ᠲᠡᠮᠡᠭᠡ ᠭᠡᠳᠡᠭ ᠠᠮᠢᠲᠠᠨ ᠤ ᠲᠦᠯᠯᠡᠬᠦ ᠬᠤᠭᠤᠴᠠᠭ᠎ᠠ ᠨᠢ ᠠᠷᠪᠠᠨ ᠭᠤᠷᠪᠠᠨ ᠰᠠᠷ᠎ᠠ ᠪᠣᠯᠬᠤᠷ ᠲᠡᠮᠡᠭᠡᠨ ᠤ ᠨᠠᠰᠤ | ᠵᠢᠯ ᠢ ᠪᠤᠳᠤᠬᠤ ᠳᠤ ᠦᠭᠡᠷ᠎ᠡ ᠮᠠᠯ ᠲᠠᠢ ᠪᠠᠭ᠋ᠠᠨ ᠠᠳᠠᠯᠢ ᠦᠭᠡᠢ ᠪᠠᠶᠢᠳᠠᠭ᠃ | ᠨᠢᠭᠡ᠂ ᠪᠤᠲᠤᠭᠤ ︵ᠨᠢᠭᠡ ᠨᠠᠰᠤᠲᠠᠢ ᠲᠡᠮᠡᠭᠡ︶ | 1.ᠡᠷ᠎ᠡ ᠬᠦᠢᠰᠦ ᠶᠢᠨ ᠪᠤᠲᠤᠭᠤ ᠶᠢ ᠡᠷ᠎ᠡ ᠪᠤᠲᠤᠭᠤ ᠭᠡᠨ᠎ᠡ᠃ | 2.ᠡᠮ᠎ᠡ ᠬᠦᠢᠰᠦ ᠶᠢᠨ ᠪᠤᠲᠤᠭᠤ ᠶᠢ ᠡᠮ᠎ᠡ ᠪᠤᠲᠤᠭᠤ ᠭᠡᠬᠦ ᠪᠣᠶᠣ ᠦᠬᠢᠨ ᠪᠤᠲᠤᠭᠤ ᠭᠡᠳᠡᠭ᠃ | ᠬᠤᠶᠠᠷ᠂ ᠲᠤᠷᠤᠮ ︵ᠬᠤᠶᠠᠷ ᠨᠠᠰᠤᠲᠠᠢ ᠲᠡᠮᠡᠭᠡ︶ | 1.ᠡᠷ᠎ᠡ ᠬᠦᠢᠰᠦ ᠶᠢᠨ ᠲᠤᠷᠤᠮ ᠢ ᠡᠷ᠎ᠡ ᠲᠤᠷᠤᠮ ᠭᠡᠨ᠎ᠡ᠃ | 2.ᠡᠮ᠎ᠡ ᠬᠦᠢᠰᠦ ᠶᠢᠨ ᠲᠤᠷᠤᠮ ᠢ ᠡᠮ᠎ᠡ ᠲᠤᠷᠤᠮ ᠭᠡᠬᠦ ᠪᠣᠶᠣ ᠦᠬᠢᠨ ᠲᠤᠷᠤᠮ ᠭᠡᠳᠡᠭ᠃ ᠲᠤᠷᠤᠮ ᠤᠨ | ᠨᠠᠰᠤ ᠶᠢ ᠪᠣᠰᠣᠳ ᠮᠠᠯ ᠲᠠᠢ ᠠᠳᠠᠯᠢᠳᠬᠠᠪᠠᠯ ᠢᠯᠡᠭᠦᠦ 1- 2 ᠰᠠᠷ᠎ᠠ ᠰᠢᠬᠠᠮ ᠪᠠᠶᠢᠳᠠᠭ᠃ | ᠭᠤᠷᠪᠠ᠂ ᠰᠢᠳᠦᠯᠡᠩ ︵ᠭᠤᠷᠪᠠᠨ ᠨᠠᠰᠤᠲᠠᠢ ᠲᠡᠮᠡᠭᠡ︶ | 1.ᠭᠤᠷᠪᠠᠨ ᠨᠠᠰᠤᠲᠠᠢ ᠡᠷ᠎ᠡ ᠬᠦᠢᠰᠦ ᠶᠢᠨ ᠲᠡᠮᠡᠭᠡ ᠶᠢ ᠡᠷ᠎ᠡ ᠰᠢᠳᠦᠯᠡᠩ ᠭᠡᠬᠦ ᠪᠣᠶᠣ ᠭᠤᠨ᠎ᠠ ᠲᠡᠮᠡᠭᠡ ᠭᠡᠨ᠎ᠡ᠃ | 2.ᠭᠤᠷᠪᠠᠨ ᠨᠠᠰᠤᠲᠠᠢ ᠡᠮ᠎ᠡ ᠬᠦᠢᠰᠦ ᠶᠢᠨ ᠲᠡᠮᠡᠭᠡ ᠶᠢ ᠡᠮ᠎ᠡ ᠰᠢᠳᠦᠯᠡᠩ ᠭᠡᠬᠦ ᠪᠣᠶᠣ ᠭᠤᠨᠵᠢᠨ ᠲᠡᠮᠡᠭᠡ | ᠭᠡᠨ᠎ᠡ᠃ | ᠳᠦᠷᠪᠡ᠂ ᠬᠢᠵᠠᠭᠠᠯᠠᠩ ︵ᠳᠦᠷᠪᠡᠨ ᠨᠠᠰᠤᠲᠠᠢ ᠲᠡᠮᠡᠭᠡ︶ | 1.ᠳᠦᠷᠪᠡᠨ ᠨᠠᠰᠤᠲᠠᠢ ᠡᠷ᠎ᠡ ᠬᠦᠢᠰᠦ ᠶᠢᠨ ᠲᠡᠮᠡᠭᠡ ᠶᠢ ᠳᠦᠨᠡᠨ ᠲᠡᠮᠡᠭᠡ ᠭᠡᠬᠦ ᠪᠣᠶᠣ ᠬᠢᠵᠠᠭᠠᠯᠠᠩ ᠡᠷ᠎ᠡ | ᠲᠡᠮᠡᠭᠡ ᠭᠡᠨ᠎ᠡ᠃ ᠬᠡᠷᠪᠡ ᠠᠭᠲᠠᠯᠠᠭᠰᠠᠨ ᠦᠭᠡᠢ ᠪᠣᠯ ᠪᠠᠰᠠ ᠲᠠᠶᠢᠯᠤᠭ ᠭᠡᠳᠡᠭ᠃ ᠵᠠᠷᠢᠮ ᠭᠠᠵᠠᠷ ᠲᠤ ᠬᠢᠵᠠᠭᠠᠯᠠᠩ | ᠪᠤᠤᠷ᠎ᠠ ᠭᠡᠨ᠎ᠡ᠃ | 2.ᠳᠦᠷᠪᠡᠨ ᠨᠠᠰᠤᠲᠠᠢ ᠡᠮ᠎ᠡ ᠬᠦᠢᠰᠦ ᠶᠢᠨ ᠲᠡᠮᠡᠭᠡ ᠶᠢ ᠳᠦᠨᠵᠢᠨ ᠲᠡᠮᠡᠭᠡ ᠭᠡᠬᠦ ᠪᠣᠶᠣ ᠬᠢᠵᠠᠭᠠᠯᠠᠩ ᠲᠡᠮᠡᠭᠡ | ᠭᠡᠨ᠎ᠡ᠃ | ᠲᠠᠪᠤ᠂ ᠲᠠᠪᠤᠨ ᠨᠠᠰᠤᠨ ᠠᠴᠠ ᠳᠡᠭᠡᠭᠰᠢᠬᠢ ᠡᠮ᠎ᠡ ᠲᠡᠮᠡᠭᠡ ᠶᠢ ᠢᠩᠭᠡ ᠭᠡᠨ᠎ᠡ᠃ ᠠᠭᠲᠠᠯᠠᠭᠰᠠᠨ ᠡᠷ᠎ᠡ ᠲᠡᠮᠡᠭᠡ ᠶᠢ | ᠠᠳᠠᠨ ᠲᠡᠮᠡᠭᠡ ᠪᠣᠶᠣ ᠡᠷ᠎ᠡ ᠲᠡᠮᠡᠭᠡ ᠭᠡᠨ᠎ᠡ᠃ ᠠᠭᠳᠠᠯᠠᠭᠰᠠᠨ ᠦᠭᠡᠢ ᠪᠣᠯ ᠪᠣᠣᠷ᠎ᠠ ᠭᠡᠬᠦ ᠪᠣᠶᠣ ᠲᠠᠶᠢᠯᠤᠭ ᠭᠡᠨ᠎ᠡ᠃ | ᠵᠢᠷᠭᠤᠭ᠎ᠠ᠂ ᠵᠢᠷᠭᠤᠭᠠᠨ ᠨᠠᠰᠤᠨ ᠠᠴᠠ ᠳᠡᠭᠡᠭᠰᠢᠬᠢ ᠲᠡᠮᠡᠭᠡ ᠶᠢ ᠨᠠᠰᠤ ᠭᠦᠢᠴᠡᠭᠰᠡᠨ ᠲᠡᠮᠡᠭᠡ ᠭᠡᠬᠦ ᠪᠣᠶᠣ | ᠪᠦᠳᠦᠭᠦᠨ ᠲᠡᠮᠡᠭᠡ ᠭᠡᠨ᠎ᠡ᠃ | ᠳᠣᠯᠤᠭ᠎ᠠ᠂ ᠠᠷᠪᠠᠨ ᠲᠠᠪᠤᠨ ᠨᠠᠰᠤᠨ ᠠᠴᠠ ᠳᠡᠭᠡᠭᠰᠢᠬᠢ ᠲᠡᠮᠡᠭᠡ ᠶᠢ ᠬᠦᠭᠰᠢᠨ ᠲᠡᠮᠡᠭᠡ ᠭᠡᠨ᠎ᠡ᠃ ᠡᠮ᠎ᠡ | ᠬᠦᠢᠰᠦ ᠶᠢᠨ ᠲᠡᠮᠡᠭᠡ ᠶᠢ ᠬᠦᠭᠰᠢᠨ ᠢᠩᠭᠡ ᠭᠡᠳᠡᠭ᠃ ᠲᠡᠮᠡᠭᠡ ᠪᠣᠯ ᠲᠠᠪᠤᠨ ᠬᠤᠰᠢᠭᠤ ᠮᠠᠯ ᠤᠨ ᠳᠤᠲᠤᠷ᠎ᠠ | ᠬᠠᠮᠤᠭ ᠠᠴᠠ ᠣᠷᠲᠣ ᠨᠠᠰᠤᠯᠠᠳᠠᠭ ᠠᠮᠢᠲᠠᠨ ᠶᠣᠮ᠃ ᠠᠷᠠᠴᠢᠯᠠᠭ᠎ᠠ ᠮᠠᠯᠯᠠᠭ᠎ᠠ ᠰᠠᠶᠢᠲᠠᠢ ᠲᠡᠮᠡᠭᠡ ᠪᠠᠷᠤᠭ 35- 40 | ᠨᠠᠰᠤ ᠬᠦᠷᠳᠡᠭ᠃ | ᠲᠡᠮᠡᠭᠡᠲᠦ ᠨᠤᠲᠤᠭ ᠠᠯᠠᠱᠠ ᠳᠤ ᠪᠣᠯ ᠲᠡᠮᠡᠭᠡ ᠶᠢ ᠰᠢᠳᠦ ᠪᠠᠷ ᠨᠢ ᠨᠠᠰᠤ ᠵᠢᠯ ᠢ ᠨᠢ ᠦᠵᠡᠳᠡᠭ᠃ ᠮᠠᠨ ᠤ | ᠤᠷᠤᠨ ᠤ ᠵᠡᠭᠦᠨ ᠬᠡᠰᠡᠭ ᠤᠨ ᠭᠠᠵᠠᠷ ᠤᠷᠤᠨ ᠳᠤ ᠲᠡᠮᠡᠭᠡ ᠴᠦᠬᠡᠨ ᠪᠠᠶᠢᠳᠠᠭ ᠲᠤᠯᠠ ᠰᠢᠳᠦ ᠪᠠᠷ ᠨᠢ ᠨᠠᠰᠤ ᠶᠢ ᠨᠢ | ᠦᠵᠡᠬᠦ ᠦᠭᠡᠢ᠂ ᠬᠠᠷᠢᠨ ᠭᠡᠷ ᠤᠨ ᠡᠵᠡᠨ ᠤ ᠲᠡᠮᠳᠡᠭᠯᠡᠯ ᠢᠶᠠᠷ ᠨᠠᠰᠤ ᠵᠢᠯ ᠢ ᠨᠢ ᠲᠤᠭᠲᠠᠭᠠᠳᠠᠭ᠃ | ᠨᠠᠢᠮᠠ᠂ ᠪᠣᠰᠣᠳ ᠨᠡᠷᠡᠶᠢᠳᠦᠯ | 1.ᠰᠤᠪᠠᠢ ᠢᠩᠭᠡ | ᠲᠦᠯᠯᠡᠬᠦ ᠨᠠᠰᠤᠨ ᠤ ᠬᠡᠭᠡᠯᠳᠦᠬᠦ ᠴᠠᠭ ᠬᠤᠭᠤᠴᠠᠭᠠᠨ ᠳᠠᠭᠠᠨ ᠬᠡᠭᠡᠯ ᠲᠤᠭᠲᠠᠭᠰᠠᠨ ᠦᠭᠡᠢ ᠶᠢ ᠰᠤᠪᠠᠢ ᠢᠩᠭᠡ᠂ | ᠡᠰᠡᠭᠦᠯ᠎ᠡ ᠰᠤᠪᠠᠢ ᠲᠡᠮᠡᠭᠡ ᠭᠡᠨ᠎ᠡ᠃ | 2.ᠬᠤᠰᠠᠷᠠᠩ ᠲᠡᠮᠡᠭᠡ | ᠣᠷᠤᠭ᠎ᠠ ᠶᠢᠨ ᠬᠤᠭᠤᠴᠠᠭᠠᠨ ᠳᠠᠭᠠᠨ ᠪᠠᠶᠢᠬᠤ ᠢᠩᠭᠡ ᠶᠢ ᠬᠤᠰᠠᠷᠠᠩ ᠢᠩᠭᠡ ᠭᠡᠨ᠎ᠡ᠃ | 3.ᠬᠠᠶᠢᠳᠠᠭ ᠢᠩᠭᠡ | ᠪᠤᠲᠤᠭᠤ ᠨᠢ ᠦᠬᠦᠭᠰᠡᠨ᠂ ᠡᠰᠡᠭᠦᠯ᠎ᠡ ᠶᠠᠮᠠᠷ ᠨᠢᠭᠡᠨ ᠰᠢᠯᠲᠠᠭᠠᠨ ᠠᠴᠠ ᠪᠣᠯᠣᠭᠠᠳ ᠪᠣᠲᠣᠭᠤ ᠪᠠᠨ ᠬᠠᠶᠠᠭᠰᠠᠨ | ︵ᠵᠠᠷᠢᠮ ᠭᠠᠵᠠᠷ ᠲᠤ ᠪᠤᠲᠤᠭᠤ ᠤᠷᠬᠢᠭᠰᠠᠨ ᠭᠡᠳᠡᠭ︶ ᠲᠡᠮᠡᠭᠡ ᠶᠢ ᠬᠠᠶᠢᠳᠠᠭ ᠲᠡᠮᠡᠭᠡ ᠪᠣᠶᠣ ᠬᠠᠶᠢᠳᠠᠭ ᠢᠩᠭᠡ ᠭᠡᠨ᠎ᠡ᠃ | 4.ᠡᠷᠡᠮᠳᠡᠭ ᠢᠩᠭᠡ | ᠬᠡᠵᠢᠶᠡᠳᠡ ᠬᠡᠭᠡᠯᠳᠦᠵᠦ ᠪᠤᠲᠤᠭᠤᠯᠠᠳᠠᠭ ᠦᠭᠡᠢ ᠢᠩᠭᠡ ᠶᠢ ᠡᠷᠡᠮᠳᠡᠭ ᠢᠩᠭᠡ ᠭᠡᠨ᠎ᠡ᠃ ᠡᠶᠢᠮᠦ ᠲᠡᠮᠡᠭᠡ ᠲᠤᠩ | ᠴᠦᠬᠡᠨ ᠪᠠᠶᠢᠳᠠᠭ᠃ ᠡᠷᠡᠮᠳᠡᠭ ᠢᠩᠭᠡ ᠶᠢ ᠣᠨᠣᠬᠤ ᠪᠣᠶᠣ ᠠᠴᠢᠶ᠎ᠠ ᠬᠦᠰᠭᠡ ᠳᠤ ᠵᠠᠷᠤᠳᠠᠭ᠃ | ᠲᠡᠮᠡᠭᠡᠨ ᠤ ᠵᠠᠩ ᠪᠠᠶᠢᠳᠠᠯ ᠢᠶᠠᠷ ᠨᠢ ᠪᠠᠷᠬᠢᠷᠠᠭ᠎ᠠ ᠲᠡᠮᠡᠭᠡ᠂ ᠬᠠᠮᠤᠳᠠᠭ ᠲᠡᠮᠡᠭᠡ᠂ ᠲᠦᠢᠯᠠᠩᠬᠠᠢ ᠲᠡᠮᠡᠭᠡ᠂ ᠬᠠᠱᠠᠩ | ᠲᠡᠮᠡᠭᠡ᠂ ᠨᠤᠮᠤᠬᠠᠨ ᠲᠡᠮᠡᠭᠡ᠂ ᠰᠠᠪᠠᠰᠤ ᠦᠯᠢᠶᠡᠳᠡᠭ ᠲᠡᠮᠡᠭᠡ ᠭᠡᠵᠦ ᠬᠤᠪᠢᠶᠠᠳᠠᠭ ᠪᠠ ᠤᠨᠤᠰᠢ ᠶᠢᠨ ᠪᠠᠶᠢᠳᠠᠯ ᠢᠶᠠᠷ ᠨᠢ | ᠵᠢᠷᠤᠭ᠎ᠠ ᠲᠡᠮᠡᠭᠡ᠂ ᠲᠠᠰᠢᠳᠡᠭ ᠲᠡᠮᠡᠭᠡ ᠭᠡᠵᠦ ᠬᠤᠪᠢᠶᠠᠳᠠᠭ᠃ | | | ︵ᠢᠷᠡᠯᠲᠡ᠄ ᠪᠣᠷᠵᠣᠣ᠂ ᠤᠯᠠᠭᠠᠨᠪᠠᠭᠠᠲᠤᠷ᠂ ᠲᠠᠨ᠎ᠠ ᠶᠢᠨ ᠵᠤᠬᠢᠶᠠᠭᠰᠠᠨ ︽ᠲᠠᠪᠤᠨ ᠬᠤᠰᠢᠭᠤ ᠮᠠᠯ ᠤᠨ | ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | | |