ᠦᠷᠢᠶ᠎ᠡ ᠡᠰᠬᠡᠬᠦ ᠵᠠᠩ ᠦᠢᠯᠡ ᠶᠢᠨ ᠲᠣᠬᠠᠢ
ᠨᠡᠶᠢᠲᠡᠯᠡᠭᠰᠡᠨ ᠴᠠᠭ᠄
2019/5/6
         ᠦᠷᠢᠶ᠎ᠡ ᠡᠰᠬᠡᠬᠦ ᠵᠠᠩ ᠦᠢᠯᠡ ᠶᠢᠨ ᠲᠣᠬᠠᠢ                                                           ᠴᠦᠨ ᠯᠠᠨ      ᠵᠢᠯ ᠪᠦᠷᠢ ᠶᠢᠨ ᠬᠠᠪᠣᠷ ᠤᠨ ᠰᠡᠭᠦᠯᠴᠢ ᠵᠣᠨ ᠤ ᠡᠬᠢᠨ ᠳᠤ ᠮᠠᠯᠵᠢᠬᠤ ᠣᠷᠣᠨ ᠳᠤ ᠶᠠᠪᠤᠭᠳᠠᠳᠠᠭ ᠮᠠᠯ ᠴᠠᠭᠠᠯᠠᠬᠤ ᠠᠵᠢᠯᠯᠠᠭ᠎ᠠ ᠨᠢ ᠬᠤᠳᠠᠴᠢᠯᠠᠯᠲᠠ ᠶᠢ ᠲᠠᠭᠠᠯᠳᠤᠨ ᠠᠭᠠᠵᠢᠮ ᠢᠶᠠᠷ ᠬᠠᠶᠠᠭᠳᠠᠵᠤ ᠪᠠᠶᠢᠨ᠎ᠠ᠃ ᠪᠢᠴᠢᠭ ᠮᠠᠲ᠋ᠧᠷᠢᠶᠠᠯ ᠤᠨ ᠳᠡᠮᠳᠡᠭᠯᠡᠯ ᠬᠢᠭᠡᠳ ᠲᠤᠬᠠᠢ ᠶᠢᠨ ᠭᠠᠵᠡᠷ ᠤᠨ ᠪᠠᠶᠢᠳᠠᠯ ᠨᠢ ᠶᠡᠬᠡᠩᠬᠢ ᠳᠡᠭᠡᠨ ᠠᠳᠠᠯᠢᠬᠠᠨ ᠪᠣᠯᠪᠠᠴᠣ ᠪᠠᠰᠠ ᠵᠦᠷᠢᠶ᠎ᠡ ᠲᠠᠢ᠃ ᠨᠡᠬᠦᠳᠡᠯ ᠮᠠᠯᠵᠢᠯ ᠠᠴᠠ ᠪᠠᠨ ᠰᠠᠭᠤᠷᠢᠰᠢᠯ ᠵᠦᠭ ᠰᠢᠯᠵᠢᠭᠰᠡᠨ ᠤ ᠳᠠᠷᠠᠭ᠎ᠠ ᠤᠷᠤᠨ ᠰᠠᠭᠤᠴᠠ᠂ ᠣᠷᠴᠢᠨ ᠲᠤᠭᠤᠷᠢᠨ ᠠᠴᠠ ᠰᠢᠯᠲᠠᠭᠠᠯᠠᠭᠳᠠᠵᠤ ᠵᠠᠷᠢᠮ ᠲᠠᠯ᠎ᠠ ᠶᠢᠨ ᠠᠵᠢᠯᠯᠠᠭ᠎ᠠ ᠨᠢ ᠡᠬᠢᠯᠡᠵᠦ ᠬᠤᠪᠢᠷᠠᠭᠰᠠᠨ ᠪᠠᠶᠢᠨ᠎ᠠ᠃      ᠮᠠᠯ ᠴᠠᠭᠠᠯᠠᠬᠤ ᠨᠢ ᠮᠠᠯᠴᠢᠳ ᠤᠨ ᠮᠠᠯ ᠢᠶᠠᠨ ᠡᠳ᠋ᠯᠡᠵᠦ ᠦᠨᠢᠷ ᠥᠰᠬᠡᠬᠦ ᠳᠤ ᠰᠢᠨᠵᠢᠯᠡᠬᠦ ᠤᠬᠠᠭᠠᠨᠴᠢ ᠠᠷᠭ᠎ᠠ ᠮᠠᠶ᠋ᠢᠭ ᠪᠠ ᠪᠠᠶᠢᠭᠠᠯᠢ ᠲᠠᠢ ᠪᠠᠨ ᠵᠤᠬᠢᠴᠠᠬᠤ ᠴᠢᠬᠤᠯᠠ ᠠᠮᠢᠳᠣᠷᠠᠬᠤᠢ ᠶᠢᠨ ᠤᠬᠠᠭᠠᠨ ᠪᠣᠯᠣᠨ᠎ᠠ᠃ ᠮᠠᠯ ᠴᠠᠭᠠᠯᠠᠬᠤ ᠨᠢ ᠡᠷᠲᠡᠨ ᠠᠴᠠ ᠪᠠᠨ ᠮᠠᠯᠴᠢᠳ ᠤᠨ ᠮᠠᠯᠵᠢᠬᠤ ᠠᠮᠢᠳᠣᠷᠠᠯ ᠤᠨ ᠲᠤᠳᠠᠭᠳᠠᠵᠤ ᠪᠣᠯᠤᠰᠢ ᠦᠭᠡᠢ ᠵᠠᠩ ᠦᠢᠯᠡ᠂ ᠠᠮᠢᠳᠣᠷᠠᠯ ᠤᠨ ᠶᠠᠪᠤᠴᠠ ᠪᠠᠶᠢᠵᠤ᠂ ᠮᠠᠯᠴᠢᠳ ᠮᠠᠯ ᠴᠠᠭᠠᠯᠠᠬᠤ ᠶᠢ ᠬᠦᠨᠳᠦᠳᠬᠡᠭᠰᠡᠭᠡᠷ ᠢᠷᠡᠭᠰᠡᠨ ᠶᠤᠮ᠃      ᠨᠢᠭᠡ᠂ ᠮᠠᠯ ᠬᠥᠩᠭᠡᠯᠡᠬᠦ ᠴᠠᠭ      ᠠᠳᠠᠯᠢ ᠪᠣᠰᠥ ᠨᠣᠳᠤᠭ ᠣᠷᠣᠨ ᠤ ᠮᠠᠯ ᠬᠥᠩᠭᠡᠯᠡᠬᠦ ᠴᠠᠭ ᠤᠯᠠᠷᠢᠯ ᠨᠢ ᠠᠳᠠᠯᠢ ᠦᠭᠡᠢ ᠪᠠᠶᠢᠳᠠᠭ᠃ ᠤᠯᠠᠩᠬᠢ  ᠳᠠᠭᠠᠨ ᠪᠦᠷ ᠬᠠᠪᠦᠷ ᠤᠨ ᠲᠤᠮᠳᠠ ᠰᠡᠭᠦᠯᠴᠢ ᠪᠠᠷ ᠬᠥᠩᠭᠡᠯᠡᠳᠡᠭ᠂ ᠴᠥᠭᠡᠩᠬᠢ ᠭᠠᠵᠠᠷ ᠲᠤ ᠴᠠᠭᠠᠨ ᠰᠠᠷ᠎ᠠ ᠶᠢᠨ ᠬᠤᠭᠤᠴᠠᠭᠠᠨ ᠳᠤ ᠦᠷᠢᠶ᠎ᠡ ᠬᠠᠭᠠᠷᠢᠬᠤ ᠠᠵᠢᠯᠯᠠᠭ᠎ᠠ ᠶᠠᠪᠤᠭᠳᠠᠳᠠᠭ᠃ ᠵᠤᠨ ᠤ ᠣᠯᠠᠷᠢᠯ ᠳᠤ ᠠᠭᠤᠷ ᠠᠮᠢᠰᠬᠤᠯ ᠬᠠᠯᠠᠭᠤᠨ ᠪᠣᠯᠵᠤ ᠬᠥᠩᠭᠡᠯᠡᠭᠰᠡᠨ ᠰᠢᠷᠬ᠎ᠠ ᠨᠢ ᠡᠳᠡᠭᠡᠬᠦ ᠨᠢ ᠤᠳᠠᠭᠠᠨ ᠠᠴᠠ ᠰᠡᠷᠭᠡᠶᠢᠯᠡᠵᠦ᠂ ᠰᠡᠷᠢᠬᠦᠨ ᠲᠤᠬᠢᠲᠠᠢ ᠴᠠᠭ ᠢ ᠰᠣᠩᠭᠤᠵᠤ ᠬᠦᠩᠭᠡᠯᠡᠨ ᠵᠠᠰᠠᠳᠠᠭ ᠵᠠᠩᠰᠢᠯ ᠲᠠᠢ᠃ ᠣᠷᠴᠢᠮ ᠤᠨ ᠵᠢᠯ ᠠᠴᠠ ᠨᠠᠭᠠᠰᠢ ᠣᠯᠠᠩᠬᠢ ᠨᠢ ᠪᠦᠷ ᠬᠠᠩᠰᠢ ᠶᠢᠨ ᠡᠳᠦᠷ ᠢ ᠲᠤᠬᠢᠶᠠᠯᠳᠤᠭᠤᠯᠤᠨ ᠬᠥᠩᠭᠡᠯᠡᠵᠦ ᠴᠠᠭᠠᠯᠠᠳᠠᠭ ᠪᠣᠯᠣᠭᠰᠠᠨ ᠪᠠᠶᠢᠨ᠎ᠠ᠃ ᠬᠡᠷᠪᠡ ᠬᠠᠩᠰᠢ ᠶᠢᠨ ᠡᠳᠦᠷ ᠵᠠᠷᠢᠮ ᠰᠢᠯᠳᠠᠭᠠᠨ ᠠᠴᠠ ᠪᠣᠯᠵᠤ ᠮᠠᠯ ᠴᠠᠭᠠᠯᠠᠬᠤ ᠠᠵᠢᠯᠯᠠᠭ᠎ᠠ ᠨᠢ ᠶᠠᠪᠤᠭᠳᠠᠵᠤ ᠳᠡᠶᠢᠯᠦᠭᠰᠡᠨ ᠦᠭᠡᠢ ᠪᠣᠯ ᠡᠨᠡ ᠰᠠᠷ᠎ᠠ ︵ᠪᠢᠯᠢᠭ ᠤᠨ ᠣᠯᠠᠷᠢᠯ ᠤᠨ ᠰᠠᠷ᠎ᠠ︶ ᠶᠢᠨ ᠰᠤᠨᠳᠤᠭᠤᠢ ᠡᠳᠦᠷ ᠢ ᠰᠤᠩᠭᠤᠵᠦ ᠬᠥᠩᠭᠡᠯᠡᠬᠦ ᠠᠵᠢᠯᠯᠠᠭ᠎ᠠ  ᠪᠠᠨ ᠶᠠᠪᠤᠭᠳᠠᠭᠤᠯᠳᠠᠭ᠃ ᠭᠡᠪᠡᠴᠦ ᠪᠠᠷᠰ ᠡᠳᠦᠷ ᠢ ᠲᠤᠶᠢᠯ ᠢᠶᠠᠷ ᠴᠡᠭᠡᠷᠯᠡᠳᠡᠭ᠂ ᠵᠦᠪᠬᠡᠨ ᠮᠠᠯ ᠴᠠᠭᠠᠯᠠᠬᠤ ᠪᠢᠰᠢ ᠮᠣᠩᠭᠤᠯᠴᠤᠳ ᠤᠨ ᠠᠯᠢᠪᠠ ᠠᠵᠢᠯᠯᠠᠭ᠎ᠠ ᠶᠢᠨ ᠲᠤᠮᠳᠠ ᠪᠠᠷᠰ ᠡᠳᠦᠷ ᠢ ᠨᠡᠶᠢᠳᠡᠮ ᠳᠡᠭᠡᠨ ᠴᠡᠭᠡᠷᠯᠡᠳᠡᠭ᠃ ᠠᠷᠪᠠᠨ ᠬᠤᠶᠠᠷ ᠵᠢᠯ ᠤᠨ ᠠᠮᠢᠲᠠᠨ ᠲᠤᠮᠳᠠ ᠪᠠᠷᠰ ᠬᠠᠮᠤᠭ ᠲᠤᠭᠰᠢᠨ ᠰᠦᠷ ᠬᠦᠴᠦ ᠲᠠᠢ ᠪᠠᠶᠢᠳᠠᠭ ᠠᠴᠠ ᠬᠥᠮᠥᠰ ᠲᠡᠭᠦᠨ ᠢ ᠪᠢᠰᠢᠷᠡᠵᠦ ᠵᠢᠷᠦᠬᠡᠰᠢᠶᠡᠳᠡᠭ ᠪᠠᠶᠢᠨ᠎ᠠ᠃ ᠲᠡᠶᠢᠮᠥ ᠠᠴᠠ ᠪᠠᠨ ᠮᠣᠩᠭᠤᠯᠴᠤᠳ ᠪᠠᠷᠰ ᠡᠳᠦᠷ ᠶᠠᠮᠠᠷ ᠴᠣ᠋ ᠠᠵᠢᠯᠯᠠᠭ᠎ᠠ ᠶᠠᠪᠤᠭᠤᠯᠬᠤ ᠪᠠᠨ ᠴᠡᠭᠡᠷᠯᠡᠳᠡᠭ᠃      ᠬᠤᠶᠠᠷ᠂ ᠮᠠᠯ ᠬᠥᠩᠭᠡᠯᠡᠬᠦ ᠳᠠᠭᠤᠳᠠᠯᠭ᠎ᠠ ᠶᠢᠨ ᠲᠤᠬᠠᠢ      ᠡᠯ᠎ᠡ ᠨᠣᠳᠤᠭ ᠤᠨ ᠮᠠᠯ ᠬᠥᠩᠭᠡᠯᠡᠬᠦ ᠲᠤᠬᠠᠢ ᠲᠠᠭᠤᠳᠠᠯᠭ᠎ᠠ ᠨᠢ ᠪᠠᠰᠠ ᠠᠳᠠᠯᠢ ᠦᠭᠡᠢ ᠪᠠᠶᠢᠳᠠᠭ᠃ ᠡᠭᠦᠨ ᠳᠤ ᠣᠷᠳᠣᠰ ᠨᠤᠲᠤᠭ ᠲᠤ ︽ᠬᠥᠩᠭᠡᠯᠡᠬᠦ︾ ᠪᠣᠶᠣ ᠬᠠᠶᠢᠷᠠᠯᠠᠵᠦ ᠡᠩᠬᠦᠷᠡᠶᠢᠯᠡᠬᠦ ᠳᠡᠭᠡᠨ ︽ᠠᠷᠢᠭᠤᠯᠠᠬᠤ︾ ᠭᠡᠳᠡᠭ᠃ ᠰᠢᠯᠢ ᠶᠢᠨ ᠭᠤᠣᠯ ᠨᠤᠲᠤᠭ ᠲᠤ ᠠᠳᠤᠭᠤ ᠶᠢ ︽ᠦᠷᠢᠶ᠎ᠡ ᠬᠠᠭᠠᠷᠢᠬᠤ᠂ ᠵᠠᠰᠠᠬᠤ᠂ ᠬᠥᠩᠭᠡᠯᠡᠬᠦ᠂ ᠡᠰᠭᠡᠭᠦ᠂ ᠠᠬᠳᠠᠯᠠᠬᠤ  ︾ ᠭᠡᠵᠦ ᠨᠡᠷᠡᠯᠡᠳᠡᠭ᠃ ᠤᠯᠠᠭᠠᠨᠬᠠᠳᠠ ᠳᠤ ᠶᠡᠬᠡᠩᠬᠢ ᠳᠡᠭᠡᠨ ᠦᠷᠢᠶ᠎ᠡ ᠡᠰᠬᠡᠬᠦ ᠭᠡᠵᠦ ᠶᠠᠷᠢᠳᠠᠭ᠂ ᠪᠠᠰᠠ ᠵᠠᠷᠢᠮ ᠨᠣᠳᠤᠭ ᠲᠤ ᠦᠷᠢᠶ᠎ᠡ ᠬᠠᠭᠠᠷᠢᠬᠤ᠂ ᠦᠷᠢᠶ᠎ᠡ ᠠᠭᠲᠠᠯᠠᠬᠤ ᠭᠡᠵᠤ ᠴᠦ ᠶᠠᠷᠢᠳᠠᠭ᠃ ᠬᠤᠷᠴᠢᠨ ᠳᠤ ᠦᠷᠢᠶ᠎ᠡ ᠬᠥᠩᠭᠡᠯᠡᠬᠦ᠂ ᠦᠷᠢᠶ᠎ᠡ ᠴᠠᠭᠠᠯᠠᠬᠤ᠂ ᠦᠷᠢᠶ᠎ᠡ ᠬᠠᠭᠠᠷᠢᠬᠤ᠂ ᠦᠷᠢᠶ᠎ᠡ ᠠᠭᠳᠠᠯᠠᠬᠤ ᠭᠡᠳᠡᠭ᠃ ᠭᠦᠯᠥᠨ ᠪᠦᠢᠷ ᠲᠤ ᠪᠠᠰᠠ ᠶᠡᠷᠦᠩᠬᠡᠢ ᠳᠡᠭᠡᠨ ᠠᠭᠲᠠᠯᠠᠬᠤ ᠭᠡᠵᠤ ᠶᠠᠷᠢᠳᠠᠭ᠃      ᠭᠤᠷᠪᠠ᠂ ᠦᠷᠢᠶ᠎ᠡ ᠬᠠᠭᠠᠷᠢᠬᠤ ᠶᠠᠪᠤᠴᠠ      ᠦᠷᠢᠶ᠎ᠡ ᠡᠰᠬᠡᠬᠦ ᠠᠵᠢᠯᠯᠠᠭ᠎ᠠ ᠶᠢᠨ ᠬᠠᠮᠤᠭ ᠴᠢᠬᠤᠯᠠ ᠨᠢ ᠪᠣᠯ ᠡᠰᠬᠡᠬᠦ ᠠᠵᠢᠯᠯᠠᠭ᠎ᠠ ᠶᠢ ᠭᠠᠷᠳᠠᠨ ᠬᠢᠵᠤ ᠪᠠᠶᠢᠭ᠎ᠠ ᠬᠥᠮᠥᠨ ᠪᠣᠯᠣᠨ᠎ᠠ᠃ ᠦᠷᠢᠶ᠎ᠡ ᠡᠰᠬᠡᠬᠦ ᠳᠤ ᠬᠠᠰᠢᠷ ᠲᠤᠷᠰᠢᠯᠭ᠎ᠠ ᠲᠠᠢ᠂ ᠭᠠᠷ ᠬᠥᠩᠭᠡᠨ ᠬᠥᠮᠥᠨ ᠢ ᠰᠤᠩᠭᠤᠳᠠᠭ᠃ ᠲᠡᠷᠡ ᠨᠢ ᠦᠷᠢᠶ᠎ᠡ ᠪᠠᠨ ᠡᠪᠡᠳᠴᠢᠨ ᠲᠠᠬᠤᠯ ᠦᠭᠡᠢ᠂ ᠬᠦᠴᠦ ᠲᠡᠩᠬᠡᠭᠡ ᠲᠠᠢ᠂ ᠭᠠᠯᠪᠢᠷ ᠰᠠᠶᠢᠬᠠᠨ ᠠᠭᠲᠠ ᠪᠣᠯᠬᠤ ᠶᠢ ᠪᠡᠯᠭᠡᠳᠡᠳᠡᠭ ᠪᠠᠶᠢᠨ᠎ᠠ᠃ ᠦᠷᠢᠶ᠎ᠡ ᠡᠰᠬᠡᠬᠦ ᠠᠴᠠ ᠡᠮᠦᠨ᠎ᠡ ᠠᠶᠢᠯ ᠬᠤᠭᠤᠷᠤᠨᠳᠣ ᠪᠠᠨ ᠶᠠᠷᠢᠯᠴᠠᠵᠤ᠂ ᠬᠠᠷᠢᠯᠴᠠᠨ ᠬᠠᠮᠵᠢᠯᠴᠠᠳᠠᠭ᠃ ᠬᠠᠩᠰᠢ ᠶᠢᠨ ᠡᠳᠦᠷ ᠪᠣᠯᠬᠤ ᠪᠠᠷ ᠠᠶᠢᠯ ᠰᠠᠭᠠᠬᠠᠯᠲᠠ ᠶᠢᠨ ᠬᠢᠨᠢ ᠬᠠᠩᠰᠢᠨ ᠤ ᠠᠵᠢᠯᠯᠠᠭ᠎ᠠ ᠪᠠᠨ ᠲᠠᠭᠤᠰᠬᠠᠭᠠᠳ ᠪᠦᠭᠦᠳᠡᠭᠡᠷ ᠢᠶᠠᠨ ᠶᠠᠷᠢᠯᠴᠠᠵᠤ ᠲᠤᠭᠢᠷᠠᠯᠴᠠᠭᠰᠠᠨ ᠭᠠᠵᠠᠷ ᠲᠠᠭᠠᠨ ᠴᠤᠭᠯᠠᠷᠠᠵᠤ ᠦᠷᠢᠶ᠎ᠡ ᠡᠰᠬᠡᠬᠦ ᠠᠵᠢᠯᠯᠠᠭ᠎ᠠ ᠪᠠᠨ ᠶᠠᠪᠤᠭᠳᠠᠭᠤᠯᠳᠠᠭ᠃ ᠦᠷᠢᠶ᠎ᠡ ᠡᠰᠬᠡᠬᠦ ᠳᠤ ᠪᠢᠷ᠎ᠡ ᠴᠢᠳᠠᠯ ᠬᠦᠷᠦᠯᠴᠠᠬᠦ ᠦᠭᠡᠢ ᠭᠡᠵᠤ ᠪᠦᠰᠡᠭᠦᠢ ᠬᠥᠮᠥᠨ ᠪᠠ ᠬᠡᠦᠬᠡᠨ ᠬᠥᠮᠥᠨ ᠣᠴᠢᠭᠤᠯᠳᠠᠭ ᠦᠭᠡᠢ᠃      ᠭᠡᠳᠦᠨ ᠭᠠᠷᠠᠭ ᠤᠨ ᠡᠮᠦᠨ᠎ᠡ ᠠᠴᠠ ᠡᠬᠢᠯᠡᠨ ᠡᠰᠬᠡᠬᠦ ᠦᠷᠢᠶ᠎ᠡ ᠪᠠᠨ ᠬᠤᠯᠠ ᠵᠠᠢ ᠶᠢᠨ ᠭᠠᠵᠠᠷ ᠤᠨᠤᠵᠤ ᠡᠳ᠋ᠯᠡᠳᠡᠭ᠃ ᠮᠦᠨ ᠴᠦ ᠦᠷᠢᠶ᠎ᠡ ᠡᠰᠬᠡᠬᠦ ᠶᠢᠨ ᠡᠮᠦᠨ᠎ᠡ ᠨᠢᠭᠡ ᠡᠳᠦᠷ ᠦᠷᠢᠶ᠎ᠡ ᠪᠠᠨ ᠤᠨᠤᠵᠤ  ᠬᠥᠯᠥᠰᠥᠯᠡᠨ ᠲᠠᠷᠠᠭ᠎ᠠ ᠡᠳᠦᠷ ᠤᠨ ᠢᠶᠠᠨ ᠡᠰᠬᠡᠬᠦ ᠠᠵᠢᠯᠯᠠᠭ᠎ᠠ ᠳᠠᠭᠠᠨ ᠪᠡᠯᠡᠳᠬᠡᠳᠡᠭ᠃ ᠡᠨᠡ ᠨᠢ ᠦᠷᠢᠶ᠎ᠡ ᠶᠢᠨ ᠪᠡᠶ᠎ᠡ ᠳᠤ ᠪᠠᠶᠢᠭ᠎ᠠ ᠮᠠᠭᠤ ᠬᠥᠯᠥᠰᠦ ᠶᠢ ᠨᠢ ᠭᠠᠳᠠᠭᠰᠢᠯᠠᠭᠤᠯᠬᠤ ᠦᠢᠯᠡᠳᠤᠯ ᠲᠠᠢ᠃      ᠦᠷᠢᠶ᠎ᠡ ᠡᠰᠬᠡᠬᠦ ᠳᠤ ᠪᠡᠯᠡᠳᠬᠡᠬᠦ ᠵᠤᠭᠢᠰᠳᠠᠢ ᠪᠠᠭᠠᠵᠢ ᠬᠡᠷᠡᠭᠰᠡᠯ ᠳᠤ ᠠᠷᠭᠠᠯ ᠲᠦᠯᠡᠬᠦ ᠲᠣᠭᠤᠭ᠎ᠠ   ︵ᠠᠷᠭᠠᠯ  ᠤᠨ ᠬᠤᠪᠤᠩ︶᠂ ᠵᠣᠵᠠᠭᠠᠨ ᠬᠡᠪ ᠤᠨ ᠦᠨᠳᠦᠷᠭᠡᠨ ᠡᠰᠢ ᠲᠠᠢ ᠢᠯᠡᠣᠷ᠂ ᠬᠠᠯᠳᠠᠪᠦᠷᠢᠯᠠᠬᠤ ᠠᠴᠠ ᠰᠡᠷᠭᠡᠶᠢᠯᠡᠳᠡᠭ ᠡᠮ᠂ᠨᠠᠷᠢᠨ ᠵᠦᠭᠡᠯᠡᠨ ᠴᠢᠨᠠᠷ ᠤᠨ ᠤᠳᠠᠰᠤ᠂ ᠬᠦᠢᠳᠡᠨ ᠤᠰᠤ᠂ ᠬᠤᠷᠴᠠ ᠢᠷ ᠲᠠᠢ ᠬᠢᠳᠤᠭ᠎ᠠ᠂ ᠳᠠᠭᠠᠭᠠᠴᠠ ᠰᠠᠶᠢᠲᠠᠢ ᠮᠣᠳᠣ᠂ ᠳᠡᠭᠦᠵᠢᠯᠡᠬᠦ ᠳᠤ ᠬᠡᠷᠡᠭᠯᠡᠳᠡᠭ ᠳᠡᠭᠡᠰᠦ ︵ᠤᠤᠯ ᠨᠢ ᠰᠣᠷ ᠳᠡᠭᠡᠰᠦ ᠭᠡᠷᠡᠭᠯᠡᠳᠡᠭ᠂ ᠣᠳᠣ ᠪᠣᠯᠬᠤ ᠳᠤ ᠡᠩ ᠤᠨ ᠵᠠᠬ᠎ᠠ ᠳᠡᠭᠡᠷ᠎ᠡ ᠬᠤᠳᠠᠯᠳᠤᠵᠤ ᠪᠠᠶᠢᠭ᠎ᠠ ᠳᠡᠭᠡᠰᠦ ᠶᠢ ᠬᠡᠷᠡᠭᠯᠡᠵᠦ ᠪᠠᠶᠢᠨ᠎ᠠ︶ ᠵᠡᠷᠭᠡ ᠶᠢ ᠪᠡᠯᠡᠳᠬᠡᠳᠡᠭ᠃      ᠴᠢᠳᠠᠯ ᠳᠡᠩᠬᠡᠭᠡ ᠰᠠᠶᠢᠲᠠᠢ ᠲᠠᠪᠤ ᠵᠢᠷᠭᠤᠭᠠᠨ ᠬᠥᠮᠥᠨ ᠬᠠᠮᠵᠢᠯᠴᠠᠨ ᠦᠷᠢᠶ᠎ᠡ ᠪᠠᠨ ᠬᠥᠩᠭᠡᠨ ᠤᠨᠠᠭᠠᠵᠤ ᠲᠦᠷᠪᠡᠨ ᠬᠥᠯ ᠢ ᠨᠢ ᠳᠡᠭᠡᠭᠰᠢ ᠬᠠᠨᠳᠤᠭᠤᠯᠤᠨ ᠤᠶᠠᠵᠤ ᠨᠢᠷᠤᠭᠤ ᠶᠢ ᠨᠢ ᠭᠠᠵᠠᠷ ᠠᠴᠠ ᠰᠠᠯᠭᠠᠨ ᠳᠡᠭᠦᠵᠢᠯᠡᠵᠦ᠂ ᠪᠦᠭᠡᠨᠰᠦᠭ ᠢ ᠨᠢ ᠤᠶᠠᠵᠦ ᠬᠦᠢᠳᠡᠨ ᠤᠰᠤ ᠪᠠᠷ ᠤᠭᠢᠶᠠᠵᠦ ᠬᠠᠪᠴᠢᠭᠤᠷ ᠢᠶᠠᠷ ᠬᠠᠪᠴᠢᠵᠤ ᠬᠠᠯᠢᠰᠦ ᠶᠢ ᠨᠢ ᠪᠠᠭ᠎ᠠ ᠯᠡ ᠡᠰᠭᠡᠵᠦ ᠲᠠᠷᠠᠭ᠎ᠠ ᠨᠢ ᠬᠠᠭᠠᠷᠢᠵᠦ ᠠᠪᠣᠨ᠎ᠠ᠂ ᠳᠠᠬᠢᠨ ᠰᠡᠭᠦᠯ ᠤᠨ ᠬᠢᠯᠭᠠᠰᠤ ᠠᠴᠠ ᠨᠢ ᠠᠪᠴᠤ ᠬᠠᠭᠠᠷᠢᠨ ᠳᠠᠷᠤᠵᠦ ᠴᠢᠰᠤ ᠶᠢ ᠨᠢ ᠵᠣᠭᠰᠣᠭᠠᠵᠤ ᠶᠡᠭᠡ ᠴᠢᠰᠤ ᠭᠠᠷᠬᠤ ᠠᠴᠠ ᠰᠡᠷᠭᠡᠶᠢᠯᠡᠨ᠎ᠡ᠂ ᠲᠡᠭᠡᠷ᠎ᠡ ᠠᠴᠠ ᠨᠢ ᠬᠠᠯᠳᠠᠪᠦᠷᠢᠯᠠᠬᠤ ᠠᠴᠠ ᠰᠡᠷᠭᠡᠶᠢᠯᠡᠬᠦ ᠡᠮ ᠬᠢᠵᠦ ᠤᠶᠠᠭᠰᠠᠨ ᠤᠳᠠᠰᠤ ᠪᠠᠨ ᠠᠪᠴᠦ ᠦᠷᠢᠶ᠎ᠡ ᠪᠠᠨ ᠬᠦᠩᠭᠡᠨ ᠪᠣᠰᠬᠠᠭᠠᠳ ᠨᠢᠭᠡ ᠬᠥᠮᠥᠨ ᠰᠡᠭᠦᠯ ᠠᠴᠠ ᠨᠢ ᠳᠠᠳᠠᠵᠤ ᠨᠢᠭᠡ ᠬᠥᠮᠥᠨ ᠨᠢᠷᠤᠭᠤᠨ ᠲᠡᠭᠡᠷ᠎ᠡ ᠨᠢ ᠳᠠᠷᠤᠵᠤ ᠥᠭᠭᠦᠭᠡᠳ ᠠᠭᠠᠵᠢᠮ ᠬᠦᠳᠦᠯᠵᠦ ᠲᠤᠭᠤᠷᠢᠭᠤᠯᠵᠤ᠂ ᠰᠢᠷᠦᠭᠦᠨ ᠭᠦᠳᠡᠯᠭᠡᠭᠡᠨ ᠬᠢᠬᠦ ᠠᠴᠠ ᠵᠠᠶᠢᠯᠠᠰᠭᠢᠨ ᠭᠠᠯᠪᠢᠷ ᠰᠠᠶᠢᠲᠠᠢ ᠪᠥᠭᠴᠥᠶᠢᠬᠦ ᠦᠭᠡᠢ ᠠᠭᠲᠠ ᠪᠣᠯᠣᠨ᠎ᠠ ᠭᠡᠳᠡᠭ᠃ ᠤᠤᠯ ᠳᠠᠭᠠᠨ ᠦᠷᠢᠶ᠎ᠡ ᠡᠰᠬᠡᠵᠦ ᠪᠠᠷᠠᠭᠰᠠᠨ ᠤ ᠲᠠᠷᠠᠭ᠎ᠠ ᠬᠥᠮᠥᠰ ᠭᠠᠷ ᠤᠬᠢᠶᠠᠵᠦ ᠤᠰᠤ ᠶᠢ ᠨᠢ ᠦᠯᠡᠳᠡᠭᠡᠵᠦ ᠠᠪᠳᠠᠭ᠃ ᠬᠠᠭᠠᠷᠢᠭᠰᠠᠨ ᠪᠦᠭᠡᠨᠰᠦᠭ ᠶᠢ ᠨᠢ ᠨᠠᠰᠤᠳᠠᠶᠢᠴᠣᠳ ᠲᠡᠷᠡ ᠲᠠᠷᠦᠢ ᠳᠤᠨᠢ ᠰᠢᠷᠠᠵᠦ ᠢᠳᠡᠨ ᠭᠡᠭᠡᠵᠤ ᠣᠷᠬᠢᠭᠳᠠᠬᠤ ᠠᠴᠠ ᠰᠡᠷᠭᠡᠶᠢᠯᠡᠳᠡᠭ᠃      ᠦᠷᠢᠶ᠎ᠡ ᠡᠰᠬᠡᠬᠦ ᠳᠤ ᠤᠷᠤᠯᠴᠠᠭᠰᠠᠨ ᠬᠥᠮᠥᠰ ᠢᠶᠠᠨ ᠶᠡᠭᠡᠪᠡᠷ ᠵᠣᠴᠢᠯᠠᠨ ᠳᠠᠶᠢᠯᠠᠨ᠎ᠠ᠃ ᠲᠡᠷᠡ ᠨᠢ ᠦᠷᠢᠶ᠎ᠡ ᠡᠰᠬᠡᠬᠦ ᠠᠵᠢᠯᠯᠠᠭ᠎ᠠ ᠳᠤ ᠤᠷᠤᠯᠴᠠᠭᠰᠠᠨ ᠬᠥᠮᠥᠰ ᠢ ᠬᠥᠨᠳᠥᠳᠬᠡᠵᠦ ᠪᠠᠶᠢᠭ᠎ᠠ ᠶᠢᠨ ᠤᠴᠢᠷ ᠶᠤᠮ᠃ ᠬᠤᠭᠤᠯᠠᠨ ᠠᠴᠠ ᠡᠮᠦᠨ᠎ᠡ ᠤᠷᠢᠳ ᠢᠶᠠᠷ ᠰᠦ ᠲᠠᠢ ᠴᠠᠢ ᠪᠠᠷᠢᠵᠤ ᠰᠠᠶᠢᠨ ᠰᠠᠶᠢᠬᠠᠨ ᠠᠷᠢᠭᠤᠨ ᠴᠠᠭᠠᠨ ᠢ ᠪᠡᠯᠭᠡᠳᠡᠳᠡᠭ᠃ ᠲᠠᠷᠠᠭ᠎ᠠ ᠨᠢ ᠰᠢᠷᠡᠭᠡ ᠵᠠᠰᠠᠵᠦ ᠶᠡᠭᠡ ᠪᠠᠷ ᠵᠣᠴᠢᠯᠠᠨ ᠠᠷᠢᠬᠢ ᠳᠠᠷᠠᠰᠤ ᠭᠠᠷᠭᠠᠳᠠᠭ᠃ ᠮᠤᠷᠲᠠᠬᠤ ᠳᠤᠨᠢ ᠭᠠᠷ ᠴᠠᠶᠢᠯᠭᠠᠬᠤ ᠭᠡᠵᠦ ᠠᠯᠴᠢᠭᠤᠷ ᠪᠠᠷᠢᠳᠠᠭ᠃ ᠤᠷᠴᠢᠮ ᠤᠨ ᠵᠢᠯ ᠪᠣᠯᠣᠭᠠᠳ ᠵᠠᠷᠢᠮ ᠠᠶᠢᠯ ᠨᠢ ᠮᠦᠩᠬᠦ ᠬᠡᠷᠡᠭᠯᠡᠬᠦ ᠪᠣᠯᠣᠭᠰᠠᠨ ᠦᠵᠡᠭᠳᠡᠯ ᠤᠯᠠᠰᠢᠷᠠᠵᠠᠢ᠂ ᠣᠣᠯ ᠳᠠᠭᠠᠨ ᠡᠳ᠋ᠯᠡᠭᠡ ᠶᠢᠨ ᠮᠠᠯ ᠣᠨᠤᠭ᠎ᠠ ᠥᠭᠳᠡᠭ ᠪᠠᠶᠢᠭᠰᠠᠨ ᠪᠠᠶᠢᠨ᠎ᠠ᠃      ᠦᠷᠢᠶ᠎ᠡ ᠪᠠᠨ ᠬᠠᠭᠠᠷᠢᠭᠰᠠᠨ ᠤ ᠲᠠᠷᠠᠭ᠎ᠠ ᠨᠢ ᠲᠤᠯᠤᠭ᠎ᠠ ᠬᠤᠨᠤᠭ᠂ ᠠᠷᠪᠠᠨ ᠲᠥᠷᠪᠡ ᠬᠤᠨᠤᠭ᠂ ᠬᠤᠷᠢᠨ ᠨᠢᠭᠡ ᠬᠤᠨᠤᠭ᠂ ᠳᠥᠴᠢ ᠶᠢᠰᠦᠨ ᠬᠤᠨᠤᠭ ᠲᠡᠭᠡᠷ᠎ᠡ ᠨᠢ ᠲᠠᠭᠤᠵᠤ ᠬᠥᠯᠥᠰᠥᠯᠡᠨ᠂ ᠮᠠᠭᠤ ᠬᠥᠯᠥᠰᠦ ᠶᠢ ᠨᠢ ᠭᠠᠷᠭᠠᠨ ᠰᠣᠳᠠᠰᠤ ᠰᠢᠷᠪᠦᠰᠦ ᠨᠢ ᠠᠪᠴᠢᠯᠳᠦᠨ ᠡᠳᠡᠭᠡᠬᠦ ᠶᠢ ᠭᠢᠴᠢᠶᠡᠳᠡᠭ᠃      ᠲᠥᠷᠪᠡ᠂ ᠵᠠᠩ ᠦᠢᠯᠡ ᠶᠢᠨ ᠬᠤᠪᠢᠷᠠᠯ      ᠰᠡᠭᠦᠯᠴᠢ ᠶᠢᠨ ᠦᠶ᠎ᠡ ᠳᠤ ᠨᠡᠭᠦᠳᠡᠯ ᠮᠠᠯᠵᠢᠯ ᠠᠴᠠ ᠰᠠᠭᠤᠷᠢᠰᠢᠯ ᠵᠦᠭ ᠰᠢᠯᠵᠢᠭᠰᠡᠨ ᠪᠠ ᠨᠡᠶᠢᠭᠡᠮ ᠤᠨ ᠬᠥᠭᠵᠢᠯᠲᠡ ᠠᠴᠠ ᠪᠣᠯᠵᠤ ᠨᠡᠯᠢᠶᠡᠳ ᠤᠯᠠᠨ ᠵᠠᠩ ᠵᠠᠩᠰᠢᠯ ᠲᠥᠬᠦᠮᠴᠢᠯᠡᠭᠳᠡᠭᠰᠡᠨ ᠪᠠ ᠬᠠᠶᠠᠭᠳᠠᠵᠤ ᠪᠠᠶᠢᠭ᠎ᠠ ᠦᠵᠡᠭᠳᠡᠯ ᠢᠯᠡᠷᠡᠪᠡ᠃ ᠡᠭᠦᠨ ᠳᠤ ᠮᠣᠩᠭᠤᠯ ᠠᠮᠢᠳᠤᠷᠠᠯ ᠤᠨ ᠲᠤᠮᠳᠠᠬᠢ ᠦᠷᠢᠶ᠎ᠡ ᠬᠠᠭᠠᠷᠢᠬᠤ ᠵᠠᠩᠰᠢᠯ ᠢᠶᠠᠷ ᠵᠢᠱᠢᠶᠡᠯᠡᠬᠦ ᠳᠤ᠂ ᠦᠵᠡᠬᠦ ᠳᠤ ᠵᠠᠩ ᠵᠠᠩᠰᠢᠯ ᠨᠢ ᠬᠠᠭᠤᠴᠢᠨ ᠤ ᠵᠠᠩᠰᠢᠯ ᠲᠠᠢ ᠠᠳᠠᠯᠢ ᠦᠭᠡᠢ ᠪᠠᠶᠢᠵᠦ᠂ ᠣᠳᠣ ᠴᠠᠭ ᠦᠶ᠎ᠡ ᠶᠢᠨ ᠡᠮ ᠡᠮᠨᠡᠯᠭᠡ ᠶᠢᠨ ᠨᠦᠯᠦᠭᠡ ᠶᠢ ᠬᠦᠷᠳᠡᠭᠰᠡᠨ ᠵᠠᠩ ᠵᠠᠩᠰᠢᠯ ᠪᠣᠯᠵᠤ ᠪᠦᠷᠢᠯᠳᠦᠭᠰᠡᠨ ᠪᠠᠶᠢᠳᠠᠭ᠃ ᠮᠣᠩᠭᠤᠯ ᠤᠯᠠᠮᠵᠢᠯᠠᠯᠲᠤ ᠵᠠᠩ ᠦᠢᠯᠡ ᠶᠢᠨ ᠰᠤᠳᠤᠷ ᠳᠡᠮᠳᠡᠭᠯᠡᠯ᠂ ᠭᠠᠵᠠᠷ ᠤᠷᠤᠨ ᠤ ᠵᠠᠩ ᠦᠢᠯᠡ ᠶᠢᠨ ᠮᠠᠲ᠋ᠧᠷᠢᠶᠠᠯ ᠳᠤ ᠳᠡᠮᠳᠡᠭᠯᠡᠵᠦ ᠪᠠᠶᠢᠭ᠎ᠠ ᠪᠠᠶᠢᠳᠠᠯ ᠠᠴᠠ ᠦᠵᠡᠬᠦ ᠳᠤ ᠦᠷᠢᠶ᠎ᠡ ᠡᠰᠬᠡᠬᠦ ᠵᠠᠩ ᠦᠢᠯᠡ ᠨᠢ ᠤᠷᠢᠳ ᠡᠮᠦᠨ᠎ᠡ ᠪᠠᠶᠢᠭ᠎ᠠ ᠦᠭᠡᠢ ᠬᠤᠪᠢᠷᠠᠯᠲᠠ ᠲᠠᠢ ᠪᠤᠯᠤᠭᠰᠠᠨ ᠪᠠᠶᠢᠨ᠎ᠠ᠃ ᠳᠠᠭᠤᠳᠠᠯᠭ᠎ᠠ ᠶᠢᠨ ᠲᠠᠯ᠎ᠠ ᠠᠴᠠ ᠦᠵᠡᠬᠦ ᠳᠤ ᠡᠷᠲᠡᠨ ᠠᠴᠠ ᠨᠡᠷᠡᠯᠡᠵᠦ ᠳᠠᠭᠤᠳᠠᠵᠤ ᠪᠠᠶᠢᠭᠰᠠᠨ ᠪᠠ ᠬᠤᠶᠢᠨᠡᠬᠢ ᠦᠶ᠎ᠡ ᠳᠤ ᠡᠩᠬᠦᠷᠡᠶᠢᠯᠡᠵᠦ ᠳᠠᠭᠤᠳᠠᠬᠤ ᠳᠠᠭᠤᠳᠠᠯᠭ᠎ᠠ ᠪᠤᠢ ᠪᠤᠯᠤᠭᠰᠠᠨ ᠦᠵᠡᠭᠳᠡᠯ ᠲᠠᠢ᠃ ᠳᠠᠭᠤᠳᠠᠯᠭ᠎ᠠ ᠶᠢᠨ ᠬᠤᠪᠢ ᠳᠤ ᠶᠡᠭᠡ ᠬᠤᠪᠢᠷᠠᠯᠲᠠ ᠦᠭᠡᠢ ᠪᠣᠯᠪᠠᠴᠤ ᠨᠣᠳᠤᠭ ᠤᠷᠤᠨ ᠤ ᠠᠳᠠᠯᠢ ᠦᠭᠡᠢ ᠠᠴᠠ ᠪᠣᠯᠵᠤ ᠲᠠᠭᠤᠳᠠᠯᠭ᠎ᠠ ᠶᠢᠨ ᠲᠠᠯ᠎ᠠ ᠳᠤ ᠵᠦᠷᠢᠶ᠎ᠡ ᠤᠷᠤᠰᠢᠵᠦ ᠪᠠᠶᠢᠳᠠᠭ᠃ ᠡᠭᠦᠨ ᠠᠴᠠ ᠭᠠᠳᠠᠨ᠎ᠠ ᠨᠡᠯᠢᠶᠡᠳ ᠶᠡᠭᠡ ᠵᠦᠷᠢᠶ᠎ᠡ ᠣᠷᠣᠰᠢᠵᠦ ᠪᠠᠶᠢᠭ᠎ᠠ ᠨᠢ ᠪᠠᠭᠠᠵᠢ ᠬᠡᠷᠡᠭᠰᠡᠯ ᠪᠠ ᠡᠰᠬᠡᠵᠦ ᠬᠠᠭᠠᠷᠢᠬᠤ ᠠᠷᠭ᠎ᠠ ᠪᠠᠷᠢᠯ ᠵᠢᠴᠢ ᠴᠡᠭᠡᠷ ᠶᠤᠰᠤᠨ ᠤ ᠲᠠᠯ᠎ᠠ ᠳᠤ ᠤᠷᠤᠨ ᠨᠣᠳᠤᠭ ᠤᠨ ᠣᠳᠣᠬᠠᠨ ᠤ ᠵᠠᠩᠰᠢᠯ ᠨᠢ ᠤᠯᠠᠮᠵᠢᠯᠠᠯᠲᠤ ᠵᠠᠩ ᠵᠠᠩᠰᠢᠯ ᠲᠠᠢ ᠢᠯᠭᠠᠭ᠎ᠠ ᠶᠡᠭᠡ ᠪᠠᠶᠢᠵᠦ᠂ ᠵᠠᠷᠢᠮ ᠵᠠᠩ ᠵᠠᠩᠰᠢᠯ ᠵᠢᠴᠢ ᠴᠡᠭᠡᠷ ᠶᠣᠰᠣ ᠨᠢ ᠪᠠᠶᠢᠬᠤ ᠦᠭᠡᠢ ᠪᠣᠯᠤᠭᠰᠠᠨ ᠪᠠ ᠰᠢᠨ᠎ᠡ ᠴᠠᠭ ᠦᠶ᠎ᠡ ᠶᠢᠨ ᠮᠡᠷᠭᠡᠵᠢᠯ ᠢᠶᠠᠷ ᠥᠭᠡᠷᠡᠴᠢᠯᠡᠭᠳᠡᠭᠰᠡᠨ ᠪᠠᠶᠢᠨ᠎ᠠ᠃      ᠡᠨᠡ ᠨᠢ ᠨᠡᠶᠢᠭᠡᠮ ᠤᠨ ᠬᠥᠭᠵᠢᠯᠲᠡ ᠶᠢᠨ ᠲᠤᠮᠳᠠ ᠵᠠᠩ ᠦᠢᠯᠡ ᠨᠢ ᠨᠡᠶᠢᠭᠡᠮ ᠤᠨ ᠬᠤᠪᠢᠷᠠᠯᠲᠠ ᠶᠢ ᠲᠠᠭᠠᠯᠳᠤᠨ ᠠᠭᠠᠵᠢᠮ ᠢᠶᠠᠷ ᠬᠤᠪᠢᠷᠠᠵᠦ ᠪᠠᠶᠢᠭ᠎ᠠ ᠶᠢ ᠬᠠᠷᠠᠭᠤᠯᠵᠤ ᠪᠠᠶᠢᠨ᠎ᠠ᠃ ᠡᠭᠦᠨ ᠳᠤ ᠨᠥᠯᠥᠭᠡᠯᠡᠬᠦ ᠦᠢᠯᠡᠳᠦᠯ ᠦᠵᠡᠭᠦᠯᠵᠦ ᠪᠠᠶᠢᠭ᠎ᠠ ᠨᠢ ᠭᠠᠳᠠᠭᠠᠲᠤ ᠪᠠ ᠲᠤᠳᠤᠭᠠᠳᠤ ᠬᠤᠶᠠᠷ ᠲᠠᠯ᠎ᠠ ᠶᠢᠨ ᠰᠢᠯᠳᠠᠭᠠᠨ ᠪᠦᠷ ᠪᠠᠶᠢᠨ᠎ᠠ᠃ ᠭᠠᠳᠠᠭᠠᠳᠤ ᠰᠢᠯᠲᠠᠭᠠᠨ ᠠᠴᠠ ᠦᠵᠡᠬᠦ ᠳᠤ ᠵᠠᠬ᠎ᠠ ᠳᠡᠯᠭᠡᠭᠦᠷ ᠤᠨ ᠬᠥᠭᠵᠢᠯᠲᠡ᠂ ᠲᠡᠯᠡᠬᠡᠢ ᠨᠡᠶᠢᠲᠡ ᠶᠢᠨ ᠬᠠᠷᠢᠯᠴᠠᠭ᠎ᠠ ᠬᠠᠮᠲᠤᠷᠠᠯᠴᠠᠭ᠎ᠠ ᠨᠢ ᠨᠢᠭᠲᠠᠷᠠᠬᠤ ᠶᠢ ᠳᠠᠭᠠᠯᠳᠤᠨ ᠬᠥᠮᠥᠰ ᠤᠨ ᠶᠠᠪᠣᠯᠴᠠᠭ᠎ᠠ ᠨᠢ ᠣᠯᠠᠰᠢᠷᠠᠵᠤ ᠬᠠᠷᠢᠯᠴᠠᠨ ᠨᠥᠯᠥᠭᠡᠯᠡᠬᠦ ᠵᠦᠢᠯ ᠨᠢ ᠴᠦ ᠤᠯᠠᠨ ᠪᠣᠯᠣᠭᠰᠠᠨ ᠪᠠᠶᠢᠳᠠᠭ᠃ ᠡᠬᠦᠨ ᠤ ᠬᠠᠮᠲᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠡᠳᠦᠷ ᠢᠷᠡᠬᠦᠶ᠎ᠡ ᠬᠥᠭᠵᠢᠵᠦ ᠨᠠᠶᠢᠭᠡᠮ ᠤᠨ ᠠᠰᠠᠭᠤᠳᠠᠯ ᠢ ᠰᠢᠨᠵᠢᠯᠡᠬᠦ ᠤᠬᠠᠭᠠᠨᠴᠢ ᠪᠠᠷ ᠰᠢᠢᠳᠪᠦᠷᠢᠯᠡᠬᠦ ᠪᠣᠯᠵᠠᠢ᠃ ᠲᠤᠳᠤᠭᠠᠳᠤ ᠰᠢᠯᠳᠠᠭᠠᠨ ᠠᠴᠠ ᠦᠵᠡᠬᠦ ᠳᠤ  ᠣᠳᠣᠬᠠᠨ ᠳᠤ ᠦᠷᠢᠶ᠎ᠡ ᠡᠰᠬᠡᠬᠦ ᠠᠵᠢᠯᠯᠠᠭ᠎ᠠ ᠴᠦᠬᠡᠷᠡᠵᠦ᠂ ᠮᠡᠷᠭᠡᠵᠢᠯ ᠤᠯᠠᠮᠵᠢᠯᠠᠬᠤ ᠨᠢ ᠠᠭᠠᠵᠢᠮ ᠢᠶᠠᠷ ᠭᠡᠭᠡᠭᠳᠡᠨ ᠳᠠᠰᠤᠷᠠᠭᠰᠠᠨ ᠪᠠ ᠬᠤᠲᠠᠴᠢᠯᠠᠯᠳᠠ ᠶᠢ ᠳᠠᠭᠠᠯᠳᠤᠨ ᠮᠠᠯ ᠠᠵᠤ ᠠᠬᠤᠢ ᠡᠷᠬᠢᠯᠡᠬᠦ ᠦᠭᠡᠢ ᠪᠣᠯᠣᠭᠰᠠᠨ ᠠᠴᠠ ᠡᠨᠡᠬᠦ ᠠᠵᠢᠯᠯᠠᠭ᠎ᠠ ᠨᠢ ᠠᠭᠠᠵᠢᠮ ᠳᠠᠭᠠᠨ ᠲᠠᠶᠠᠭᠳᠠᠭᠳᠠᠵᠤ ᠪᠦᠷᠢᠨ ᠪᠤᠰᠤ ᠪᠣᠯᠵᠤ ᠪᠠᠶᠢᠨ᠎ᠠ᠃ ᠮᠦᠨᠴᠥ ᠨᠠᠶᠢᠭᠡᠮ ᠤᠨ ᠦᠢᠯᠡᠳᠦᠯᠭᠡ ᠲᠤᠮᠳᠠ ᠬᠠᠷᠢᠯᠴᠠᠨ ᠶᠠᠪᠤᠯᠴᠠᠵᠤ ᠬᠠᠮᠲᠤᠷᠠᠯᠴᠠᠨ ᠠᠵᠢᠯᠯᠠᠬᠤ ᠶᠢᠨ ᠶᠠᠪᠤᠴᠠ ᠳᠤ ᠨᠥᠯᠥᠭᠡ ᠬᠥᠷᠲᠡᠵᠦ ᠬᠤᠪᠢᠷᠠᠪᠠ᠃ ︵︽ᠦᠪᠦᠷ ᠮᠣᠩᠭᠤᠯ ᠤᠨ ᠮᠠᠯ ᠠᠵᠤ ᠠᠬᠤᠢ︾ ᠰᠡᠳᠬᠦᠯ ᠤᠨ 2018 ᠣᠨ ᠤ 4 ᠳ᠋ᠦ᠋ᠭᠡᠷ ᠬᠤᠭᠤᠴᠠᠭᠠᠨ ᠠᠴᠠ ᠰᠢᠯᠵᠢᠬᠦᠯᠪᠠ᠃︶
 
ᠢᠷᠡᠯᠲᠡ᠄ ︽ᠦᠪᠦᠷ ᠮᠣᠩᠭᠤᠯ ᠤᠨ ᠮᠠᠯ ᠠᠵᠤ ᠠᠬᠤᠢ︾ ᠰᠡᠳᠬᠦᠯ 
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号