ᠪᠢᠷᠠᠭᠤ ᠬᠦᠩᠭᠡᠯᠡᠨ ᠵᠠᠰᠠᠬᠤ
ᠨᠡᠶᠢᠲᠡᠯᠡᠭᠰᠡᠨ ᠴᠠᠭ᠄
2021/2/20
     ᠦᠬᠡᠷ ᠢ ᠪᠢᠷᠠᠭᠤ ᠪᠠᠶᠢᠬᠤ ᠳᠤᠨᠢ ᠬᠦᠩᠭᠡᠯᠡᠨ ᠵᠠᠰᠠᠨ᠎ᠠ᠃ ᠪᠢᠷᠠᠭᠤ ᠶᠢ ᠬᠦᠩᠭᠡᠯᠡᠨ ᠵᠠᠰᠠᠬᠤ ᠴᠠᠭ ᠨᠢ ᠶᠡᠷᠦᠩᠬᠡᠢ ᠳᠡᠭᠡᠨ ᠬᠠᠩᠰᠢ ᠶᠢᠨ ᠡᠳᠦᠷ ᠤᠨ ᠡᠮᠦᠨ᠎ᠡ ᠬᠤᠶᠢᠨ᠎ᠠ ᠪᠠᠷ ᠶᠠᠪᠤᠭᠳᠠᠨ᠎ᠠ᠃ ᠲᠤᠩᠭᠠᠯᠠᠭ ᠰᠠᠶᠢᠬᠠᠨ ᠡᠳᠦᠷ᠂ ᠦᠯᠵᠡᠶᠢᠲᠦ ᠰᠠᠶᠢᠨ ᠴᠠᠭ ᠢ ᠰᠣᠩᠭᠤᠨ ᠲᠤᠭᠲᠠᠭᠰᠠᠨ ᠤ ᠳᠠᠷᠠᠭ᠎ᠠ ᠠᠶᠢᠯ ᠬᠤᠲᠠ ᠪᠠᠷ ᠢᠶᠠᠨ ᠬᠦᠩᠭᠡᠯᠡᠬᠦ ᠪᠢᠷᠠᠭᠤ ᠪᠠᠨ ᠨᠢᠭᠡ ᠬᠠᠰᠢᠶᠠᠨ ᠳᠤ ᠴᠤᠭᠯᠠᠭᠤᠯᠤᠨ᠎ᠠ᠃ ᠭᠡᠷ ᠤᠨ ᠡᠵᠡᠨ ᠠᠴᠠ ᠠᠶᠢᠯ ᠬᠤᠲᠠ ᠶᠢᠨ ᠢᠶᠠᠨ ᠮᠠᠯ ᠬᠦᠩᠭᠡᠯᠡᠨ ᠵᠠᠰᠠᠬᠤ ᠳᠠᠭᠠᠨ ᠤᠷ᠎ᠠ ᠮᠡᠷᠭᠡᠵᠢᠯ ᠰᠠᠶᠢᠲᠠᠢ᠂ ᠭᠠᠷ ᠬᠦᠩᠭᠡᠨ ᠨᠢᠭᠡ ᠶᠢ ᠵᠠᠯᠠᠨ ᠠᠪᠴᠢᠷᠠᠵᠤ ᠪᠢᠷᠠᠭᠤ ᠪᠠᠨ ᠬᠦᠩᠭᠡᠯᠡᠭᠦᠯᠦᠨ᠎ᠡ᠃      ᠪᠢᠷᠠᠭᠤ ᠶᠢ ᠬᠦᠩᠭᠡᠯᠡᠨ ᠵᠠᠰᠠᠬᠤ ᠳᠤ ᠤᠯᠠᠨ ᠪᠠᠭᠠᠵᠢ ᠬᠡᠷᠡᠭᠯᠡᠳᠡᠭ ᠦᠭᠡᠢ᠂ ᠵᠢᠯ ᠪᠤᠯᠭᠠᠨ ᠤ ᠢᠰᠢᠭᠡ ᠬᠤᠷᠠᠭ᠎ᠠ ᠬᠦᠩᠭᠡᠯᠡᠨ ᠵᠠᠰᠠᠬᠤ ᠳᠤ ᠬᠡᠷᠡᠭᠯᠡᠳᠡᠭ ᠲᠤᠰᠬᠠᠢ ᠬᠢᠲᠤᠭ᠎ᠠ ᠪᠠᠨ ᠰᠠᠶᠢᠲᠤᠷ ᠪᠢᠯᠠᠭᠦᠳᠡᠵᠦ ᠬᠡᠷᠡᠭᠯᠡᠪᠡᠯ ᠪᠣᠯᠴᠢᠬᠠᠨ᠎ᠠ᠃ ᠭᠡᠷ ᠤᠨ ᠡᠵᠡᠨ ᠠᠴᠠ ᠪᠢᠷᠠᠭᠤᠨ ᠤ ᠬᠠᠰᠢᠶᠠᠨ ᠤ ᠡᠭᠦᠳᠡᠨ ᠤ ᠬᠤᠶᠠᠷ ᠲᠠᠯ᠎ᠠ ᠳᠤ ᠭᠠᠯ ᠬᠦᠭᠵᠢᠭᠡᠨ᠂ ᠬᠦᠵᠢ ᠪᠣᠶᠣ ᠠᠷᠴᠠ᠂ ᠠᠭᠠᠷᠤ ᠵᠡᠷᠭᠡ ᠦᠨᠦᠷᠲᠦ ᠤᠷᠭᠤᠮᠠᠯ ᠢ ᠠᠰᠠᠭᠠᠵᠤ᠂ ᠦᠨᠳᠦᠷ ᠰᠠᠩ ᠲᠠᠯᠪᠢᠨ ᠠᠷᠴᠠ ᠠᠭᠠᠷᠤ ᠶᠢᠨ ᠰᠠᠶᠢᠬᠠᠨ ᠦᠨᠦᠷ ᠢ ᠬᠠᠰᠢᠶ᠎ᠠ ᠬᠤᠲᠠ ᠳᠦᠭᠦᠷᠡᠩ ᠮᠠᠨᠳᠤᠭᠤᠯᠤᠨ᠎ᠠ᠃ ᠲᠡᠭᠡᠭᠡᠳ ᠭᠡᠷ ᠤᠨ ᠡᠵᠡᠨ ᠬᠦᠵᠢ ᠠᠰᠠᠭᠠᠨ ᠠᠪᠴᠤ ᠬᠠᠰᠢᠶ᠎ᠠ ᠬᠤᠷᠢᠶ᠎ᠠ ᠪᠠᠨ ᠠᠷᠢᠭᠤᠳᠬᠠᠨ᠎ᠠ᠃ ᠡᠨᠡ ᠦᠶ᠎ᠡ ᠳᠤ ᠪᠢᠷᠠᠭᠤ ᠵᠠᠰᠠᠭᠴᠢ ᠬᠦᠮᠦᠨ ᠭᠠᠷ ᠢᠶᠠᠨ ᠤᠬᠢᠶᠠᠨ ᠴᠡᠪᠡᠷᠯᠡᠭᠡᠳ ᠰᠠᠩ ᠤᠨ ᠤᠲᠤᠭᠠᠨ ᠳᠡᠭᠡᠭᠦᠷ ᠳᠠᠬᠢᠨ ᠭᠠᠷ ᠢᠶᠠᠨ ᠠᠷᠢᠭᠤᠳᠬᠠᠨ᠂ ᠵᠠᠷᠤᠳᠠᠯ ᠤᠨ ᠬᠢᠲᠤᠭ᠎ᠠ ᠪᠠᠨ ᠪᠠᠰᠠ ᠰᠠᠩ ᠤᠨ ᠤᠲᠤᠭᠠᠨ ᠳᠡᠭᠡᠭᠦᠷ ᠡᠷᠭᠢᠭᠦᠯᠵᠦ ᠠᠪᠤᠭᠠᠳ ᠪᠢᠷᠠᠭᠤᠨ ᠤ ᠬᠠᠰᠢᠶᠠᠨ ᠳᠤ ᠤᠷᠤᠨ᠎ᠠ᠃ ᠭᠡᠷ ᠤᠨ ᠡᠵᠡᠨ ᠵᠠᠩᠰᠢᠯ ᠶᠤᠰᠤ ᠪᠠᠷ ᠮᠤᠳᠤᠨ ᠰᠠᠭᠤᠯᠠᠭᠠᠨ ᠳᠠᠭᠠᠨ ᠳᠤᠮᠳᠠᠭᠤᠷ ᠰᠢᠭ᠋ ᠰᠦ ᠰᠠᠪᠠᠯᠠᠵᠤ᠂ ᠰᠠᠭᠤᠯᠠᠭᠠᠨ ᠤ ᠰᠡᠨᠵᠢᠨ ᠳᠤ ᠴᠠᠭᠠᠨ ᠲᠤᠷᠭᠠᠨ ᠬᠠᠳᠠᠭ ᠢ ᠲᠤᠨᠤᠯᠵᠢᠨ ᠬᠡᠯᠪᠡᠷᠢ ᠪᠠᠷ ᠵᠠᠩᠭᠢᠳᠤᠨ ᠤᠶᠠᠵᠤ᠂ ᠬᠦᠵᠢ ᠠᠷᠴᠠ ᠪᠠᠷ ᠰᠠᠭᠤᠯᠠᠭᠠᠨ ᠤ ᠠᠮᠠᠰᠠᠷ ᠢ ᠠᠷᠢᠭᠤᠳᠬᠠᠵᠤ ᠪᠠᠷᠠᠭᠰᠠᠨ ᠤ ᠳᠠᠷᠠᠭ᠎ᠠ ᠰᠠᠭᠤᠯᠠᠭ᠎ᠠ ᠲᠠᠢ ᠰᠦ ᠪᠠᠨ ᠪᠢᠷᠠᠭᠤ ᠵᠠᠰᠠᠭᠴᠢ ᠶᠢᠨ ᠲᠠᠯ᠎ᠠ ᠳᠤ ᠲᠠᠯᠪᠢᠨ᠎ᠠ᠃      ᠡᠨᠡ ᠦᠶ᠎ᠡ ᠳᠤ ᠭᠡᠷ ᠤᠨ ᠡᠵᠡᠨ ᠪᠤᠯᠤᠨ ᠬᠦᠩᠭᠡᠯᠡᠨ ᠵᠠᠰᠠᠭᠴᠢ ᠠᠴᠠ ᠪᠢᠷᠠᠭᠤ ᠪᠠᠨ ᠪᠠᠷᠢᠵᠤ ᠬᠠᠰᠢᠶ᠎ᠠ ᠲᠠᠢ ᠴᠢᠩᠭ᠎ᠠ ᠰᠢᠬᠠᠨ ᠨᠠᠭᠠᠯᠳᠣᠭᠤᠯᠵᠣ ᠪᠠᠶᠢᠭᠠᠳ ᠪᠢᠷᠠᠭᠤ ᠶᠢᠨ ᠪᠦᠭᠡᠷ᠎ᠡ ᠶᠢᠨ ᠬᠠᠪᠲᠠᠭ᠎ᠠ ᠶᠢ ᠬᠤᠶᠠᠷ ᠭᠤᠶ᠎ᠠ ᠶᠢᠨ ᠬᠢᠨᠢ ᠳᠣᠮᠳᠠᠭᠤᠷ ᠬᠤᠶᠢᠰᠢ ᠲᠠᠲᠠᠨ ᠭᠠᠷᠭᠠᠵᠤ ᠤᠷᠢᠳ ᠢᠶᠠᠷ ᠬᠠᠪᠳᠠᠭ ᠤᠨ ᠦᠰᠦᠨ ᠠᠴᠠ ᠨᠢ ᠨᠢᠭᠡ ᠴᠢᠮᠬᠢ ᠦᠰᠦ ᠦᠭᠲᠡᠭᠡᠨ ᠠᠪᠴᠤ ᠲᠠᠷᠨᠢᠳᠠᠨ ᠦᠯᠢᠶᠡᠭᠡᠳ᠂ ᠳᠠᠷᠠᠭ᠎ᠠ ᠨᠢ ᠳᠠᠪᠤᠰᠤᠲᠠᠢ ᠪᠦᠯᠢᠶᠡᠨ ᠤᠰᠤ ᠪᠠᠷ ᠬᠠᠪᠳᠠᠭ ᠢ ᠨᠢ ᠰᠠᠶᠢᠲᠤᠷ ᠱᠠᠪᠰᠢᠵᠤ᠂ ᠭᠠᠳᠠᠭᠰᠢ ᠬᠦᠴᠦᠲᠡᠢ ᠰᠢᠬᠠᠨ ᠴᠢᠮᠬᠢᠵᠦ ᠪᠠᠷᠢᠭᠠᠳ ᠬᠤᠶᠠᠷ ᠪᠦᠭᠡᠨᠰᠦᠭ ᠢ ᠨᠢ ᠰᠢᠬᠠᠵᠤ ᠢᠯᠡ ᠪᠣᠯᠭᠠᠨ᠎ᠠ᠃ ᠲᠡᠭᠡᠭᠡᠳ ᠪᠦᠭᠡᠷ᠎ᠡ ᠶᠢᠨ ᠬᠠᠪᠳᠠᠭ ᠳᠡᠭᠡᠷ᠎ᠡ ᠨᠢ ᠬᠤᠷᠴᠠ ᠬᠢᠲᠤᠭ᠎ᠠ ᠪᠠᠷ ᠭᠤᠯᠳᠤ ᠪᠠᠷ ᠬᠤᠶᠠᠷ ᠤᠭᠲᠤᠯᠵᠤ ᠪᠦᠭᠡᠨᠰᠦᠭ ᠢ ᠨᠢ ᠰᠢᠬᠠᠨ ᠭᠠᠷᠭᠠᠵᠤ᠂ ᠪᠦᠭᠡᠨᠰᠦᠭ ᠤᠨ ᠬᠤᠶᠠᠷ ᠨᠠᠷᠢᠨ ᠭᠤᠤᠷᠰᠤ ᠶᠢ ᠰᠢᠭᠤᠳ ᠬᠢᠲᠤᠭ᠎ᠠ ᠪᠠᠷ ᠢᠶᠠᠨ ᠣᠭᠲᠣᠯᠬᠤ ᠪᠣᠶᠣ ᠭᠠᠷ ᠢᠶᠠᠷ ᠢᠶᠠᠨ ᠲᠠᠰᠤᠯᠵᠤ ᠠᠪᠤᠨ ᠰᠠᠭᠤᠯᠭ᠎ᠠ ᠲᠠᠢ ᠰᠦᠨ ᠳᠤ ᠬᠢᠵᠦ᠂ ᠪᠢᠷᠠᠭᠤ ᠶᠢᠨ ᠨᠢᠷᠤᠭᠤ ᠶᠢ ᠬᠡᠳᠦᠨᠲᠡ ᠢᠯᠪᠢᠨ ᠲᠠᠯᠪᠢᠵᠤ ᠶᠠᠪᠤᠭᠤᠯᠤᠨ᠎ᠠ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号