ᠭᠤᠣᠷᠰᠤ ᠰᠤᠯᠢᠬᠤ
ᠨᠡᠶᠢᠲᠡᠯᠡᠭᠰᠡᠨ ᠴᠠᠭ᠄
2020/10/9
     ᠭᠤᠤᠷᠰᠣ ᠰᠤᠯᠢᠬᠤ ᠪᠣᠯ ᠬᠦᠷᠦᠰᠦᠨ ᠤ ᠰᠢᠮ᠎ᠡ ᠲᠡᠵᠢᠭᠡᠯ ᠢ ᠬᠠᠮᠠᠭᠠᠯᠠᠵᠤ᠂ ᠡᠯᠡᠰᠦᠷᠬᠡᠭᠵᠢᠬᠦ ᠠᠴᠠ ᠰᠡᠷᠭᠡᠶᠢᠯᠡᠬᠦ ᠵᠤᠬᠢᠰᠲᠠᠢ ᠠᠷᠭ᠎ᠠ ᠮᠦᠨ᠃ ᠨᠢᠭᠡ ᠬᠡᠰᠡᠭ ᠭᠠᠵᠠᠷ ᠲᠤ ᠨᠢᠭᠡ ᠯᠡ ᠵᠦᠢᠯ ᠤᠨ ᠲᠠᠷᠢᠮᠠᠯ ᠢ ᠵᠢᠯ ᠳᠠᠷᠠᠭᠠᠯᠠᠨ ᠲᠠᠷᠢᠪᠠᠯ᠂ ᠬᠦᠷᠦᠰᠦᠨ ᠤ ᠰᠢᠮ᠎ᠡ ᠲᠡᠵᠢᠭᠡᠯ ᠮᠠᠭᠤᠲᠠᠵᠤ᠂ ᠤᠷᠭᠤᠯᠲᠠ ᠶᠢ ᠨᠦᠯᠦᠭᠡᠯᠡᠳᠡᠭ ᠪᠣᠯᠬᠤᠷ᠂ ᠬᠡᠳᠦᠨ ᠵᠢᠯ ᠪᠣᠯᠪᠠᠯ ᠪᠣᠰᠣᠳ ᠵᠦᠢᠯ ᠤᠨ ᠤᠷᠭᠤᠮᠠᠯ ᠲᠠᠷᠢᠳᠠᠭ᠃ ᠢᠩᠭᠢᠵᠦ ᠨᠢᠭᠡ ᠬᠡᠰᠡᠭ ᠭᠠᠵᠠᠷ ᠲᠤ ᠠᠳᠠᠯᠢ ᠪᠤᠰᠤ ᠤᠷᠭᠤᠮᠠᠯ ᠰᠤᠯᠢᠵᠤ ᠲᠠᠷᠢᠬᠤ ᠶᠢ ᠭᠤᠤᠷᠰᠤ ᠰᠣᠯᠢᠬᠤ ᠭᠡᠨ᠎ᠡ᠃ ᠲᠡᠭᠡᠬᠦ ᠳᠤ ᠪᠠᠨ ᠪᠤᠷᠴᠠᠭ ᠤᠨ ᠭᠤᠤᠷᠰᠤᠨ ᠳᠤ ᠰᠢᠰᠢ ᠲᠠᠷᠢᠵᠤ᠂ ᠰᠢᠰᠢ ᠶᠢᠨ ᠭᠤᠤᠷᠰᠤᠨ ᠳᠤ ᠨᠠᠷᠢᠮᠤ ᠲᠠᠷᠢᠵᠤ᠂ ᠨᠠᠷᠢᠮᠤ ᠶᠢᠨ ᠭᠤᠤᠷᠰᠤᠨ ᠳᠤ ᠪᠤᠷᠴᠠᠭ ᠲᠠᠷᠢᠬᠤ ᠮᠡᠲᠦᠴᠢᠯᠡᠨ ᠡᠭᠡᠯᠵᠢᠯᠡᠭᠦᠯᠳᠡᠭ᠃ ᠵᠠᠷᠢᠮ ᠭᠠᠵᠠᠷ ᠲᠤ ᠪᠠᠰᠠ ᠬᠦᠷᠦᠰᠦ ᠰᠢᠷᠤᠢ ᠶᠢᠨ ᠢᠶᠠᠨ ᠪᠠᠶᠢᠳᠠᠯ ᠢ ᠦᠨᠳᠦᠰᠦᠯᠡᠵᠦ᠂ ᠮᠣᠩᠭᠤᠯ ᠠᠮᠤ᠂ ᠰᠠᠭᠠᠭ᠂ ᠰᠢᠯᠦᠬᠡᠢ ᠶᠢ ᠬᠠᠷᠢᠯᠴᠠᠨ ᠭᠤᠤᠷᠰᠤ ᠰᠤᠯᠢᠵᠤ ᠲᠠᠷᠢᠳᠠᠭ᠃      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号