ᠦᠷᠢᠶ᠎ᠡ ᠬᠦᠩᠭᠡᠯᠡᠨ ᠵᠠᠰᠠᠬᠤ
ᠨᠡᠶᠢᠲᠡᠯᠡᠭᠰᠡᠨ ᠴᠠᠭ᠄
2021/1/8
     ᠣᠷᠢ ᠳᠤᠯᠠᠭᠠᠨ ᠬᠠᠪᠤᠷ ᠤᠨ ᠡᠬᠢ ᠨᠡᠬᠡᠭᠡᠭᠰᠡᠨ ᠬᠠᠩᠰᠢ ᠪᠣᠯᠬᠤ ᠲᠠᠢ ᠵᠡᠷᠭᠡ ᠪᠠᠷ ᠠᠷᠠᠴᠢᠯᠠᠭ᠎ᠠ ᠮᠠᠯᠯᠠᠭ᠎ᠠ ᠳᠤ ᠬᠤᠯᠪᠤᠭᠳᠠᠬᠤ ᠠᠯᠢ ᠤᠯᠠᠨ ᠮᠠᠯᠵᠢᠯ ᠤᠨ ᠠᠵᠢᠯ ᠦᠷᠨᠢᠭᠦᠨ  ᠬᠦᠭᠵᠢᠶᠡᠨ ᠲᠠᠢ ᠪᠠᠷ ᠡᠬᠢᠯᠡᠳᠡᠭ ᠪᠢᠯᠡ᠃ ᠤᠷᠭ᠎ᠠ ᠲᠤᠬᠤᠶᠢᠯᠠᠭᠰᠠᠨ ᠠᠳᠤᠭᠤᠴᠢᠳ ᠨᠠᠭᠠᠰᠢ ᠴᠠᠭᠠᠰᠢ ᠳᠠᠪᠬᠢᠯᠳᠤᠨ ᠶᠠᠭᠠᠬᠢᠬᠤ ᠶᠢᠨ ᠠᠷᠭ᠎ᠠ ᠦᠭᠡᠢ ᠶᠠᠭᠠᠷᠠᠯᠲᠠᠢ ᠪᠠᠶᠢᠳᠠᠭ ᠨᠢ ᠬᠦᠮᠦᠰ ᠤᠨ ᠰᠡᠳᠭᠢᠯ ᠢ ᠪᠠᠶᠠᠰᠬᠠᠨ᠎ᠠ᠃ ᠤᠯᠠᠨ ᠤ ᠮᠡᠳᠡᠭᠡᠵᠢ ᠪᠠᠷ ᠬᠠᠩᠰᠢ ᠪᠤᠯᠤᠭᠰᠠᠭᠠᠷ ᠬᠢᠵᠠᠭᠠᠯᠠᠩ ᠦᠷᠢᠶ᠎ᠡ ︵ᠳᠦᠷᠪᠡᠨ ᠨᠠᠰᠤᠲᠠᠢ ᠡᠷ᠎ᠡ ᠮᠤᠷᠢ︶ ᠶᠢ ᠠᠵᠢᠷᠭ᠎ᠠ ᠲᠠᠯᠪᠢᠬᠤ ᠠᠴᠠ ᠪᠣᠰᠣᠳ ᠢ ᠨᠢ ᠬᠦᠩᠭᠡᠯᠡᠨ ᠵᠠᠰᠠᠳᠠᠭ᠃ ᠪᠠᠰᠠ ᠦᠷᠢᠶ᠎ᠡ ᠡᠰᠭᠡᠬᠦ ᠭᠡᠬᠦ ᠪᠤᠶᠤ ᠦᠷᠢᠶ᠎ᠡ ᠬᠠᠭᠠᠷᠢᠬᠤ ᠭᠡᠳᠡᠭ᠃ ᠵᠠᠷᠢᠮ ᠭᠠᠵᠠᠷ ᠪᠠᠰᠠ ᠦᠷᠢᠶ᠎ᠡ ᠳᠤ ᠰᠠᠪᠰᠠᠭ᠎ᠠ ᠬᠢᠬᠦ ᠭᠡᠵᠦ ᠬᠡᠯᠡᠬᠦ ᠴᠤ ᠪᠣᠢ᠃      ᠦᠷᠢᠶ᠎ᠡ ᠶᠢ ᠬᠦᠩᠭᠡᠯᠡᠬᠦ ᠳᠡᠭᠡᠨ ᠤᠰᠤ ᠪᠡᠯᠴᠢᠭᠡᠷ ᠲᠤᠬᠢᠲᠠᠢ᠂ ᠠᠭᠤᠳᠠᠮ ᠲᠠᠯ᠎ᠠ ᠭᠠᠵᠠᠷ ᠪᠤᠶᠤ ᠴᠢᠭᠢᠭᠯᠢᠭ ᠭᠠᠵᠠᠷ ᠢ ᠰᠤᠩᠭᠤᠨ᠂ ᠲᠤᠭᠲᠠᠭᠰᠠᠨ ᠪᠠᠶᠢᠷᠢ ᠲᠠᠯᠠᠪᠠᠢ ᠪᠠᠶᠢᠭᠤᠯᠤᠭᠰᠠᠨ ᠴᠤ ᠪᠤᠯᠳᠠᠭ᠃ ᠭᠡᠬᠦ ᠳᠡᠭᠡᠨ ᠡᠯᠡᠰᠦ ᠮᠠᠩᠬᠠᠨ ᠠᠴᠠ ᠵᠠᠶᠢᠲᠠᠢ᠂ ᠮᠤᠳᠤ ᠰᠢᠭᠤᠢ ᠨᠢ ᠵᠤᠵᠠᠭᠠᠨ ᠦᠭᠡᠢ ᠪᠣᠯ ᠨᠡᠩ ᠰᠠᠶᠢᠨ ᠪᠠᠶᠢᠳᠠᠭ᠃      ᠦᠷᠢᠶ᠎ᠡ ᠬᠦᠩᠭᠡᠯᠡᠬᠦ ᠠᠶᠢᠯ ᠤᠨ ᠬᠢᠨ ᠬᠠᠩᠰᠢ ᠶᠢᠨ ᠡᠮᠦᠨ᠎ᠡ ᠡᠳᠦᠷ ᠠᠴᠠ ᠡᠬᠢᠯᠠᠨ ᠠᠶᠢᠯ ᠬᠤᠲᠠᠨ ᠤ ᠪᠠᠨ ᠠᠳᠤᠭᠤ ᠮᠠᠯ ᠳᠤ ᠳᠡᠮᠲᠡᠢ᠂ ᠬᠦᠴᠦ ᠲᠤᠷᠪᠢᠲᠡᠢ ᠵᠠᠯᠠᠭᠤᠴᠤᠳ ᠲᠠᠭᠠᠨ ᠴᠢᠮᠡᠭᠡ ᠲᠠᠷᠬᠠᠭᠠᠨ ᠬᠠᠪᠰᠤᠷᠤᠨ ᠳᠡᠮᠵᠢᠭᠦᠯᠬᠦ ᠪᠠᠷ ᠵᠠᠯᠠᠳᠠᠭ ᠪᠦᠭᠡᠳ ᠪᠠᠰᠠ ᠨᠤᠲᠤᠭ ᠤᠨ ᠲᠤᠮᠤᠭᠠᠲᠠᠳ ᠢ ᠤᠷᠢᠵᠤ ᠦᠷᠢᠶ᠎ᠡ ᠡᠰᠭᠡᠬᠦ ᠠᠵᠢᠯ ᠳᠠᠭᠠᠨ ᠦᠩᠭᠡ ᠨᠡᠮᠡᠭᠳᠡᠭᠦᠯᠳᠡᠭ ᠪᠢᠯᠡ᠃      ᠮᠠᠯᠴᠢᠳ ᠦᠷᠢᠶ᠎ᠡ ᠪᠠᠨ ᠴᠤᠭᠯᠠᠭᠠᠵᠤ ᠪᠠᠷᠠᠭᠰᠠᠨ ᠤ ᠳᠠᠷᠠᠭ᠎ᠠ ᠦᠷᠢᠶ᠎ᠡ ᠡᠰᠭᠡᠬᠦ ᠭᠠᠵᠠᠷ ᠢ ᠴᠡᠪᠡᠷᠯᠡᠨ᠂ ᠳᠦᠷᠪᠡᠨ ᠦᠨᠴᠦᠭ ᠲᠤᠨᠢ ᠬᠦᠵᠢ᠂ ᠠᠷᠴᠠ᠂ ᠠᠭᠠᠷᠣ ᠵᠡᠷᠭᠡ ᠰᠠᠶᠢᠬᠠᠨ ᠦᠨᠦᠷᠲᠦ ᠤᠷᠭᠤᠮᠠᠯ ᠢ ᠠᠰᠠᠭᠠᠨ ᠦᠨᠳᠦᠷ ᠰᠠᠩ ᠲᠠᠯᠪᠢᠵᠤ᠂ ᠪᠠᠰᠠ ᠲᠠᠯᠠᠪᠠᠢ ᠶᠢᠨ ᠳᠤᠮᠳᠠ ᠤᠷᠴᠢᠮ ᠳᠤ ᠲᠤᠯᠭ᠎ᠠ ᠲᠠᠯᠪᠢᠨ ᠠᠷᠭᠠᠯ ᠤᠨ ᠭᠠᠯ ᠬᠦᠭᠵᠢᠭᠡᠨ᠎ᠡ᠃ ᠦᠷᠢᠶ᠎ᠡ ᠬᠦᠩᠭᠡᠯᠡᠨ ᠵᠠᠰᠠᠭᠴᠢ ᠬᠦᠮᠦᠨ ᠬᠢᠲᠤᠭ᠎ᠠ᠂ ᠰᠠᠪᠰᠠᠯᠭ᠎ᠠ᠂ ᠢᠯᠢᠭᠦᠷ ᠵᠡᠷᠭᠡ ᠪᠠᠭᠠᠵᠢ ᠪᠠᠨ ᠤᠷᠢᠳ ᠢᠶᠠᠷ ᠬᠦᠵᠢ᠂ ᠠᠷᠴᠠ ᠪᠠᠷ ᠠᠷᠢᠭᠤᠳᠬᠠᠨ᠂ ᠳᠠᠷᠠᠭ᠎ᠠ ᠨᠢ ᠲᠤᠯᠭ᠎ᠠ ᠭᠠᠯ ᠤᠨ ᠳᠡᠭᠡᠭᠦᠷ ᠭᠤᠷᠪᠠᠨᠲᠠ ᠡᠷᠭᠢᠭᠦᠯᠦᠨ ᠡᠨᠡ ᠡᠳᠦᠷ ᠤᠨ ᠦᠷᠢᠶ᠎ᠡ ᠡᠰᠭᠡᠬᠦ ᠠᠵᠢᠯ ᠤᠨ ᠤᠷᠤᠭᠰᠢᠲᠠᠢ ᠪᠠᠶᠢᠬᠤ ᠶᠢ ᠵᠦᠩᠨᠡᠨ ᠪᠡᠯᠭᠡᠳᠡᠳᠡᠭ᠃      ᠳᠠᠷᠠᠭ᠎ᠠ ᠨᠢ ᠬᠦᠩᠭᠡᠯᠡᠬᠦ ᠦᠷᠢᠶ᠎ᠡ ᠢ ᠰᠠᠩ ᠤᠨ ᠤᠲᠤᠭᠠᠨ ᠤ ᠬᠠᠵᠠᠭᠤ ᠪᠠᠷ ᠬᠦᠲᠦᠯᠦᠨ ᠠᠪᠴᠤ ᠢᠷᠡᠭᠡᠳ᠂ ᠦᠷᠢᠶ᠎ᠡ ᠡᠰᠭᠡᠬᠦ ᠲᠠᠯᠠᠪᠠᠢ ᠶᠢᠨ ᠳᠤᠮᠳᠠ ᠤᠷᠴᠢᠮ ᠢᠶᠠᠷ ᠬᠦᠷᠴᠦ ᠦᠷᠢᠶ᠎ᠡ ᠶᠢᠨ ᠴᠤᠯᠪᠤᠭᠤᠷ ᠢ ᠵᠦᠪ ᠲᠠᠯ᠎ᠠ ᠠᠴᠠ ᠨᠢ ᠪᠤᠷᠤᠭᠤ ᠲᠡᠶᠢᠰᠢ ᠡᠷᠭᠢᠭᠦᠯᠦᠨ ᠶᠠᠭ ᠦᠷᠢᠶ᠎ᠡ ᠶᠢᠨ ᠬᠠᠮᠠᠷ ᠤᠨ ᠬᠢᠨᠢ ᠳᠡᠭᠡᠭᠦᠷ ᠪᠤᠷᠤᠭᠤ ᠲᠠᠯ᠎ᠠ ᠵᠦᠭ ᠨᠢ ᠬᠦᠴᠦᠯᠡᠨ ᠲᠠᠲᠠᠵᠤ ᠲᠤᠯᠤᠭᠠᠢ ᠶᠢ ᠨᠢ ᠪᠤᠷᠤᠭᠤ ᠲᠠᠯ᠎ᠠ ᠵᠦᠭ ᠨᠢ ᠬᠠᠨᠳᠤᠭᠤᠯᠵᠤ᠂ ᠳᠠᠷᠠᠭ᠎ᠠ ᠨᠢ ᠪᠠᠷᠠᠭᠤᠨ ᠭᠠᠷ ᠤᠨ ᠲᠤᠬᠤᠢ ᠪᠠᠷ ᠢᠶᠠᠨ ᠦᠷᠢᠶ᠎ᠡ ᠶᠢᠨ ᠪᠤᠷᠤᠭᠤ ᠲᠠᠯ᠎ᠠ ᠶᠢᠨ ᠮᠤᠨᠳᠠᠭ᠎ᠠ ᠶᠢ ᠪᠡᠶ᠎ᠡ ᠶᠢᠨ ᠵᠦᠭ ᠢᠶᠠᠨ ᠢᠳᠡᠯᠡᠨ ᠳᠠᠷᠤᠬᠤ ᠳᠤ ᠦᠷᠢᠶ᠎ᠡ ᠵᠤᠭᠰᠤᠵᠤ ᠳᠡᠶᠢᠯᠬᠦ ᠦᠭᠡᠢ ᠶᠠᠭ ᠬᠡᠪᠲᠡᠬᠦ ᠪᠠᠶᠢᠳᠠᠯ ᠳᠤ ᠤᠷᠤᠬᠤ ᠳᠤ ᠪᠣᠰᠣᠳ ᠵᠠᠯᠠᠭᠤᠴᠤᠳ ᠬᠦᠵᠦᠭᠦᠦ ᠰᠡᠭᠦᠵᠢ ᠶᠢ ᠨᠢ ᠳᠤᠷᠤᠭᠰᠢ ᠳᠠᠷᠤᠵᠤ ᠦᠷᠢᠶ᠎ᠡ ᠶᠢ ᠤᠨᠠᠭᠠᠳᠠᠭ ︵ᠡᠭᠦᠨ ᠢ ᠦᠷᠢᠶ᠎ᠡ ᠤᠨᠠᠭᠠᠬᠤ ᠭᠡᠳᠡᠭ︶᠃      ᠦᠷᠢᠶ᠎ᠡ ᠪᠠᠨ ᠤᠨᠠᠭᠠᠭᠰᠠᠨ ᠤ ᠬᠤᠶᠢᠨ᠎ᠠ ᠲᠤᠯᠤᠭᠠᠢ ᠶᠢ ᠨᠢ ᠬᠤᠶᠢᠰᠢ ᠬᠠᠨᠳᠤᠭᠤᠯᠤᠨ ᠨᠦᠷᠤᠭᠤᠨ ᠳᠤᠤᠷ᠎ᠠ  ᠨᠢ ᠪᠠᠭ᠋ᠠᠨ ᠬᠤᠲᠤᠭᠤᠷ ᠰᠢᠭ᠋ ᠪᠤᠯᠭᠠᠵᠤ ᠳᠦᠷᠪᠡᠨ ᠬᠦᠯ ᠢ ᠨᠢ ᠳᠡᠭᠡᠭᠰᠢ ᠬᠠᠨᠳᠤᠭᠤᠯᠤᠨ ᠬᠡᠪᠲᠡᠭᠦᠯᠦᠨ᠎ᠡ᠃ ᠳᠠᠷᠠᠭ᠎ᠠ  ᠨᠢ ᠦᠷᠦᠭᠡᠯ ᠤᠨ ᠠᠯᠠᠭ᠎ᠠ ᠪᠠᠷ ᠳᠦᠷᠪᠡᠨ ᠬᠦᠯ ᠢ ᠨᠢ ᠳᠡᠪᠲᠦᠭᠡᠵᠦ᠂ ᠳᠠᠬᠢᠨ ᠤᠷᠲᠤ ᠳᠡᠭᠡᠰᠦ ᠶᠢ ᠦᠷᠦᠭᠡᠯ ᠤᠨ ᠠᠯᠠᠭ᠎ᠠ ᠳᠤ ᠵᠠᠯᠭᠠᠨ ᠬᠤᠶᠢᠲᠤ ᠬᠤᠶᠠᠷ ᠬᠦᠯ ᠢ ᠨᠢ ᠲᠤᠯᠤᠭᠠᠢ ᠵᠦᠭ ᠨᠢ ᠬᠦᠴᠦᠲᠡᠢ ᠲᠠᠲᠠᠵᠤ ᠪᠠᠶᠢᠪᠠᠯ ᠪᠣᠯᠴᠢᠬᠠᠨ᠎ᠠ᠃ ᠡᠨᠡ ᠦᠶ᠎ᠡ ᠳᠤ ᠭᠡᠷ ᠤᠨ ᠡᠵᠡᠨ ᠴᠠᠭᠠᠨ ᠢᠰᠡᠭᠡᠢ ᠠᠪᠴᠢᠷᠠᠨ ᠦᠷᠢᠶ᠎ᠡ ᠶᠢᠨ ᠬᠤᠶᠠᠷ ᠭᠤᠶ᠎ᠠ ᠶᠢᠨ ᠳᠤᠤᠷ᠎ᠠ ᠳᠡᠪᠢᠰᠴᠦ ᠲᠠᠯᠪᠢᠨ᠎ᠠ᠃ ᠵᠠᠰᠠᠭᠴᠢ ᠬᠦᠮᠦᠨ ᠰᠠᠪᠠᠨ ᠳᠤ ᠪᠦᠯᠢᠶᠡᠨ ᠤᠰᠤ ᠬᠢᠵᠦ ᠠᠪᠴᠢᠷᠠᠨ ᠦᠷᠢᠶ᠎ᠡ ᠶᠢᠨ ᠪᠦᠭᠡᠷ᠎ᠡ ᠶᠢᠨ ᠬᠠᠪᠳᠠᠭ ᠢ ᠰᠠᠶᠢᠲᠤᠷ ᠤᠬᠢᠶᠠᠨ ᠴᠡᠪᠡᠷᠯᠡᠭᠡᠳ ᠳᠠᠪᠤᠰᠤ ᠲᠠᠢ ᠤᠰᠤ ᠪᠠᠷ ᠱᠠᠪᠰᠢᠵᠤ᠂ ᠵᠡᠭᠦᠨ ᠭᠠᠷ ᠢᠶᠠᠷ ᠢᠶᠠᠨ ᠦᠷᠢᠶ᠎ᠡ ᠶᠢᠨ ᠪᠦᠭᠡᠷ᠎ᠡ ᠶᠢᠨ ᠬᠠᠪᠳᠠᠭ ᠢ ᠬᠦᠴᠦᠯᠡᠨ ᠠᠳᠬᠤᠵᠤ ᠬᠤᠶᠠᠷ ᠪᠦᠭᠡᠨᠰᠦᠭ ᠢ ᠨᠢ ᠢᠯᠡ ᠪᠣᠯᠭᠠᠭᠰᠠᠨ ᠤ ᠳᠠᠷᠠᠭ᠎ᠠ ᠬᠤᠷᠴᠠ ᠬᠢᠲᠤᠭ᠎ᠠ ᠪᠠᠷ ᠪᠦᠭᠡᠨᠰᠦᠭ ᠤᠨ ᠳᠡᠭᠡᠷ᠎ᠡ ᠲᠠᠯ᠎ᠠ ᠳᠤ ᠭᠤᠯᠳᠤ ᠪᠠᠷ ᠠᠳᠠᠯᠢ ᠤᠷᠲᠤ ᠡᠰᠭᠡᠨ᠎ᠡ ︵ᠡᠭᠦᠨ ᠢ ᠦᠷᠢᠶ᠎ᠡ ᠡᠰᠭᠡᠬᠦ ᠭᠡᠳᠡᠭ︶᠃ ᠳᠠᠷᠠᠭ᠎ᠠ ᠨᠢ ᠦᠷᠢᠶ᠎ᠡ ᠶᠢᠨ ᠪᠦᠭᠡᠷ᠎ᠡ ᠶᠢᠨ ᠬᠠᠪᠳᠠᠭ ᠢ ᠬᠦᠴᠦᠲᠡᠢ ᠰᠢᠬᠠᠵᠤ ᠬᠤᠶᠠᠷ ᠲᠠᠯ᠎ᠠ ᠶᠢᠨ ᠪᠦᠭᠡᠨᠰᠦᠭ ᠢ ᠬᠠᠪᠳᠠᠭ ᠠᠴᠠ ᠨᠢ ᠰᠢᠬᠠᠵᠤ ᠭᠠᠷᠭᠠᠭᠠᠳ ᠰᠠᠪᠰᠠᠯᠭ᠎ᠠ ᠪᠠᠷ ᠬᠤᠶᠠᠷ ᠪᠦᠭᠡᠨᠰᠦᠭ ᠤᠨ ᠳᠤᠤᠷ᠎ᠠ ᠲᠠᠯ᠎ᠠ ᠶᠢᠨ ᠭᠤᠤᠷᠰᠤ ᠶᠢ ᠴᠢᠩᠭ᠎ᠠ ᠬᠠᠪᠴᠢᠨ᠂ ᠰᠠᠪᠰᠠᠯᠭ᠎ᠠ ᠶᠢᠨ ᠬᠤᠶᠠᠷ ᠦᠵᠦᠭᠦᠷ ᠤᠨ ᠴᠦ᠋ ᠶᠢ ᠴᠢᠩᠭ᠎ᠠ ᠴᠦᠳᠡᠵᠦ᠂ ᠲᠤᠯᠭᠠᠨ ᠳᠤ ᠤᠯᠠᠶᠢᠯᠭᠠᠵᠤ ᠪᠠᠶᠢᠭᠰᠠᠨ ᠢᠯᠡᠭᠦᠷ ᠢᠶᠠᠷ ᠰᠠᠪᠰᠠᠯᠭ᠎ᠠ ᠳᠤ ᠬᠠᠪᠴᠢᠭᠳᠠᠵᠤ ᠪᠠᠶᠢᠭ᠎ᠠ ᠪᠦᠭᠡᠨᠰᠦᠭ ᠤᠨ ᠤᠷᠲᠤ ᠭᠤᠤᠷᠰᠤ ᠶᠢ ᠬᠠᠭᠠᠷᠢᠨ᠎ᠠ ︵ᠡᠭᠦᠨ ᠢ ᠦᠷᠢᠶ᠎ᠡ ᠬᠠᠭᠠᠷᠢᠬᠤ ᠭᠡᠳᠡᠭ︶᠃ ᠲᠡᠭᠡᠭᠡᠳ ᠬᠤᠶᠠᠷ ᠲᠠᠯ᠎ᠠ ᠶᠢᠨ ᠪᠦᠭᠡᠨᠰᠦᠭ ᠬᠠᠭᠠᠷᠢᠭᠳᠠᠨ ᠲᠠᠰᠤᠷᠠᠵᠤ ᠤᠨᠠᠭᠰᠠᠨ ᠤ ᠳᠠᠷᠠᠭ᠎ᠠ ᠵᠠᠰᠠᠭᠴᠢ ᠠᠴᠠ ᠦᠷᠢᠶ᠎ᠡ ᠶᠢᠨ ᠪᠦᠭᠡᠷ᠎ᠡ ᠶᠢᠨ ᠬᠠᠪᠳᠠᠭ ᠪᠠ ᠭᠤᠤᠷᠰᠤ ᠶᠢᠨ ᠦᠵᠦᠭᠦᠷ ᠢ ᠳᠠᠪᠤᠰᠤ ᠲᠠᠢ ᠤᠰᠤ ᠪᠠᠷ ᠰᠠᠶᠢᠲᠤᠷ ᠱᠠᠪᠰᠢᠵᠤ ᠳᠠᠷᠠᠭ᠎ᠠ  ᠨᠢ ᠦᠷᠢᠶ᠎ᠡ ᠶᠢᠨ ᠬᠢᠯᠭᠠᠰᠤᠨ ᠰᠡᠭᠦᠯ ᠢ ᠴᠠᠭᠠᠨ ᠱᠠ ᠪᠦᠰ ᠢᠶᠠᠷ ᠴᠢᠩᠭ᠎ᠠ ᠤᠷᠢᠶᠠᠵᠤ ᠤᠶᠠᠭᠠᠳ ᠦᠷᠢᠶ᠎ᠡ ᠪᠠᠨ ᠪᠤᠰᠬᠠᠨ᠎ᠠ᠃ ᠦᠷᠢᠶ᠎ᠡ ᠪᠣᠰᠴᠣ ᠵᠤᠭᠰᠤᠭᠠᠳ ᠤᠷᠤᠭᠰᠢ ᠠᠯᠬᠤᠬᠤ ᠦᠶ᠎ᠡ ᠳᠤ ᠵᠠᠰᠠᠭᠴᠢ ᠬᠦᠮᠦᠨ ᠦᠷᠢᠶ᠎ᠡ ᠶᠢᠨ ᠰᠡᠭᠦᠯ ᠤᠨ ᠦᠵᠦᠭᠦᠷ ᠠᠴᠠ ᠠᠳᠬᠤᠨ ᠠᠪᠴᠤ ᠭᠤᠷᠪᠠᠨᠲᠠ ᠴᠢᠩᠭᠠᠭᠠᠭᠠᠳ ︽ᠲᠦᠮᠡᠨ ᠠᠭᠲᠠ ᠶᠢᠨ ᠲᠦᠷᠦᠭᠦᠦ᠂ ᠮᠢᠩᠭᠠᠨ ᠠᠭᠲᠠ ᠶᠢᠨ ᠮᠠᠩᠯᠠᠢ᠂ ᠡᠵᠡᠨ ᠤ ᠪᠠᠨ ᠰᠠᠶᠢᠨ ᠬᠦᠯᠦᠭ ᠪᠤᠯᠲᠤᠭᠠᠢ︾ ᠭᠡᠵᠦ ᠢᠷᠦᠭᠡᠭᠡᠳ ᠲᠠᠯᠪᠢᠵᠤ ᠶᠠᠪᠤᠭᠤᠯᠤᠨ᠎ᠠ᠃ ᠦᠷᠢᠶ᠎ᠡ ᠶᠢᠨ ᠰᠡᠭᠦᠯ ᠢ ᠴᠢᠩᠭᠠᠭᠠᠬᠤ ᠨᠢ ᠪᠠᠰᠠ ᠤᠴᠢᠷ ᠲᠠᠢ᠃ ᠡᠭᠦᠨ ᠳᠤ ᠨᠢᠭᠡ ᠲᠠᠯ᠎ᠠ ᠪᠠᠷ ᠦᠷᠢᠶ᠎ᠡ ᠶᠢᠨ ᠴᠢᠳᠠᠯ ᠲᠤᠷᠪᠢ ᠶᠢ ᠦᠵᠡᠳᠡᠭ᠂ ᠨᠦᠭᠦᠭᠡ ᠲᠠᠯ᠎ᠠ ᠪᠠᠷ ᠵᠠᠷᠢᠮ ᠦᠷᠢᠶ᠎ᠡ ᠲᠦᠷᠦᠯᠬᠢ ᠶᠠᠰᠤᠨ ᠰᠡᠭᠦᠯ ᠨᠢ ᠪᠠᠭ᠎ᠠ ᠮᠤᠷᠤᠢ ᠪᠠᠶᠢᠳᠠᠭ᠂ ᠬᠦᠩᠭᠡᠯᠡᠨ ᠵᠠᠰᠠᠭᠰᠠᠨ ᠤ ᠳᠠᠷᠠᠭ᠎ᠠ ᠵᠠᠰᠠᠭᠴᠢ ᠠᠴᠠ ᠡᠪ ᠵᠦᠢᠲᠡᠢ ᠲᠠᠲᠠᠵᠤ ᠦᠭᠭᠦᠭᠰᠡᠨ ᠠᠴᠠ ᠦᠷᠢᠶ᠎ᠡ ᠶᠢᠨ ᠡᠰᠭᠡᠭᠰᠡᠨ ᠰᠢᠷᠬ᠎ᠠ ᠴᠢᠮᠳᠠᠭ᠎ᠠ ᠨᠢ ᠡᠳᠡᠭᠡᠷᠡᠬᠦ ᠶᠢᠨ ᠬᠠᠮᠲᠤ ᠰᠡᠭᠦᠯ ᠨᠢ ᠪᠠᠰᠠ ᠠᠰᠬᠠᠨ ᠪᠤᠯᠤᠭᠠᠳ ᠵᠠᠰᠠᠷᠠᠳᠠᠭ᠃      ᠦᠷᠢᠶ᠎ᠡ ᠬᠦᠩᠭᠡᠯᠡᠬᠦ ᠠᠵᠢᠯ ᠳᠠᠭᠤᠰᠤᠭᠰᠠᠨ ᠤ ᠳᠠᠷᠠᠭ᠎ᠠ ᠲᠤᠰ ᠠᠶᠢᠯ ᠤᠨ ᠬᠢᠨ ᠪᠣᠯᠣᠨ ᠴᠤᠭᠯᠠᠷᠠᠨ ᠢᠷᠡᠭᠰᠡᠨ ᠬᠦᠮᠦᠰ ᠪᠠᠶᠢᠨ ᠳᠠᠬᠢᠨ ᠦᠨᠳᠦᠷ ᠰᠠᠩ ᠳᠤ ᠬᠦᠵᠢ᠂ ᠠᠷᠴᠠ᠂ ᠠᠭᠠᠷᠣ ᠵᠡᠷᠭᠡ ᠶᠢ ᠨᠡᠮᠡᠵᠦ ᠠᠯᠲᠠᠨ ᠰᠠᠩ ᠤᠨ ᠠᠩᠭᠢᠯᠤᠮ᠎ᠠ ᠦᠨᠦᠷ ᠢ ᠠᠭᠠᠷ ᠲᠡᠭᠷᠢ ᠳᠤ  ᠮᠠᠨᠳᠤᠭᠤᠯᠵᠤ ᠪᠠᠶᠢᠳᠠᠭ ᠪᠦᠭᠡᠳ ᠨᠠᠰᠤᠲᠠᠶᠢᠴᠤᠳ ᠲᠤᠯᠭ᠎ᠠ ᠲᠤᠭᠤᠷᠢᠨ ᠰᠠᠭᠤᠵᠤ ᠭᠠᠯ ᠨᠠᠮᠠᠬᠦ ᠶᠢᠨ ᠬᠠᠮᠲᠤ ᠦᠷᠢᠶ᠎ᠡ ᠶᠢᠨ ᠬᠦᠭᠡᠨᠰᠦᠭ ᠢ ᠰᠢᠷᠠᠵᠤ ᠢᠳᠡᠨ᠂ ᠠᠮᠲᠠᠲᠤ ᠰᠠᠷᠬᠤᠳ ᠢᠶᠠᠨ ᠪᠠᠯᠭᠤᠬᠤ ᠶᠢᠨ ᠬᠠᠮᠲᠤ ᠤᠷᠳᠤ ᠶᠢᠨ ᠳᠠᠭᠤᠤ ᠪᠠᠨ ᠬᠠᠩᠭᠢᠨᠠᠭᠤᠯᠤᠨ᠎ᠠ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号