ᠲᠠᠷᠢᠶᠠᠯᠠᠩ ᠤᠨ ᠴᠡᠭᠡᠷ
ᠨᠡᠶᠢᠲᠡᠯᠡᠭᠰᠡᠨ ᠴᠠᠭ᠄
2021/1/15
     ᠮᠣᠩᠭᠤᠯᠴᠤᠳ᠂ ᠤᠷᠲᠤ ᠤᠳᠠᠭᠠᠨ ᠬᠤᠭᠤᠴᠠᠭ᠎ᠠ ᠪᠠᠷ ᠲᠠᠷᠢᠶᠠᠯᠠᠩ ᠦᠢᠯᠡᠳᠪᠦᠷᠢᠯᠡᠯ ᠡᠷᠬᠢᠯᠡᠬᠦ ᠶᠠᠪᠤᠴᠠ ᠳᠤ ᠲᠠᠭᠦᠨ ᠲᠠᠢ ᠬᠤᠯᠪᠤᠭᠳᠠᠭᠰᠠᠨ ᠡᠳᠦᠢ ᠲᠡᠳᠦᠢ ᠵᠠᠩ ᠦᠢᠯᠡ ᠪᠣᠢ ᠪᠣᠯᠣᠭᠰᠠᠨ ᠪᠦᠭᠡᠳ ᠴᠡᠭᠡᠷ ᠬᠤᠷᠢᠭ᠎ᠠ ᠪᠣᠯ ᠲᠠᠭᠦᠨ ᠤ ᠴᠢᠬᠤᠯᠠ ᠨᠢᠭᠡ ᠠᠭᠤᠯᠭ᠎ᠠ ᠪᠣᠯᠤᠨ᠎ᠠ᠃ ᠡᠶᠢᠮᠦᠷᠬᠦᠦ ᠴᠡᠭᠡᠷ ᠬᠤᠷᠢᠭ᠎ᠠ ᠨᠢ ᠲᠠᠷᠢᠶ᠎ᠠ ᠲᠦᠮᠦᠰᠦ ᠶᠢ ᠬᠠᠮᠠᠭᠠᠯᠠᠬᠤ᠂ ᠠᠮᠤ ᠪᠤᠳᠠᠭ᠎ᠠ ᠶᠢ ᠠᠷᠪᠢᠯᠠᠬᠤ ᠳᠤ ᠴᠢᠬᠤᠯᠠ ᠦᠢᠯᠡᠳᠦᠯ ᠲᠠᠢ᠃ ᠡᠳᠡᠭᠡᠷ ᠴᠡᠭᠡᠷ ᠤᠳ ᠨᠢ ᠲᠠᠷᠢᠬᠤ᠂ ᠠᠷᠠᠴᠢᠯᠠᠬᠤ ᠠᠵᠢᠯᠯᠠᠭ᠎ᠠ ᠪᠤᠯᠤᠨ ᠠᠮᠤ ᠪᠤᠳᠠᠭ᠎ᠠ᠂ ᠪᠠᠭᠠᠵᠢ ᠬᠡᠷᠡᠭᠰᠡᠯ ᠵᠡᠷᠭᠡ ᠲᠠᠢ ᠬᠤᠯᠪᠤᠭᠳᠠᠵᠣ᠂ ᠦᠷᠭᠡᠨ ᠠᠭᠤᠯᠭ᠎ᠠ ᠶᠢ ᠬᠠᠮᠤᠷᠤᠭᠰᠠᠨ ᠪᠠᠶᠢᠳᠠᠭ᠃ ᠲᠠᠷᠢᠵᠤ ᠤᠷᠭᠤᠭᠤᠯᠬᠤ ᠳᠤ ᠬᠤᠯᠪᠤᠭᠳᠠᠭᠰᠠᠨ ᠴᠡᠭᠡᠷ ᠭᠡᠪᠡᠯ᠂ ᠯᠤᠤᠪᠠᠩ ᠲᠠᠷᠢᠬᠤ ᠳᠤ ᠬᠦᠯ ᠨᠢᠴᠦᠭᠦᠯᠡᠵᠦ ᠲᠠᠷᠢᠬᠤ ᠶᠢ ᠴᠡᠭᠡᠷᠯᠡᠬᠦ᠂ ᠵᠦᠷᠢᠴᠡᠪᠡᠯ ᠰᠠᠯᠠᠭ᠎ᠠ ᠲᠠᠢ ᠯᠣᠣᠪᠠᠩ ᠤᠷᠭᠤᠨ᠎ᠠ ᠭᠡᠬᠦ︔ ᠬᠤᠯᠣ ᠲᠠᠷᠢᠬᠤ ᠶᠢ ᠴᠡᠭᠡᠷᠯᠡᠬᠦ᠂ ᠵᠦᠷᠢᠴᠡᠪᠡᠯ ᠦᠷ᠎ᠡ ᠬᠡᠤᠬᠡᠳ ᠵᠠᠶᠠᠭᠠᠬᠤ ᠦᠭᠡᠢ ᠪᠣᠯᠣᠨ᠎ᠠ ᠭᠡᠬᠦ︔ ᠬᠤᠷᠴᠢᠨᠴᠤᠳ ᠭᠤᠸᠠ ᠨᠤᠭᠤᠭ᠎ᠠ ᠲᠠᠷᠢᠬᠤ ᠳᠤ ᠪᠠᠨ ᠭᠡᠷ ᠤᠨ ᠬᠠᠶᠠᠭ᠎ᠠ ᠠᠴᠠ ᠲᠠᠪᠤᠨ ᠠᠯᠳᠠ ᠠᠴᠠ ᠤᠶᠢᠷᠠᠯᠴᠠᠭ᠎ᠠ ᠭᠠᠵᠠᠷ ᠢ ᠤᠷᠪᠠᠭᠤᠯᠵᠤ ᠲᠠᠷᠢᠬᠤ ᠶᠢ ᠴᠡᠭᠡᠷᠯᠡᠬᠦ᠂ ᠵᠦᠷᠢᠴᠡᠪᠡᠯ ᠭᠠᠯ ᠭᠤᠯᠤᠮᠲᠠ ᠳᠤ ᠮᠠᠭᠤ ᠭᠡᠬᠦ ᠮᠡᠲᠦ᠃ ᠤᠷᠭᠤᠭ᠎ᠠ ᠲᠠᠷᠢᠶ᠎ᠠ  ᠲᠠᠢ ᠬᠤᠯᠪᠤᠭᠳᠠᠬᠤ ᠴᠡᠭᠡᠷ ᠭᠡᠪᠡᠯ᠂ ᠲᠠᠷᠢᠶᠠᠨ ᠳᠤᠮᠳᠠᠭᠤᠷ ᠶᠠᠪᠤᠬᠤ ᠶᠢ ᠴᠡᠭᠡᠷᠯᠡᠬᠦ᠂ ᠵᠦᠷᠢᠴᠡᠪᠡᠯ ᠠᠮᠠᠨ ᠬᠡᠰᠢᠭ ᠲᠤ ᠮᠠᠭᠤ ᠭᠡᠬᠦ︔ ᠠᠮᠤ ᠪᠤᠳᠠᠭ᠎ᠠ ᠶᠢ ᠡᠳ᠋ᠯᠡᠵᠦ ᠬᠡᠷᠡᠭᠯᠡᠬᠦ ᠲᠤᠬᠠᠢ ᠴᠡᠭᠡᠷ ᠭᠡᠪᠡᠯ᠂ ᠠᠮᠤ ᠨᠦᠳᠦᠬᠦ ᠳᠤ ᠪᠠᠨ ᠲᠤᠭᠠᠯᠠᠪᠠᠯ ᠲᠠᠷᠢᠶᠠᠨ ᠤ ᠤᠷᠭᠤᠴᠠ ᠮᠠᠭᠤᠲᠠᠨ᠎ᠠ ᠭᠡᠬᠦ︔ ᠠᠮᠤ ᠪᠤᠳᠠᠭ᠎ᠠ ᠶᠢ ᠪᠤᠰᠤᠳ ᠲᠤ ᠰᠠᠪᠠ ᠳᠤᠮᠳᠠᠭᠤᠷ ᠦᠭᠪᠡᠯ᠂ ᠬᠦᠩᠭᠦᠷ ᠤᠩᠬᠤᠭᠠᠷ ᠴᠢᠷᠠᠢ ᠲᠠᠢ ᠬᠡᠤᠬᠡᠳ ᠲᠦᠷᠦᠨ᠎ᠡ ᠭᠡᠬᠦ︔ ᠠᠮᠤ ᠪᠤᠳᠠᠭ᠎ᠠ ᠪᠠᠷ ᠨᠠᠭᠠᠳᠬᠤ ᠪᠣᠶᠣ ᠲᠡᠭᠦᠨ ᠢ ᠠᠰᠬᠠᠪᠠᠯ ᠲᠡᠭᠷᠢ ᠳᠤ ᠪᠤᠷᠤᠭᠤ ᠦᠵᠡᠭᠳᠡᠨ᠎ᠡ ᠭᠡᠬᠦ︔ ᠪᠤᠳᠠᠭ᠎ᠠ ᠶᠢ ᠲᠠᠭᠠᠷᠴᠤᠭ ᠰᠠᠪᠠ ᠪᠠᠷ ᠲᠤᠭᠤᠭ᠎ᠠ ᠤᠷᠤᠭᠤ ᠦᠢᠪᠡᠯ᠂ ᠦᠭᠡᠶᠢᠷᠡᠵᠦ ᠬᠤᠭᠤᠰᠤᠷᠠᠨ᠎ᠠ ᠭᠡᠬᠦ ᠮᠡᠲᠦ᠃ ᠲᠠᠷᠢᠶᠠᠯᠠᠩ ᠤᠨ ᠪᠠᠭᠠᠵᠢ ᠭᠡᠷᠡᠭᠰᠡᠯ ᠲᠠᠢ ᠬᠤᠯᠪᠤᠭᠳᠠᠬᠤ ᠴᠡᠭᠡᠷ ᠭᠡᠪᠡᠯ᠂ ᠪᠣᠯᠣ ᠴᠢᠯᠠᠭᠤᠨ ᠤ ᠨᠦᠬᠦ ᠶᠢ ᠱᠠᠭᠠᠶᠢᠪᠠᠯ ᠴᠢᠳᠭᠦᠷ ᠲᠤ ᠨᠢᠭᠤᠷ ᠢᠶᠠᠨ ᠦᠵᠡᠭᠦᠯᠦᠨ᠎ᠡ ᠭᠡᠬᠦ︔ ᠲᠡᠭᠡᠷᠮ᠎ᠡ ᠶᠢ ᠪᠤᠷᠤᠭᠤ ᠬᠠᠨᠳᠤᠭᠤᠯᠵᠤ ᠡᠷᠭᠢᠭᠦᠯᠪᠡᠯ ᠡᠷᠭᠢᠭᠦᠦ ᠲᠡᠨᠡᠭ ᠪᠤᠯᠤᠨ᠎ᠠ ᠭᠡᠬᠦ︔ ᠲᠡᠷᠭᠡ ᠶᠢ ᠭᠡᠷ ᠵᠦᠭ ᠬᠠᠨᠳᠤᠭᠤᠯᠵᠤ ᠪᠠᠭᠤᠯᠭᠠᠪᠠᠯ᠂ ᠭᠡᠷ ᠤᠨ ᠰᠦᠯᠳᠡ ᠰᠠᠬᠢᠭᠤᠰᠤ ᠶᠢ ᠳᠠᠷᠤᠨ᠎ᠠ ᠭᠡᠬᠦ ᠮᠡᠲᠦ ᠤᠯᠠᠨ ᠴᠡᠭᠡᠷ ᠪᠣᠢ᠃      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号