ᠢᠮᠠᠭᠠᠨ ᠤ ᠨᠠᠰᠤ᠂ ᠬᠦᠢᠰᠦ ᠢᠯᠭᠠᠯ ᠵᠢᠴᠢ ᠪᠣᠰᠣᠳ ᠨᠡᠷᠡᠶᠢᠳᠦᠯ
ᠨᠡᠶᠢᠲᠡᠯᠡᠭᠰᠡᠨ ᠴᠠᠭ᠄
2020/11/9
     ᠨᠢᠭᠡ᠂ ᠢᠰᠢᠭᠡ ︵ᠨᠢᠭᠡ ᠨᠠᠰᠤᠲᠠᠢ ᠢᠮᠠᠭ᠎ᠠ︶      1.ᠡᠷ᠎ᠡ ᠬᠦᠢᠰᠦ ᠶᠢᠨ ᠢᠰᠢᠭᠡ ᠶᠢ ᠡᠷ᠎ᠡ ᠢᠰᠢᠭᠡ ᠭᠡᠨ᠎ᠡ᠃      2.ᠡᠮ᠎ᠡ ᠬᠦᠢᠰᠦ ᠶᠢᠨ ᠢᠰᠢᠭᠡ ᠶᠢ ᠦᠬᠢᠨ ᠢᠰᠢᠭᠡ ᠭᠡᠨ᠎ᠡ᠃      ᠢᠰᠢᠭᠡ ᠶᠢ ᠪᠠᠰᠠ ᠬᠠᠩᠰᠢ ᠶᠢᠨ ᠦᠶ᠎ᠡ ᠳᠤ ᠴᠢᠮᠬᠢᠨ ᠵᠠᠰᠠᠳᠠᠭ᠃ ᠤᠬᠤᠨ᠎ᠠ ᠲᠠᠯᠪᠢᠬᠤ ᠪᠠᠷ ᠦᠯᠡᠳᠡᠭᠡᠭᠰᠡᠨ ᠢᠰᠢᠭᠡ ᠶᠢ ᠤᠬᠤᠨᠠᠨ ᠢᠰᠢᠭᠡ ᠭᠡᠨ᠎ᠡ᠃      ᠬᠤᠶᠠᠷ᠂ ᠰᠢᠳᠦᠯᠡᠩ ᠢᠮᠠᠭ᠎ᠠ ︵ᠬᠤᠶᠠᠷ ᠨᠠᠰᠤᠲᠠᠢ ᠢᠮᠠᠭ᠎ᠠ︶      1.ᠡᠷ᠎ᠡ ᠬᠦᠢᠰᠦ ᠶᠢᠨ ᠬᠤᠶᠠᠷ ᠨᠠᠰᠤᠲᠠᠢ ᠢᠮᠠᠭ᠎ᠠ ᠶᠢ ᠡᠷ᠎ᠡ ᠰᠢᠳᠦᠯᠡᠩ ᠭᠡᠨ᠎ᠡ᠃ ᠤᠬᠤᠨ᠎ᠠ ᠲᠠᠯᠪᠢᠬᠤ ᠪᠠᠷ ᠦᠯᠡᠳᠡᠭᠡᠭᠰᠡᠨ ᠢ ᠨᠢ ᠰᠢᠳᠦᠯᠡᠩ ᠤᠬᠤᠨ᠎ᠠ ᠭᠡᠨ᠎ᠡ᠃      2.ᠡᠮ᠎ᠡ ᠬᠦᠢᠰᠦ ᠶᠢᠨ ᠬᠤᠶᠠᠷ ᠨᠠᠰᠤᠲᠠᠢ ᠢᠮᠠᠭ᠎ᠠ ᠶᠢ ᠦᠬᠢᠨ ᠰᠢᠳᠦᠯᠡᠩ ᠭᠡᠨ᠎ᠡ᠃      ᠭᠤᠷᠪᠠ᠂ ᠬᠢᠵᠠᠭᠠᠯᠠᠩ ᠢᠮᠠᠭ᠎ᠠ ︵ᠭᠤᠷᠪᠠᠨ ᠨᠠᠰᠤᠲᠠᠢ ᠢᠮᠠᠭ᠎ᠠ︶      1.ᠡᠷ᠎ᠡ ᠬᠦᠢᠰᠦ ᠶᠢᠨ ᠬᠢᠵᠠᠭᠠᠯᠠᠩ ᠢᠮᠠᠭ᠎ᠠ ᠶᠢ ᠬᠢᠵᠠᠭᠠᠯᠠᠩ ᠰᠡᠷᠭᠡ ᠭᠡᠨ᠎ᠡ᠃ ᠬᠦᠩᠭᠡᠯᠡᠨ ᠵᠠᠰᠠᠭᠰᠠᠨ ᠦᠭᠡᠢ ᠶᠢ ᠨᠢ ᠬᠢᠵᠠᠭᠠᠯᠠᠩ ᠤᠬᠤᠨ᠎ᠠ ᠭᠡᠬᠦ ᠪᠣᠶᠣ ᠪᠦᠳᠦᠭᠦᠨ ᠤᠬᠤᠨ᠎ᠠ ᠭᠡᠨ᠎ᠡ᠃      2.ᠡᠮ᠎ᠡ ᠬᠦᠢᠰᠦ ᠶᠢᠨ ᠬᠢᠵᠠᠭᠠᠯᠠᠩ ᠢᠮᠠᠭ᠎ᠠ ᠲᠦᠯᠯᠡᠬᠦ ᠨᠠᠰᠤ ᠪᠣᠯᠣᠭᠰᠠᠨ ᠢ ᠵᠤᠰᠠᠭ ᠢᠮᠠᠭ᠎ᠠ ᠭᠡᠬᠦ ᠪᠣᠶᠣ ᠪᠠᠰᠠ ᠡᠮ᠎ᠡ ᠢᠮᠠᠭ᠎ᠠ ᠭᠡᠵᠦ ᠨᠡᠷᠡᠶᠢᠳᠦᠨ᠎ᠠ᠃      ᠳᠦᠷᠪᠡ᠂ ᠰᠤᠶᠤᠭᠠᠯᠠᠩ ᠢᠮᠠᠭ᠎ᠠ ︵ᠳᠦᠷᠪᠡᠨ ᠨᠠᠰᠤᠲᠠᠢ ᠢᠮᠠᠭ᠎ᠠ︶      1.ᠡᠷ᠎ᠡ ᠬᠦᠢᠰᠦ ᠶᠢᠨ ᠰᠤᠶᠤᠭᠠᠯᠠᠩ ᠢᠮᠠᠭ᠎ᠠ ᠶᠢ ᠰᠤᠶᠤᠭᠠᠯᠠᠩ ᠰᠡᠷᠭᠡ ᠭᠡᠨ᠎ᠡ᠃      2.ᠡᠮ᠎ᠡ ᠬᠦᠢᠰᠦ ᠶᠢᠨ ᠰᠤᠶᠤᠭᠠᠯᠠᠩ ᠢᠮᠠᠭ᠎ᠠ ᠶᠢ ᠰᠢᠭᠤᠳ ᠡᠮ᠎ᠡ ᠢᠮᠠᠭ᠎ᠠ ᠭᠡᠨ᠎ᠡ᠃      ᠲᠠᠪᠤ᠂ ᠲᠠᠪᠤᠨ ᠨᠠᠰᠤᠨ ᠠᠴᠠ ᠳᠡᠭᠡᠭᠰᠢᠬᠢ ᠡᠮ᠎ᠡ ᠬᠦᠢᠰᠦ ᠶᠢᠨ ᠢᠮᠠᠭ᠎ᠠ ᠶᠢ ᠪᠦᠳᠦᠭᠦᠨ ᠡᠮ᠎ᠡ ᠢᠮᠠᠭ᠎ᠠ ᠭᠡᠬᠦ ᠪᠦᠭᠡᠳ ᠡᠷ᠎ᠡ ᠬᠦᠢᠰᠦ ᠶᠢᠨ ᠢᠮᠠᠭ᠎ᠠ ᠶᠢ ᠨᠢ ᠨᠠᠰᠤ ᠭᠦᠢᠴᠡᠭᠰᠡᠨ ᠰᠡᠷᠭᠡ ᠭᠡᠨ᠎ᠡ᠃ ᠢᠮᠠᠭ᠎ᠠ ᠬᠤᠨᠢᠨ ᠤ ᠨᠠᠰᠤ ᠶᠢ ᠰᠢᠳᠦ ᠪᠠᠷ ᠨᠢ ᠲᠤᠳᠤᠯᠠᠵᠤ ᠪᠣᠯᠣᠨ᠎ᠠ᠃      ᠵᠢᠷᠭᠤᠭ᠎ᠠ᠂ ᠪᠣᠰᠣᠳ ᠨᠡᠷᠡᠶᠢᠳᠦᠯ      1.ᠰᠤᠪᠠᠢ ᠢᠮᠠᠭ᠎ᠠ      ᠬᠡᠭᠡᠯᠳᠦᠬᠦ ᠴᠠᠭ ᠲᠠᠭᠠᠨ ᠬᠡᠭᠡᠯ ᠲᠤᠭᠲᠠᠭᠰᠠᠨ ᠦᠭᠡᠢ ᠪᠣᠶᠣ ᠲᠦᠯᠯᠡᠬᠦ ᠨᠠᠰᠤᠨ ᠤ ᠵᠤᠰᠠᠭ ᠢᠮᠠᠭ᠎ᠠ ᠲᠦᠯ ᠦᠭᠡᠢ ᠪᠣᠯ ᠪᠠᠰᠠ ᠰᠤᠪᠠᠢ ᠢᠮᠠᠭ᠎ᠠ ᠭᠡᠨ᠎ᠡ᠃      2.ᠬᠠᠶᠢᠳᠠᠭ ᠢᠮᠠᠭ᠎ᠠ      ᠢᠰᠢᠭᠡ ᠨᠢ ᠦᠬᠦᠭᠰᠡᠨ ᠪᠣᠶᠣ ᠢᠰᠢᠭᠡ ᠬᠠᠶᠠᠭᠰᠠᠨ ᠢᠮᠠᠭ᠎ᠠ ᠶᠢ ᠬᠠᠶᠢᠳᠠᠭ ᠢᠮᠠᠭ᠎ᠠ ᠭᠡᠨ᠎ᠡ᠃ ᠢᠮᠠᠭ᠎ᠠ ᠭᠡᠳᠡᠭ ᠠᠮᠢᠲᠠᠨ ᠢᠰᠢᠭᠡᠯᠡᠬᠦ ᠬᠤᠭᠤᠴᠠᠭ᠎ᠠ ᠤᠶᠢᠷᠠᠳᠬᠤ ᠲᠠᠢ ᠵᠡᠷᠭᠡ ᠪᠠᠷ ᠢᠰᠢᠭᠡ ᠬᠠᠶᠠᠬᠤ ᠦᠵᠡᠭᠳᠡᠯ ᠵᠦᠩᠳᠡᠭᠡᠨ ᠭᠠᠷᠳᠠᠭ᠃ ᠭᠡᠪᠡᠴᠦ ᠠᠷᠠᠴᠢᠯᠠᠭ᠎ᠠ ᠮᠠᠯᠯᠠᠭ᠎ᠠ ᠰᠠᠶᠢᠲᠠᠢ ᠬᠠᠰᠢᠷ ᠬᠤᠨᠢᠴᠢᠨ ᠤ ᠢᠮᠠᠭᠠᠨ ᠰᠦᠷᠦᠭ ᠲᠤ ᠴᠦᠬᠡᠨ ᠪᠠᠶᠢᠳᠠᠭ᠂ ᠬᠠᠷᠢᠨ ᠠᠷᠠᠴᠢᠯᠠᠭ᠎ᠠ ᠮᠠᠭᠤᠲᠠᠢ ᠰᠦᠷᠦᠭ ᠲᠤ ᠢᠰᠢᠭᠡ ᠬᠠᠶᠠᠬᠤ ᠦᠵᠡᠭᠳᠡᠯ ᠬᠦᠨᠳᠦ ᠨᠤᠴᠢᠲᠠᠢ ᠪᠠᠶᠢᠳᠠᠭ᠃      3.ᠢᠬᠢᠷ᠎ᠡ ᠢᠰᠢᠭᠡᠲᠦ ᠢᠮᠠᠭ᠎ᠠ      ᠨᠤᠲᠤᠭ ᠤᠨ ᠢᠮᠠᠭᠠᠨ ᠰᠦᠷᠦᠭ ᠲᠤ ᠢᠬᠢᠷ᠎ᠡ ᠢᠰᠢᠭᠡᠯᠡᠬᠦ ᠢᠮᠠᠭ᠎ᠠ ᠣᠯᠠᠨ ᠪᠠᠶᠢᠳᠠᠭ᠃ ᠡᠶᠢᠮᠦ ᠢᠮᠠᠭ᠎ᠠ ᠶᠢ ᠢᠬᠢᠷ᠎ᠡ ᠶᠢᠨ ᠡᠬᠡ ᠭᠡᠬᠦ ᠪᠣᠶᠣ ᠢᠬᠢᠷ᠎ᠡ ᠢᠰᠢᠭᠡᠲᠦ ᠢᠮᠠᠭ᠎ᠠ ᠭᠡᠳᠡᠭ᠃      ︵ᠢᠷᠡᠯᠲᠡ᠄ ᠪᠣᠷᠵᠣᠣ ᠤᠯᠠᠭᠠᠨᠪᠠᠭᠠᠲᠤᠷ᠂ ᠲᠠᠨ᠎ᠠ ᠶᠢᠨ ᠵᠤᠬᠢᠶᠠᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号