ᠰᠢᠭᠦᠮᠡᠯ ︵ᠠᠭᠠᠷᠣᠣᠯ︶
ᠨᠡᠶᠢᠲᠡᠯᠡᠭᠰᠡᠨ ᠴᠠᠭ᠄
2020/7/17
     ᠬᠤᠯᠤᠰᠤᠨ ᠴᠢᠭᠢᠷᠰᠦᠨ ᠳᠡᠭᠡᠷ᠎ᠡ ᠭᠠᠷ ᠢᠶᠠᠷ ᠠᠳᠬᠤᠨ ᠪᠠᠵᠠᠵᠤ ᠬᠤᠷᠤᠭᠤᠨ ᠤ ᠰᠠᠯᠠᠭ᠎ᠠ ᠪᠠᠷ ᠰᠢᠬᠠᠵᠤ ᠭᠠᠷᠭᠠᠨ ᠬᠠᠲᠠᠭᠠᠭᠰᠠᠨ ᠠᠭᠠᠷᠴᠠ ᠶᠢᠨ ᠲᠠᠰᠤᠷᠬᠠᠢ ᠶᠢ ᠰᠢᠭᠦᠮᠡᠯ ᠭᠡᠨ᠎ᠡ᠃ ᠪᠠᠰᠠ ︽ᠴᠤᠷᠮ᠎ᠠ︾ ᠭᠡᠵᠦ ᠬᠡᠯᠡᠳᠡᠭ᠃ ᠰᠢᠭᠦᠮᠡᠯ ᠢ ᠰᠢᠬᠠᠬᠤ ᠳᠤ ᠤᠷᠢᠳ ᠢᠶᠠᠷ ᠰᠦᠷᠦ ᠳᠡᠭᠡᠷ᠎ᠡ ᠬᠤᠯᠣᠰᠦ ᠪᠠᠷ ᠬᠡᠯᠬᠢᠭᠰᠡᠨ ︽ᠰᠢᠭᠦᠮᠡᠯ ᠤᠨ ᠴᠢᠭᠢᠷᠰᠦ︾ ᠪᠠᠨ ᠳᠡᠯᠭᠡᠵᠦ ᠲᠠᠯᠪᠢᠭᠠᠳ᠂ ᠰᠠᠪᠠᠨ ᠳᠠᠬᠢ ᠠᠭᠠᠷᠴᠠ ᠠᠴᠠ ᠠᠳᠬᠤ ᠪᠠᠭᠲᠠᠬᠤ ᠶᠢᠨ ᠬᠢᠷᠢ ᠪᠠᠷ ᠠᠪᠤᠭᠠᠳ ᠴᠢᠭᠢᠷᠰᠦᠨ ᠤ ᠨᠢᠭᠡ ᠵᠠᠬ᠎ᠠ ᠠᠴᠠ ᠡᠬᠢᠯᠡᠵᠦ ᠲᠠᠪᠤᠨ ᠬᠤᠷᠤᠭᠤᠨ ᠤ ᠰᠠᠯᠠᠭ᠎ᠠ ᠪᠠᠷ ᠨᠠᠷᠢᠨ ᠪᠦᠳᠦᠭᠦᠨ᠂ ᠨᠢᠮᠭᠡᠨ ᠵᠤᠵᠠᠭᠠᠨ ᠢ ᠲᠡᠩᠴᠡᠭᠦᠯᠦᠨ ᠰᠢᠬᠠᠵᠤ ᠭᠠᠷᠭᠠᠨ᠎ᠠ᠃      ᠵᠤᠨ ᠤ ᠴᠠᠭ ᠰᠢᠬᠠᠭᠰᠠᠨ ᠰᠢᠭᠦᠮᠡᠯ ᠪᠠᠷᠤᠭ ᠡᠳᠦᠷ ᠲᠤ ᠪᠠᠨ ᠬᠠᠲᠠᠲᠠᠭ᠃ ᠰᠢᠭᠦᠮᠡᠯ ᠰᠢᠮ᠎ᠡ ᠲᠡᠵᠢᠭᠡᠯ ᠢᠶᠠᠷ ᠰᠠᠶᠢᠨ᠂ ᠦᠨᠦᠷ ᠠᠮᠲᠠ ᠨᠢ ᠲᠤᠰᠤᠷᠬᠠᠭ ᠪᠦᠭᠡᠳ ᠬᠦᠴᠢᠯᠯᠢᠭ᠂ ᠬᠤᠤᠷ ᠢ ᠲᠠᠶᠢᠯᠵᠦ ᠢᠳᠡᠬᠦ ᠳᠤᠷᠠᠰᠢᠯ ᠢ ᠨᠡᠮᠡᠭᠳᠡᠭᠦᠯᠳᠡᠭ᠂ ᠴᠠᠢ ᠶᠢᠨ ᠰᠠᠶᠢᠨ ᠬᠤᠯᠢᠶ᠎ᠠ ᠪᠢᠯᠡ᠃ ᠰᠢᠭᠦᠮᠡᠯ ᠢ ᠲᠡᠷᠡ ᠬᠡᠪ ᠢᠶᠠᠷ ᠨᠢ ᠴᠡᠪᠡᠷ ᠰᠠᠶᠢᠬᠠᠨ ᠬᠠᠳᠠᠭᠠᠯᠠᠪᠠᠯ ᠴᠢᠨᠠᠷ ᠠᠮᠲᠠ ᠨᠢ ᠬᠤᠪᠢᠷᠠᠳᠠᠭ ᠦᠭᠡᠢ ᠪᠢᠯᠡ᠃      ︵ᠢᠷᠡᠯᠲᠡ᠄ ᠵ᠊· ᠮᠠᠭᠰᠤᠷᠵᠠᠪ ᠰᠠᠶᠢᠨᠵᠢᠷᠭᠠᠯ ᠤᠨ ᠨᠠᠶᠢᠷᠠᠭᠤᠯᠤᠭᠰᠠᠨ ︽ᠣᠷᠳᠣᠰ ᠵᠠᠩ ᠦᠢᠯᠡ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠣᠷᠳᠣᠰ ᠵᠠᠩ ᠦᠢᠯᠡ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号