ᠠᠨᠵᠢᠰᠣ ᠰᠤᠷᠭᠠᠬᠤ
ᠨᠡᠶᠢᠲᠡᠯᠡᠭᠰᠡᠨ ᠴᠠᠭ᠄
2021/6/30
     ᠲᠠᠷᠢᠶᠠᠨ ᠠᠵᠢᠯ ᠡᠬᠢᠯᠡᠬᠦ ᠦᠶ᠎ᠠ ᠳᠤ᠂ ᠠᠨᠵᠢᠰᠤ ᠬᠡᠷᠡᠭᠰᠡᠯ ᠢᠶᠠᠨ ᠮᠢᠯᠢᠶᠡᠵᠤ ᠪᠠᠷᠠᠭᠠᠳ᠂ ᠬᠠᠭᠠᠯᠪᠤᠷᠢᠯᠠᠬᠤ ᠲᠠᠷᠢᠶᠠᠨ ᠳᠤ ᠪᠠᠨ ᠤᠴᠢᠵᠤ ᠬᠡᠳᠦᠨ ᠵᠣᠷᠬ᠎ᠠ ᠬᠠᠭᠠᠯᠪᠤᠷᠢᠯᠠᠬᠤ ᠶᠢ ᠠᠨᠵᠢᠰᠤ ᠰᠤᠷᠭᠠᠬᠤ ᠭᠡᠳᠡᠭ᠃ ᠬᠠᠭᠠᠯᠪᠤᠷᠢᠯᠠᠬᠤ ᠭᠠᠵᠠᠷ ᠲᠤ ᠪᠠᠨ ᠲᠠᠬᠢᠶᠠᠨ ᠦᠨᠳᠡᠭᠡ ᠪᠣᠯᠠᠵᠤ᠂ ᠲᠡᠭᠦᠨ ᠢᠶᠠᠨ ᠠᠨᠵᠢᠰᠤᠨ ᠬᠤᠰᠢᠭᠤᠨ ᠳᠤ ᠤᠨᠤᠭᠳᠠᠵᠤ ᠬᠠᠭᠠᠷᠠᠬᠤ ᠡᠰᠡᠬᠦ ᠶᠢ ᠰᠢᠨᠵᠢᠳᠡᠭ᠃ ᠬᠡᠷᠪᠡ ᠬᠠᠭᠠᠯᠪᠤᠷᠢᠯᠠᠬᠤ ᠦᠶ᠎ᠡ ᠳᠤ ᠭᠠᠵᠠᠷ ᠪᠤᠯᠠᠭᠰᠠᠨ ᠲᠠᠬᠢᠶᠠᠨ ᠦᠨᠳᠡᠭᠡ ᠤᠨᠤᠭᠳᠠᠵᠤ ᠬᠠᠭᠠᠷᠠᠨᠰᠠᠨ ᠪᠣᠯ ︽ᠡᠨᠡ ᠵᠢᠯ ᠤᠨ ᠲᠠᠷᠢᠶ᠎ᠠ ᠳᠡᠯᠪᠡ ᠲᠦᠷᠦᠨ᠎ᠡ︾ ᠭᠡᠵᠦ ᠪᠡᠯᠭᠡᠳᠡᠳᠡᠭ ᠪᠦᠭᠡᠳ ᠡᠰᠡ ᠬᠠᠭᠠᠷᠠᠭᠰᠠᠨ ᠪᠣᠯ ︽ᠡᠨᠡ ᠵᠢᠯ ᠤᠨ ᠲᠠᠷᠢᠶ᠎ᠠ ᠲᠤᠩ ᠪᠠᠷᠤᠭᠲᠠᠢ︾ ᠭᠡᠵᠦ ᠦᠵᠡᠳᠡᠭ᠃ ᠠᠨᠵᠢᠰᠤ ᠰᠤᠷᠭᠠᠬᠤ ᠳᠤ ᠭᠠᠵᠠᠷ ᠲᠤ ᠲᠠᠬᠢᠶᠠᠨ ᠦᠨᠳᠡᠭᠡ ᠪᠣᠯᠠᠵᠤ᠂ ᠲᠡᠭᠦᠨ ᠤ ᠬᠠᠭᠠᠷᠠᠭᠰᠠᠨ ᠡᠰᠡᠬᠦ ᠶᠢ ᠰᠢᠨᠵᠢᠬᠦ ᠨᠢ ᠨᠢᠭᠡ ᠵᠦᠢᠯ ᠤᠨ ᠪᠡᠯᠭᠡᠳᠡᠯ ᠤᠨ ᠣᠳᠬ᠎ᠠ ᠲᠠᠢ᠃      ︵ᠰᠢ· ᠬᠠᠰᠪᠠᠭᠠᠲᠤᠷ︶      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号