ᠬᠦᠯᠳᠡᠭᠡᠭᠰᠡᠨ ᠪᠤᠳᠠᠭ᠎ᠠ ᠬᠢᠬᠦ ᠳᠤ ᠤᠷᠢᠳ ᠢᠶᠠᠷ ᠬᠠᠭᠤᠷᠠᠢ ᠪᠤᠳᠠᠭ᠎ᠠ ᠪᠠᠨ ᠢᠩ ᠳᠡᠭᠡᠷ᠎ᠡ ᠪᠠᠨ ᠨᠢᠴᠠᠯᠵᠤ | ᠪᠦᠳᠦᠭᠦᠯᠢᠭ ᠵᠠᠷᠮ᠎ᠠ ᠪᠣᠯᠭᠠᠨ᠎ᠠ᠃ ᠳᠠᠷᠠᠭ᠎ᠠ ᠨᠢ ᠰᠢᠷ᠎ᠠ ᠲᠤᠰᠤ ᠪᠠᠨ ᠴᠡᠪᠡᠷᠬᠡᠨ ᠲᠤᠭᠤᠭᠠᠨ ᠳᠠᠭᠠᠨ ᠬᠢᠵᠦ ᠵᠦᠭᠡᠯᠡᠨ | ᠭᠠᠯ ᠳᠡᠭᠡᠷ᠎ᠡ ᠲᠠᠯᠪᠢᠵᠤ ᠬᠠᠶᠢᠯᠣᠭᠤᠯᠣᠨᠠ᠃ ᠬᠠᠶᠢᠯᠤᠭᠰᠠᠨ ᠲᠤᠰᠤ ᠨᠡᠯᠢᠶᠡᠳ ᠬᠠᠯᠠᠭᠰᠠᠨ ᠬᠤᠶᠢᠨ᠎ᠠ ᠵᠠᠷᠮ᠎ᠠ | ᠲᠤᠳᠤᠷ᠎ᠠ ᠪᠠᠨ ᠬᠢᠵᠦ ᠰᠠᠶᠢᠲᠤᠷ ᠬᠦᠳᠡᠯᠭᠡᠵᠦ ᠬᠤᠳᠬᠤᠭᠠᠳ ᠲᠠᠪᠠᠭ ︵ᠴᠠᠢ ᠶᠢᠨ ᠲᠠᠪᠠᠭ︶ ᠳᠤᠲᠤᠷ᠎ᠠ ᠬᠢᠵᠦ | ᠠᠪᠤᠭᠠᠳ ᠬᠤᠷᠤᠳ ᠢ ᠬᠡᠪ ᠲᠤ ᠳᠠᠷᠤᠬᠤ ᠰᠢᠭ᠋ ᠲᠡᠭᠰᠢᠬᠡᠨ ᠶᠠᠭᠤᠮ᠎ᠠ ᠪᠠᠷ ᠲᠡᠭᠰᠢᠯᠡᠨ ᠳᠠᠷᠤᠨ᠎ᠠ᠃ ᠰᠠᠶᠢᠲᠤᠷ | ᠳᠠᠪᠲᠠᠭᠠᠳ ᠲᠠᠪᠠᠭ ᠲᠠᠢ ᠪᠠᠨ ᠰᠢᠷᠡᠭᠡ ᠵᠡᠷᠭᠡ ᠶᠠᠭᠤᠮᠠᠨ ᠤ ᠬᠦᠪᠡᠭᠡᠨ ᠳᠡᠭᠡᠷ᠎ᠡ ᠲᠠᠭᠠᠷᠠᠭᠤᠯᠵᠤ ᠪᠠᠷᠢᠭᠠᠳ | ᠳᠤᠷᠭᠢᠭᠤᠯᠵᠣ ᠤᠯᠠᠨᠲᠠ ᠬᠦᠳᠡᠯᠭᠡᠪᠡᠯ ᠰᠢᠷ᠎ᠠ ᠲᠤᠰᠤ ᠨᠢ ᠲᠠᠪᠠᠭ ᠲᠠᠢ ᠪᠤᠳᠠᠭᠠᠨ ᠤ ᠦᠩᠭᠡᠨ ᠳᠡᠭᠡᠷ᠎ᠡ ᠭᠦᠯᠲᠦᠭᠡᠨᠡᠨ | ᠭᠠᠷᠴᠤ ᠢᠷᠡᠳᠡᠭ᠃ ᠡᠨᠡ ᠦᠶ᠎ᠡ ᠳᠤ ᠲᠡᠭᠦᠨ ᠢᠶᠠᠨ ᠬᠦᠢᠲᠡᠨ ᠭᠠᠵᠠᠷ ᠲᠠᠯᠪᠢᠵᠤ ᠬᠦᠯᠳᠡᠭᠡᠨᠡ᠃ ᠡᠶᠢᠮᠦ ᠠᠴᠠ | ᠲᠡᠭᠦᠨ ᠢᠶᠠᠨ ᠬᠦᠯᠳᠡᠭᠡᠭᠰᠡᠨ ᠪᠤᠳᠠᠭ᠎ᠠ ᠭᠡᠵᠦ ᠨᠡᠷᠡᠯᠡᠳᠡᠭ᠃ ᠬᠦᠯᠳᠡᠭᠡᠭᠰᠡᠨ ᠪᠤᠳᠠᠭ᠎ᠠ ᠶᠢ ᠪᠠᠷᠤᠭ ᠬᠤᠷᠤᠭᠤ ᠢᠯᠡᠭᠦᠦ | ᠵᠤᠵᠠᠭᠠᠨ ᠳᠠᠷᠤᠵᠤ ᠬᠦᠯᠳᠡᠭᠡᠳᠡᠭ ᠪᠦᠭᠡᠳ ᠲᠠᠪᠠᠭ ᠠᠴᠠ ᠭᠦᠪᠢᠵᠦ ᠠᠪᠤᠭᠰᠠᠨ ᠬᠤᠶᠢᠨ᠎ᠠ ᠵᠦᠰᠦᠵᠦ ᠬᠡᠰᠡᠭᠯᠡᠭᠡᠳ | ᠢᠳᠡᠳᠡᠭ᠃ ᠬᠦᠯᠳᠡᠭᠡᠭᠰᠡᠨ ᠪᠤᠳᠠᠭ᠎ᠠ ᠨᠢ ᠵᠠᠷᠤᠳᠴᠣᠳ ᠤᠨ ᠡᠭᠦᠳᠦᠨ ᠪᠦᠲᠦᠭᠡᠭᠰᠡᠨ ᠨᠢᠭᠡ ᠵᠦᠢᠯ ᠤᠨ | ᠦᠨᠳᠦᠰᠦᠲᠡᠨ ᠤ ᠤᠨᠴᠠᠯᠢᠭᠲᠤ ᠤᠯᠠᠮᠵᠢᠯᠠᠯᠲᠤ ᠢᠳᠡᠭᠡᠨ ᠪᠣᠯᠬᠤ ᠶᠣᠮ᠃ ᠲᠡᠭᠦᠨ ᠢᠶᠠᠨ ᠭᠡᠶᠢᠴᠢᠨ ᠵᠤᠴᠢᠨ ᠳᠠᠭᠠᠨ | ᠬᠠᠷᠠᠮ ᠦᠭᠡᠢ ᠢᠳᠡᠭᠦᠯᠳᠡᠭ᠃ ᠬᠤᠷᠢᠨ ᠲᠠᠪᠤᠨ ᠬᠦᠭᠡᠭᠡᠬᠦ ᠳᠤ ᠬᠡᠷᠡᠭᠯᠡᠬᠦ ᠠᠴᠠ ᠭᠠᠳᠠᠨ᠎ᠠ ᠴᠠᠢ ᠶᠢᠨ ᠬᠤᠯᠢᠴᠠ | ᠪᠣᠯᠭᠠᠨ ᠢᠳᠡᠳᠡᠭ᠃ | | | ︵ᠢᠷᠡᠯᠲᠡ᠄ ᠲᠡᠮᠦᠷᠬᠤᠶᠠᠭ᠂ ᠬᠦᠷᠡᠯᠱᠠ ᠶᠢᠨ ᠨᠠᠶᠢᠷᠠᠭᠤᠯᠤᠭᠰᠠᠨ ︽ᠵᠠᠷᠤᠳ ᠵᠠᠩ ᠦᠢᠯᠡ︾ ᠭᠡᠬᠦ ᠨᠤᠮ ᠠᠴᠠ | ᠰᠤᠩᠭᠤᠨ ᠰᠡᠶᠢᠷᠡᠭᠦᠯᠪᠡ᠃︶ |