ᠲᠤᠬᠤᠯᠠᠢ
ᠨᠡᠶᠢᠲᠡᠯᠡᠭᠰᠡᠨ ᠴᠠᠭ᠄
2020/7/29
     ᠲᠤᠬᠤᠯᠠᠢ ᠶᠢ ᠬᠢᠬᠦ ᠳᠤ ᠭᠤᠯᠢᠷ᠂ ᠦᠷᠦᠮ᠎ᠡ᠂ ᠳᠠᠪᠤᠰᠤ᠂ ᠴᠠᠭᠠᠨ ᠰᠢᠬᠢᠷ ᠵᠡᠷᠭᠡ ᠶᠢ ᠪᠡᠯᠡᠳᠭᠡᠨ᠎ᠡ᠃ ᠤᠷᠢᠳ ᠢᠶᠠᠷ ᠭᠤᠯᠢᠷ ᠢᠶᠠᠨ ᠪᠠᠭ᠋ᠠᠨ ᠵᠦᠭᠡᠯᠡᠨ ᠰᠢᠭ ᠨᠤᠬᠤᠵᠤ ᠨᠡᠶᠢᠯᠡᠭᠦᠯᠦᠭᠰᠡᠨ ᠤ ᠳᠠᠷᠠᠭ᠎ᠠ ᠵᠣᠬᠢᠬᠤ ᠬᠡᠰᠡᠭ ᠬᠤᠪᠢᠶᠠᠵᠤ ᠡᠯᠳᠡᠨ ᠨᠢᠮᠭᠡᠯᠡᠵᠦ ᠢᠮᠠᠬᠤ ᠬᠢᠷᠢ ᠦᠷᠭᠡᠨ ᠢᠶᠠᠷ ᠵᠣᠷᠪᠤᠰᠯᠠᠨ ᠵᠦᠰᠦᠵᠦ ᠳᠠᠬᠢᠨ ᠵᠢᠰᠢᠭᠦᠦ ᠪᠣᠶᠣ ᠳᠦᠷᠪᠡᠯᠵᠢᠨ ᠬᠡᠯᠪᠡᠷᠢ ᠲᠠᠢ ᠵᠢᠵᠢᠭ ᠬᠡᠰᠡᠭ ᠪᠣᠯᠭᠠᠵᠤ ᠬᠡᠷᠴᠢᠭᠡᠳ ᠭᠤᠯᠢᠷ ᠢᠶᠠᠨ ᠪᠤᠴᠠᠯᠤᠭᠰᠠᠨ ᠣᠰᠣᠨ ᠳᠤ ᠬᠢᠵᠦ ᠴᠢᠨᠠᠵᠤ ᠪᠣᠯᠭᠤᠨ᠎ᠠ᠃ ᠣᠰᠣᠨ ᠳᠤ ᠵᠣᠬᠢᠬᠤ ᠬᠡᠮᠵᠢᠶᠡᠨ ᠤ ᠳᠠᠪᠤᠰᠤ ᠬᠢᠨ᠎ᠡ᠃ ᠳᠠᠬᠢᠨ ᠪᠣᠯᠭᠤᠭᠰᠠᠨ ᠭᠤᠯᠢᠷ ᠢᠶᠠᠨ ᠴᠡᠪᠡᠷ ᠰᠠᠶᠢᠬᠠᠨ ᠪᠦᠯᠢᠶᠡᠨ ᠣᠰᠣᠨ ᠳᠣᠲᠣᠷ᠎ᠠ ᠰᠢᠭᠦᠵᠦ ᠠᠪᠤᠭᠠᠳ ᠰᠡᠶᠢᠮᠡᠭᠡᠢ ᠵᠢᠩᠨᠡᠭᠦᠷ ᠮᠡᠲᠦ ᠶᠠᠭᠤᠮᠠᠨ ᠳᠡᠭᠡᠷ᠎ᠡ ᠲᠠᠯᠪᠢᠵᠤ ᠤᠰᠤ ᠶᠢ ᠨᠢ ᠰᠢᠭᠦᠷᠡᠭᠦᠯᠦᠨ᠎ᠡ᠃      ᠦᠷᠦᠮ᠎ᠡ ᠪᠠᠨ ᠪᠤᠴᠠᠯᠭᠠᠵᠤ ᠮᠡᠯᠡᠬᠡᠢ ᠶᠢᠨ ᠨᠢᠳᠦᠨ ᠬᠦᠭᠡᠰᠦ ᠭᠠᠷᠴᠤ ᠠᠭᠰᠢᠷᠠᠨ ᠰᠢᠷᠠᠯᠠᠬᠤ ᠳᠤ ᠭᠤᠯᠢᠷ ᠢᠶᠠᠨ ᠳᠤᠲᠤᠷ᠎ᠠ ᠨᠢ ᠬᠢᠵᠦ ᠵᠦᠭᠡᠯᠡᠨ ᠭᠠᠯ ᠢᠶᠠᠷ ᠪᠤᠴᠠᠯᠭᠠᠨ᠎ᠠ᠃ ᠭᠡᠬᠦ ᠳᠡᠭᠡᠨ ᠦᠷᠦᠮ᠎ᠡ ᠭᠤᠯᠢᠷ ᠬᠤᠶᠠᠷ ᠢᠶᠠᠨ ᠰᠠᠶᠢᠲᠤᠷ ᠬᠦᠳᠡᠯᠭᠡᠵᠦ ᠪᠠᠶᠢᠬᠤ ᠬᠡᠷᠡᠭᠲᠡᠢ᠃ ᠪᠠᠭ᠋ᠠᠨ ᠪᠤᠴᠠᠯᠵᠤ ᠦᠷᠦᠮ᠎ᠡ ᠭᠤᠯᠢᠷ ᠲᠤ ᠰᠢᠩᠭᠡᠭᠰᠡᠨ ᠬᠤᠶᠢᠨ᠎ᠠ ᠳᠤᠲᠤᠷ᠎ᠠ ᠨᠢ ᠴᠠᠭᠠᠨ ᠰᠢᠬᠢᠷ ᠢᠶᠠᠨ ᠬᠢᠵᠦ ᠰᠠᠶᠢᠲᠤᠷ ᠬᠦᠳᠡᠯᠭᠡᠭᠡᠳ ᠢᠳᠡᠨ᠎ᠡ᠃ ᠲᠤᠬᠤᠯᠠᠢ ᠨᠢ ᠵᠠᠷᠣᠳ ᠮᠣᠩᠭᠤᠯᠴᠤᠳ ᠤᠨ ᠬᠢᠳᠡᠭ ᠨᠢᠭᠡᠨ ᠵᠦᠢᠯ ᠤᠨ ᠠᠮᠲᠠᠲᠤ ᠬᠤᠭᠤᠯᠠ ᠪᠣᠯᠬᠤᠷ ᠲᠡᠭᠦᠨ ᠢᠶᠠᠷ ᠢᠶᠠᠨ ᠭᠡᠶᠢᠴᠢᠨ ᠵᠣᠴᠢᠨ ᠢᠶᠠᠨ ᠳᠠᠶᠢᠯᠠᠳᠠᠭ ᠵᠠᠩᠰᠢᠯ  ᠲᠠᠢ ᠶᠣᠮ᠃ ᠲᠤᠬᠤᠯᠠᠢ ᠶᠢ ᠪᠤᠭᠤᠳᠠᠢ ᠶᠢᠨ ᠭᠤᠯᠢᠷ ᠪᠣᠶᠣ ᠰᠠᠭᠠᠭ ᠤᠨ ᠭᠤᠯᠢᠷ ᠢᠶᠠᠷ ᠪᠦᠷ ᠬᠢᠵᠦ ᠪᠣᠯᠣᠨ᠎ᠠ᠃ ᠵᠠᠷᠢᠮ ᠭᠠᠵᠠᠷ ᠨᠢ ᠲᠤᠬᠤᠯᠠᠢ ᠶᠢ ᠪᠠᠰᠠ ᠲᠤᠭᠤᠯ ᠲᠠᠩ ᠭᠡᠵᠦ ᠬᠡᠯᠡᠳᠡᠭ᠂ ᠬᠡᠯᠡᠯᠭᠡᠨ ᠦᠭᠡᠢ ᠳᠡᠭᠡᠵᠢ ᠪᠠᠨ ᠲᠡᠭᠷᠢ ᠭᠠᠵᠠᠷ ᠲᠠᠭᠠᠨ ᠡᠷᠭᠦᠨ᠎ᠡ᠃      ︵ᠢᠷᠡᠯᠲᠡ᠄ ᠲᠡᠮᠦᠷᠬᠤᠶᠠᠭ᠂ ᠬᠦᠷᠡᠯᠱᠠ ᠶᠢᠨ ᠨᠠᠶᠢᠷᠠᠭᠤᠯᠤᠭᠰᠠᠨ ︽ᠵᠠᠷᠤᠳ ᠵᠠᠩ ᠦᠢᠯᠡ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠵᠠᠷᠤᠳ ᠵᠠᠩ ᠦᠢᠯᠡ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号