ᠵᠢᠷᠤᠬᠠᠲᠤ ᠲᠠᠷᠢᠶ᠎ᠠ
ᠨᠡᠶᠢᠲᠡᠯᠡᠭᠰᠡᠨ ᠴᠠᠭ᠄
2021/2/24
     ᠮᠣᠩᠭᠤᠯᠴᠤᠳ ᠵᠢᠷᠤᠬᠠᠲᠤ ᠲᠠᠷᠢᠶ᠎ᠠ ᠶᠢ ᠪᠠᠰᠠ ᠱᠠᠩ ᠲᠠᠢ ᠲᠠᠷᠢᠶ᠎ᠠ᠂ ᠳᠠᠯᠠᠩ ᠲᠠᠢ ᠲᠠᠷᠢᠶ᠎ᠠ ᠭᠡᠳᠡᠭ᠃ ᠮᠣᠩᠭᠤᠯᠴᠣᠳ ᠡᠷᠲᠡ ᠴᠠᠭ ᠲᠤ ᠨᠠᠮᠤᠭ ᠲᠠᠷᠢᠶ᠎ᠠ ᠲᠠᠷᠢᠳᠠᠭ ᠪᠠᠶᠢᠭᠰᠠᠨ ᠠᠴᠠ ᠪᠠᠨ ᠰᠡᠭᠦᠯᠴᠢ ᠶᠢᠨ ᠦᠶ᠎ᠡ ᠳᠤ ᠵᠢᠷᠤᠬᠠᠲᠤ ᠲᠠᠷᠢᠶ᠎ᠠ ᠲᠠᠷᠢᠬᠤ ᠲᠠᠷᠢᠬᠤ ᠪᠤᠯᠵᠠᠢ᠃ ᠢᠩᠭᠢᠵᠦ ᠲᠠᠷᠢᠶᠠᠯᠠᠬᠤ ᠳᠤ ᠭᠠᠵᠠᠷ ᠢᠶᠠᠨ ᠰᠣᠩᠭᠤᠭᠰᠠᠨ ᠤ ᠳᠠᠷᠠᠭ᠎ᠠ᠂ ᠤᠷᠢᠳ ᠢᠶᠠᠷ ᠭᠠᠵᠠᠷ ᠢᠶᠠᠨ ᠤᠷᠪᠠᠭᠤᠯᠵᠤ᠂ ᠬᠦᠷᠦᠰᠦ ᠶᠢ ᠨᠢ ᠵᠦᠭᠡᠯᠡᠷᠡᠭᠦᠯᠳᠡᠭ᠃ ᠳᠠᠷᠠᠭ᠎ᠠ ᠨᠢ ᠬᠡᠰᠡᠭ ᠲᠠᠢ ᠪᠦᠬᠦᠯᠢ ᠬᠠᠲᠠᠭᠤ ᠰᠢᠷᠤᠢ ᠶᠢ ᠪᠣᠯᠣ ᠪᠣᠶᠣ ᠨᠠᠷᠬ᠎ᠠ ᠪᠠᠷ ᠬᠡᠮᠬᠡᠯᠵᠦ ᠬᠠᠭᠠᠯᠤᠨ᠎ᠠ᠃ ᠢᠩᠭᠢᠬᠦ ᠨᠢ ᠮᠦᠨ ᠬᠦᠷᠦᠰᠦ ᠶᠢ ᠵᠦᠭᠡᠯᠡᠷᠡᠭᠦᠯᠵᠦ᠂ ᠭᠠᠵᠠᠷ ᠢᠶᠠᠨ ᠲᠡᠭᠰᠢᠯᠡᠵᠦ ᠪᠠᠶᠢᠭ᠎ᠠ ᠬᠡᠷᠡᠭ ᠶᠣᠮ᠃ ᠢᠩᠭᠢᠭᠡᠳ ᠰᠠᠶ᠋ᠢ ᠲᠠᠷᠢᠶᠠᠨ ᠭᠠᠵᠠᠷ ᠲᠤ ᠪᠠᠨ ᠠᠨᠵᠢᠰᠤ ᠤᠷᠤᠭᠤᠯᠵᠤ ᠵᠢᠷᠤᠬ᠎ᠠ ᠲᠠᠲᠠᠳᠠᠭ᠃ ᠡᠬᠢᠨ ᠤ ᠵᠢᠷᠤᠬ᠎ᠠ ᠶᠢ ᠵᠠᠪᠠᠯ ᠠᠰᠬᠠᠨ ᠲᠠᠲᠠᠬᠤ ᠬᠡᠷᠡᠭᠲᠡᠢ᠃ ᠢᠩᠭᠢᠪᠡᠯ ᠰᠠᠶ᠋ᠢ ᠳᠠᠷᠠᠭᠠᠴᠢ ᠶᠢᠨ ᠵᠢᠷᠤᠬ᠎ᠠ ᠨᠢ ᠠᠰᠬᠠᠨ ᠪᠤᠯᠵᠤ ᠴᠢᠳᠠᠨ᠎ᠠ᠃ ᠪᠦᠬᠦ ᠭᠠᠵᠠᠷ ᠲᠤ ᠪᠠᠨ ᠵᠢᠷᠤᠬ᠎ᠠ ᠲᠠᠲᠠᠵᠤ ᠪᠠᠷᠠᠭᠰᠠᠨ ᠤ ᠳᠠᠷᠠᠭ᠎ᠠ᠂ ᠳᠠᠬᠢᠨ ᠨᠢᠭᠡ ᠤᠳᠠᠭ᠎ᠠ ᠠᠨᠵᠢᠰᠤ ᠤᠷᠤᠭᠤᠯᠵᠤ ᠦᠷ᠎ᠡ ᠪᠠᠨ ᠬᠠᠶᠠᠵᠤ ᠲᠠᠷᠢᠨ᠎ᠠ᠃ ᠲᠠᠷᠢᠮᠠᠯ ᠤᠨ ᠠᠳᠠᠯᠢ ᠪᠣᠰᠣ ᠠᠴᠠ ᠪᠣᠯᠵᠣ᠂ ᠦᠷ᠎ᠡ ᠬᠠᠶᠠᠬᠤ ᠳᠤ ᠱᠠᠭᠠᠷᠳᠠᠬᠤ ᠮᠡᠷᠭᠡᠵᠢᠯ ᠴᠤ ᠠᠳᠠᠯᠢ ᠪᠤᠰᠤ᠃ ᠲᠠᠷᠢᠶ᠎ᠠ ᠴᠢᠬᠢᠯᠠᠵᠦ ᠤᠷᠭᠤᠭᠰᠠᠨ ᠤ ᠳᠠᠷᠠᠭ᠎ᠠ᠂ ᠬᠡᠳᠦ ᠤᠳᠠᠭ᠎ᠠ ᠠᠷᠴᠢᠵᠤ᠂ ᠡᠪᠡᠰᠦ ᠶᠢ ᠨᠢ ᠠᠷᠢᠯᠭᠠᠵᠤ᠂ ᠲᠠᠷᠢᠶᠠᠨ ᠴᠢᠬᠢ ᠶᠢᠨ ᠵᠤᠵᠠᠭᠠᠨ ᠰᠢᠩᠭᠡᠨ ᠢ ᠲᠤᠬᠢᠷᠠᠭᠤᠯᠳᠠᠭ᠃ ᠡᠨᠡ ᠨᠢ ᠬᠤᠷᠢᠶᠠᠯᠲᠠ ᠶᠢ ᠰᠢᠭᠤᠳ ᠨᠦᠯᠦᠭᠡᠯᠡᠬᠦ ᠲᠤᠯᠠ ᠲᠤᠰ ᠠᠵᠢᠯ ᠢ ᠵᠠᠪᠠᠯ ᠨᠠᠷᠢᠨ ᠨᠢᠮᠪᠠᠢ ᠰᠠᠶᠢᠨ ᠬᠢᠬᠦ ᠬᠡᠷᠡᠭᠲᠡᠢ᠃ ᠲᠠᠷᠢᠶᠠᠨ ᠴᠢᠬᠢ ᠨᠡᠯᠢᠶᠡᠳ ᠦᠨᠳᠦᠷ ᠤᠷᠭᠤᠭᠰᠠᠨ ᠤ ᠳᠠᠷᠠᠭ᠎ᠠ᠂ ᠲᠠᠷᠢᠶ᠎ᠠ ᠪᠠᠨ ᠲᠠᠩᠨᠠᠳᠠᠭ᠃ ᠵᠢᠷᠤᠬᠠᠲᠤ ᠲᠠᠷᠢᠶ᠎ᠠ ᠨᠢ ᠨᠠᠮᠤᠭ ᠲᠠᠷᠢᠶ᠎ᠠ ᠶᠢ ᠪᠤᠳᠤᠪᠠᠯ᠂ ᠤᠯᠠᠨ ᠳᠠᠪᠠᠭᠤᠯᠢᠭ ᠲᠠᠯ᠎ᠠ ᠲᠠᠢ ᠪᠠᠶᠢᠳᠠᠭ᠃ ᠨᠢᠭᠡ ᠳᠤ᠂ ᠦᠷ᠎ᠡ ᠰᠤᠩᠭᠤᠬᠤ ᠲᠠᠯ᠎ᠠ ᠪᠠᠷ ᠨᠠᠮᠤᠭ ᠲᠠᠷᠢᠶ᠎ᠠ ᠨᠢ ᠨᠡᠯᠢᠶᠡᠳ ᠴᠢᠯᠦᠭᠡᠲᠡᠢ ᠪᠠᠶᠢᠬᠤ ᠳᠤ᠂ ᠵᠢᠷᠤᠬᠠᠲᠤ ᠲᠠᠷᠢᠶ᠎ᠠ ᠨᠢ ᠵᠠᠪᠠᠯ ᠰᠠᠶᠢᠨ ᠦᠷ᠎ᠡ ᠰᠣᠩᠭᠤᠬᠤ ᠶᠢ ᠱᠠᠭᠠᠷᠳᠠᠳᠠᠭ᠃ ᠬᠤᠶᠠᠷ ᠲᠤ᠂ ᠨᠠᠮᠤᠭ ᠲᠠᠷᠢᠶ᠎ᠠ ᠶᠢ ᠲᠠᠷᠢᠭᠰᠠᠨ ᠤ ᠳᠠᠷᠠᠭ᠎ᠠ᠂ ᠦᠨᠳᠦᠰᠦᠨ ᠳᠤ ᠪᠠᠨ ᠠᠷᠠᠴᠢᠯᠠᠵᠤ ᠳᠤᠳᠤᠮᠳᠠᠬᠤ ᠦᠭᠡᠢ ᠪᠠᠶᠢᠬᠤ ᠳᠤ᠂ ᠵᠢᠷᠤᠬᠠᠲᠤ ᠲᠠᠷᠢᠶ᠎ᠠ ᠶᠢ ᠪᠣᠯ ᠠᠷᠠᠴᠢᠵᠤ ᠲᠠᠩᠨᠠᠬᠤ᠂ ᠬᠠᠷᠠᠵᠤ ᠮᠠᠨᠠᠬᠤ ᠵᠡᠷᠭᠡ ᠠᠵᠢᠯ ᠢ ᠤᠨᠴᠠ ᠠᠩᠬᠠᠷᠬᠤ ᠬᠡᠷᠡᠭᠲᠡᠢ ᠪᠠᠶᠢᠳᠠᠭ᠃ ᠭᠤᠷᠪᠠ ᠳᠤ᠂ ᠨᠠᠮᠤᠭ ᠲᠠᠷᠢᠶ᠎ᠠ ᠶᠢ ᠲᠠᠷᠢᠵᠤ ᠪᠠᠷᠠᠭᠰᠠᠨ ᠤ ᠳᠠᠷᠠᠭ᠎ᠠ᠂ ᠲᠡᠭᠷᠢ ᠶᠢᠨ ᠴᠢᠷᠠᠢ ᠶᠢ ᠬᠠᠷᠠᠵᠤ ᠪᠠᠶᠢᠭᠠᠯᠢ ᠶᠢ ᠲᠦᠰᠢᠵᠦ ᠤᠷᠭᠤᠭᠤᠯᠳᠠᠭ ᠪᠣᠯ᠂ ᠵᠢᠷᠤᠬᠠᠲᠤ ᠲᠠᠷᠢᠶ᠎ᠠ ᠶᠢ ᠬᠠᠷᠢᠨ ᠪᠤᠷᠳᠤᠭᠤᠷ ᠤᠷᠤᠭᠤᠯᠬᠤ᠂ ᠣᠰᠣᠯᠠᠵᠤ ᠠᠷᠠᠴᠢᠯᠠᠬᠤ ᠮᠡᠲᠦ ᠪᠠᠷ ᠰᠢᠮ᠎ᠡ ᠲᠡᠵᠢᠭᠡᠯ ᠢ ᠨᠢ ᠵᠣᠬᠢᠴᠠᠭᠤᠯᠵᠤ ᠤᠷᠭᠤᠭᠤᠯᠳᠠᠭ᠃ ᠳᠦᠷᠪᠡ ᠳᠤ᠂ ᠵᠢᠷᠤᠬᠠᠲᠤ ᠲᠠᠷᠢᠶ᠎ᠠ  ᠨᠢ ᠨᠠᠮᠤᠭ ᠲᠠᠷᠢᠶ᠎ᠠ ᠶᠢ ᠪᠤᠳᠤᠪᠠᠯ᠂ ᠲᠠᠷᠢᠬᠤ ᠴᠠᠭ ᠨᠢ ᠡᠷᠲᠡ᠂ ᠬᠠᠳᠤᠵᠤ ᠬᠤᠷᠢᠶᠠᠬᠤ ᠨᠢ ᠤᠷᠤᠢ᠂ ᠲᠠᠷᠢᠮᠠᠯ ᠤᠨ ᠲᠦᠷᠦᠯ ᠵᠦᠢᠯ ᠤᠯᠠᠨ᠂ ᠤᠨᠠᠯᠲᠠ ᠰᠠᠶᠢᠲᠠᠢ ᠪᠠᠶᠢᠳᠠᠭ᠃                ︵ᠰᠢ· ᠬᠠᠰᠪᠠᠭᠠᠲᠤᠷ︶      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号