ᠡᠭᠡᠳᠡᠭᠰᠡᠨ ᠰᠦᠨ ᠤ ᠪᠠᠨ ᠵᠦᠭᠡᠬᠡᠢ ᠪᠣᠯᠣᠨ ᠰᠢᠩᠭᠡ ᠶᠢ ᠨᠢ ᠬᠠᠮᠤᠵᠤ ᠠᠪᠤᠭᠠᠳ ᠡᠭᠡᠳᠡᠭᠰᠡᠨ ᠰᠦ ᠪᠠᠨ | ᠲᠤᠭᠤᠭᠠᠨ ᠳᠤ ᠬᠢᠵᠦ ᠵᠦᠭᠡᠯᠡᠨ ᠭᠠᠯ ᠢᠶᠠᠷ ᠬᠦᠰᠢᠭᠡᠵᠦ ᠭᠠᠷᠭᠠᠭᠠᠳ ᠬᠦᠷᠦᠭᠡᠭᠰᠡᠨ ᠬᠤᠶᠢᠨ᠎ᠠ ᠨᠢ ᠲᠤᠰᠬᠠᠢ | ᠪᠠᠯᠠᠳᠭᠡᠭᠰᠡᠨ ᠲᠠᠭᠠᠷᠴᠤᠭ ᠲᠤ ᠬᠢᠵᠦ ᠰᠢᠷ᠎ᠠ ᠤᠰᠤ ᠶᠢ ᠰᠢᠪᠬᠠᠷᠤᠭᠤᠯᠤᠨ ᠠᠪᠬᠤ ᠪᠤᠶᠤ ᠭᠠᠷ ᠢᠶᠠᠷ ᠢᠶᠠᠨ ᠪᠠᠵᠠᠵᠤ | ᠠᠪᠤᠭᠠᠳ ᠬᠠᠲᠠᠭᠠᠭᠰᠠᠨ ᠢ ᠰᠢᠭᠦᠮᠡᠭ ᠭᠡᠳᠡᠭ᠃ ᠰᠢᠭᠦᠮᠡᠭ ᠨᠢ ᠬᠠᠲᠠᠭᠠᠬᠤ ᠳᠤ ᠳᠦᠭᠦᠮ᠂ ᠠᠪᠴᠤ ᠶᠠᠪᠤᠬᠤ ᠳᠤ ᠠᠠᠮᠷ᠂ | ᠢᠳᠡᠬᠦ ᠳᠤ ᠠᠷᠪᠢᠲᠠᠢ ᠪᠣᠯᠬᠤᠷ ᠵᠢᠯ ᠤᠨ ᠳᠦᠷᠪᠡᠨ ᠤᠯᠠᠷᠢᠯ ᠳᠤ ᠪᠦᠷ ᠢᠳᠡᠵᠦ ᠪᠣᠯᠳᠠᠭ᠃ ᠵᠠᠷᠢᠮ ᠠᠶᠢᠯ | ᠴᠦᠴᠦᠬᠡᠢ ᠳᠤ ᠰᠢᠨ᠎ᠡ ᠰᠦᠨ ᠳᠤ ᠳᠡᠪᠲᠦᠭᠡᠭᠰᠡᠨ ᠰᠢᠭᠦᠮᠡᠭ ᠬᠤᠯᠢᠭᠠᠳ ᠬᠠᠳᠠᠭᠠᠯᠠᠬᠤ ᠴᠤ ᠪᠣᠢ᠃ | | | ︵ᠢᠷᠡᠯᠲᠡ᠄ ᠫᠣᠩᠰᠤᠭᠳᠧᠴᠢᠨ᠂ ᠡᠷᠳᠡᠮᠲᠦ ᠶᠢᠨ ᠨᠠᠶᠢᠷᠠᠭᠤᠯᠤᠭᠰᠠᠨ ︽ᠳᠦᠷᠪᠡᠨ ᠬᠡᠣᠬᠡᠳ ᠵᠠᠩ ᠦᠢᠯᠡ︾ ᠭᠡᠬᠦ | ᠨᠤᠮ ᠠᠴᠠ ᠰᠤᠩᠭᠤᠨ ᠰᠡᠶᠢᠷᠡᠭᠦᠯᠪᠡ᠃︶ | | |