ᠦᠬᠡᠷ ᠤᠨ ᠨᠠᠰᠤ᠂ ᠬᠦᠢᠰᠦ ᠢᠯᠭᠠᠯ ᠵᠢᠴᠢ ᠪᠤᠰᠤᠳ ᠨᠡᠷᠡᠶᠢᠳᠦᠯ
ᠨᠡᠶᠢᠲᠡᠯᠡᠭᠰᠡᠨ ᠴᠠᠭ᠄
2020/10/24
     ᠨᠢᠭᠡ᠂ ᠲᠤᠭᠤᠯ ︵ᠨᠢᠭᠡ ᠨᠠᠰᠤᠲᠠᠢ ᠦᠬᠡᠷ︶      ᠲᠤᠰ ᠵᠢᠯ ᠤᠨ ᠬᠠᠪᠤᠷ ᠤᠨ ᠲᠦᠯ ᠳᠠᠷᠠᠭ᠎ᠠ ᠬᠠᠪᠤᠷ ᠤᠨ ᠰᠢᠨ᠎ᠡ ᠲᠦᠯ ᠲᠦᠯᠯᠡᠬᠦ ᠪᠣᠯᠲᠠᠯ᠎ᠠ ᠪᠦᠬᠦᠯᠢ ᠨᠢᠭᠡ ᠵᠢᠯ ᠪᠣᠯᠬᠤ ᠲᠤᠯᠠ ᠡᠨᠡ ᠬᠤᠭᠤᠷᠤᠨᠳᠣᠬᠢ ᠶᠢ ᠲᠤᠭᠤᠯ ᠭᠡᠨ᠎ᠡ᠃      1.ᠡᠷ᠎ᠡ ᠬᠦᠢᠰᠦ ᠶᠢᠨ ᠲᠤᠭᠤᠯ ᠢ ᠡᠷ᠎ᠡ ᠲᠤᠭᠤᠯ ᠭᠡᠨ᠎ᠡ᠃      2.ᠡᠮ᠎ᠡ ᠬᠦᠢᠰᠦ ᠶᠢᠨ ᠲᠤᠭᠤᠯ ᠢ ᠦᠬᠢᠨ ᠲᠤᠭᠤᠯ ᠭᠡᠨ᠎ᠡ᠃      3.ᠪᠢᠯᠢᠭ ᠤᠨ ᠤᠯᠠᠷᠢᠯ ᠤᠨ ᠨᠠᠢᠮᠠᠨ ᠰᠠᠷ᠎ᠠ ᠠᠴᠠ ᠬᠤᠶᠢᠨ᠎ᠠ ᠭᠠᠷᠤᠭᠰᠠᠨ ᠲᠤᠭᠤᠯ ᠢ ᠬᠡᠨᠵᠡ ᠲᠤᠭᠤᠯ ᠭᠡᠨ᠎ᠡ᠃      ᠬᠤᠶᠠᠷ᠂ ᠪᠢᠷᠠᠭᠤ ︵ᠬᠤᠶᠠᠷ ᠨᠠᠰᠤᠲᠠᠢ ᠦᠬᠡᠷ︶      ᠮᠠᠯᠴᠢᠳ ᠪᠢᠷᠠᠭᠤ ᠪᠠᠨ ︽ᠨᠤᠭᠤᠭᠠᠨ ᠪᠢᠷᠠᠭᠤ︾ ᠭᠡᠵᠦ ᠳᠠᠭᠤᠳᠠᠬᠤ ᠵᠠᠩᠰᠢᠯ ᠲᠠᠢ ᠪᠠᠶᠢᠳᠠᠭ᠃ ᠨᠠᠮᠤᠷ ᠤᠨ ᠰᠡᠭᠦᠯᠴᠢ ᠪᠣᠯᠬᠤ ᠳᠤ ᠨᠢᠭᠡ ᠪᠦᠯᠦᠭ ᠲᠤᠭᠤᠯ ᠡᠬᠡ ᠪᠠᠨ ᠣᠯᠵᠣ ᠬᠦᠬᠦᠬᠦ ᠦᠭᠡᠢ ᠪᠣᠯᠵᠣ ᠮᠠᠰᠢ ᠲᠦᠷᠭᠡᠨ ᠢᠶᠠᠷ ᠡᠴᠡᠩᠬᠡᠢ ᠲᠤᠷᠠᠩᠬᠠᠢ ᠪᠣᠯᠳᠠᠭ᠃ ᠡᠶᠢᠮᠦ ᠠᠴᠠ ᠡᠪᠦᠯ ᠢ ᠦᠩᠭᠡᠷᠡᠨ ᠬᠠᠪᠤᠷ ᠤᠨ ᠰᠢᠨ᠎ᠡ ᠬᠦᠬᠡ ᠨᠤᠭᠤᠭᠠᠨ ᠳᠤ ᠬᠦᠷᠲᠡᠯ᠎ᠡ᠂ ᠮᠠᠯᠴᠢᠳ ᠲᠤᠭᠤᠯ ᠠᠴᠠ ᠪᠠᠨ ᠪᠢᠷᠠᠭᠤ ᠪᠣᠯᠬᠤ ᠡᠨᠡ ᠨᠢᠭᠡ ᠪᠦᠯᠦᠭ ᠮᠠᠯ ᠳᠠᠭᠠᠨ ᠶᠡᠬᠡᠬᠡᠨ ᠬᠦᠴᠦ ᠲᠠᠯᠪᠢᠵᠤ ᠪᠠᠶᠢᠭᠠᠳ ᠨᠤᠭᠤᠭᠠᠨ ᠳᠤ ᠣᠷᠣᠭᠤᠯᠳᠠᠭ ᠶᠣᠮ᠃ ᠡᠶᠢᠮᠦ ᠠᠴᠠ ︽ᠨᠤᠭᠤᠭᠠᠨ ᠪᠢᠷᠠᠭᠤ︾ ᠭᠡᠵᠦ ᠬᠡᠯᠡᠬᠦ ᠵᠠᠩᠰᠢᠯ ᠲᠠᠢ ᠪᠣᠯᠵᠠᠢ᠃ ᠲᠤᠭᠤᠯ ᠨᠢ ᠰᠢᠨ᠎ᠡ ᠬᠦᠬᠡ ᠨᠤᠭᠤᠭ᠎ᠠ ᠣᠯᠵᠣ ᠢᠳᠡᠭᠡᠳ ᠰᠠᠶ᠋ᠢ ᠪᠢᠷᠠᠭᠤ ᠪᠣᠯᠣᠨ᠎ᠠ᠃ ᠨᠤᠭᠤᠭᠠᠨ ᠳᠤ ᠤᠷᠤᠭᠠᠳ ᠨᠠᠰᠤ ᠨᠡᠮᠡᠭᠳᠡᠬᠦ ᠦᠵᠡᠭᠳᠡᠯ ᠵᠦᠪᠬᠡᠨ ᠪᠢᠷᠠᠭᠤ ᠮᠡᠲᠦ ᠶᠢᠨ ᠠᠳᠤᠭᠤᠰᠤᠨ ᠳᠤ ᠲᠤᠬᠢᠷᠠᠳᠠᠭ ᠪᠢᠰᠢ᠂ ᠤᠮᠠᠷᠠᠲᠤ ᠶᠢᠨ ᠡᠷᠲᠡᠨ ᠤ ᠵᠠᠷᠢᠮ ᠴᠦᠬᠡᠨ ᠲᠤᠭᠠᠲᠤ ᠦᠨᠳᠦᠰᠦᠲᠡᠨ ᠪᠠᠰᠠ ᠬᠠᠪᠤᠷ ᠤᠨ ᠨᠤᠭᠤᠭᠠᠷᠠᠬᠤ ᠪᠠ ᠨᠠᠮᠤᠷ ᠤᠨ ᠬᠤᠪᠠᠭ᠋ᠠᠶᠢᠷᠠᠬᠤ ᠪᠠᠷ ᠨᠠᠰᠤ ᠵᠢᠯ ᠢᠶᠠᠨ ᠪᠤᠳᠤᠵᠤ ᠪᠠᠶᠢᠭᠰᠠᠨ ᠲᠤᠬᠠᠢ ᠲᠡᠥᠬᠡ ᠶᠢᠨ ᠲᠡᠮᠳᠡᠭᠯᠡᠯ ᠲᠠᠢ᠃      1.ᠬᠤᠶᠠᠷ ᠨᠠᠰᠤᠲᠠᠢ ᠡᠷ᠎ᠡ ᠬᠦᠢᠰᠦ ᠶᠢᠨ ᠦᠬᠡᠷ ᠢ ᠡᠷ᠎ᠡ ᠪᠢᠷᠠᠭᠤ ᠭᠡᠨ᠎ᠡ᠃ ᠪᠤᠬ᠎ᠠ ᠲᠠᠯᠪᠢᠬᠤ ᠪᠠᠷ ᠰᠤᠩᠭᠤᠨ ᠦᠯᠡᠳᠡᠭᠡᠵᠦ ᠬᠦᠩᠭᠡᠯᠡᠨ ᠵᠠᠰᠠᠭᠰᠠᠨ ᠦᠭᠡᠢ ᠶᠢ ᠪᠢᠷᠠᠭᠤᠨ ᠪᠤᠬ᠎ᠠ ᠭᠡᠨ᠎ᠡ᠃      2.ᠬᠤᠶᠠᠷ ᠨᠠᠰᠤᠲᠠᠢ ᠡᠮ᠎ᠡ ᠬᠦᠢᠰᠦ ᠶᠢᠨ ᠦᠬᠡᠷ ᠢ ᠦᠬᠢᠨ ᠪᠢᠷᠠᠭᠤ ᠭᠡᠳᠡᠭ᠃      ᠭᠤᠷᠪᠠ᠂ ᠰᠢᠳᠦᠯᠡᠩ ︵ᠭᠤᠷᠪᠠᠨ ᠨᠠᠰᠤᠲᠠᠢ ᠦᠬᠡᠷ︶      1.ᠭᠤᠷᠪᠠᠨ ᠨᠠᠰᠤᠲᠠᠢ ᠡᠷ᠎ᠡ ᠬᠦᠢᠰᠦ ᠶᠢᠨ ᠦᠬᠡᠷ ᠢ ᠰᠢᠳᠦᠯᠡᠩ ᠭᠤᠨ᠎ᠠ ᠭᠡᠨ᠎ᠡ᠃ ᠪᠤᠬ᠎ᠠ ᠲᠠᠯᠪᠢᠬᠤ ᠪᠠᠷ ᠦᠯᠡᠳᠡᠭᠡᠵᠦ ᠬᠦᠩᠭᠡᠯᠡᠨ ᠵᠠᠰᠠᠭᠰᠠᠨ ᠦᠭᠡᠢ ᠶᠢ ᠰᠢᠳᠦᠯᠡᠩ ᠪᠤᠬ᠎ᠠ ᠭᠡᠳᠡᠭ᠃      2.ᠭᠤᠷᠪᠠᠨ ᠨᠠᠰᠤᠲᠠᠢ ᠡᠮ᠎ᠡ ᠬᠦᠢᠰᠦ ᠶᠢᠨ ᠦᠬᠡᠷ ᠢ ᠰᠢᠳᠦᠯᠡᠩ ᠭᠤᠨᠵᠢ ᠭᠡᠨ᠎ᠡ᠃      ᠳᠦᠷᠪᠡ᠂ ᠬᠢᠵᠠᠭᠠᠯᠠᠩ ︵ᠳᠦᠷᠪᠡᠨ ᠨᠠᠰᠤᠲᠠᠢ ᠦᠬᠡᠷ︶      1.ᠳᠦᠷᠪᠡᠨ ᠨᠠᠰᠤᠲᠠᠢ ᠡᠷ᠎ᠡ ᠬᠦᠢᠰᠦ ᠶᠢᠨ ᠦᠬᠡᠷ ᠢ ᠬᠢᠵᠠᠭᠠᠯᠠᠩ ᠭᠤᠨ᠎ᠠ ᠭᠡᠬᠦ ᠪᠣᠶᠣ ᠳᠦᠨ᠎ᠡ ᠭᠡᠳᠡᠭ᠃      ᠤᠳᠤᠬᠠᠨ ᠳᠤ ᠵᠡᠭᠦᠨ ᠤᠷᠤᠨ ᠳᠤ ᠦᠬᠡᠷ ᠢ ᠳᠦᠨ᠎ᠡ᠂ ᠳᠦᠨᠵᠢ ᠭᠡᠵᠦ ᠨᠡᠷᠡᠶᠢᠳᠬᠦ ᠦᠭᠡᠢ ᠪᠣᠯᠵᠠᠢ᠃ ᠵᠦᠪᠬᠡᠨ ᠪᠢᠴᠢᠭ ᠤᠨ ᠬᠡᠯᠡᠨ ᠳᠤ ᠬᠡᠷᠡᠭᠯᠡᠵᠦ ᠪᠠᠶᠢᠨ᠎ᠠ᠃      ᠳᠦᠷᠪᠡᠨ ᠨᠠᠰᠤᠲᠠᠢ ᠬᠦᠩᠭᠡᠯᠡᠭᠰᠡᠨ ᠦᠭᠡᠢ ᠡᠷ᠎ᠡ ᠦᠬᠡᠷ ᠢ ᠬᠢᠵᠠᠭᠠᠯᠠᠩ ᠪᠤᠬ᠎ᠠ ᠭᠡᠨ᠎ᠡ᠃      2.ᠳᠦᠷᠪᠡᠨ ᠨᠠᠰᠤᠲᠠᠢ ᠡᠮ᠎ᠡ ᠬᠦᠢᠰᠦ ᠶᠢᠨ ᠦᠬᠡᠷ ᠢ ᠬᠢᠵᠠᠭᠠᠯᠠᠩ ᠭᠤᠨᠵᠢ ᠭᠡᠬᠦ ᠪᠤᠶᠤ ᠳᠦᠨᠵᠢ ᠭᠡᠳᠡᠭ᠃      ᠲᠠᠪᠤ᠂ ᠰᠤᠶᠤᠭᠠᠯᠠᠩ ︵ᠲᠠᠪᠤᠨ ᠨᠠᠰᠤᠲᠠᠢ ᠦᠬᠡᠷ︶      ᠦᠬᠡᠷ ᠤᠯᠠᠩᠬᠢ ᠳᠠᠭᠠᠨ ᠲᠠᠪᠤᠨ ᠨᠠᠰᠤᠨ ᠳᠡᠭᠡᠷ᠎ᠡ ᠪᠠᠨ ᠲᠦᠯ ᠲᠠᠢ ᠪᠣᠯᠴᠢᠬᠠᠨ᠎ᠠ᠃      1.ᠲᠠᠪᠤᠨ ᠨᠠᠰᠤᠲᠠᠢ ᠡᠷ᠎ᠡ ᠬᠦᠢᠰᠦ ᠶᠢᠨ ᠦᠬᠡᠷ ᠢ ᠰᠤᠶᠤᠭᠠᠯᠠᠩ ᠭᠤᠨ᠎ᠠ ᠭᠡᠨ᠎ᠡ᠂ ᠪᠠᠰᠠ ᠰᠤᠶᠤᠭᠠᠯᠠᠩ ᠡᠷ᠎ᠡ ᠦᠬᠡᠷ ᠭᠡᠨ᠎ᠡ᠃ ᠲᠠᠪᠤᠨ ᠨᠠᠰᠤᠲᠠᠢ ᠪᠤᠬ᠎ᠠ ᠶᠢ ᠰᠤᠶᠤᠭᠠᠯᠠᠩ ᠪᠤᠬ᠎ᠠ ᠭᠡᠬᠦ ᠪᠣᠶᠣ ᠪᠦᠳᠦᠭᠦᠨ ᠪᠤᠬ᠎ᠠ ᠭᠡᠨ᠎ᠡ᠃      2.ᠲᠠᠪᠤᠨ ᠨᠠᠰᠤᠲᠠᠢ ᠡᠮ᠎ᠡ ᠬᠦᠢᠰᠦ ᠶᠢᠨ ᠦᠬᠡᠷ ᠨᠢ ᠬᠡᠷᠪᠡ ᠲᠦᠯ ᠲᠠᠢ ᠪᠣᠯ ᠰᠤᠶᠤᠭᠠᠯᠠᠩ ᠦᠨᠢᠶ᠎ᠡ ᠭᠡᠵᠦ᠂ ᠲᠦᠯ ᠦᠭᠡᠢ ᠪᠣᠯ ᠮᠦᠨ ᠰᠤᠶᠤᠭᠠᠯᠠᠩ ᠭᠤᠨᠵᠢ ᠭᠡᠨ᠎ᠡ᠃ ᠵᠠᠷᠢᠮ ᠭᠠᠵᠠᠷ ᠲᠤ ᠪᠠᠰᠠ ᠭᠤᠨᠵᠢᠨ ᠦᠨᠢᠶ᠎ᠡ ᠭᠡᠳᠡᠭ᠃      ᠵᠢᠷᠭᠤᠭ᠎ᠠ᠂ ᠰᠤᠩᠭᠤᠬᠤ ᠨᠠᠰᠤᠨ ᠤ ᠦᠬᠡᠷ ᠪᠠ ᠭᠦᠢᠴᠡᠭᠡᠬᠦ ᠨᠠᠰᠤᠨ ᠤ ᠦᠬᠡᠷ      ᠮᠠᠨ ᠤ ᠤᠷᠤᠨ ᠤ ᠵᠡᠭᠦᠨ ᠤᠷᠤᠨ ᠳᠤ ᠣᠣᠯ ᠳᠠᠭᠠᠨ ᠵᠢᠷᠭᠤᠭᠠᠨ ᠨᠠᠰᠤᠲᠠᠢ ᠦᠬᠡᠷ ᠢ ᠰᠤᠩᠭᠤᠬᠤ ᠦᠬᠡᠷ ᠭᠡᠵᠦ᠂ ᠳᠤᠯᠤᠭᠠᠨ ᠨᠠᠰᠤᠲᠠᠢ ᠦᠬᠡᠷ ᠢ ᠭᠦᠢᠴᠡᠭᠡᠬᠦ ᠦᠬᠡᠷ ᠭᠡᠵᠦ ᠨᠡᠷᠡᠶᠢᠳᠦᠨ ᠳᠠᠭᠤᠳᠠᠳᠠᠭ᠃ ᠡᠭᠦᠨ ᠳᠤ᠄      1.ᠡᠷ᠎ᠡ ᠬᠦᠢᠰᠦ ᠶᠢᠨ ᠵᠢᠷᠭᠤᠭᠠᠨ ᠨᠠᠰᠤᠲᠠᠢ ᠦᠬᠡᠷ ᠢ ᠰᠤᠩᠭᠤᠬᠤ ᠨᠠᠰᠤᠨ ᠤ ᠡᠷ᠎ᠡ ᠦᠬᠡᠷ ᠭᠡᠬᠦ ᠪᠠ ᠳᠣᠯᠣᠭᠠᠨ ᠨᠠᠰᠤᠲᠠᠢ ᠶᠢ ᠨᠢ ᠭᠦᠢᠴᠡᠭᠡᠬᠦ ᠨᠠᠰᠤᠨ ᠤ ᠡᠷ᠎ᠡ ᠦᠬᠡᠷ ᠭᠡᠳᠡᠭ᠃      2.ᠡᠮ᠎ᠡ ᠬᠦᠢᠰᠦ ᠶᠢᠨ ᠵᠢᠷᠭᠤᠭᠠᠨ ᠨᠠᠰᠤᠲᠠᠢ ᠦᠬᠡᠷ ᠢ ᠰᠤᠩᠭᠤᠬᠤ ᠨᠠᠰᠤᠨ ᠤ ᠦᠨᠢᠶ᠎ᠡ ᠭᠡᠬᠦ ᠪᠠ ᠳᠤᠯᠤᠭᠠᠨ ᠨᠠᠰᠤᠲᠠᠢ ᠶᠢ ᠨᠢ ᠭᠦᠢᠴᠡᠭᠡᠬᠦ ᠨᠠᠰᠤᠨ ᠤ ᠦᠨᠢᠶ᠎ᠡ ᠭᠡᠳᠡᠭ᠃      ᠵᠢᠷᠭᠤᠭᠠᠨ ᠨᠠᠰᠤᠨ ᠠᠴᠠ ᠳᠡᠭᠡᠭᠰᠢᠬᠢ ᠪᠤᠬ᠎ᠠ ᠶᠢ ᠦᠩᠭᠡ ᠵᠢᠰᠦ ᠲᠠᠢ ᠨᠢ ᠬᠤᠯᠪᠤᠭᠳᠠᠭᠤᠯᠤᠨ ᠬᠦᠬᠡ ᠪᠤᠬ᠎ᠠ ᠪᠣᠶᠣ ᠤᠯᠠᠭᠠᠨ ᠪᠤᠬ᠎ᠠ ᠭᠡᠬᠦ ᠪᠠ ᠪᠦᠳᠦᠭᠦᠨ ᠪᠤᠬ᠎ᠠ ᠭᠡᠨ᠎ᠡ᠃ ᠵᠢᠷᠭᠤᠭᠠᠨ ᠨᠠᠰᠤᠨ ᠠᠴᠠ ᠳᠡᠭᠡᠭᠰᠢᠬᠢ ᠡᠷ᠎ᠡ ᠦᠬᠡᠷ ᠪᠠ ᠲᠡᠷᠭᠡ ᠣᠨᠣᠭᠠᠨ ᠤ ᠬᠦᠯᠪᠦᠷᠢ ᠦᠬᠡᠷ ᠢ ᠱᠠᠷ ᠭᠡᠨ᠎ᠡ᠃      ᠳᠣᠯᠤᠭ᠎ᠠ᠂ ᠪᠣᠰᠣᠳ ᠨᠡᠷᠡᠶᠢᠳᠦᠯ      1.ᠰᠤᠪᠠᠢ ᠦᠨᠢᠶ᠎ᠡ      ᠲᠦᠯᠯᠡᠬᠦ ᠨᠠᠰᠤᠨ ᠳᠤ ᠬᠦᠷᠦᠭᠡᠳ ᠲᠦᠯ ᠦᠭᠡᠢ ᠦᠨᠢᠶ᠎ᠡ ᠶᠢ ᠰᠤᠪᠠᠢ ᠭᠤᠨᠵᠢ ᠭᠡᠨ᠎ᠡ᠃ ᠲᠠᠪᠤᠨ ᠨᠠᠰᠤᠨ ᠠᠴᠠ ᠳᠡᠭᠡᠭᠰᠢᠬᠢ ᠦᠨᠢᠶ᠎ᠡ ᠬᠡᠭᠡᠯᠳᠦᠬᠦ ᠴᠠᠭ ᠲᠠᠭᠠᠨ ᠬᠡᠭᠡᠯ ᠲᠤᠭᠲᠠᠭᠰᠠᠨ ᠦᠭᠡᠢ ᠶᠢ ᠪᠠᠰᠠ ᠰᠤᠪᠠᠢ ᠦᠨᠢᠶ᠎ᠡ ᠭᠡᠨ᠎ᠡ᠃      2.ᠬᠤᠰᠠᠷᠠᠩ ᠦᠨᠢᠶ᠎ᠡ      ᠲᠤᠰ ᠵᠢᠯ ᠳᠤ ᠲᠦᠯ ᠦᠭᠡᠢ᠂ ᠳᠡᠭᠡᠷ᠎ᠡ ᠵᠢᠯ ᠤᠨ ᠲᠤᠭᠤᠯ— ᠡᠨᠡ ᠬᠠᠪᠤᠷ ᠤᠨ ᠪᠢᠷᠠᠭᠤ ᠪᠠᠨ ᠦᠷᠭᠦᠯᠵᠢᠯᠡᠨ ᠬᠦᠬᠦᠭᠦᠯᠵᠦ ᠪᠠᠶᠢᠭ᠎ᠠ ᠦᠨᠢᠶ᠎ᠡ ᠶᠢ ᠬᠤᠰᠠᠷᠠᠩ ᠦᠨᠢᠶ᠎ᠡ ᠭᠡᠨ᠎ᠡ᠃      ᠬᠡᠷᠪᠡ ᠬᠤᠰᠠᠷᠠᠩ ᠦᠨᠢᠶ᠎ᠡ ᠨᠢ ᠲᠠᠷᠭᠤ ᠰᠠᠶᠢᠲᠠᠢ ᠪᠦᠭᠡᠳ ᠰᠦ ᠨᠢ ᠴᠤ ᠰᠠᠶᠢᠨ ᠪᠣᠯ ᠬᠤᠰᠠᠷᠠᠩ ᠦᠨᠢᠶᠡᠨ ᠤ ᠪᠢᠷᠠᠭᠤ ᠶᠢ ᠲᠤᠰ ᠵᠢᠯ ᠤᠨ ᠲᠤᠭᠤᠯ ᠲᠠᠢ ᠨᠢ ᠬᠠᠮᠲᠤ ᠦᠯᠡᠳᠡᠭᠡᠵᠦ ᠪᠠᠶᠢᠭᠠᠳ ᠬᠤᠰᠠᠷᠠᠩ ᠦᠨᠢᠶ᠎ᠡ ᠶᠢ ᠪᠠᠰᠠ ᠰᠠᠭᠠᠯᠢ ᠶᠢᠨ ᠦᠨᠢᠶ᠎ᠡ ᠪᠣᠯᠭᠠᠵᠤ ᠪᠣᠯᠣᠨ᠎ᠠ᠃      3.ᠬᠠᠶᠢᠳᠠᠭ ᠦᠨᠢᠶ᠎ᠡ      ᠲᠦᠯᠯᠡᠭᠡᠳ ᠲᠤᠭᠤᠯ ᠨᠢ ᠦᠬᠦᠭᠰᠡᠨ ᠦᠨᠢᠶ᠎ᠡ ᠶᠢ ᠬᠠᠶᠢᠳᠠᠭ ᠦᠨᠢᠶ᠎ᠡ ᠭᠡᠨ᠎ᠡ᠃ ᠤᠨᠴᠠᠭᠠᠢ ᠪᠠᠶᠢᠳᠠᠯ ᠳᠤᠤᠷ᠎ᠠ ᠲᠤᠭᠤᠯ ᠬᠠᠶᠠᠭᠰᠠᠨ ᠦᠨᠢᠶ᠎ᠡ ᠶᠢ ᠪᠠᠰᠠ ᠬᠠᠶᠢᠳᠠᠭ ᠦᠨᠢᠶ᠎ᠡ ᠭᠡᠳᠡᠭ᠃      4.ᠳᠡᠯᠡᠭᠡ ᠲᠤᠭᠤᠯ ᠲᠠᠢ ᠦᠨᠢᠶ᠎ᠡ      ᠳᠡᠯᠡᠭᠡ ᠲᠤᠭᠤᠯ ᠲᠠᠢ ᠦᠨᠢᠶ᠎ᠡ ᠭᠡᠳᠡᠭ ᠪᠣᠯ ᠳᠡᠭᠡᠷ᠎ᠡ ᠳᠤᠷᠠᠳᠤᠭᠰᠠᠨ ᠬᠠᠶᠢᠳᠠᠭ ᠦᠨᠢᠶ᠎ᠡ ᠳᠤ ᠪᠤᠰᠤᠳ ᠤᠨ ᠲᠤᠭᠤᠯ ᠢ ᠬᠦᠬᠦᠭᠦᠯᠵᠦ ᠨᠢᠭᠡ ᠲᠤᠭᠤᠯ ᠳᠤ ᠬᠤᠶᠠᠷ ᠡᠬᠡ ᠲᠠᠢ ᠪᠤᠯᠭᠠᠭᠰᠠᠨ ᠦᠨᠢᠶ᠎ᠡ ᠶᠢ ᠬᠡᠯᠡᠵᠦ ᠪᠠᠶᠢᠨ᠎ᠠ᠃ ᠲᠠᠯ᠎ᠠ ᠨᠤᠲᠤᠭ ᠤᠨ ᠬᠠᠰᠢᠷ ᠮᠠᠯᠴᠢᠳ ᠲᠤᠭᠤᠯ ᠨᠢ ᠦᠬᠦᠭᠰᠡᠡᠨ ᠦᠨᠢᠶᠡᠨ ᠳᠡᠭᠡᠨ ᠪᠤᠰᠤᠳ ᠦᠨᠢᠶᠡᠨ ᠤ ᠲᠤᠭᠤᠯ ᠢ ᠬᠦᠬᠦᠭᠦᠯᠵᠦ ᠰᠤᠷᠭᠠᠳᠠᠭ᠃ ᠳᠡᠭᠡᠬᠦ ᠳᠤ ᠬᠦᠬᠦᠭᠦᠯᠬᠦ ᠲᠡᠷᠡ ᠲᠤᠭᠤᠯ ᠨᠢ ᠦᠩᠭᠡ ᠵᠢᠰᠦ ᠪᠠᠷ ᠦᠬᠦᠭᠰᠡᠨ ᠲᠤᠭᠤᠯ  ᠲᠠᠢ ᠨᠢ ᠤᠶᠢᠷᠠᠯᠴᠠᠭ᠎ᠠ ᠪᠠᠶᠢᠬᠤ ᠪᠠ ᠲᠦᠯᠯᠡᠭᠡᠳ ᠳᠡᠮᠡᠢ ᠤᠳᠠᠭᠠᠳᠤᠢ ᠪᠠᠶᠢᠬᠤ ᠲᠤᠭᠤᠯ ᠪᠣᠯ ᠬᠠᠮᠤᠭ ᠤᠨ ᠠᠮᠠᠷᠬᠠᠨ ᠳᠡᠯᠡᠭᠡ ᠪᠣᠯᠳᠠᠭ ᠶᠣᠮ᠃      5.ᠡᠷᠡᠮᠳᠡᠭ ᠦᠬᠡᠷ ︵ᠦᠨᠢᠶ᠎ᠡ︶      ᠲᠠᠯ᠎ᠠ ᠨᠤᠲᠤᠭ ᠤᠨ ᠦᠬᠡᠷ ᠤᠨ ᠰᠦᠷᠦᠭ ᠲᠤ ᠬᠠᠶᠠ ᠵᠠᠷᠢᠮ ᠳᠠᠭᠠᠨ ᠡᠷᠡᠮᠳᠡᠭ ᠦᠬᠡᠷ ︵ᠦᠨᠢᠶ᠎ᠡ︶ ᠭᠠᠷᠳᠠᠭ᠃ ᠡᠷᠡᠮᠳᠡᠭ ᠦᠬᠡᠷ ᠢ ᠬᠦᠢᠰᠦ ᠢᠯᠭᠠᠯ ᠠᠴᠠ ᠨᠢ ᠦᠵᠡᠪᠡᠯ ᠡᠮ᠎ᠡ ᠬᠦᠢᠰᠦ ᠶᠢᠨ ᠪᠠᠶᠢᠵᠤ᠂ ᠭᠡᠲᠡᠯ᠎ᠡ ᠬᠡᠵᠢᠶᠡᠲᠡ ᠲᠦᠯᠯᠡᠬᠦ ᠦᠭᠡᠢ ᠪᠠᠶᠢᠳᠠᠭ᠃ ᠡᠩ ᠤᠨ ᠴᠠᠭ ᠲᠤ ᠡᠷ᠎ᠡ ᠦᠬᠡᠷ ᠲᠠᠢ ᠬᠠᠮᠲᠤ ᠪᠡᠯᠴᠢᠭᠡᠷᠯᠡᠬᠦ ᠪᠦᠭᠡᠳ ᠦᠨᠢᠶ᠎ᠡ ᠲᠤᠭᠤᠯ ᠲᠠᠢ ᠬᠦᠯ ᠨᠡᠶᠢᠯᠡᠳᠡᠭ ᠦᠭᠡᠢ᠃ ᠪᠡᠶ᠎ᠡ ᠪᠠᠶᠢᠳᠠᠯ᠂ ᠳᠦᠷᠪᠡᠨ ᠮᠦᠴᠢ᠂ ᠡᠪᠡᠷ ᠲᠤᠯᠤᠭᠠᠢ ᠠᠴᠠ ᠨᠢ ᠦᠵᠡᠪᠡᠯ ᠡᠷ᠎ᠡ ᠦᠬᠡᠷ ᠤᠨ ᠰᠢᠨᠵᠢ ᠲᠠᠢ᠃ ᠮᠠᠯ ᠰᠦᠷᠦᠭ  ᠣᠷᠣᠢ ᠳᠠᠭᠠᠨ ᠬᠤᠲᠠᠯᠠᠨ ᠢᠷᠡᠭᠰᠡᠨ ᠤ ᠳᠠᠷᠠᠭ᠎ᠠ ᠡᠷᠡᠮᠳᠡᠭ ᠦᠬᠡᠷ ᠶᠡᠷᠦ ᠳᠡᠭᠡᠨ ᠡᠷ᠎ᠡ ᠦᠬᠡᠷ ᠲᠠᠢ ᠮᠦᠷᠭᠦᠯᠳᠦᠨ ᠪᠠᠶᠢᠵᠤ ᠡᠷ᠎ᠡ ᠦᠬᠡᠷ ᠲᠠᠢ ᠯᠡ ᠬᠠᠮᠲᠤ ᠪᠠᠶᠢᠳᠠᠭ᠃      ᠨᠤᠲᠤᠭ ᠤᠨ ᠮᠠᠯᠴᠢᠳ ᠡᠶᠢᠮᠦ ᠡᠷᠡᠮᠳᠡᠭ ᠦᠬᠡᠷ ᠢ ᠲᠡᠷᠭᠡ ᠤᠨᠤᠭ᠎ᠠ ᠳᠤ ᠬᠦᠯᠪᠦᠷᠢ ᠪᠤᠯᠭᠠᠨ ᠬᠡᠷᠡᠭᠯᠡᠳᠡᠭ ᠦᠭᠡᠢ᠃ ᠦᠲᠡᠯᠦᠭᠰᠡᠨ ᠤ ᠬᠢᠨᠢ ᠬᠤᠶᠢᠨ᠎ᠠ ᠠᠯᠠᠰᠢᠨ ᠦᠬᠡᠷ ᠢᠶᠠᠷ ᠵᠠᠷᠤᠳᠠᠭ᠃      ︵ᠢᠷᠡᠯᠲᠡ᠄ ᠪᠣᠷᠵᠣᠣ᠂ ᠤᠯᠠᠭᠠᠨᠪᠠᠭᠠᠲᠤᠷ᠂ ᠲᠠᠨ᠎ᠠ ᠶᠢᠨ ᠵᠤᠬᠢᠶᠠᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号