ᠨᠠᠮᠤᠷ ᠤᠨ ᠤᠯᠠᠷᠢᠯ ᠤᠨ ᠶᠢᠰᠦᠳᠦᠭᠡᠷ ᠰᠠᠷ᠎ᠠ ᠶᠢᠨ ᠡᠬᠢ ᠪᠣᠶᠣ ᠳᠤᠮᠳᠠᠴᠢ ᠪᠠᠷ ᠮᠣᠩᠭᠤᠯ ᠲᠠᠷᠢᠶ᠎ᠠ | ︽ᠮᠠᠨᠳᠠᠭᠠᠰᠤ︾ ᠪᠠᠨ ᠬᠠᠳᠤᠨ᠎ᠠ᠃ ᠪᠣᠯᠪᠠᠰᠤᠷᠠᠭᠰᠠᠨ ᠲᠠᠷᠢᠶ᠎ᠠ ᠶᠢ ︽ᠬᠠᠪᠢᠷᠴᠤ ᠤᠨᠠᠬᠤ︾ ᠠᠴᠠ ᠡᠮᠦᠨ᠎ᠡ ᠬᠠᠳᠤᠬᠤ ᠪᠣᠯ | ᠮᠠᠰᠢ ᠴᠢᠬᠤᠯᠠ ᠶᠤᠮ᠃ ᠲᠠᠷᠢᠶ᠎ᠠ ᠬᠠᠳᠤᠬᠤ ᠳᠤ ᠮᠣᠩᠭᠤᠯ ᠠᠮᠤ ᠶᠢᠨ ᠨᠠᠶᠢᠯᠵᠠᠭᠤᠷ ᠢᠶᠠᠷ ᠨᠢ ᠲᠦᠭᠦᠷᠢᠭ | ︵ᠲᠤᠭᠤᠶᠢᠯᠢᠭ︶ ᠬᠠᠳᠤᠭᠤᠷ ᠢᠶᠠᠷ ᠬᠠᠳᠤᠵᠤ᠂ ᠵᠡᠭᠦᠨ ᠲᠠᠰᠢᠶᠠᠨ ᠳᠤ ᠪᠠᠨ ᠲᠣᠯᠤᠭᠠᠢ ᠶᠢ ᠨᠢ ᠭᠠᠳᠠᠭᠰᠢ ᠬᠠᠨᠳᠤᠭᠤᠯᠤᠨ | ᠰᠤᠭᠤᠪᠴᠢᠯᠠᠵᠤ᠂ ᠰᠤᠭᠤᠪᠴᠢ ᠲᠦᠭᠦᠷᠬᠦ ᠪᠦᠷᠢ ᠲᠠᠷᠢᠶ᠎ᠠ ᠲᠣᠯᠤᠭᠠᠢ ᠪᠠᠨ ᠬᠤᠶᠢᠲᠦ ᠵᠦᠭ ᠬᠠᠨᠳᠤᠭᠤᠯᠤᠨ ᠲᠠᠯᠪᠢᠨ᠎ᠠ᠃ | ᠡᠨᠡ ᠪᠣᠯ ᠳᠠᠷᠤᠢ ᠨᠢᠭᠡ ᠰᠣᠭᠤᠪᠴᠢ ᠲᠠᠷᠢᠶ᠎ᠠ ᠪᠣᠯᠤᠨ᠎ᠠ᠃ ᠡᠭᠦᠨ ᠢ ︽ᠰᠤᠭᠤᠪᠴᠢ ᠲᠠᠯᠪᠢᠬᠤ︾ ᠭᠡᠳᠡᠭ᠃ | ᠡᠳᠦᠷ ᠤᠨ ᠬᠠᠳᠤᠭᠰᠠᠨ ᠲᠠᠷᠢᠶ᠎ᠠ ᠪᠠᠨ ᠡᠳᠦᠷ ᠲᠤ ᠪᠠᠨ ᠪᠤᠭᠤᠵᠤ ᠲᠠᠯᠪᠢᠨ᠎ᠠ᠃ ᠲᠠᠷᠢᠶᠠᠨ ᠪᠤᠭᠤᠵᠢ ᠶᠢ | ᠲᠡᠭᠦᠭᠰᠡᠨ ᠳᠡᠷᠡᠰᠦ ᠪᠤᠶᠤ ᠠᠯᠠᠭᠰᠠᠨ ᠪᠤᠷᠭᠠᠰᠤ ︵ᠪᠤᠷᠭᠠᠰᠤᠨ ᠤ ᠨᠠᠮᠠᠭᠠᠨ ᠲᠠᠯ᠎ᠠ ᠶᠢ ᠬᠦᠯ ᠳᠤᠤᠷ᠎ᠠ ᠪᠠᠨ ᠭᠢᠰᠬᠢᠵᠦ | ᠶᠤᠵᠤᠭᠤᠷ ᠤᠨ ᠬᠡᠰᠡᠭ ᠢ ᠬᠤᠶᠠᠷ ᠭᠠᠷ ᠢᠶᠠᠷ ᠢᠶᠠᠨ ᠮᠤᠰᠬᠢᠵᠦ ᠪᠠᠯᠪᠠᠯᠠᠬᠤ ᠶᠢ ᠠᠯᠠᠭᠰᠠᠨ ᠪᠤᠷᠭᠠᠰᠤ ᠭᠡᠳᠡᠭ︶ ᠪᠠᠷ | ᠬᠢᠳᠡᠭ᠃ ᠲᠡᠭᠡᠭᠡᠳ ᠠᠷᠪᠠᠨ ᠬᠤᠶᠠᠷ ᠪᠤᠶᠤ ᠠᠷᠪᠠᠨ ᠵᠢᠷᠭᠤᠭᠠᠨ ᠪᠤᠭᠤᠵᠢ ᠶᠢ ᠬᠤᠶᠠᠷ ᠮᠦᠷᠯᠡᠭᠦᠯᠦᠨ ᠲᠠᠯᠪᠢᠳᠠᠭ᠃ | ᠡᠭᠦᠨ ᠢ ︽ᠪᠤᠭᠤᠵᠢ ᠲᠠᠯᠪᠢᠬᠤ︾ ᠭᠡᠨ᠎ᠡ᠃ ᠭᠤᠷᠪᠠᠨ ᠰᠤᠭᠤᠪᠴᠢ ᠲᠠᠷᠢᠶ᠎ᠠ ᠪᠠᠷ ᠨᠢᠭᠡ ᠪᠤᠭᠤᠵᠢ ᠪᠣᠯᠭᠠᠨ᠂ | ᠪᠤᠭᠤᠵᠢ ᠪᠠᠨ ᠰᠤᠭᠤᠪᠴᠢ ᠲᠠᠯᠪᠢᠬᠤ ᠠᠷᠭ᠎ᠠ ᠪᠠᠷ ᠲᠠᠯᠪᠢᠳᠠᠭ᠃ | ᠲᠠᠷᠢᠶ᠎ᠠ ᠬᠠᠳᠤᠵᠤ ᠪᠠᠷᠠᠬᠤ ᠦᠶᠡᠰ ᠲᠠᠷᠢᠶᠠᠨ ᠡᠷᠭᠢᠭᠦᠯᠭᠡ ᠳᠡᠭᠡᠷ᠎ᠡ ᠪᠠᠨ ︽ᠲᠡᠭᠷᠢ ᠶᠢᠨ ᠬᠠᠷ᠎ᠠ ᠢᠮᠠᠭᠠᠨ ᠤ | ᠲᠠᠷᠢᠶ᠎ᠠ︾ ᠪᠠ ︽ᠬᠡᠦᠬᠡᠳ ᠤᠨ ᠲᠠᠷᠢᠶ᠎ᠠ︾ ᠭᠡᠵᠦ ᠲᠤᠰᠪᠦᠷᠢ ᠬᠡᠰᠡᠭ ᠲᠠᠷᠢᠶ᠎ᠠ ᠶᠢ ᠤᠷᠭᠤᠭ᠎ᠠ ᠪᠠᠷ ᠨᠢ ᠦᠯᠡᠳᠡᠭᠡᠨ | ᠬᠠᠳᠤᠳᠠᠭ ᠦᠭᠡᠢ᠃ ᠲᠠᠯᠪᠢᠭᠰᠠᠨ ᠪᠤᠭᠤᠵᠢ ᠶᠢ ᠪᠤᠭᠤᠵᠢᠯᠠᠬᠤ ᠳᠤ ᠪᠠᠨ ᠡᠬᠢᠯᠡᠵᠦ ᠬᠠᠳᠤᠭᠰᠠᠨ ᠬᠡᠰᠡᠭ ᠠᠴᠠ ᠡᠬᠢᠯᠡᠨ | ᠳᠡᠰ ᠳᠠᠷᠠᠭᠠᠯᠠᠨ ᠪᠤᠭᠤᠵᠢᠯᠠᠭᠠᠳ ᠦᠳᠦᠷᠮ᠎ᠡ ᠵᠦᠭ ᠲᠡᠭᠡᠭᠡᠬᠦ ᠪᠠᠷ ᠪᠡᠯᠡᠭᠡᠨ ᠪᠣᠯᠭᠠᠨ᠎ᠠ᠃ | | | | ︵ᠢᠷᠡᠯᠲᠡ᠄ ᠨᠠ᠊· ᠪᠣᠶᠠᠨᠬᠡᠰᠢᠭ ᠤᠨ ᠨᠠᠶᠢᠷᠠᠭᠤᠯᠤᠭᠰᠠᠨ ︽ᠮᠣᠩᠭᠤᠯ ᠲᠡᠦᠭᠡ ᠰᠤᠶᠤᠯ ᠤᠨ ᠰᠤᠩᠭᠤᠳᠠᠭ | ᠵᠤᠬᠢᠶᠠᠯ ᠤᠨ ᠬᠦᠮᠦᠷᠭᠡ᠂ ᠵᠠᠩ ᠦᠢᠯᠡ ᠶᠢᠨ ᠴᠤᠪᠤᠷᠠᠯ ︿ᠪᠠᠭᠠᠷᠢᠨ ᠵᠠᠩ ᠦᠢᠯᠡ﹀︾ ᠭᠡᠬᠦ ᠨᠣᠮ ᠠᠴᠠ ᠰᠤᠩᠭᠤᠨ | ᠰᠡᠶᠢᠷᠡᠭᠦᠯᠪᠡ᠃︶ |