ᠦᠷᠢᠶ᠎ᠡ ᠬᠦᠩᠭᠡᠯᠡᠨ ᠵᠠᠰᠠᠬᠤ ᠳᠤ ᠬᠤᠯᠪᠤᠭᠳᠠᠬᠤ ᠪᠡᠯᠭᠡᠳᠡᠯ ᠴᠡᠭᠡᠷ ᠤᠨ ᠶᠣᠰᠤᠨ
ᠨᠡᠶᠢᠲᠡᠯᠡᠭᠰᠡᠨ ᠴᠠᠭ᠄
2021/1/22
     ᠬᠦᠩᠭᠡᠯᠡᠬᠦ ᠦᠷᠢᠶ᠎ᠡ ᠳᠡᠭᠡᠨ ᠴᠠᠭᠠᠨ ᠢᠰᠡᠭᠡᠢ ᠳᠡᠪᠢᠰᠴᠦ ᠦᠭᠬᠦ ᠨᠢ ᠮᠣᠩᠭᠤᠯᠴᠤᠳ ᠤᠨ ᠠᠯᠢᠪᠠ ᠠᠵᠢᠯ ᠤᠨ ᠦᠭᠡᠳᠡ ᠡᠰᠡᠷᠡᠭ᠂ ᠰᠠᠭᠠᠳ ᠬᠠᠷᠰᠢ ᠦᠭᠡᠢ ᠪᠠᠶᠢᠬᠤ ᠶᠢ ᠪᠡᠯᠭᠡᠳᠡᠵᠦ ᠪᠠᠶᠢᠭ᠎ᠠ ᠶᠠᠪᠤᠳᠠᠯ ᠪᠦᠭᠡᠳ ᠲᠤᠯᠭ᠎ᠠ ᠭᠠᠯ ᠤᠨ ᠰᠤᠷ ᠢ ᠦᠨᠳᠦᠷ ᠮᠠᠨᠳᠣᠭᠤᠯᠵᠣ ᠪᠠᠶᠢᠬᠤ ᠨᠢ ᠭᠠᠯ ᠭᠤᠯᠤᠮᠲᠠ ᠪᠠᠨ ᠬᠦᠭᠵᠢᠭᠡᠨ ᠮᠠᠨᠳᠣᠭᠤᠯᠵᠣ ᠠᠳᠣᠭᠤᠨ ᠰᠦᠷᠦᠭ ᠤᠨ ᠢᠶᠠᠨ ᠦᠷᠨᠢᠭᠦᠨ ᠢᠶᠠᠷ ᠦᠰᠬᠦ ᠶᠢ ᠵᠦᠩᠨᠡᠵᠦ ᠪᠠᠶᠢᠭ᠎ᠠ ᠶᠠᠪᠤᠳᠠᠯ ᠶᠤᠮ᠃ ᠠᠷᠴᠠ ᠬᠦᠵᠢ ᠪᠠᠷ ᠰᠠᠩ ᠲᠠᠯᠪᠢᠨ ᠠᠷᠢᠭᠤᠳᠬᠠᠬᠤ ᠨᠢ ᠬᠤᠲᠠ ᠣᠰᠣᠨ ᠤ ᠪᠠᠨ ᠠᠳᠤᠭᠤ ᠮᠠᠯ ᠤᠨ ᠡᠩᠬᠡ ᠲᠦᠪᠰᠢᠨ ᠪᠠᠶᠢᠬᠤ ᠶᠢ ᠪᠡᠯᠭᠡᠳᠡᠵᠦ ᠪᠠᠶᠢᠭ᠎ᠠ ᠤᠳᠬ᠎ᠠ ᠲᠠᠢ ᠶᠣᠮ᠃      ᠴᠡᠭᠡᠷ ᠬᠤᠷᠢᠭ᠎ᠠ ᠶᠢᠨ ᠲᠠᠯ᠎ᠠ ᠪᠠᠷ ᠦᠷᠢᠶ᠎ᠡ ᠬᠠᠭᠠᠷᠢᠵᠤ ᠪᠠᠶᠢᠭ᠎ᠠ ᠭᠠᠵᠠᠷ ᠲᠤ ᠡᠮᠡᠭᠲᠡᠢ ᠬᠦᠮᠦᠨ ᠢ ᠤᠴᠢᠭᠤᠯᠳᠠᠭ ᠦᠭᠡᠢ᠃ ᠨᠡᠩ ᠢᠯᠡᠩᠭᠤᠶ᠎ᠠ ᠨᠤᠬᠠᠢ᠂ ᠭᠠᠭ᠋ᠠᠢ᠂ ᠮᠤᠤᠷ ᠵᠡᠷᠭᠡ ᠭᠡᠷ ᠤᠨ ᠲᠡᠵᠢᠭᠡᠪᠦᠷᠢ ᠶᠢᠨ ᠤᠶᠢᠷᠠᠳᠬᠤ ᠶᠢ ᠴᠢᠩᠭ᠎ᠠ ᠴᠡᠭᠡᠷᠯᠡᠨ᠎ᠡ᠃ ᠦᠷᠢᠶ᠎ᠡ ᠬᠦᠩᠭᠡᠯᠡᠬᠦ ᠪᠠᠶᠢᠷᠢ ᠲᠠᠯᠠᠪᠠᠢ ᠶᠢᠨ ᠤᠷᠴᠢᠨ ᠳᠤ ᠨᠢᠭᠡ ᠭᠠᠷᠠᠭ ᠤᠨ ᠳᠤᠲᠤᠷ᠎ᠠ ᠰᠢᠷᠤᠢ ᠬᠦᠳᠡᠯᠭᠡᠵᠦ ᠪᠣᠯᠬᠤ ᠦᠭᠡᠢ᠂ ᠨᠡᠩ ᠨᠦᠬᠡ ᠮᠠᠯᠲᠠᠵᠤ ᠪᠣᠯᠬᠤ ᠦᠭᠡᠢ ᠪᠠᠶᠢᠳᠠᠭ᠃ ᠡᠨᠡ ᠨᠢᠭᠡ ᠭᠠᠷᠠᠭ ᠤᠨ ᠳᠤᠲᠤᠷ᠎ᠠ ᠪᠠᠰᠠ ᠬᠦᠩᠭᠡᠯᠡᠭᠰᠡᠨ ᠦᠷᠢᠶ᠎ᠡ ᠶᠢ ᠬᠤᠷᠳᠤᠨ ᠭᠦᠶᠤᠯᠭᠡᠬᠦ᠂ ᠦᠷᠭᠦᠭᠡᠨ ᠰᠤᠴᠢᠭᠠᠬᠤ ᠶᠢ ᠴᠢᠩᠭ᠎ᠠ ᠴᠡᠭᠡᠷᠯᠡᠨ᠎ᠡ᠃       ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号