ᠬᠤᠨᠢᠨ ᠤ ᠨᠠᠰᠤ᠂ ᠬᠦᠢᠰᠦ ᠢᠯᠭᠠᠯ ᠵᠢᠴᠢ ᠪᠣᠰᠣᠳ ᠨᠡᠷᠡᠶᠢᠳᠦᠯ
ᠨᠡᠶᠢᠲᠡᠯᠡᠭᠰᠡᠨ ᠴᠠᠭ᠄
2020/11/6
     ᠨᠢᠭᠡ᠂ ᠬᠤᠷᠠᠭ᠎ᠠ ︵ᠨᠢᠭᠡ ᠨᠠᠰᠤᠲᠠᠢ ᠬᠤᠨᠢ︶      1.ᠡᠷ᠎ᠡ ᠬᠦᠢᠰᠦ ᠶᠢᠨ ᠬᠤᠷᠠᠭ᠎ᠠ ᠶᠢ ᠡᠷ᠎ᠡ ᠬᠤᠷᠠᠭ᠎ᠠ ᠭᠡᠨ᠎ᠡ᠃      2.ᠡᠮ᠎ᠡ ᠬᠦᠢᠰᠦ ᠶᠢᠨ ᠬᠤᠷᠠᠭ᠎ᠠ ᠶᠢ ᠦᠬᠢᠨ ᠬᠤᠷᠠᠭ᠎ᠠ ᠭᠡᠨ᠎ᠡ᠃      ᠬᠤᠨᠢ ᠢᠮᠠᠭ᠎ᠠ ᠬᠠᠪᠤᠷ ᠡᠷᠲᠡ ᠲᠦᠯᠯᠡᠬᠦ ᠤᠴᠢᠷ ᠬᠤᠷᠠᠭ᠎ᠠ ᠢᠰᠢᠭᠡ ᠶᠢ ᠨᠢ ᠲᠤᠰ ᠵᠢᠯ ᠤᠨ ᠬᠠᠩᠰᠢ ᠶᠢᠨ ᠦᠶ᠎ᠡ ᠪᠠᠷ ᠴᠢᠮᠬᠢᠨ ᠵᠠᠰᠠᠨ᠎ᠠ ︵ᠴᠠᠭᠠᠯᠠᠨ᠎ᠠ︶᠃ ᠬᠤᠴᠠ ᠲᠠᠯᠪᠢᠬᠤ ᠪᠠᠷ ᠦᠯᠡᠳᠡᠭᠡᠭᠰᠡᠨ᠂ ᠴᠢᠮᠬᠢᠨ ᠵᠠᠰᠠᠭᠰᠠᠨ ᠦᠭᠡᠢ ᠬᠤᠷᠠᠭ᠎ᠠ ᠶᠢ ᠬᠤᠷᠠᠭᠠᠨ ᠬᠤᠴᠠ ᠭᠡᠳᠡᠭ᠃      ᠬᠤᠶᠠᠷ᠂ ᠰᠢᠳᠦᠯᠡᠩ ᠬᠤᠨᠢ ︵ᠬᠤᠶᠠᠷ ᠨᠠᠰᠤᠲᠠᠢ ᠬᠤᠨᠢ︶      ᠮᠣᠩᠭᠤᠯᠴᠤᠳ ᠬᠤᠨᠢ᠂ ᠢᠮᠠᠭ᠎ᠠ ᠶᠢ ᠬᠤᠶᠠᠷ ᠨᠠᠰᠤᠲᠠᠢ ᠬᠤᠨᠢ᠂ ᠬᠤᠶᠠᠷ ᠨᠠᠰᠤᠲᠠᠢ ᠢᠮᠠᠭ᠎ᠠ ᠭᠡᠵᠦ ᠨᠠᠰᠤ ᠪᠠᠷ  ᠨᠢ ᠨᠡᠷᠡᠶᠢᠳᠬᠦ ᠵᠠᠩᠰᠢᠯ ᠦᠭᠡᠢ᠃ ᠳᠡᠭᠡᠷ᠎ᠡ ᠵᠢᠯ ᠤᠨ ᠬᠤᠷᠠᠭ᠎ᠠ ᠶᠢ ᠡᠨᠡ ᠬᠠᠪᠤᠷ ᠤᠨ ᠬᠦᠬᠡ ᠨᠤᠭᠤᠭ᠎ᠠ ᠭᠠᠷᠤᠭᠰᠠᠨ ᠤ ᠳᠠᠷᠠᠭ᠎ᠠ ᠨᠤᠭᠤᠭᠠᠨ ᠤ ᠰᠢᠳᠦᠯᠡᠩ ᠭᠡᠳᠡᠭ᠃      1.ᠡᠷ᠎ᠡ ᠬᠦᠢᠰᠦ ᠶᠢᠨ ᠬᠤᠨᠢ ᠶᠢ ᠡᠷ᠎ᠡ ᠰᠢᠳᠦᠯᠡᠩ ᠭᠡᠨ᠎ᠡ᠃ ᠬᠦᠩᠭᠡᠯᠡᠨ ᠵᠠᠰᠠᠭᠰᠠᠨ ᠦᠭᠡᠢ ᠶᠢ ᠨᠢ ᠰᠢᠳᠦᠯᠡᠩ ᠬᠤᠴᠠ ᠭᠡᠨ᠎ᠡ᠃      2.ᠡᠮ᠎ᠡ ᠬᠦᠢᠰᠦ ᠶᠢᠨ ᠬᠤᠨᠢ ᠶᠢ ᠦᠬᠢᠨ ᠰᠢᠳᠦᠯᠡᠩ ᠭᠡᠨ᠎ᠡ᠃      ᠭᠤᠷᠪᠠ᠂ ᠬᠢᠵᠠᠭᠠᠯᠠᠩ ᠬᠤᠨᠢ ︵ᠭᠤᠷᠪᠠᠨ ᠨᠠᠰᠤᠲᠠᠢ ᠬᠤᠨᠢ︶      1.ᠡᠷ᠎ᠡ ᠬᠦᠢᠰᠦ ᠶᠢᠨ ᠬᠢᠵᠠᠭᠠᠯᠠᠩ ᠬᠤᠨᠢ ᠶᠢ ᠢᠷᠭᠡ ᠭᠡᠬᠦ ᠪᠣᠶᠣ ᠬᠢᠵᠠᠭᠠᠯᠠᠩ ᠢᠷᠭᠡ ᠭᠡᠨ᠎ᠡ᠃      2.ᠡᠮ᠎ᠡ ᠬᠦᠢᠰᠦ ᠶᠢᠨ ᠬᠢᠵᠠᠭᠠᠯᠠᠩ ᠬᠤᠨᠢ ᠶᠢ ᠵᠤᠰᠠᠭ ᠭᠡᠨ᠎ᠡ᠃      ᠳᠦᠷᠪᠡ᠂ ᠰᠤᠶᠤᠭᠠᠯᠠᠩ ᠬᠤᠨᠢ ︵ᠳᠦᠷᠪᠡᠨ ᠨᠠᠰᠤᠲᠠᠢ ᠬᠤᠨᠢ︶      1.ᠡᠷ᠎ᠡ ᠬᠦᠢᠰᠦ ᠶᠢᠨ ᠰᠤᠶᠤᠭᠠᠯᠠᠩ ᠬᠤᠨᠢ ᠶᠢ ᠰᠤᠶᠤᠭᠠᠯᠠᠩ ᠢᠷᠭᠡ ᠭᠡᠨ᠎ᠡ᠃      2.ᠬᠤᠨᠢᠨ ᠤ ᠲᠦᠯᠯᠡᠬᠦ ᠬᠤᠭᠤᠴᠠᠭ᠎ᠠ ᠣᠬᠤᠷ ᠤᠴᠢᠷ ᠠᠴᠠ ᠡᠩ ᠤᠨ ᠪᠠᠶᠢᠳᠠᠯ ᠳᠤᠤᠷ᠎ᠠ ᠳᠦᠷᠪᠡᠨ ᠨᠠᠰᠤᠲᠠᠢ ᠡᠮ᠎ᠡ ᠬᠤᠨᠢ ᠲᠦᠯ ᠲᠠᠢ ᠪᠣᠯᠳᠠᠭ᠃ ᠡᠶᠢᠮᠦ ᠲᠦᠯ ᠲᠠᠢ ᠰᠤᠶᠤᠭᠠᠯᠠᠩ ᠬᠤᠨᠢ ᠶᠢ ᠰᠢᠭᠤᠳ ᠡᠮ᠎ᠡ ᠬᠤᠨᠢ ᠭᠡᠳᠡᠭ᠃      ᠲᠠᠪᠤ᠂ ᠲᠠᠪᠤᠨ ᠨᠠᠰᠤᠨ ᠠᠴᠠ ᠳᠡᠭᠡᠭᠰᠢᠬᠢ ᠡᠮ᠎ᠡ ᠬᠦᠢᠰᠦ ᠶᠢᠨ ᠬᠤᠨᠢ ᠶᠢ ᠪᠦᠳᠦᠭᠦᠨ ᠡᠮ᠎ᠡ ᠬᠤᠨᠢ ᠭᠡᠵᠦ᠂ ᠡᠷ᠎ᠡ ᠬᠦᠢᠰᠦ ᠶᠢᠨ ᠬᠤᠨᠢ ᠶᠢ ᠨᠠᠰᠤ ᠭᠦᠢᠴᠡᠭᠰᠡᠨ ᠢᠷᠭᠡ ᠭᠡᠨ᠎ᠡ᠃ ᠳᠦᠷᠪᠡᠨ ᠨᠠᠰᠤᠲᠠᠢ ᠬᠢᠵᠠᠭᠠᠯᠠᠩ ᠬᠤᠴᠠ ᠪᠠ ᠲᠠᠪᠤᠨ ᠨᠠᠰᠤᠨ ᠠᠴᠠ ᠳᠡᠭᠡᠭᠰᠢᠬᠢ ᠬᠤᠴᠠ ᠶᠢ ᠪᠦᠷ ᠪᠦᠳᠦᠭᠦᠨ ᠬᠤᠴᠠ ᠭᠡᠨ᠎ᠡ᠃ ᠁      ᠵᠢᠷᠭᠤᠭ᠎ᠠ᠂ ᠪᠤᠰᠤᠳ ᠨᠡᠷᠡᠶᠢᠳᠦᠯ      1.ᠰᠤᠪᠠᠢ ᠬᠤᠨᠢ      ᠬᠡᠭᠡᠯᠳᠦᠭᠦᠯᠬᠦ ᠬᠤᠭᠤᠴᠠᠭᠠᠨ ᠳᠠᠭᠠᠨ ᠬᠡᠭᠡᠯᠳᠦᠭᠰᠡᠨ ᠦᠭᠡᠢ ᠬᠤᠨᠢ ᠶᠢ ᠰᠤᠪᠠᠢ ᠬᠤᠨᠢ ᠭᠡᠨ᠎ᠡ᠃ ᠲᠦᠯᠯᠡᠬᠦ ᠨᠠᠰᠤᠨ ᠳᠤ ᠬᠦᠷᠦᠭᠡᠳ ᠲᠦᠯ ᠦᠭᠡᠢ ᠲᠦᠯᠦᠭᠡ ᠬᠤᠨᠢ ᠶᠢ ᠪᠠᠰᠠ ᠰᠤᠪᠠᠢ ᠲᠦᠯᠦᠭᠡ ᠭᠡᠨ᠎ᠡ᠃      2.ᠬᠠᠶᠢᠳᠠᠭ ᠬᠤᠨᠢ      ᠲᠦᠯᠯᠡᠭᠡᠳ ᠬᠤᠷᠠᠭ᠎ᠠ ᠨᠢ ᠦᠬᠦᠭᠰᠡᠨ ᠡᠰᠡᠭᠦᠯ᠎ᠡ ᠶᠠᠮᠠᠷ ᠨᠢᠭᠡᠨ ᠰᠢᠯᠲᠠᠭᠠᠨ ᠠᠴᠠ ᠬᠤᠷᠠᠭ᠎ᠠ ᠪᠠᠨ ᠬᠠᠶᠠᠭᠰᠠᠨ ᠬᠤᠨᠢ ᠶᠢ ᠬᠠᠶᠢᠳᠠᠭ ᠬᠤᠨᠢ ᠭᠡᠨ᠎ᠡ᠃ ᠭᠡᠪᠡᠴᠦ ᠬᠤᠨᠢ ᠭᠡᠳᠡᠭ ᠠᠮᠢᠲᠠᠨ ᠢᠮᠠᠭ᠎ᠠ ᠲᠠᠢ ᠠᠳᠠᠯᠢ ᠦᠭᠡᠢ᠂ ᠬᠡᠷᠪᠡ ᠠᠷᠠᠴᠢᠯᠠᠭ᠎ᠠ ᠮᠠᠯᠯᠠᠭ᠎ᠠ ᠰᠠᠶᠢᠨ ᠪᠣᠯ ᠡᠩ ᠤᠨ ᠪᠠᠶᠢᠳᠠᠯ ᠳᠤᠤᠷ᠎ᠠ ᠬᠤᠷᠠᠭ᠎ᠠ ᠬᠠᠶᠠᠬᠤ ︵ᠪᠠᠰᠠ ᠵᠠᠷᠢᠮ ᠭᠠᠵᠠᠷ ᠲᠤ ᠬᠤᠷᠠᠭ᠎ᠠ ᠤᠷᠬᠢᠬᠤ ᠭᠡᠳᠡᠭ︶ ᠦᠵᠡᠭᠳᠡᠯ ᠲᠤᠩ ᠴᠦᠬᠡᠨ ᠪᠠᠶᠢᠳᠠᠭ᠃      3.ᠢᠬᠢᠷ᠎ᠡ ᠲᠦᠯ ᠲᠠᠢ ᠬᠤᠨᠢ      ᠵᠠᠷᠢᠮ ᠬᠤᠨᠢ ᠢᠬᠢᠷ᠎ᠡ ᠲᠦᠯᠯᠡᠳᠡᠭ ᠢ ᠢᠬᠢᠷ᠎ᠡ ᠲᠦᠯ ᠲᠠᠢ ᠬᠤᠨᠢ ᠭᠡᠳᠡᠭ᠃ ᠬᠤᠨᠢ ᠢᠬᠡᠷᠡᠯᠡᠬᠦ ᠨᠢ ᠲᠤᠩ ᠴᠦᠬᠡᠨ ᠪᠠᠶᠢᠳᠠᠭ᠃      ︵ᠢᠷᠡᠯᠲᠡ᠄ ᠪᠣᠷᠵᠣᠣ ᠤᠯᠠᠭᠠᠨᠪᠠᠭᠠᠲᠤᠷ᠂ ᠲᠠᠨ᠎ᠠ ᠶᠢᠨ ᠵᠤᠬᠢᠶᠠᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号