ᠬᠠᠭᠤᠷᠠᠢ ᠲᠠᠷᠢᠶ᠎ᠠ ᠭᠡᠳᠡᠭ ᠪᠣᠯ ᠲᠠᠷᠢᠶ᠎ᠠ ᠲᠠᠷᠢᠵᠤ ᠪᠣᠯᠬᠤ ᠲᠤᠬᠢᠲᠠᠢ ᠭᠠᠵᠠᠷ ᠢ ᠰᠣᠩᠭᠤᠵᠣ ᠲᠠᠷᠢᠭᠠᠳ᠂ | ᠦᠨᠳᠦᠰᠦᠨ ᠳᠤ ᠪᠠᠨ ᠤᠰᠤᠯᠠᠬᠤ ᠦᠭᠡᠢ ᠪᠠᠷ ᠪᠠᠶᠢᠭᠠᠯᠢ ᠳᠤ ᠲᠦᠰᠢᠭᠯᠡᠨ ᠤᠷᠭᠤᠭᠤᠯᠬᠤ ᠲᠠᠷᠢᠶ᠎ᠠ ᠶᠢ ᠬᠡᠯᠡᠳᠡᠭ᠃ | ᠨᠠᠮᠤᠭ ᠲᠠᠷᠢᠶ᠎ᠠ ᠪᠠ ᠵᠤᠷᠬᠠᠲᠤ ᠲᠠᠷᠢᠶ᠎ᠠ ᠨᠢ ᠦᠨᠳᠦᠰᠦᠨ ᠳᠤ ᠪᠠᠨ ᠬᠠᠭᠤᠷᠠᠢ ᠲᠠᠷᠢᠶ᠎ᠠ ᠳᠤ ᠪᠠᠭᠲᠠᠳᠠᠭ᠃ ᠲᠠᠷᠢᠮᠠᠯ ᠤᠨ | ᠲᠦᠷᠦᠯ ᠵᠦᠢᠯ ᠤᠨ ᠲᠠᠯ᠎ᠠ ᠠᠴᠠ ᠠᠪᠴᠤ ᠬᠡᠯᠡᠪᠡᠯ᠂ ᠭᠤᠤᠯᠳᠠᠭᠤ ᠮᠣᠩᠭᠤᠯ ᠠᠮᠤ᠂ ᠰᠠᠭᠠᠭ᠂ ᠰᠢᠯᠦᠬᠡᠢ᠂ ᠡᠷᠳᠡᠨᠢ ᠰᠢᠰᠢ᠂ | ᠨᠠᠷᠢᠮᠤ᠂ ᠰᠢᠰᠢ᠂ ᠪᠤᠷᠴᠠᠭ ᠵᠡᠷᠭᠡ ᠪᠠᠶᠢᠳᠠᠭ᠃ ᠡᠶᠢᠮᠦᠷᠬᠦᠦ ᠲᠠᠷᠢᠶ᠎ᠠ ᠶᠢ ᠵᠠᠷᠢᠮ ᠭᠠᠵᠠᠷ ᠭᠠᠩᠳᠠᠬᠤ ᠦᠶ᠎ᠡ ᠳᠤ | ᠤᠰᠤᠯᠠᠳᠠᠭ ᠪᠤᠯᠪᠠᠴᠣ᠂ ᠲᠡᠷᠡ ᠨᠢ ᠮᠦᠨ ᠬᠠᠭᠤᠷᠠᠢ ᠲᠠᠷᠢᠶ᠎ᠠ ᠳᠤ ᠪᠠᠭᠲᠠᠨ᠎ᠠ᠃ ᠮᠣᠩᠭᠤᠯᠴᠣᠳ᠂ ᠬᠠᠭᠤᠷᠠᠢ ᠲᠠᠷᠢᠶ᠎ᠠ | ᠲᠠᠷᠢᠵᠤ ᠠᠷᠠᠴᠢᠯᠠᠬᠤ ᠳᠤ ᠪᠠᠨ ᠪᠤᠷᠳᠤᠭᠤᠷ ᠤᠷᠤᠭᠤᠯᠬᠤ᠂ ᠤᠰᠤᠯᠠᠬᠤ᠂ ᠬᠦᠷᠦᠰᠦᠨ ᠤ ᠴᠢᠭᠢᠭ ᠢ ᠬᠠᠳᠠᠭᠠᠯᠠᠬᠤ ᠵᠡᠷᠭᠡ | ᠠᠷᠭ᠎ᠠ ᠬᠡᠮᠵᠢᠶ᠎ᠡ ᠠᠪᠴᠤ᠂ ᠬᠤᠷᠢᠶᠠᠯᠲᠠ ᠶᠢ ᠪᠠᠲᠤᠯᠠᠳᠠᠭ᠃ | | | ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ | ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | | |