| | | A. ᠲᠤᠯᠤᠭᠠᠢ ᠶᠢᠨ ᠬᠡᠰᠡᠭ᠂ ᠡᠷᠡᠦ ᠲᠠᠢ ᠪᠦᠬᠦᠯᠢ ᠲᠤᠯᠤᠭᠠᠢ ᠪᠠᠭᠲᠠᠨ᠎ᠠ᠃ | B. ᠬᠦᠵᠦᠭᠦᠦ ᠶᠠᠰᠤᠨ ᠤ ᠬᠡᠰᠡᠭ | C. ᠴᠡᠭᠡᠵᠢᠨ ᠶᠠᠰᠤᠨ ᠤ ᠬᠡᠰᠡᠭ᠂ ᠡᠭᠦᠨ ᠳᠤ ᠬᠤᠶᠠᠷ ᠮᠤᠬᠤᠭ᠎ᠠ ᠬᠠᠷᠴᠠᠭ᠎ᠠ᠂ ᠬᠤᠶᠠᠷ ᠬᠤᠤᠰ ᠰᠦᠷᠪᠡᠷᠬᠡ᠂ | ᠨᠢᠷᠤᠭᠤᠨ ᠬᠡᠰᠡᠭ ᠠᠴᠠ ᠤᠷᠤᠵᠤ ᠪᠤᠢ᠃ | D. ᠨᠢᠷᠤᠭᠤᠨ ᠶᠠᠰᠤᠨ ᠤ ᠬᠡᠰᠡᠭ᠂ ᠮᠤᠩᠭᠤᠯ ᠵᠠᠩᠰᠢᠯ ᠢᠶᠠᠷ ᠪᠤᠯ ᠴᠡᠭᠡᠵᠢᠨ ᠳᠤ ᠭᠠᠷᠭᠠᠭᠰᠠᠨ ᠬᠤᠶᠠᠷ | ᠮᠤᠬᠤᠭ᠎ᠠ ᠬᠠᠷᠴᠠᠭ᠎ᠠ ᠶᠢ ᠨᠢᠷᠤᠭᠤᠨ ᠬᠡᠰᠡᠭ ᠲᠤ ᠪᠠᠭᠲᠠᠭᠠᠳᠠᠭ ᠶᠤᠮ᠃ ᠮᠤᠩᠭᠤᠯᠴᠤᠳ ᠪᠤᠯ ᠶᠠᠰᠤᠨ ᠤ | ᠲᠤᠯᠤᠭᠠᠢ ᠶᠢᠨ ᠢᠵᠢᠯᠢ ᠪᠠᠷ ᠪᠠᠷᠢᠮᠵᠢᠶᠠᠯᠠᠵᠤ ᠶᠠᠰᠤ ᠶᠢ ᠬᠦᠵᠦᠭᠦᠦ᠂ ᠰᠡᠭᠡᠷ᠂ ᠨᠢᠷᠤᠭᠤ ᠭᠡᠵᠦ ᠬᠤᠪᠢᠶᠠᠳᠠᠭ ᠵᠤᠷᠰᠢᠯ | ᠲᠠᠢ᠃ ︽ᠰᠢᠭᠦᠰᠦᠨ ᠤ ᠢᠷᠦᠭᠡᠯ︾ ᠳᠤ᠄ ︽ᠠᠬᠤᠷ ᠵᠢᠷᠭᠤᠭᠠᠨ ᠬᠦᠵᠦᠭᠦᠦ ᠲᠠᠢ᠂ ᠠᠷᠪᠠᠨ ᠬᠤᠶᠠᠷ ᠰᠡᠭᠡᠷ ᠲᠠᠢ᠂ | ᠬᠤᠳᠤᠭᠤᠷ ᠨᠠᠢᠮᠠᠨ ᠨᠢᠷᠤᠭᠤ ᠲᠠᠢ᠂ ᠬᠤᠷᠢᠨ ᠳᠦᠷᠪᠡᠨ ᠬᠠᠪᠢᠷᠭ᠎ᠠ ᠲᠠᠢ︾ ᠭᠡᠳᠡᠭ ᠢ ᠰᠠᠨᠠᠮᠦ᠃ ᠤᠳᠤᠬᠢ ︽ᠠᠨᠠᠲ᠋ᠤᠮᠢ︾ | ᠳᠤ ᠪᠦᠷ ᠬᠠᠷᠴᠠᠭ᠎ᠠ ᠲᠠᠢ ᠵᠢᠷᠭᠤᠭᠠᠨ ᠨᠢᠷᠤᠭᠤ ᠶᠢ ᠯᠡ ᠨᠢᠷᠤᠭᠤ ᠳᠤ ᠪᠠᠭᠲᠠᠭᠠᠨ ᠬᠡᠯᠡᠵᠦ ᠪᠤᠢ᠃ | E. ᠤᠭᠤᠴᠠᠨ ᠤ ᠬᠡᠰᠡᠭ᠂ ᠡᠭᠦᠨ ᠳᠤ ᠲᠤᠤᠬᠠᠨ ᠨᠢᠷᠤᠭᠤ ᠬᠢᠭᠡᠳ ᠡᠭᠦᠨ ᠠᠴᠠ ᠵᠠᠯᠭᠠᠯᠳᠤᠨ ᠪᠠᠶᠢᠭ᠎ᠠ | ᠰᠡᠷᠪᠡᠭᠡ ᠨᠢ ᠦᠷᠬᠡᠢ ︵ᠦᠷᠬᠦᠯᠵᠢ︶ ᠪᠤᠯᠤᠭᠰᠠᠨ ᠰᠡᠭᠦᠯ ᠤᠨ ᠡᠬᠢᠨ ᠤ ᠬᠡᠳᠦᠨ ᠦᠶ᠎ᠡ ᠶᠠᠰᠤ ᠶᠢ ᠪᠠᠭᠲᠠᠭᠠᠨ᠎ᠠ᠃ | F. ᠰᠡᠭᠦᠯ ᠶᠠᠰᠤᠨ ᠤ ᠬᠡᠰᠡᠭ᠂ ᠰᠡᠭᠦᠯ ᠤᠨ ᠪᠦᠬᠦ ᠦᠶ᠎ᠡ ᠶᠠᠰᠤ ᠴᠦᠮ ᠪᠠᠭᠲᠠᠨ᠎ᠠ᠃ | M. ᠬᠠ ᠶᠢᠨ ᠬᠡᠰᠡᠭ᠂ ᠡᠮᠦᠨ᠎ᠡ ᠬᠦᠯ ᠤᠨ ᠴᠢᠴᠠ ᠶᠠᠰᠤ᠂ ᠡᠭᠦᠨ ᠳᠤ ᠳᠤᠤᠷᠠᠬᠢ ᠬᠡᠳᠦᠨ ᠦᠶ᠎ᠡ | ᠶᠠᠰᠤ ᠨᠤᠭᠤᠳ ᠪᠠᠭᠲᠠᠳᠠᠭ᠃ | 1.ᠳᠠᠯᠤ ᠶᠠᠰᠤ | 2.ᠬᠠᠷᠢᠲᠤ ᠴᠢᠮᠦᠭᠡ᠃ ᠪᠠᠰᠠ ᠬᠠᠶᠢᠨ ᠴᠢᠮᠦᠭᠡ᠂ ᠪᠤᠭᠤᠯᠤᠭ ᠴᠢᠮᠦᠭᠡ᠂ ᠠᠳᠬᠤᠭᠠᠯ ᠴᠢᠮᠦᠭᠡ ᠭᠡᠳᠡᠭ᠃ | 3.ᠪᠤᠭᠲᠤᠰ᠂ ᠵᠠᠷᠢᠮ ᠨᠤᠲᠤᠭ ᠲᠤ ᠱᠤ ᠴᠢᠮᠦᠭᠡ ᠭᠡᠳᠡᠭ᠃ ᠡᠭᠦᠨ ᠤ ᠬᠤᠶᠢᠲᠤ ᠲᠠᠯ᠎ᠠ ᠳᠤ ᠨᠠᠭᠠᠯᠳᠤᠵᠤ | ᠪᠠᠶᠢᠭ᠎ᠠ ᠶᠠᠰᠤ ᠶᠢ ᠵᠠᠯᠠᠭ᠎ᠠ ᠶᠠᠰᠤ᠂ ᠪᠠᠰᠠ ᠲᠠᠪᠠᠨ᠎ᠠ ᠶᠠᠰᠤ ︵ᠡᠨᠡ ᠨᠢ ᠦᠵᠦᠭᠦᠷ ᠢ ᠨᠢ ᠦᠵᠡᠵᠦ ᠨᠡᠷᠡᠯᠡᠭᠰᠡᠨ ᠮᠠᠭᠠᠳ︶᠂ | ᠲᠤᠬᠤᠢ ᠶᠠᠰᠤ ᠭᠡᠳᠡᠭ ᠴᠤ ᠪᠤᠢ᠃ | 4.ᠬᠠᠭᠳᠠ ᠦᠶ᠎ᠡ ᠶᠠᠰᠤ᠂ ᠪᠠᠰᠠ ᠲᠠᠮᠦ ᠶᠢᠨ ᠲᠠᠪᠤᠨ ᠶᠠᠰᠤ ︵ᠤᠷᠠᠳᠴᠤᠳ︶ ᠭᠡᠳᠡᠭ᠃ ᠡᠨᠡ ᠦᠶ᠎ᠡ ᠨᠢ | ᠬᠡᠪᠲᠡᠬᠦ᠂ ᠰᠦᠭᠦᠳᠬᠦ ᠳᠤ ᠤᠷᠢᠳᠠᠪᠠᠷ ᠪᠤᠬᠢᠷᠴᠤ᠂ ᠪᠤᠰᠬᠤ ᠳᠤ ᠬᠤᠶᠢᠨ᠎ᠠ ᠨᠢ ᠲᠡᠨᠢᠢᠳᠡᠭ ᠢᠶᠠᠷ ᠳᠠᠶᠢᠨ ᠨᠡᠷᠡᠯᠡᠭᠰᠡᠨ | ᠪᠠᠶᠢᠬ᠎ᠠ᠃ ︽ᠮᠠᠯ ᠤᠨ ᠠᠨᠠᠲ᠋ᠤᠮᠢ︾ ᠳᠤ᠄ ︽ᠰᠢᠪᠠᠨᠤᠷ ᠶᠠᠰᠤ︾ ᠭᠡᠵᠡᠢ᠃ ᠭᠡᠲᠡᠯ᠎ᠡ ᠰᠢᠪᠠᠨᠤᠷ ᠶᠠᠰᠤ ᠶᠢ ᠴᠧᠪᠡᠯ ᠤᠨ | ᠲᠤᠯᠢ ᠳᠤ᠄ ︽ᠮᠠᠯ ᠭᠦᠷᠦᠭᠡᠰᠦᠨ ᠤ ᠰᠢᠭᠢᠷ᠎ᠡ ᠶᠢᠨ ᠳᠤᠤᠷᠠᠳᠤ ᠳᠠᠬᠢ ᠪᠢᠴᠢᠬᠠᠨ ᠶᠠᠰᠤ︾ ᠭᠡᠵᠦ ᠲᠠᠶᠢᠯᠵᠠᠢ᠃ | 5.ᠰᠢᠯᠪᠢᠨ ᠶᠠᠰᠤ᠂ ︽ᠠᠨᠠᠲ᠋ᠤᠮᠢ︾ ᠳᠤ᠄ ︽ᠳᠦᠷᠪᠡᠳᠦᠭᠡᠷ ᠰᠢᠯᠪᠢᠨ ᠶᠠᠰᠤ︾ ᠭᠡᠵᠡᠢ᠃ ᠪᠠᠰᠠ ᠰᠠᠪᠬᠠᠨ ᠶᠠᠰᠤ | ᠭᠡᠳᠡᠭ ᠴᠤ ᠪᠤᠢ᠃ | 6.ᠦᠨᠦᠴᠢᠨ ᠶᠠᠰᠤ᠂ ᠪᠠᠷᠪᠡᠬᠡᠢ ᠦᠶ᠎ᠡ ᠶᠢᠨ ᠳᠤᠤᠷᠠᠲᠤ ᠲᠡᠭᠦᠰᠬᠡᠯ ᠳᠠᠬᠢ ᠪᠢᠴᠢᠬᠠᠨ ᠬᠤᠶᠠᠷ ᠬᠤᠬᠢᠰᠤ ᠲᠠᠢ | ᠶᠠᠰᠤ᠂ ᠪᠠᠰᠠ ᠰᠠᠭᠯᠠᠭ᠎ᠠ ᠶᠠᠰᠤ ᠭᠡᠳᠡᠭ᠃ | 7.ᠪᠡᠷᠪᠡᠬᠡᠢ ᠶᠢᠨ ᠦᠶ᠎ᠡ ᠶᠠᠰᠤ᠂ ᠪᠠᠰᠠ ᠶᠡᠭᠡ ᠴᠦᠮᠴᠦᠭᠡ ︵ᠰᠢᠮᠰᠡᠭᠡ︶ ᠶᠠᠰᠤ ᠭᠡᠳᠡᠭ᠃ ︽ᠠᠨᠠᠲ᠋ᠤᠮᠢ︾ ᠳᠤ᠄ | ︽ᠶᠡᠭᠡ ᠰᠢᠪᠠᠨᠤᠷ ᠶᠠᠰᠤ︾ ᠭᠡᠵᠡᠢ᠃ | 8.ᠳᠠᠭᠠᠯᠴᠠᠭ ᠶᠠᠰᠤ᠂ ᠪᠠᠰᠠ ᠪᠠᠭ᠎ᠠ ᠰᠢᠮᠰᠡᠭᠡ ᠶᠠᠰᠤ ᠭᠡᠳᠡᠭ᠃ ︽ᠭᠡᠷ ᠤᠨ ᠠᠨᠠᠲ᠋ᠤᠮᠢ︾ ᠳᠤ᠄ ︽ᠲᠢᠳᠢᠮ ᠶᠠᠰᠤ︾ | ᠭᠡᠵᠦ᠂ ︽ᠮᠠᠯ ᠤᠨ ᠠᠨᠠᠲᠤᠮᠢ︾ ᠳᠤ ︽ᠪᠠᠭ᠎ᠠ ᠰᠢᠪᠠᠨᠤᠷ ᠶᠠᠰᠤ︾ ᠭᠡᠳᠡᠭ᠃ | 9.ᠬᠡᠤᠬᠡᠨ ᠬᠤᠬᠢᠰᠤ ᠶᠠᠰᠤ | ᠬᠠ ᠪᠤᠯ ᠡᠳᠡᠭᠡᠷ ᠶᠠᠰᠤ ᠨᠤᠭᠤᠳ ᠢᠶᠠᠷ ᠪᠦᠷᠢᠯᠳᠦᠳᠡᠭ᠃ | H.ᠭᠤᠶᠠᠨ ᠶᠠᠰᠤᠨ ᠤ ᠬᠡᠰᠡᠭ᠂ ᠭᠤᠶᠠᠨ ᠶᠠᠰᠤᠨ ᠤ ᠳᠤᠤᠷᠠᠬᠢ ᠶᠠᠰᠤ ᠨᠤᠭᠤᠳ ᠪᠠᠭᠲᠠᠨ᠎ᠠ᠃ | 10.ᠰᠡᠭᠦᠵᠢᠨ ᠶᠠᠰᠤ᠂ ᠪᠠᠰᠠ ᠲᠠᠶᠢᠰᠢᠶᠠᠨ ᠶᠠᠰᠤ ᠴᠤ ᠭᠡᠳᠡᠭ᠃ | 11.ᠦᠭᠡᠵᠡᠭ ᠶᠠᠰᠤ᠂ ᠵᠠᠷᠢᠮ ᠭᠠᠵᠠᠷ ᠰᠠᠭᠤᠳᠠᠯ ᠶᠠᠰᠤ ᠭᠡᠳᠡᠭ᠃ ᠡᠨᠡ ᠨᠢ ᠬᠦᠮᠦᠨ ᠳᠡᠭᠡᠷ᠎ᠡ ᠬᠡᠯᠡᠭᠰᠡᠨ | ᠪᠠᠶᠢᠬ᠎ᠠ᠃ | 12.ᠳᠤᠮᠳᠠ ᠴᠢᠮᠦᠭᠡᠨ ᠶᠠᠰᠤ᠂ ᠵᠠᠷᠢᠮ ᠭᠠᠵᠠᠷ ᠪᠠᠰᠠ ᠬᠤᠩ ᠴᠢᠮᠦᠭᠡ ᠭᠡᠳᠡᠭ᠃ ᠡᠨᠡ ᠨᠢ ᠭᠤᠤᠯ ᠮᠦᠷᠲᠡᠭᠡᠨ | ᠲᠤᠯᠭᠠᠭᠤᠷᠢ ᠶᠠᠰᠤ ᠭᠡᠰᠡᠨ ᠤᠳᠬ᠎ᠠ ᠲᠠᠢ ᠪᠤᠶᠤ᠃ ᠬᠤᠩ ᠲᠠᠶᠢᠵᠢ ᠭᠡᠳᠡᠭ ᠢ ᠰᠠᠨᠠᠮᠤ᠃ | 13.ᠲᠤᠶᠢᠭ ᠶᠠᠰᠤ | 14.ᠱᠠᠭᠠᠨᠲᠤ ᠴᠢᠮᠦᠭᠡᠨ ᠶᠠᠰᠤ᠂ ᠲᠤᠪᠴᠢᠯᠠᠭᠠᠳ ᠱᠠᠭᠠᠨᠲᠤ ᠭᠡᠳᠡᠭ᠃ ︽ᠠᠨᠠᠲ᠋ᠤᠮᠢ︾ ᠳᠤ᠄ ︽ᠪᠠᠭ᠎ᠠ ᠱᠠᠭᠠᠨᠲᠤ | ᠴᠢᠮᠦᠭᠡᠨ ᠶᠠᠰᠤ︾ ᠭᠡᠵᠡᠢ᠃ | 15.ᠵᠤᠪᠯᠠᠩᠲᠤ ᠵᠢᠷᠭᠤᠭᠠᠨ ᠶᠠᠰᠤ᠂ ᠪᠤᠰᠴᠤ ᠬᠡᠪᠲᠡᠬᠦ ᠪᠤᠶᠤ ᠬᠤᠷᠳᠤᠯᠠᠬᠤ ᠳᠤ ᠪᠤᠰᠤᠳ ᠶᠠᠰᠤ ᠠᠴᠠ ᠬᠤᠯᠠ | ᠢᠯᠡᠭᠦᠤ ᠬᠦᠴᠦ ᠭᠠᠷᠭᠠᠵᠤ ᠵᠦᠳᠡᠭᠦᠷᠢ ᠠᠮᠰᠠᠳᠠᠭ ᠠᠴᠠ ᠡᠶᠢᠨ ᠨᠡᠷᠡᠯᠡᠭᠰᠡᠨ ᠪᠤᠶᠤ᠃ ᠡᠨᠡ ᠨᠢ ᠪᠤᠷᠪᠢ ᠶᠠᠰᠤ᠂ ᠱᠠᠭ᠎ᠠ | ᠶᠠᠰᠤ᠂ ᠳᠠᠬᠢᠮ ᠤᠨ ᠨᠢᠭᠡᠳᠡᠬᠢ᠂ ᠬᠤᠶᠠᠳᠡᠬᠢ᠂ ᠭᠤᠷᠪᠠᠳᠡᠬᠢ᠂ ᠳᠦᠷᠪᠡᠳᠡᠬᠢ ᠶᠠᠰᠤ ᠪᠠᠷ ᠪᠦᠷᠢᠯᠳᠦᠭᠰᠡᠨ ᠪᠤᠯᠠᠢ᠃ | ᠡᠭᠦᠨ ᠢ ︽ᠠᠨᠠᠲ᠋ᠤᠮᠢ︾ ᠳᠤ᠄ ︽ᠦᠰᠦᠷᠬᠦ ᠦᠶ᠎ᠡ ᠶᠢᠨ ᠶᠠᠰᠤ︾ ᠭᠡᠵᠡᠢ᠃ | 16.ᠰᠢᠯᠪᠢᠨ ᠶᠠᠰᠤ᠂ ︽ᠠᠨᠠᠲ᠋ᠤᠮᠢ︾ ᠳᠤ᠄ ︽ᠭᠤᠷᠪᠠᠳᠤᠭᠠᠷ ᠰᠢᠯᠪᠢᠨ ᠶᠠᠰᠤ︾ ᠭᠡᠵᠡᠢ᠃ ᠡᠭᠦᠨ ᠢ ᠪᠠᠰᠠ ᠭᠤᠤᠯ | ᠰᠢᠯᠪᠢᠨ ᠶᠠᠰᠤ ᠭᠡᠳᠡᠭ᠃ | 17.ᠦᠨᠦᠴᠢᠨ ᠶᠠᠰᠤ᠂ ᠪᠡᠷᠪᠡᠬᠡᠢ ᠦᠶ᠎ᠡ ᠶᠢᠨ ᠦᠨᠦᠴᠢᠨ ︵ᠭᠠᠭᠴᠠ︶ ᠶᠠᠰᠤ᠂ ᠪᠠᠰᠠ ᠵᠠᠷᠢᠮ ᠭᠠᠵᠠᠷ ᠰᠠᠭᠯᠠᠭ᠎ᠠ | ᠶᠠᠰᠤ ᠭᠡᠳᠡᠭ᠃ ︽ᠠᠨᠠᠲ᠋ᠤᠮᠢ︾ ᠳᠤ᠄ ︽ᠤᠶᠢᠷ᠎ᠠ ᠨᠡᠮᠡᠭᠦᠷᠢ ᠶᠠᠰᠤ︾ ᠭᠡᠵᠡᠢ᠃ | 18.ᠪᠡᠷᠪᠡᠬᠡᠢ ᠶᠠᠰᠤ᠂ ᠪᠠᠶᠠᠨᠨᠠᠭᠤᠷ ᠲᠤ ᠰᠢᠮᠰᠡᠭᠡ᠂ ᠪᠠᠭᠠᠷᠢᠨ ᠳᠤ ᠴᠦᠮᠴᠦᠭᠡ ᠶᠠᠰᠤ ᠭᠡᠳᠡᠭ᠃ ︽ᠠᠨᠠᠲ᠋ᠤᠮᠢ︾ | ᠳᠤ᠄ ︽ᠶᠡᠭᠡ ᠰᠢᠪᠠᠨᠤᠷ ᠶᠠᠰᠤ︾ ᠭᠡᠵᠡᠢ᠃ | 19.ᠦᠰᠦᠭᠡᠢ ᠶᠠᠰᠤ᠂ ᠲᠠᠪᠠᠭ ᠶᠠᠰᠤ᠂ ︽ᠠᠨᠠᠲ᠋ᠤᠮᠢ︾ ᠳᠤ᠄ ︽ᠲᠢᠳᠢᠮ ᠶᠠᠰᠤ︾ ᠭᠡᠳᠡᠭ᠃ ᠪᠠᠰᠠ ᠪᠠᠭ᠎ᠠ ᠰᠢᠪᠠᠨᠤᠷ | ᠶᠠᠰᠤ ᠭᠡᠳᠡᠭ᠃ | 20. ᠬᠡᠤᠬᠡᠨ ᠲᠤᠭᠤᠷᠠᠢ᠂ ︽ᠠᠮᠢᠲᠠᠨ ᠤ ᠠᠨᠠᠲ᠋ᠤᠮᠢ︾ ᠳᠤ᠄ ︽ᠳᠤᠤᠷᠠᠲᠤ ᠰᠢᠪᠠᠨᠤᠷ ᠶᠠᠰᠤ︾ ᠭᠡᠵᠡᠢ᠃ ᠭᠤᠶ᠎ᠠ | ᠡᠳᠡᠭᠡᠷ ᠶᠠᠰᠤ ᠨᠤᠭᠤᠳ ᠢᠶᠠᠷ ᠪᠦᠷᠢᠯᠳᠦᠨ᠎ᠡ᠃ | N. ᠦᠬᠡᠷ ᠤᠨ ᠬᠡᠩᠭᠦᠳᠡᠭ ᠶᠠᠰᠤ ᠳᠤᠤᠷᠠᠬᠢ ᠶᠠᠰᠤ ᠨᠤᠭᠤᠳ ᠪᠠᠭᠲᠠᠨ᠎ᠠ | 21. ᠮᠦᠭᠡᠷᠰᠦ ᠲᠠᠢ ᠰᠦᠪᠡᠷᠭᠡ | 22.ᠬᠠᠪᠢᠷᠭ᠎ᠠ | 23. ᠡᠪᠴᠢᠭᠦᠦ | 24. ᠪᠤᠷᠪᠢ ᠶᠠᠰᠤ | | | ︵ᠢᠷᠡᠯᠲᠡ᠄ ᠪ᠊·ᠸᠠᠩᠵᠢᠯ ᠨᠠᠶᠢᠷᠠᠭᠤᠯᠤᠭᠰᠠᠨ ︽ᠮᠠᠯ ᠤᠨ ᠶᠠᠰᠤᠨ ᠤ ᠨᠡᠷᠡᠰ ᠤᠨ ᠲᠤᠯᠢ︾ ᠠᠴᠠ ᠰᠡᠶᠢᠷᠡᠭᠦᠯᠪᠡ᠃︶ |