ᠂ ᠮᠠᠯ ᠤᠰᠤᠯᠠᠬᠤ ᠪᠤᠯᠠᠭ ᠤᠰᠤᠨ᠂ ᠦᠨᠵᠢᠵᠦ ᠦᠳᠡᠯᠡᠬᠦ ᠭᠠᠵᠠᠷ᠂ ᠬᠡᠳᠦᠢ ᠡᠳᠦᠷ ᠬᠤᠨᠤᠭ ᠨᠡᠭᠦᠳᠡᠯᠯᠡᠬᠦ᠂ ᠡᠴᠦᠰ ᠤᠨ ᠬᠦᠷᠬᠦ ᠭᠠᠵᠠᠷ᠂ ᠬᠡᠳᠦᠢ ᠬᠤᠭᠤᠴᠠᠭ᠎ᠠ ᠰᠠᠭᠤᠬᠤ ᠵᠡᠷᠭᠡ ᠶᠢ ᠲᠤᠳᠤᠷᠬᠠᠢ ᠢᠯᠭᠠᠨ ᠲᠤᠭᠳᠠᠭᠠᠳᠠᠭ ᠪᠦᠭᠡᠳ ᠤᠯᠠᠨ᠎ᠠ ᠵᠠᠷᠯᠠᠳᠠᠭ᠃ ᠡᠭᠦᠨ ᠳᠤ ᠨᠤᠲᠤᠭᠴᠢ ᠠᠴᠠ ᠡᠨᠡ ᠪᠦᠬᠦᠨ ᠢ ᠤᠷᠢᠳᠠᠪᠠᠷ ᠶᠠᠪᠤᠵᠦ ᠨᠠᠷᠢᠨ ᠬᠡᠮᠵᠢᠨ ᠲᠤᠭᠳᠠᠭᠠᠭᠰᠠᠨ ᠢᠶᠠᠨ ᠨᠡᠭᠦᠳᠡᠯᠴᠢ ᠪᠠ ᠮᠠᠯ ᠭᠡᠯᠢᠭᠴᠢ ᠳᠤ ᠬᠡᠯᠡᠵᠦ ᠲᠤᠰᠢᠶᠠᠳᠠᠭ ᠤᠴᠢᠷ ᠲᠠᠢ᠃ ᠭᠠᠩ ᠤᠨ ᠤᠳᠤᠷ ᠨᠡᠭᠦᠬᠦ ᠳᠤ ᠵᠠᠪᠠᠯ ᠡᠳᠦᠷ ᠤᠨ ᠮᠠᠯ ᠰᠦᠷᠦᠭ ᠤᠨ ᠤᠰᠤ ᠤᠮᠳᠠ ᠬᠢᠭᠡᠳ ᠡᠪᠡᠰᠦ ᠪᠡᠯᠴᠢᠭᠡᠷ ᠵᠡᠷᠭᠡ ᠶᠢ ᠭᠦᠢᠴᠡᠳ ᠬᠠᠷᠠᠭᠠᠯᠵᠠᠨ᠂ ᠦᠷᠯᠦᠭᠡ ᠠᠴᠠ ᠤᠷᠤᠢ ᠬᠦᠷᠳᠡᠯᠡᠬᠢ ᠬᠤᠨᠢᠨ ᠤ ᠢᠳᠡᠰᠢᠯᠡᠨ ᠭᠡᠯᠢᠭᠡᠳ ᠬᠦᠷᠬᠦ ᠭᠠᠵᠠᠷ ᠢ ᠰᠤᠩᠭᠤᠨ᠎ᠡ᠂ ᠡᠰᠡ ᠲᠡᠶᠢᠮᠦ ᠪᠤᠯ ᠮᠠᠯ ᠰᠦᠷᠦᠭ ᠲᠠᠭᠤᠭᠳᠠᠵᠤ ᠮᠠᠭᠤᠳᠠᠨ᠎ᠠ᠃ ᠦᠵᠦᠮᠦᠴᠢᠨᠴᠤᠳ ᠨᠡᠭᠦᠳᠡᠯ ᠮᠠᠯᠵᠢᠯ ᠤᠨ ᠦᠨᠳᠦᠰᠦᠨ ᠬᠡᠷᠡᠭᠰᠡᠯ ᠨᠢ ᠪᠠᠶᠢᠭᠰᠠᠨ ᠴᠠᠭ ᠲᠠᠭᠠᠨ ᠲᠡᠤᠬᠡᠨ ᠠᠴᠠ ᠴᠤ ᠲᠡᠷᠡ᠂ ᠨᠢᠭᠡᠳᠦᠯ ᠪᠠᠷᠢᠭᠠᠳᠠ ᠶᠢᠨ ᠦᠶ᠎ᠡ ᠳᠤ ᠴᠤ ᠲᠡᠷᠡ᠂ ᠬᠤᠷ᠎ᠠ ᠪᠤᠷᠤᠭᠠᠨ ᠲᠠᠳᠠᠭᠤᠷᠠᠭᠰᠠᠨ ᠤᠨ ᠵᠢᠯ ᠤᠳ ᠲᠤ ᠪᠡᠯᠴᠢᠭᠡᠷ ᠨᠢ ᠮᠠᠭᠤᠳᠠᠵᠦ ᠨᠤᠭᠤᠭ᠎ᠠ ᠴᠤᠬᠤᠶᠢᠬᠤ ᠨᠢ ᠪᠠᠷᠤᠭᠳᠠᠢ ᠪᠤᠯᠪᠠᠯ ᠪᠤᠭ ᠡᠪᠡᠰᠦ ᠶᠢ ᠬᠠᠯᠴᠠᠭᠠᠶᠢᠷᠠᠬᠤ ᠠᠴᠠ ᠡᠮᠦᠨ᠎ᠡ ᠨᠤᠲᠤᠭ ᠬᠠᠷ᠎ᠠ ᠬᠠᠷᠢᠯᠴᠠᠵᠦ᠂ ᠨᠡᠭᠦᠳᠡᠯ ᠰᠠᠭᠤᠳᠠᠯ ᠢᠶᠠᠨ ᠵᠤᠬᠢᠶᠠᠨ ᠪᠠᠶᠢᠭᠤᠯᠳᠠᠭ ᠤᠯᠠᠮᠵᠢᠯᠠᠯ ᠲᠠᠢ ᠪᠠᠶᠢᠳᠠᠭ᠃ ︵︽ᠦᠪᠣᠷ ᠮᠣᠩᠭᠤᠯ  ᠤᠨ ᠮᠠᠯ ᠠᠵᠣ ᠠᠬᠤᠢ︾ ᠰᠠᠣᠨᠬᠦᠯ ᠤᠨ 2018 ᠣᠨ ᠤ 3 ᠳ᠋ᠣᠭᠠᠷ ᠬᠤᠭᠤᠴᠠᠭᠠᠨ  ᠠᠴᠠ ᠰᠢᠯᠵᠢᠬᠦᠯᠪᠠ᠃︶
 
ᠢᠷᠡᠯᠲᠡ᠄ ︽ᠦᠪᠣᠷ ᠮᠣᠩᠭᠤᠯ  ᠤᠨ ᠮᠠᠯ ᠠᠵᠣ ᠠᠬᠤᠢ︾ ᠰᠠᠣᠨᠬᠦᠯ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号