ᠵᠠᠷᠤᠳ ᠮᠣᠩᠭᠤᠯᠴᠣᠳ ᠵᠢᠯ ᠪᠦᠷᠢ ᠶᠢᠨ ᠪᠢᠯᠢᠭ ᠤᠨ ᠤᠯᠠᠷᠢᠯ ᠤᠨ ᠠᠷᠪᠠᠨ ᠰᠠᠷ᠎ᠠ ᠶᠢᠨ ᠬᠤᠷᠢᠨ ᠲᠠᠪᠤᠨ ᠢ | ᠪᠤᠷᠬᠠᠨ ᠮᠡᠨᠳᠦᠯᠡᠭᠰᠡᠨ ᠡᠳᠦᠷ ᠭᠡᠵᠦ ᠤᠨᠳᠤᠤ ᠨᠢᠭᠡᠨ ᠬᠡᠯᠪᠡᠷᠢ ᠪᠠᠷ ᠪᠡᠯᠭᠡᠯᠡᠨ ᠳᠤᠷᠠᠰᠬᠠᠳᠠᠭ᠃ ᠡᠨᠡ ᠨᠢ ᠪᠠᠷᠤᠭ | ᠪᠤᠳ᠋ᠳ᠋ᠾᠠ ᠶᠢᠨ ᠱᠠᠰᠢᠨ ᠳᠤᠮᠳᠠᠳᠤ ᠤᠷᠤᠨ ᠳᠤ ᠤᠷᠤᠵᠤ ᠢᠷᠡᠭᠰᠡᠨ ᠦᠶ᠎ᠡ ᠠᠴᠠ ᠡᠬᠢᠯᠡᠭᠰᠡᠨ ᠪᠠᠶᠢᠵᠤ ᠮᠠᠭᠠᠳ᠃ | ᠠᠷᠪᠠᠨ ᠰᠠᠷ᠎ᠠ ᠶᠢᠨ ᠬᠤᠷᠢᠳ ᠪᠣᠯᠣᠮᠠᠭᠴᠠ ᠬᠦᠮᠦᠰ ᠬᠤᠷᠢᠨ ᠲᠠᠪᠤᠨ ᠳᠤ ᠬᠡᠷᠡᠭᠯᠡᠬᠦ ᠶᠠᠭᠤᠮᠠᠰ ᠢᠶᠠᠨ | ᠪᠡᠯᠡᠳᠭᠡᠵᠦ ᠡᠬᠢᠯᠡᠳᠡᠭ᠃ ᠡᠭᠦᠨ ᠳᠤ ᠨᠠᠩᠭᠢ ᠭᠤᠯᠢᠷ ᠲᠠᠯᠬᠠᠳᠠᠬᠤ᠂ ᠭᠤᠯᠢᠷ ᠢᠶᠠᠨ ᠢᠰᠭᠡᠬᠦ᠂ ᠬᠠᠭᠤᠷᠠᠢ ᠪᠤᠳᠠᠭ᠎ᠠ | ᠬᠠᠭᠤᠷᠴᠤ ᠵᠠᠷᠮ᠎ᠠ ᠳᠠᠷᠤᠬᠤ᠂ ᠬᠠᠪᠰᠠᠢ ᠪᠣᠣᠪᠤ ᠬᠠᠭᠠᠷᠢᠬᠤ᠂ ᠬᠦᠯᠳᠡᠭᠡᠭᠰᠡᠨ ᠪᠤᠳᠠᠭ᠎ᠠ ᠬᠢᠬᠦ᠂ ᠦᠷᠦᠮ᠎ᠡ ᠬᠠᠭᠰᠠᠭᠠᠬᠤ | ᠵᠡᠷᠭᠡ ᠪᠣᠢ᠃ ᠬᠤᠷᠢᠨ ᠲᠠᠪᠤᠨ ᠤ ᠤᠷᠤᠢ ᠪᠦᠷᠦᠢ ᠲᠠᠰᠤᠷᠠᠮᠠᠭᠴᠠ ᠭᠡᠷ ᠪᠣᠯᠭᠠᠨ ᠪᠤᠷᠬᠠᠨ ᠳᠠᠭᠠᠨ ᠬᠦᠵᠢ ᠵᠤᠯᠠ | ᠡᠷᠭᠦᠵᠦ ᠠᠮᠲᠠᠲᠤ ᠢᠳᠡᠭᠡᠨ ᠢᠶᠠᠷ ᠪᠤᠷᠬᠠᠨ ᠢᠶᠠᠨ ᠲᠠᠬᠢᠭᠠᠳ ︽ᠬᠠᠷᠢᠨ ᠲᠠᠪᠤᠨ ᠬᠦᠭᠡᠭᠡᠬᠦ︾ ᠠᠵᠢᠯᠯᠠᠭ᠎ᠠ ᠪᠠᠨ | ᠡᠬᠢᠯᠡᠭᠦᠯᠳᠡᠭ᠃ | ᠶᠠᠭᠤᠨ ᠤ ᠤᠷᠢᠳ ᠬᠤᠷᠢᠨ ᠲᠠᠪᠤᠨ ᠬᠦᠭᠡᠭᠡᠬᠦ ᠳᠤ ᠪᠡᠯᠡᠳᠭᠡᠭᠰᠡᠨ ᠨᠠᠩᠭᠢ ᠪᠤᠳᠠᠭ᠎ᠠ᠂ ᠬᠤᠷᠤᠳ ᠡᠭᠡᠵᠡᠬᠡᠢ᠂ | ᠬᠠᠭᠰᠠᠭᠠᠭᠰᠠᠨ ᠦᠷᠦᠮ᠎ᠡ᠂ ᠬᠠᠪᠰᠠᠢ ᠪᠣᠣᠪᠤ᠂ ᠬᠦᠯᠳᠡᠭᠡᠭᠰᠡᠨ ᠪᠤᠳᠠᠭ᠎ᠠ ᠵᠡᠷᠭᠡ ᠪᠠᠨ ᠳᠡᠪᠢᠭᠦᠷ ᠳᠤᠲᠤᠷ᠎ᠠ ᠬᠢᠵᠦ | ᠲᠠᠯᠪᠢᠭᠠᠳ᠂ ᠬᠤᠷᠤᠳ ᠦᠷᠦᠮ᠎ᠡ᠂ ᠬᠦᠯᠳᠡᠭᠡᠭᠰᠡᠨ ᠪᠤᠳᠠᠭ᠎ᠠ ᠪᠠᠨ ᠵᠢᠵᠢᠭ ᠵᠢᠵᠢᠭ ᠢᠶᠠᠷ ᠬᠡᠰᠡᠭᠯᠡᠨ᠎ᠡ᠃ ᠡᠳᠡᠭᠡᠷ ᠢᠶᠠᠨ | ᠪᠦᠬᠦᠨ ᠢ ᠶᠡᠷᠦᠩᠬᠡᠶᠢᠯᠡᠭᠡᠳ ︽ᠬᠤᠷᠢᠨ ᠲᠠᠪᠤᠨ︾ ᠭᠡᠵᠦ ᠲᠠᠪᠠᠭ ᠲᠤ ᠭᠡᠷ ᠭᠡᠷ ᠤᠨ ᠬᠤᠪᠢ ᠶᠢ ᠬᠤᠪᠢᠶᠠᠵᠤ ᠬᠢᠭᠡᠳ | ᠬᠡᠣᠬᠡᠳ ᠢᠶᠠᠷ ᠢᠶᠠᠨ ᠭᠡᠷ ᠪᠣᠯᠭᠠᠨ ᠳᠤ ᠬᠦᠷᠭᠡᠳᠡᠭ ᠢᠶᠠᠨ ︽ᠬᠤᠷᠢᠨ ᠲᠠᠪᠤᠨ ᠬᠦᠭᠡᠭᠡᠬᠦ︾ ᠭᠡᠵᠦ ᠬᠡᠯᠡᠳᠡᠭ᠃ ᠭᠡᠷ | ᠪᠦᠷᠢ ᠳᠤ 3~5 ᠨᠠᠩᠭᠢ ᠪᠤᠣᠪᠤ᠂ ᠠᠯᠠᠭᠠᠨ ᠬᠢᠷᠢ ᠬᠤᠷᠤᠳ᠂ ᠭᠤᠷᠪᠠᠨ ᠬᠤᠷᠤᠭᠤ ᠬᠢᠷᠢ ᠵᠦᠰᠦᠭᠰᠡᠨ ᠨᠢᠭᠡ | ᠵᠦᠰᠦᠮ ᠬᠠᠭᠰᠠᠭᠠᠭᠰᠠᠨ ᠦᠷᠦᠮ᠎ᠡ᠂ ᠮᠦᠨ ᠬᠤᠶᠠᠷ ᠬᠤᠷᠤᠭᠤ ᠬᠢᠷᠢ ᠦᠷᠭᠡᠨ ᠵᠦᠰᠦᠭᠰᠡᠨ ᠬᠦᠯᠳᠡᠭᠡᠭᠰᠡᠨ ᠪᠤᠳᠠᠭ᠎ᠠ | ᠪᠣᠯᠣᠨ ᠬᠡᠳᠦᠨ ᠬᠠᠪᠰᠠᠢ ᠪᠣᠣᠪᠤ ᠲᠤᠰᠬᠠᠵᠤ ᠲᠠᠪᠠᠭ ᠲᠤ ᠲᠠᠪᠠᠭᠯᠠᠭᠠᠳ ᠭᠡᠷ ᠪᠣᠯᠭᠠᠨ ᠳᠤ ᠬᠠᠷᠢᠯᠴᠠᠨ ᠬᠦᠷᠭᠡᠯᠴᠡᠳᠡᠭ᠃ | ᠮᠦᠨ ᠪᠠᠰᠠ ᠪᠤᠷᠬᠠᠨ ᠤ ᠬᠡᠰᠢᠭ ᠭᠡᠵᠦ ᠬᠤᠷᠢᠨ ᠲᠠᠪᠤᠨ ᠬᠦᠭᠡᠭᠡᠵᠦ ᠣᠴᠢᠭᠰᠠᠨ ᠬᠡᠤᠬᠡᠳ ᠲᠤ ᠬᠤᠷᠤᠳ | ᠦᠷᠦᠮ᠎ᠡ ᠠᠴᠠ ᠪᠠᠭ᠋ᠠᠨ ᠬᠤᠪᠢ ᠠᠳᠬᠤᠭᠤᠯᠤᠭᠠᠳ ᠬᠠᠷᠢᠭᠤᠯᠳᠠᠭ᠃ ᠢᠩᠭᠢᠭᠡᠳ ᠯᠡ ᠤᠯᠠᠨ ᠭᠡᠷ ᠲᠤ ᠬᠦᠷᠭᠡᠭᠰᠡᠨ | ᠬᠡᠤᠬᠡᠳ ᠤᠨ ᠬᠤᠷᠢᠨ ᠲᠠᠪᠤᠨ ᠨᠢ ᠵᠢᠵᠢᠭ ᠰᠠᠭᠰᠤ ᠳᠦᠭᠦᠷᠳᠡᠭ ᠲᠤᠯᠠ ᠲᠡᠭᠦᠨ ᠢᠶᠠᠨ ᠬᠠᠭᠠᠰ ᠰᠠᠷ᠎ᠠ ᠠᠷᠪᠠ | ᠬᠤᠨᠤᠭ ᠢᠶᠠᠷ ᠪᠤᠷᠬᠠᠨ ᠤ ᠬᠡᠰᠢᠭ ︽ᠬᠤᠷᠢᠨ ᠲᠠᠪᠤᠨ︾ ᠭᠡᠮᠡᠵᠦ ᠠᠮᠲᠠᠷᠬᠠᠨ ᠢᠳᠡᠳᠡᠭ᠃ | | | ︵ᠢᠷᠡᠯᠲᠡ᠄ ᠲᠡᠮᠦᠷᠬᠤᠶᠠᠭ᠂ ᠬᠦᠷᠡᠯᠱᠠ ᠶᠢᠨ ᠨᠠᠶᠢᠷᠠᠭᠤᠯᠤᠭᠰᠠᠨ ︽ᠵᠠᠷᠤᠳ ᠵᠠᠩ ᠦᠢᠯᠡ︾ ᠭᠡᠬᠦ ᠨᠤᠮ ᠠᠴᠠ | ᠰᠤᠩᠭᠤᠨ ᠰᠡᠶᠢᠷᠡᠭᠦᠯᠪᠡ᠃︶ |