| | | A. ᠲᠤᠯᠤᠭᠠᠢ ᠶᠢᠨ ᠶᠠᠰᠤᠨ ᠤ ᠬᠡᠰᠡᠭ᠂ ᠡᠷᠡᠦ ᠲᠠᠢ ᠪᠦᠬᠦᠯᠢ ᠲᠤᠯᠤᠭᠠᠢ ᠪᠠᠭᠲᠠᠨ᠎ᠠ᠃ | B. ᠬᠦᠵᠦᠭᠦᠨ ᠶᠠᠰᠤᠨ ᠤ ᠬᠡᠰᠡᠭ᠂ ᠬᠦᠵᠦᠭᠦᠨ ᠵᠢᠷᠭᠤᠭᠠᠨ ᠬᠡᠰᠡᠭ ᠦᠶ᠎ᠡ ᠶᠠᠰᠤ ᠪᠠᠭᠲᠠᠨ᠎ᠠ᠃ | C. ᠴᠡᠭᠡᠵᠢᠨ ᠶᠠᠰᠤᠨ ᠤ ᠬᠡᠰᠡᠭ᠂ ᠳᠡᠭᠡᠷ᠎ᠡ ᠲᠠᠯ᠎ᠠ ᠳᠠᠭᠠᠨ ᠰᠡᠭᠡᠷ᠂ ᠮᠣᠬᠤᠭᠠ ᠬᠠᠷᠴᠠᠭ᠎ᠠ ᠶᠢ ᠪᠠᠭᠲᠠᠭᠠᠵᠤ᠂ | ᠳᠤᠤᠷ᠎ᠠ ᠲᠠᠯ᠎ᠠ ᠳᠠᠭᠠᠨ ᠡᠪᠴᠢᠭᠦᠨ ᠶᠠᠰᠤ ᠪᠠᠷ ᠰᠠᠭᠤᠷᠢᠯᠠᠵᠤ᠂ ᠬᠤᠶᠠᠷ ᠬᠠᠵᠠᠭᠤ ᠳᠠᠭᠠᠨ ᠰᠡᠭᠡᠷ ᠨᠢᠷᠤᠭᠤ ᠪᠤᠯᠤᠨ | ᠡᠪᠴᠢᠭᠦᠦ ᠶᠢ ᠬᠤᠯᠪᠤᠭᠰᠠᠨ ᠬᠠᠪᠢᠷᠭ᠎ᠠ ᠰᠦᠪᠡᠷᠭᠡ ᠪᠠᠷ ᠪᠦᠷᠢᠯᠳᠦᠭᠰᠡᠨ ᠳᠤᠮᠳᠠ ᠪᠡᠶ᠎ᠡ ᠶᠢᠨ ᠡᠮᠦᠨ᠎ᠡ ᠬᠡᠰᠡᠭ ᠤᠨ | ᠶᠠᠰᠤ ᠨᠤᠭᠤᠳ ᠪᠣᠯᠣᠨ᠎ᠠ᠃ | D. ᠨᠢᠷᠤᠭᠤᠨ ᠶᠠᠰᠤᠨ ᠤ ᠬᠡᠰᠡᠭ᠂ ᠮᠣᠩᠭᠤᠯ ᠵᠠᠩᠰᠢᠯ ᠢᠶᠠᠷ ᠪᠣᠯ ᠴᠡᠭᠡᠵᠢᠨ ᠳᠤ ᠭᠠᠷᠣᠭᠰᠠᠨ ᠬᠤᠶᠠᠷ | ᠮᠣᠬᠤᠭᠠ ᠬᠠᠷᠴᠠᠭ᠎ᠠ ᠶᠢ ᠨᠢᠷᠤᠭᠤᠨ ᠬᠡᠰᠡᠭ ᠲᠤ ᠪᠠᠭᠲᠠᠭᠠᠨ᠎ᠠ᠃ ᠠᠷᠠᠳ ᠤᠨ ᠦᠭᠡᠨ ᠳᠤ᠂ ᠨᠠᠢᠮᠠᠨ ᠨᠢᠷᠤᠭᠤ᠂ ᠨᠠᠷᠢᠨ | ᠬᠠᠪᠢᠷᠭ᠎ᠠ ︵ᠰᠦᠪᠡᠷᠭᠡ︶ ᠱᠠᠷᠭᠢᠷᠠᠵᠤ ᠡᠪᠡᠳᠦᠨ᠎ᠡ ᠭᠡᠳᠡᠭ ᠢ ᠰᠠᠨᠠᠮᠤ᠃ ᠣᠳᠣ ᠶᠢᠨ ︽ᠠᠨᠠᠲ᠋ᠤᠮᠢ︾ ᠳᠤ ᠪᠦᠷ ᠬᠠᠷᠴᠠᠭ᠎ᠠ | ᠲᠠᠢ ᠵᠢᠷᠭᠤᠭᠠᠨ ᠨᠢᠷᠤᠭᠤ ᠶᠢ ᠯᠡ ᠪᠠᠭᠲᠠᠭᠠᠨ ᠬᠡᠯᠡᠵᠦ ᠪᠠᠶᠢᠳᠠᠭ᠃ | E. ᠤᠭᠤᠴᠠᠨ ᠶᠠᠰᠤᠨ ᠤ ᠬᠡᠰᠡᠭ᠂ ᠡᠭᠦᠨ ᠳᠤ ᠲᠤᠤᠬᠠᠨ ᠨᠢᠷᠤᠭᠤ ᠬᠢᠭᠡᠳ ᠡᠭᠦᠨ ᠠᠴᠠ ᠵᠠᠯᠭᠠᠯᠳᠤᠨ | ᠪᠠᠶᠢᠭ᠎ᠠ ᠰᠡᠷᠪᠡᠭᠡ ᠨᠢ ᠦᠷᠭᠡᠢ ︵ᠦᠷᠭᠦᠯᠵᠢ︶ ᠰᠡᠭᠦᠯ ᠤᠨ ᠡᠬᠢᠨ ᠤ ᠬᠡᠳᠦᠨ ᠦᠶ᠎ᠡ ᠶᠠᠰᠤ ᠶᠢ ᠪᠠᠭᠲᠠᠭᠠᠨ᠎ᠠ᠃ | F. ᠰᠡᠭᠦᠯ ᠶᠠᠰᠤᠨ ᠤ ᠬᠡᠰᠡᠭ᠂ ᠰᠡᠭᠦᠯ ᠤᠨ ᠪᠦᠬᠦ ᠦᠶ᠎ᠡ ᠶᠠᠰᠤ ᠶᠢ ᠴᠦᠮ ᠪᠠᠭᠲᠠᠭᠠᠨ᠎ᠠ᠃ | M. ᠬᠠ ᠡᠮᠦᠨ᠎ᠡ ᠴᠢᠴᠠ ᠶᠢᠨ ᠶᠠᠰᠤᠨ ᠤ ᠬᠡᠰᠡᠭ᠂ ᠡᠭᠦᠨ ᠳᠤ ᠳᠤᠲᠤᠷᠠᠬᠢ ᠬᠡᠳᠦᠨ ᠶᠠᠰᠤ ᠨᠤᠭᠤᠳ | ᠪᠠᠭᠲᠠᠨ᠎ᠠ᠃ | 1.ᠳᠠᠯᠤ ᠶᠢᠨ ᠶᠠᠰᠤ | 2.ᠬᠠᠷᠢᠲᠤ ᠴᠢᠮᠦᠭᠡ᠃ ᠪᠠᠰᠠ ᠠᠳᠬᠤᠭᠠᠯ ᠴᠢᠮᠦᠭᠡ᠂ ᠪᠤᠭᠤᠯᠤᠭ ᠴᠢᠮᠦᠭᠡ᠂ ᠬᠠᠶᠢᠨ ᠴᠢᠮᠦᠭᠡ ᠴᠣ᠋ ᠭᠡᠳᠡᠭ᠃ | 3. ᠪᠤᠭᠳᠤᠰ ᠴᠢᠮᠦᠭᠡ᠃ ᠪᠠᠰᠠ ᠵᠠᠷᠢᠮ ᠭᠠᠵᠠᠷ ᠱᠤ ᠴᠢᠮᠦᠭᠡ ᠴᠤ ᠭᠡᠳᠡᠭ᠃ ᠡᠭᠦᠨ ᠤ ᠬᠤᠶᠢᠲᠤ ᠲᠠᠯ᠎ᠠ ᠳᠤ | ᠨᠠᠭᠠᠯᠳᠤᠭᠰᠠᠨ ᠶᠠᠰᠤ ᠶᠢ ᠵᠠᠯᠠᠭ᠎ᠠ ᠶᠠᠰᠤ᠂ ᠪᠠᠰᠠ ᠲᠡᠪᠡᠨᠡ ᠶᠠᠰᠤ᠂ ᠲᠤᠬᠤᠢ ᠶᠠᠰᠤ ᠭᠡᠬᠦ ᠵᠡᠷᠭᠡ ᠪᠠᠷ ᠬᠡᠯᠡᠳᠡᠭ᠃ | 4. ᠬᠠᠭᠳᠠ ᠦᠶ᠎ᠡ ᠶᠠᠰᠤ᠂ ᠪᠠᠰᠠ ᠲᠠᠮᠤ ᠶᠢᠨ ᠲᠠᠪᠤᠨ ᠶᠠᠰᠤ ᠭᠡᠳᠡᠭ ᠭᠠᠵᠠᠷ ᠪᠤᠢ᠃ ︽ᠮᠠᠯ ᠤᠨ ᠠᠨᠠᠲ᠋ᠤᠮᠢ︾ | ᠳᠤ᠄ ︽ᠰᠢᠪᠡᠨᠦᠷ ᠶᠠᠰᠤ︾ ᠭᠡᠳᠡᠭ᠃ ᠰᠢᠪᠡᠨᠦᠷ ᠶᠠᠰᠤ ᠶᠢ ᠴᠧᠪᠡᠯ ᠤᠨ ᠲᠣᠯᠢ ᠳᠤ ︽ᠮᠠᠯ ᠭᠦᠷᠦᠭᠡᠰᠦᠨ ᠤ ᠰᠢᠭᠢᠷ᠎ᠡ ᠶᠢᠨ | ᠳᠤᠤᠷᠠᠲᠤ ᠳᠠᠬᠢ ᠪᠢᠴᠢᠬᠠᠨ ᠶᠠᠰᠤ︾ ᠭᠡᠵᠦ ᠲᠠᠶᠢᠯᠵᠤ ᠪᠤᠢ᠃ ᠪᠠᠶᠠᠨᠨᠠᠭᠤᠷ ᠲᠤ ᠲᠠᠮᠤ ᠶᠢᠨ ᠲᠠᠪᠤᠨ ᠶᠠᠰᠤ ᠭᠡᠳᠡᠭ᠃ | ᠡᠨᠡ ᠦᠶ᠎ᠡ ᠨᠢ ᠬᠡᠪᠲᠡᠬᠦ ᠰᠦᠭᠦᠳᠬᠦ ᠳᠤ ᠤᠷᠢᠳᠠᠪᠡᠷ ᠪᠣᠬᠢᠷᠴᠤ᠂ ᠪᠣᠰᠬᠤ ᠳᠤ ᠰᠠᠶ᠋ᠢ ᠲᠡᠨᠢᠢᠳᠡᠭ ᠢᠶᠠᠷ ᠲᠠᠮᠤ ᠶᠢᠨ | ᠲᠠᠪᠤᠨ ᠶᠠᠰᠤ ᠭᠡᠵᠡᠢ᠃ | 5.ᠰᠢᠯᠪᠢᠨ ᠶᠠᠰᠤ᠂ ︽ᠠᠨᠠᠲ᠋ᠤᠮᠢ︾ ᠳᠤ᠄ ︽ᠳᠦᠷᠪᠡᠳᠦᠭᠡᠷ ᠰᠢᠯᠪᠢᠨ ᠶᠠᠰᠤ︾ ᠭᠡᠵᠡᠢ᠃ ᠪᠠᠰᠠ ᠰᠠᠪᠬᠠᠨ ᠶᠠᠰᠤ | ᠭᠡᠳᠡᠭ᠃ | 6.ᠦᠨᠦᠴᠢᠨ ᠶᠠᠰᠣ᠂ ᠪᠡᠷᠪᠡᠬᠡᠢ ᠦᠶᠡᠨ ᠤ ᠦᠨᠦᠴᠢᠨ ᠶᠠᠰᠤ᠂ ᠪᠠᠰᠠ ᠰᠠᠭᠯᠠᠭ᠎ᠠ ᠶᠠᠰᠤ ᠭᠡᠳᠡᠭ᠃ ︽ᠠᠨᠠᠲ᠋ᠤᠮᠢ︾ | ᠳᠤ᠄ ︽ᠤᠶᠢᠷ᠎ᠠ ᠨᠠᠮᠠᠭᠦᠷᠢ ᠶᠠᠰᠤ︾ ᠭᠡᠵᠡᠢ᠃ | 7.ᠪᠡᠷᠪᠡᠬᠡᠢ ᠶᠢᠨ ᠶᠠᠰᠤ᠂ ᠪᠠᠰᠠ ᠴᠦᠮᠴᠦᠭᠡ ︵ᠰᠢᠮᠰᠡᠭᠡ︶ ᠶᠠᠰᠤ ᠭᠡᠳᠡᠭ᠃ ︽ᠠᠨᠠᠲ᠋ᠤᠮᠢ︾ ᠳᠤ᠄ ︽ᠶᠡᠭᠡ | ᠰᠢᠪᠡᠨᠦᠷ ᠶᠠᠰᠤ︾ ᠭᠡᠵᠡᠢ᠃ | 8.ᠲᠠᠭᠠᠯᠴᠠᠭ ᠶᠠᠰᠤ᠂ ᠪᠠᠰᠠ ᠲᠢᠲᠢᠮ ᠶᠠᠰᠤ ᠭᠡᠳᠡᠭ᠃ ︽ᠠᠨᠠᠲ᠋ᠤᠮᠢ︾ ᠳᠤ᠄ ︽ᠰᠢᠪᠡᠨᠦᠷ ᠶᠠᠰᠤ︾ ᠭᠡᠳᠡᠭ᠃ | 9.ᠬᠡᠤᠬᠡᠨ ᠲᠤᠭᠤᠷᠠᠢ ︵ᠬᠤᠬᠢᠰᠤ︶ ᠶᠠᠰᠤ | ᠬᠠ ᠪᠣᠯ ᠡᠳᠡᠭᠡᠷ ᠶᠠᠰᠤ ᠨᠤᠭᠤᠳ ᠢᠶᠠᠷ ᠪᠦᠷᠢᠯᠳᠦᠨ᠎ᠠ᠃ | H. ᠭᠤᠶ᠎ᠠ ᠶᠢᠨ ᠬᠡᠰᠡᠭ ︵ᠬᠤᠶᠢᠲᠤ ᠴᠢᠴᠠᠨ ᠤ ᠬᠡᠰᠡᠭ︶ | ᠡᠭᠦᠨ ᠳᠤ ᠳᠤᠤᠷᠠᠬᠢ ᠬᠡᠳᠦᠨ ᠶᠠᠰᠤ ᠨᠤᠭᠤᠳ ᠪᠠᠭᠲᠠᠨ᠎ᠠ᠃ | 10.ᠰᠡᠭᠦᠵᠢ ᠶᠠᠰᠤ | 11. ᠦᠭᠡᠵᠡᠭ ᠶᠠᠰᠤ | 12.ᠳᠤᠮᠳᠠ ᠴᠢᠮᠦᠭᠡᠨ ᠶᠠᠰᠤ᠂ ᠵᠠᠷᠢᠮ ᠭᠠᠵᠠᠷ ᠪᠠᠰᠠ ᠬᠤᠩ ᠴᠢᠮᠦᠭᠡ ᠭᠡᠳᠡᠭ᠃ ᠡᠨᠡ ᠨᠢ ᠲᠤᠯᠭᠠᠭᠤᠷᠢ ᠶᠠᠰᠤ | ᠭᠡᠰᠡᠨ ᠰᠠᠨᠠᠭ᠎ᠠ ᠪᠣᠶᠣ᠃ | 13.ᠲᠤᠶᠢᠭ ᠶᠠᠰᠤ | 14.ᠱᠠᠭᠠᠨᠲᠤ ᠴᠢᠮᠦᠭᠡᠨ ᠶᠠᠰᠤ᠂ ᠲᠤᠪᠴᠢᠯᠠᠭᠠᠳ ᠱᠠᠭᠠᠨᠲᠤ ᠭᠡᠳᠡᠭ᠃ ︽ᠠᠨᠠᠲ᠋ᠤᠮᠢ︾ ᠳᠤ᠄ ︽ᠪᠠᠭ᠎ᠠ ᠱᠠᠭᠠᠨᠲᠤ | ᠴᠢᠮᠦᠭᠡᠨ ᠶᠠᠰᠤ︾ ᠭᠡᠵᠡᠢ᠃ | 15.ᠵᠤᠪᠠᠯᠠᠩᠲᠤ ᠵᠢᠷᠭᠤᠭᠠᠨ ᠶᠠᠰᠤ᠂ ᠪᠤᠰᠴᠣ ᠬᠡᠪᠲᠡᠬᠦ᠂ ᠬᠤᠷᠳᠤᠯᠠᠬᠤ ᠵᠡᠷᠭᠡ ᠳᠤ ᠪᠤᠰᠤᠳ ᠶᠠᠰᠤᠨ ᠠᠴᠠ | ᠢᠯᠡᠭᠦᠦ ᠬᠦᠴᠦ ᠵᠦᠳᠦᠭᠦᠷᠢ ᠠᠮᠰᠠᠳᠠᠭ ᠠᠴᠠ ᠡᠶᠢᠨ ᠨᠡᠷᠡᠯᠡᠪᠡ᠃ | ᠡᠭᠦᠨ ᠳᠤ ᠪᠣᠷᠪᠢ ᠶᠠᠰᠤ᠂ ᠱᠠᠭ᠎ᠠ᠂ ᠲᠠᠬᠢᠮ ᠤᠨ ᠨᠢᠭᠡᠳᠡᠬᠢ᠂ ᠬᠤᠶᠠᠳᠡᠬᠢ᠂ ᠭᠤᠷᠪᠠᠳᠡᠬᠢ᠂ ᠳᠦᠷᠪᠡᠳᠡᠬᠢ ᠶᠠᠰᠤ | ᠲᠠᠢ ᠨᠡᠶᠢᠯᠡᠭᠡᠳ ᠵᠢᠷᠭᠤᠭ᠎ᠠ ᠪᠣᠯᠠᠢ᠃ ᠡᠭᠦᠨ ᠢ ︽ᠠᠨᠠᠲ᠋ᠤᠮᠢ︾ ᠳᠤ᠄ ︽ᠦᠰᠦᠷᠬᠦ ᠦᠶ᠎ᠡ ᠶᠢᠨ ᠶᠠᠰᠤ︾ ᠭᠡᠵᠡᠢ᠃ | 16.ᠰᠢᠯᠪᠢᠨ ᠶᠠᠰᠤ᠂ ︽ᠠᠨᠠᠲ᠋ᠤᠮᠢ︾ ᠳᠤ᠄ ︽ᠭᠤᠷᠪᠠᠳᠤᠭᠠᠷ ᠰᠢᠯᠪᠢᠨ ᠶᠠᠰᠤ︾ ᠭᠡᠵᠡᠢ᠃ ᠡᠭᠦᠨ ᠢ ᠪᠠᠰᠠ ᠭᠤᠣᠯ | ᠰᠢᠯᠪᠢ ᠴᠤ ᠭᠡᠳᠡᠭ᠃ | 17.ᠦᠨᠦᠴᠢᠨ ᠶᠠᠰᠤ᠂ ᠪᠡᠯᠪᠡᠷᠬᠡᠢ ᠶᠠᠰᠤ᠂ ᠰᠠᠭᠯᠠᠭ᠎ᠠ ᠶᠠᠰᠤ ᠭᠡᠳᠡᠭ᠃ | 18.ᠪᠡᠷᠪᠡᠬᠡᠢ ᠶᠠᠰᠤ᠂ ᠶᠡᠭᠡ ᠰᠢᠮᠰᠡᠭᠡ᠂ ᠪᠠᠰᠠ ᠴᠢᠳᠦᠷ ᠶᠠᠰᠤ ᠭᠡᠳᠡᠭ᠃ | 19.ᠦᠰᠦᠬᠡᠢ ᠶᠠᠰᠤ᠂ ︽ᠠᠨᠠᠲ᠋ᠤᠮᠢ︾ ᠳᠤ ᠲᠢᠲᠢᠮ ᠶᠠᠰᠤ ᠭᠡᠵᠡᠢ᠃ ᠪᠠᠭ᠎ᠠ ᠰᠢᠮᠰᠡᠭᠡ ᠭᠡᠳᠡᠭ᠃ | 20.ᠬᠡᠤᠬᠡᠨ ᠲᠤᠭᠤᠷᠠᠢ | N. ᠠᠳᠣᠭᠤᠨ ᠤ ᠬᠡᠩᠭᠦᠳᠡᠭ | 21.ᠪᠣᠶᠠᠨ ᠰᠡᠭᠡᠷ ︵ᠢᠯᠡᠭᠦᠦ ᠲᠠᠪᠤᠨ ᠰᠡᠭᠡᠷ︶ | 22. ᠮᠣᠬᠤᠭᠠ ᠬᠠᠷᠴᠠᠭ᠎ᠠ ︵ᠤᠷᠤᠨᠴᠤᠭ ᠬᠠᠷᠴᠠᠭ᠎ᠠ ᠪᠦᠬᠦᠢ ᠨᠢᠷᠤᠭᠤ︶ | 23.ᠰᠦᠪᠡᠷᠭᠡ ︵ᠳᠤᠤᠷ᠎ᠠ ᠪᠠᠨ ᠮᠦᠬᠡᠷᠰᠦ ᠪᠦᠬᠦᠢ ᠬᠠᠪᠢᠷᠭ᠎ᠠ︶ | 24.ᠬᠠᠪᠢᠰᠤᠨ ︵ᠢᠯᠡᠭᠦᠦ ᠲᠠᠪᠤᠨ ᠬᠤᠤᠰ ᠬᠠᠪᠢᠷᠭ᠎ᠠ︶ | 25. ᠬᠠᠪᠢᠷᠭᠠᠰ | 26.ᠡᠪᠴᠢᠭᠦᠦ | | | ︵ᠢᠷᠡᠯᠲᠡ᠄ ᠪᠠ᠊· ᠸᠠᠩᠵᠢᠯ ᠤᠨ ᠨᠠᠶᠢᠷᠠᠭᠤᠯᠤᠭᠰᠠᠨ ︽ᠮᠠᠯ ᠤᠨ ᠶᠠᠰᠤᠨ ᠤ ᠨᠡᠷᠡᠰ ᠤᠨ ᠲᠣᠯᠢ︾ ᠭᠡᠬᠦ | ᠨᠤᠮ ᠠᠴᠠ ᠰᠤᠩᠭᠤᠨ ᠰᠡᠶᠢᠷᠡᠭᠦᠯᠪᠡ᠃︶ | | |