(2009 ᠤᠨ᠎ᠤ 8 ᠰᠠᠷ᠎ᠠ ᠵᠢᠨ 30᠎ᠤ ᠡᠳᠦᠷ ᠪᠦᠬᠦᠲᠡ ᠨᠠᠢ᠌ᠷᠠᠮᠲᠠᠬᠣ ᠲᠣᠮᠲᠠᠲᠣ ᠠᠷᠠᠳ ᠣᠯᠣᠰ᠎ᠤᠨ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ 560 ᠳ᠋ᠤᠭ᠋ᠠᠷ ᠲᠣᠭ᠋ᠠᠲᠣ ᠵᠠᠷᠯᠢᠬ ᠵᠶ᠋ᠠᠷ ᠨᠡᠢ᠌ᠲᠡᠯᠡᠪᠡ 2013 ᠤᠨ᠎ᠤ 7 ᠰᠠᠷ᠎ᠠ ᠵᠢᠨ 18᠎ᠤ ᠡᠳᠦᠷ 《ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠵᠠᠰᠠᠬ ᠵᠠᠬᠢᠷᠭ᠋ᠠᠨ᠎ᠤ ᠬᠡᠰᠡᠭ ᠲᠦᠷᠢᠮ ᠲᠣᠬᠲᠠᠭ᠋ᠠᠯ᠎ᠢ ᠬᠦᠴᠦᠨ ᠦᠭᠡᠢ ᠪᠣᠯᠭ᠋ᠠᠬᠤ ᠪᠤᠶᠤ ᠵᠠᠰᠠᠪᠤᠷᠢ ᠣᠷᠣᠭᠣᠯᠬᠣ ᠲᠣᠬᠠᠢ ᠰᠢᠳᠪᠦᠷᠢ》 ᠵᠢ ᠦᠨᠳᠦᠰᠦᠯᠡᠵᠦ ᠠᠩᠬ᠎ᠠ ᠣᠲᠠᠭ᠎ᠠ ᠵᠠᠰᠠᠪᠤᠷᠢ ᠣᠷᠣᠭᠣᠯᠪᠠ 2016 ᠤᠨ᠎ᠤ 2 ᠰᠠᠷ᠎ᠠ ᠵᠢᠨ 6᠎ᠤ ᠡᠳᠦᠷ 《ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠵᠠᠰᠠᠬ ᠵᠠᠬᠢᠷᠭ᠋ᠠᠨ᠎ᠤ ᠬᠡᠰᠡᠭ ᠲᠦᠷᠢᠮ ᠲᠣᠬᠲᠠᠭ᠋ᠠᠯ᠎ᠳᠤ ᠵᠠᠰᠠᠪᠤᠷᠢ ᠤᠷᠤᠭᠤᠯᠬᠤ ᠲᠣᠬᠠᠢ ᠰᠢᠳᠪᠦᠷᠢ》 ᠵᠢ ᠦᠨᠳᠦᠰᠦᠯᠡᠵᠦ ᠬᠣᠶᠠᠲᠣᠭ᠋ᠠᠷ ᠣᠲᠠᠭ᠎ᠠ ᠵᠠᠰᠠᠪᠣᠷᠢ ᠣᠷᠣᠭᠣᠯᠪᠠ)
ᠨᠢᠭᠡᠲᠦᠭᠡᠷ ᠪᠦᠯᠦᠭ ᠶᠡᠷᠦᠩᠭᠡᠢ ᠵᠠᠷᠴᠢᠮ
ᠨᠢᠭᠡᠲᠦᠭᠡᠷ ᠵᠣᠷᠪᠣᠰ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠬᠦ ᠵᠢ ᠠᠬᠢᠭᠣᠯᠣᠨ᠂ ᠠᠷᠠᠳ ᠢᠷᠭᠡᠳ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠲᠣᠮᠲᠠᠬᠢ ᠬᠠᠣᠯᠢ ᠶᠣᠰᠣᠨ᠎ᠤ ᠡᠷᠭᠡ ᠠᠰᠢᠬ᠎ᠢ ᠪᠠᠲᠣᠯᠠᠨ᠂ ᠠᠷᠠᠳ ᠢᠷᠭᠡᠳ᠎ᠤᠨ ᠪᠡᠶ᠎ᠡ ᠮᠠᠬᠠᠪᠣᠳ᠎ᠤᠨ ᠬᠡᠪ ᠴᠢᠨᠠᠷ᠎ᠢ ᠲᠡᠭᠡᠭᠰᠢᠯᠡᠬᠦᠯᠬᠦ ᠵᠢᠨ ᠲᠦᠯᠦᠭᠡ ᠡᠨᠡᠬᠦ ᠲᠦᠷᠢᠮ᠎ᠢ ᠲᠣᠬᠲᠠᠭ᠋ᠠᠪᠠ᠃
ᠬᠣᠶᠠᠲᠣᠭ᠋ᠠᠷ ᠵᠣᠷᠪᠣᠰ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠢ ᠲᠣᠰ ᠱᠠᠲᠣᠨ᠎ᠤ ᠣᠯᠣᠰ ᠠᠷᠠᠳ᠎ᠤᠨ ᠠᠵᠦ ᠠᠬᠣᠢ ᠪᠠ ᠨᠡᠢ᠌ᠭᠡᠮ᠎ᠤᠨ ᠬᠦᠭᠵᠢᠯᠲᠡ ᠵᠢᠨ ᠲᠦᠯᠦᠪᠵᠢᠬᠦᠯᠭᠡ᠎ᠳᠤ ᠣᠷᠣᠭᠣᠯᠵᠦ᠂ ᠲᠦᠯᠦᠪᠯᠡᠭᠡ᠎ᠲᠠᠢ᠎ᠪᠠᠷ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠪᠠᠢ᠌ᠭᠣᠯᠣᠨ᠂ ᠬᠦᠲᠡᠭᠡ ᠲᠣᠰᠬᠣᠨ ᠪᠠ ᠬᠣᠲᠠ ᠵᠢᠨ ᠨᠡᠢ᠌ᠭᠡᠮ ᠲᠣᠭᠣᠷᠢᠬ ᠵᠡᠷᠭᠡ ᠦᠨᠳᠦᠰᠦᠨ ᠱᠠᠲᠣᠨ᠎ᠤ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠪᠠᠢ᠌ᠭᠣᠯᠣᠯᠲᠠ ᠵᠢᠨ ᠪᠡᠯᠡ ᠣᠷᠣᠭᠣᠯᠣᠯᠲᠠ᠎ᠪᠠᠨ ᠨᠡᠮᠡᠭᠲᠡᠬᠦᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠤᠨ ᠲᠡᠩᠴᠡᠬᠦᠷᠢᠲᠡᠢ ᠵᠣᠬᠢᠴᠠᠩᠭᠣᠢ ᠬᠦᠭᠵᠢᠬᠦ ᠵᠢ ᠠᠬᠢᠭᠣᠯᠬᠣ ᠬᠡᠷᠡᠭᠲᠡᠢ᠃
ᠣᠯᠣᠰ᠎ᠠᠴᠠ ᠠᠷᠠᠳ ᠣᠯᠠᠨ᠎ᠤ ᠠᠮᠢᠲᠣᠷᠠᠯ᠎ᠤᠨ ᠲᠦᠪᠰᠢᠨ᠎ᠲᠠᠢ ᠲᠣᠬᠢᠷᠠᠯᠴᠠᠬᠰᠠᠨ ᠪᠡᠶ᠎ᠡ ᠵᠢᠨ ᠲᠠᠮᠢᠷ᠎ᠤᠨ ᠬᠡᠷᠡᠭᠯᠡᠭᠡ ᠵᠢᠴᠢ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠬᠦᠭᠵᠢᠯᠲᠡ ᠵᠢ ᠲᠡᠮᠵᠢᠵᠦ ᠵᠣᠷᠢᠬ᠍ᠵᠢᠭᠣᠯᠣᠨ ᠠᠬᠢᠭᠣᠯᠣᠨ᠎ᠠ᠃
ᠭᠣᠷᠪᠠᠲᠣᠭ᠋ᠠᠷ ᠵᠣᠷᠪᠣᠰ ᠣᠯᠣᠰ᠎ᠠᠴᠠ ᠦᠨᠳᠦᠰᠦᠨ ᠱᠠᠲᠣᠨ᠎ᠤ ᠰᠣᠶᠣᠯ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ ᠵᠢᠨ ᠪᠠᠢ᠌ᠭᠣᠯᠣᠯᠲᠠ ᠵᠢ ᠠᠬᠢᠭᠣᠯᠵᠦ᠂ ᠪᠡᠶ᠎ᠡ ᠵᠢᠨ ᠲᠠᠮᠢᠷ᠎ᠤᠨ ᠲᠦᠷᠦᠯ᠎ᠤᠨ ᠨᠡᠢ᠌ᠭᠡᠮ ᠪᠦᠯᠬᠦᠮ ᠨᠢᠭᠡᠴᠡ᠂ ᠪᠡᠶ᠎ᠡ ᠵᠢᠨ ᠲᠠᠮᠢᠷ᠎ᠤᠨ ᠲᠦᠷᠦᠯ᠎ᠤᠨ ᠠᠷᠠᠳ᠎ᠠᠴᠠ ᠡᠷᠬᠢᠯᠡᠭᠰᠡᠨ ᠠᠵᠦ ᠠᠬᠣᠢ᠌ᠯᠠᠯ᠎ᠤᠨ ᠪᠣᠰᠣ ᠨᠢᠭᠡᠴᠡ ᠵᠡᠷᠭᠡ ᠣᠯᠠᠨ ᠲᠦᠮᠡᠨᠴᠢ ᠴᠢᠨᠠᠷᠲᠠᠢ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ ᠵᠢᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠬᠦ ᠵᠢ ᠵᠣᠷᠢᠬ᠍ᠵᠢᠭᠣᠯᠣᠨ᠎ᠠ᠃
ᠲᠦᠷᠪᠡᠲᠦᠭᠡᠷ ᠵᠣᠷᠪᠣᠰ ᠠᠷᠠᠳ ᠢᠷᠭᠡᠳ ᠬᠠᠣᠯᠢ ᠶᠣᠰᠣᠭ᠋ᠠᠷ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠳᠤ ᠣᠷᠣᠯᠴᠠᠬᠣ ᠡᠷᠭᠡ᠎ᠲᠠᠢ᠃
ᠣᠷᠣᠨ ᠨᠣᠲᠣᠬ᠎ᠤᠨ ᠡᠯ᠎ᠡ ᠱᠠᠲᠣᠨ᠎ᠤ ᠠᠷᠠᠳ᠎ᠤᠨ ᠵᠠᠰᠠᠬ᠎ᠤᠨ ᠣᠷᠲᠣᠨ ᠠᠷᠠᠳ ᠢᠷᠭᠡᠳ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠳᠤ ᠣᠷᠣᠯᠴᠠᠬᠣ ᠡᠷᠭᠡ ᠵᠢ ᠬᠠᠣᠯᠢ ᠶᠣᠰᠣᠭ᠋ᠠᠷ ᠬᠠᠮᠠᠭ᠋ᠠᠯᠠᠬᠣ ᠬᠡᠷᠡᠭᠲᠡᠢ᠃
ᠲᠠᠪᠣᠲᠣᠭ᠋ᠠᠷ ᠵᠣᠷᠪᠣᠰ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠪᠦᠬᠦ ᠣᠯᠣᠰ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ᠎ᠢ ᠬᠠᠷᠢᠭᠣᠴᠠᠵᠦ᠂ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠪᠣᠰᠣᠳ ᠬᠣᠯᠪᠣᠬᠲᠠᠯ ᠪᠦᠬᠦᠢ ᠰᠠᠯᠠᠭ᠎ᠠ ᠮᠦᠴᠢᠷ ᠦᠪᠡᠷ ᠦᠪᠡᠷ᠎ᠤᠨ ᠵᠶ᠋ᠠᠨ ᠡᠬᠦᠷᠭᠡ ᠲᠣᠰᠢᠶᠠᠯ᠎ᠤᠨ ᠬᠦᠷᠢᠶ᠎ᠡ ᠬᠡᠪᠴᠢᠶᠠᠨ ᠲᠣᠲᠣᠷ᠎ᠠ ᠬᠠᠮᠢᠶ᠎ᠠ ᠪᠦᠬᠦᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ᠎ᠢ ᠬᠠᠷᠢᠭᠣᠴᠠᠨ᠎ᠠ᠃
ᠰᠢᠶᠠᠨ᠎ᠤ ᠱᠠᠲᠣᠨ ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠤᠨ ᠠᠵᠢᠯ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ (ᠲᠣᠷᠣᠬᠰᠢ 《ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ 》 ᠭᠡᠵᠦ ᠲᠣᠪᠴᠢᠯᠠᠪᠠ) ᠲᠣᠰ ᠵᠠᠰᠠᠬ ᠵᠠᠬᠢᠷᠭ᠋ᠠᠨ᠎ᠤ ᠣᠷᠣᠨ᠎ᠤ ᠬᠡᠪᠴᠢᠶᠠᠨ᠎ᠳᠠᠬᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ᠎ᠢ ᠬᠠᠷᠢᠭᠣᠴᠠᠵᠦ᠂ ᠰᠢᠶᠠᠨ᠎ᠤ ᠱᠠᠲᠣᠨ᠎ᠠᠴᠠ ᠲᠡᠭᠡᠭᠰᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠣᠰᠣᠳ ᠬᠣᠯᠪᠣᠬᠲᠠᠯ ᠪᠦᠬᠦᠢ ᠰᠠᠯᠠᠭ᠎ᠠ ᠮᠦᠴᠢᠷ ᠦᠪᠡᠷ ᠦᠪᠡᠷ᠎ᠤᠨ ᠵᠶ᠋ᠠᠨ ᠡᠬᠦᠷᠭᠡ ᠲᠣᠰᠢᠶᠠᠯ᠎ᠤᠨ ᠬᠡᠪᠴᠢᠶᠠᠨ ᠲᠣᠲᠣᠷ᠎ᠠ ᠬᠠᠮᠢᠶ᠎ᠠ ᠪᠦᠬᠦᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ᠎ᠢ ᠬᠠᠷᠢᠭᠣᠴᠠᠨ᠎ᠠ᠃
ᠵᠢᠷᠭᠣᠲᠣᠭ᠋ᠠᠷ ᠵᠣᠷᠪᠣᠰ ᠣᠯᠣᠰ᠎ᠠᠴᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠲᠤ ᠬᠠᠨᠳᠢᠪ ᠡᠷᠭᠦᠬᠦ᠂ ᠢᠪᠠᠭᠡᠨ ᠲᠡᠳᠭᠦᠭᠦ ᠵᠢ ᠵᠣᠷᠢᠬ᠍ᠵᠢᠭᠣᠯᠣᠨ᠎ᠠ᠃
ᠪᠠᠢ᠌ᠭ᠋ᠠᠯᠢ ᠵᠢᠨ ᠬᠦᠮᠦᠨ᠂ ᠬᠠᠣᠯᠢ ᠵᠢᠨ ᠡᠷᠭᠡᠲᠡᠨ ᠪᠣᠶᠣ ᠪᠣᠰᠣᠳ ᠵᠣᠬᠢᠶᠠᠨ ᠪᠠᠢ᠌ᠭᠣᠯᠣᠯᠲᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠲᠤ ᠬᠠᠨᠳᠢᠪᠯᠠᠪᠠᠯ᠊ᠯ ᠬᠠᠣᠯᠢ ᠶᠣᠰᠣᠭ᠋ᠠᠷ ᠭᠠᠢ᠌ᠯᠢ ᠲᠠᠲᠠᠪᠤᠷᠢ ᠵᠢᠨ ᠬᠠᠷᠠᠭ᠋ᠠᠯᠵᠠᠯ ᠬᠦᠷᠲᠡᠨ᠎ᠡ᠃
ᠲᠣᠯᠣᠲᠣᠭ᠋ᠠᠷ ᠵᠣᠷᠪᠣᠰ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠢ ᠬᠦᠭᠵᠢᠬᠦᠯᠬᠦ᠎ᠳᠤ ᠲᠣᠪᠣᠢ᠌ᠮ᠎ᠠ ᠬᠣᠪᠢ ᠨᠡᠮᠡᠷᠢ ᠦᠵᠡᠬᠦᠯᠦᠭᠰᠡᠨ ᠵᠣᠬᠢᠶᠠᠨ ᠪᠠᠢ᠌ᠭᠣᠯᠣᠯᠲᠠ ᠪᠣᠯᠣᠨ ᠬᠣᠪᠢ ᠬᠦᠮᠦᠨ᠎ᠢ ᠣᠯᠣᠰ᠎ᠤᠨ ᠬᠠᠮᠢᠶ ᠠ ᠪᠦᠬᠦᠢ ᠲᠣᠬᠲᠠᠭ᠋ᠠᠯ ᠶᠣᠰᠣᠭ᠋ᠠᠷ ᠬᠦᠬᠢᠬᠦᠯᠦᠨ ᠱᠠᠩᠨᠠᠨ᠎ᠠ᠃
ᠬᠣᠶᠠᠲᠣᠭ᠋ᠠᠷ ᠪᠦᠯᠦᠭ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ
ᠨᠠᠢ᠍ᠮᠠᠳᠤᠭ᠋ᠠᠷ ᠵᠣᠷᠪᠣᠰ ᠲᠦᠷᠦ ᠵᠢᠨ ᠶᠠᠪᠣᠲᠠᠯ᠎ᠤᠨ ᠬᠣᠷᠢᠶ᠎ᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠲᠣᠬᠲᠠᠭ᠋ᠠᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠬᠠᠷᠠᠯᠲᠠ᠂ ᠡᠬᠦᠷᠭᠡ᠂ ᠠᠷᠭ᠎ᠠ ᠬᠡᠮᠵᠢᠶ᠎ᠠ᠂ ᠪᠠᠲᠣᠯᠠᠭ᠎ᠠ ᠵᠡᠷᠭᠡ ᠠᠭᠣᠯᠭ᠎ᠠ ᠵᠢ ᠲᠣᠲᠣᠷᠬᠠᠢ᠌ᠯᠠᠨᠠ᠃
ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ ᠲᠣᠬᠠᠢ ᠵᠢᠨ ᠭᠠᠵᠠᠷ᠎ᠤᠨ ᠪᠣᠲᠠᠲᠣ ᠪᠠᠢ᠌ᠲᠠᠯ ᠵᠶ᠋ᠠᠨ ᠦᠨᠳᠦᠰᠦᠯᠡᠵᠦ ᠲᠣᠰ ᠵᠠᠰᠠᠬ ᠵᠠᠬᠢᠷᠭ᠋ᠠᠨ᠎ᠤ ᠣᠷᠣᠨ᠎ᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢ ᠲᠣᠬᠲᠠᠭ᠋ᠠᠨ᠎ᠠ᠃
ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢᠴᠢ ᠪᠤᠳᠠᠳᠠᠢ ᠬᠡᠷᠡᠭᠵᠢᠬᠦᠯᠬᠦ ᠲᠦᠯᠦᠪᠯᠡᠭᠡ ᠲᠣᠬᠲᠠᠭ᠋ᠠᠬᠣ᠎ᠳᠠᠭᠠᠨ ᠰᠣᠷᠣᠬ᠍ᠴᠢᠳ᠂ ᠨᠠᠰᠣᠲᠠᠢ᠌ᠴᠣᠳ᠂ ᠵᠡᠮᠲᠡᠭᠴᠦᠳ ᠪᠣᠯᠣᠨ ᠬᠦᠲᠡᠭᠡ ᠲᠣᠰᠬᠣᠨ᠎ᠤ ᠰᠠᠭᠣᠭ᠋ᠠᠯᠢ ᠠᠷᠠᠳ᠎ᠤᠨ ᠣᠨᠴᠠᠭ᠋ᠠᠢ ᠬᠡᠷᠡᠭᠴᠡᠭᠡ ᠱᠠᠭ᠋ᠠᠷᠲᠠᠯᠭ᠎ᠠ ᠵᠢ ᠬᠦᠢ᠍ᠴᠡᠳ ᠪᠣᠲᠣᠯᠬᠢᠯᠠᠬᠣ ᠬᠡᠷᠡᠭᠲᠡᠢ᠃
ᠶᠢᠰᠦᠲᠦᠭᠡᠷ ᠵᠣᠷᠪᠣᠰ ᠲᠦᠷᠦ ᠵᠢᠨ ᠶᠠᠪᠣᠲᠠᠯ᠎ᠤᠨ ᠬᠣᠷᠢᠶ᠎ᠠ ᠲᠣᠬᠲᠠᠬᠰᠠᠨ ᠬᠣᠭᠣᠴᠠᠭ᠋ᠠᠨ᠎ᠳᠤ ᠠᠷᠠᠳ ᠢᠷᠭᠡᠳ᠎ᠤᠨ ᠪᠡᠶ᠎ᠡ ᠮᠠᠬᠠᠪᠣᠳ᠎ᠢ ᠬᠡᠮᠵᠢᠬᠦ ᠪᠠ ᠪᠦᠬᠦ ᠠᠷᠠᠳ᠎ᠤᠨ ᠪᠡᠶ᠎ᠡ ᠴᠢᠬᠢᠷᠬ᠍ᠵᠢᠭᠣᠯᠬᠣ ᠬᠦᠲᠡᠯᠭᠡᠭᠡᠨ᠎ᠤ ᠪᠠᠢ᠌ᠲᠠᠯ᠎ᠤᠨ ᠲᠣᠬᠠᠢ ᠪᠠᠢ᠌ᠴᠠᠭ᠋ᠠᠯᠲᠠ ᠦᠷᠨᠢᠬᠦᠯᠦᠨ᠎ᠡ᠃
ᠠᠷᠠᠳ ᠢᠷᠭᠡᠳ᠎ᠤᠨ ᠪᠠᠶ᠎ᠠ ᠮᠠᠬᠠᠪᠣᠳ᠎ᠤᠨ ᠬᠡᠮᠵᠢᠯᠲᠡ ᠵᠢ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠪᠣᠰᠣᠳ ᠰᠠᠯᠠᠭ᠎ᠠ ᠮᠦᠴᠢᠷ᠎ᠲᠠᠢ ᠬᠠᠮᠲᠣᠷᠠᠨ ᠵᠣᠬᠢᠶᠠᠨ ᠪᠠᠢ᠌ᠭᠣᠯᠣᠨ ᠬᠡᠷᠡᠭᠵᠢᠬᠦᠯᠦᠨ᠎ᠡ; ᠡᠬᠦᠨ᠎ᠳᠤ ᠰᠣᠷᠣᠬ᠍ᠴᠢᠳ᠎ᠤᠨ ᠪᠡᠶ᠎ᠡ ᠮᠠᠬᠠᠪᠣᠳ᠎ᠤᠨ ᠬᠡᠮᠵᠢᠯᠲᠡ ᠵᠢ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠰᠣᠷᠭ᠋ᠠᠨ ᠬᠦᠮᠦᠵᠢᠯ᠎ᠤᠨ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠵᠣᠬᠢᠶᠠᠨ ᠪᠠᠢ᠌ᠭᠣᠯᠣᠨ ᠬᠡᠷᠡᠭᠵᠢᠬᠦᠯᠦᠨ᠎ᠡ᠃
ᠪᠦᠬᠦ ᠠᠷᠠᠳ᠎ᠤᠨ ᠪᠡᠶ᠎ᠡ ᠴᠢᠬᠢᠷᠠᠭᠵᠢᠭᠣᠯᠬᠣ ᠬᠦᠲᠡᠯᠭᠡᠭᠡᠨ᠎ᠤ ᠪᠠᠢ᠌ᠲᠠᠯ᠎ᠤᠨ ᠪᠠᠢ᠌ᠴᠠᠭ᠋ᠠᠯᠲᠠ ᠵᠢ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠵᠣᠬᠢᠶᠠᠨ ᠪᠠᠢ᠌ᠭᠣᠯᠣᠨ ᠬᠡᠷᠡᠭᠵᠢᠬᠦᠯᠦᠨ᠎ᠡ᠃
ᠠᠷᠪᠠᠲᠣᠭ᠋ᠠᠷ ᠵᠣᠷᠪᠣᠰ ᠲᠦᠷᠦ ᠵᠢᠨ ᠶᠠᠪᠣᠲᠠᠯ᠎ᠤᠨ ᠬᠣᠷᠢᠶ᠎ᠠ ᠠᠷᠠᠳ ᠢᠷᠭᠡᠳ᠎ᠤᠨ ᠪᠡᠶ᠎ᠡ ᠮᠠᠬᠠᠪᠣᠳ᠎ᠤᠨ ᠬᠡᠮᠵᠢᠯᠲᠡ ᠵᠢᠨ ᠳ᠋ᠦᠩ ᠪᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠪᠠᠢ᠌ᠲᠠᠯ᠎ᠤᠨ ᠪᠠᠢ᠌ᠴᠠᠭ᠋ᠠᠯᠲᠠ ᠵᠢᠨ ᠳ᠋ᠦᠩ᠎ᠢ ᠦᠨᠳᠦᠰᠦᠯᠡᠵᠦ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ᠎ᠳᠤ ᠵᠠᠰᠠᠪᠣᠷᠢ ᠣᠷᠣᠭᠣᠯᠣᠨ᠎ᠠ᠃
ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ ᠠᠷᠠᠳ ᠢᠷᠭᠡᠳ᠎ᠤᠨ ᠪᠡᠶ᠎ᠡ ᠮᠠᠬᠠᠪᠣᠳ᠎ᠤᠨ ᠬᠡᠮᠵᠢᠯᠲᠡ ᠵᠢᠨ ᠳ᠋ᠦᠩ ᠪᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠪᠠᠢ᠌ᠲᠠᠯ᠎ᠤᠨ ᠲᠣᠬᠠᠢ ᠪᠠᠢ᠌ᠴᠠᠭ᠋ᠠᠯᠲᠠ ᠵᠢᠨ ᠳ᠋ᠦᠩ᠎ᠢ ᠦᠨᠳᠦᠰᠦᠯᠡᠵᠦ᠂ ᠬᠡᠷᠡᠭᠵᠢᠬᠦᠯᠬᠦ ᠲᠦᠯᠦᠪᠯᠡᠭᠡ᠎ᠳᠡᠭᠡᠨ ᠵᠠᠰᠠᠪᠣᠷᠢ ᠣᠷᠣᠭᠣᠯᠣᠨ᠎ᠠ᠃
ᠠᠷᠪᠠᠨ ᠨᠢᠭᠡᠲᠦᠭᠡᠷ ᠵᠣᠷᠪᠣᠰ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢ ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠪᠣᠰᠣᠳ ᠰᠠᠯᠠᠭ᠎ᠠ ᠮᠦᠴᠢᠷ᠎ᠲᠠᠢ ᠬᠠᠮᠲᠣᠷᠠᠨ ᠵᠣᠬᠢᠶᠠᠨ ᠪᠠᠢ᠌ᠭᠣᠯᠣᠨ ᠬᠡᠷᠡᠭᠵᠢᠬᠦᠯᠦᠨ᠎ᠡ᠃ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ ᠵᠣᠬᠢᠶᠠᠨ ᠪᠠᠢ᠌ᠭᠣᠯᠬᠣ ᠪᠣᠯᠣᠨ ᠵᠣᠬᠢᠴᠠᠭᠣᠯᠬᠤᠪᠠᠨ ᠴᠢᠩᠭ᠋ᠠᠳᠬᠠᠵᠦ᠂ ᠲᠣᠰ ᠵᠠᠰᠠᠬ ᠵᠠᠬᠢᠷᠭ᠋ᠠᠨ᠎ᠤ ᠣᠷᠣᠨ᠎ᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢ ᠬᠡᠷᠡᠭᠵᠢᠬᠦᠯᠦᠭᠰᠡᠨ ᠪᠠᠢ᠌ᠲᠠᠯ᠎ᠢ ᠬᠠᠷᠢᠭᠣᠴᠠᠨ᠎ᠠ᠃
ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠲᠣᠰ ᠱᠠᠲᠣᠨ᠎ᠤ ᠠᠷᠠᠳ᠎ᠤᠨ ᠵᠠᠰᠠᠬ᠎ᠤᠨ ᠣᠷᠲᠣᠨ᠎ᠤ ᠲᠣᠰᠢᠶᠠᠯ᠎ᠤᠨ ᠬᠤᠭᠤᠴᠠᠭ᠎ᠠ ᠲᠠᠭᠣᠰᠬᠣ ᠪᠣᠯᠲᠠᠯ᠎ᠠ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ᠎ᠲᠠᠢ ᠬᠠᠮᠲᠣᠷᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢ ᠬᠡᠷᠡᠭᠵᠢᠬᠦᠯᠦᠭᠰᠡᠨ ᠪᠠᠢ᠌ᠲᠠᠯ᠎ᠳᠤ ᠦᠨᠡᠯᠡᠯᠲᠡ ᠬᠢᠬᠦ ᠵᠢᠨ ᠬᠠᠮᠲᠣ ᠦᠨᠡᠯᠡᠯᠲᠡ ᠵᠢᠨ ᠳ᠋ᠦᠩ ᠵᠶ᠋ᠠᠨ ᠲᠣᠰ ᠱᠠᠲᠣᠨ᠎ᠤ ᠠᠷᠠᠳ᠎ᠤᠨ ᠵᠠᠰᠠᠬ᠎ᠤᠨ ᠣᠷᠲᠣᠨ᠎ᠳᠤ ᠮᠡᠲᠡᠬᠦᠯᠦᠨᠡ᠃
ᠭᠣᠷᠪᠠᠲᠣᠭ᠋ᠠᠷ ᠪᠦᠯᠦᠭ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ
ᠠᠷᠪᠠᠨ ᠬᠣᠶᠠᠲᠣᠭ᠋ᠠᠷ ᠵᠣᠷᠪᠣᠰ ᠵᠢᠯ ᠪᠦᠷᠢ ᠵᠢᠨ 8 ᠰᠠᠷ᠎ᠠ ᠵᠢᠨ 8᠎ᠤ ᠡᠳᠦᠷ ᠪᠣᠯ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠡᠳᠦᠷ ᠪᠣᠯᠣᠨ᠎ᠠ᠃ ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ ᠵᠢᠴᠢ ᠬᠠᠮᠢᠶ᠎ᠠ ᠪᠦᠬᠦᠢ ᠰᠠᠯᠠᠭ᠎ᠠ ᠮᠦᠴᠢᠷ ᠲᠤᠰ ᠡᠳᠦᠷ᠎ᠲᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠣᠷᠲᠠᠯ ᠣᠬᠠᠭᠣᠯᠭ᠎ᠠ᠎ᠪᠠᠨ ᠴᠢᠩᠭ᠋ᠠᠳᠬᠠᠨ᠎ᠠ᠃
ᠣᠯᠣᠰ᠎ᠤᠨ ᠠᠯᠪᠠᠨ ᠪᠠᠢ᠌ᠭᠣᠯᠣᠯᠭ᠎ᠠ᠂ ᠠᠵᠦ ᠠᠬᠣᠢ᠌ᠯᠠᠯ ᠠᠵᠢᠯ ᠦᠢ᠍ᠯᠡᠰ᠎ᠤᠨ ᠨᠢᠭᠡᠴᠡ ᠪᠣᠯᠣᠨ ᠦᠭᠡᠷ᠎ᠡ ᠪᠣᠰᠣᠳ ᠵᠣᠬᠢᠶᠠᠨ ᠪᠠᠢ᠌ᠭᠣᠯᠣᠯᠲᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠡᠳᠦᠷ᠎ᠲᠤ ᠦᠪᠡᠷ ᠦᠪᠡᠷᠰᠡᠳ᠎ᠤᠨ ᠨᠦᠬᠦᠴᠡᠯ ᠣᠨᠴᠠᠯᠢᠬ᠎ᠲᠠᠢ᠎ᠪᠠᠨ ᠣᠶᠠᠯᠲᠣᠭᠣᠯᠵᠦ ᠲᠣᠰ ᠪᠠᠢ᠌ᠭᠣᠯᠣᠯᠭ᠎ᠠ ᠨᠢᠭᠡᠴᠡ ᠵᠢᠨ ᠠᠵᠢᠯᠲᠠᠨ ᠵᠶ᠋ᠠᠨ ᠵᠣᠬᠢᠶᠠᠨ ᠪᠠᠢ᠌ᠭᠣᠯᠵᠦ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠦᠨ᠎ᠡ᠃
ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠤᠨ ᠭᠣᠣᠯᠯᠠᠨ ᠬᠠᠮᠢᠶᠠᠷᠬᠤ ᠰᠠᠯᠠᠭ᠎ᠠ ᠮᠦᠴᠢᠷ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠡᠳᠦᠷ᠎ᠲᠤ ᠰᠦᠢ᠍ᠳᠭᠡᠯ ᠬᠣᠷᠢᠶᠠᠬᠣ ᠦᠭᠡᠢ ᠪᠡᠶ᠎ᠡ ᠴᠢᠬᠢᠷᠠᠭᠵᠢᠭᠣᠯᠬᠣ ᠵᠢᠯᠣᠭᠣᠲᠣᠯᠭ᠎ᠠ ᠦᠢ᠍ᠯᠡᠴᠢᠯᠡᠭᠡ ᠵᠢᠨ ᠠᠵᠢᠯᠯᠠᠭ᠎ᠠ ᠦᠷᠨᠢᠬᠦᠯᠦᠨ᠎ᠡ᠃
ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠡᠳᠦᠷ᠎ᠲᠤ ᠣᠯᠠᠨ ᠨᠡᠢ᠌ᠲᠡ᠎ᠳᠤ ᠰᠦᠢ᠍ᠳᠭᠡᠯ ᠬᠣᠷᠢᠶᠠᠬᠣ ᠦᠭᠡᠢ᠎ᠪᠠᠷ ᠴᠢᠯᠦᠭᠡᠲᠡᠢ ᠨᠡᠭᠡᠭᠡᠨ᠎ᠡ; ᠣᠯᠣᠰ᠎ᠠᠴᠠ ᠦᠭᠡᠷ᠎ᠡ ᠪᠣᠰᠣᠳ ᠲᠦᠷᠦᠯ᠎ᠤᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠡᠳᠦᠷ ᠣᠯᠠᠨ ᠨᠡᠢ᠌ᠲᠡ᠎ᠳᠤ ᠰᠦᠢ᠍ᠳᠭᠡᠯ ᠬᠣᠷᠢᠶᠠᠬᠣ ᠦᠭᠡᠢ᠎ᠪᠠᠷ ᠴᠢᠯᠦᠭᠡᠲᠡᠢ ᠨᠡᠭᠡᠭᠡᠬᠦ ᠵᠢ ᠵᠣᠷᠢᠬ᠍ᠵᠢᠭᠣᠯᠣᠨ᠎ᠠ᠃
ᠠᠷᠪᠠᠨ ᠭᠣᠷᠪᠠᠲᠣᠭ᠋ᠠᠷ ᠵᠣᠷᠪᠣᠰ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠲᠣᠬᠲᠠᠬᠰᠠᠨ ᠬᠣᠭᠣᠴᠠᠭ᠎ᠠ᠎ᠲᠠᠢ᠎ᠪᠠᠷ ᠪᠦᠬᠦ ᠣᠯᠣᠰ᠎ᠤᠨ ᠴᠢᠨᠠᠷᠲᠠᠢ ᠣᠯᠠᠨ ᠲᠦᠮᠡᠨ᠎ᠤ ᠪᠡᠶ᠎ᠡ ᠵᠢᠨ ᠲᠠᠮᠢᠷ᠎ᠤᠨ ᠣᠷᠣᠯᠲᠣᠭ᠋ᠠᠨ ᠡᠷᠬᠢᠯᠡᠨ᠎ᠡ; ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ᠂ ᠪᠦᠬᠦ ᠣᠯᠣᠰ᠎ᠤᠨ ᠴᠢᠨᠠᠷᠲᠠᠢ ᠨᠡᠢ᠌ᠭᠡᠮ᠎ᠤᠨ ᠪᠦᠯᠬᠦᠮ ᠨᠢᠭᠡᠴᠡ ᠵᠡᠷᠭᠡ ᠪᠠᠢ᠌ᠭᠤᠯᠤᠯᠭ᠎ᠠ ᠨᠢᠭᠡᠴᠢ ᠬᠡᠷᠡᠭᠴᠡᠭᠡ ᠱᠠᠭ᠋ᠠᠷᠲᠠᠯᠭ᠎ᠠ ᠵᠢ ᠦᠨᠳᠦᠰᠦᠯᠡᠵᠦ ᠬᠠᠷᠠᠭ᠋ᠠᠯᠵᠠᠬᠰᠠᠨ ᠪᠦᠬᠦ ᠣᠯᠣᠰ᠎ᠤᠨ ᠴᠢᠨᠠᠷᠲᠠᠢ ᠣᠯᠠᠨ ᠲᠦᠮᠡᠨ᠎ᠤ ᠪᠡᠶ᠎ᠡ ᠵᠢᠨ ᠲᠠᠮᠢᠷ᠎ᠤᠨ ᠣᠷᠣᠯᠲᠣᠭ᠋ᠠᠨ ᠡᠷᠬᠢᠯᠡᠵᠦ ᠪᠣᠯᠣᠨ᠎ᠠ᠃
ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ ᠲᠣᠬᠲᠠᠬᠰᠠᠨ ᠬᠣᠭᠣᠴᠠᠭ᠎ᠠ᠎ᠲᠠᠢ᠎ᠪᠠᠷ ᠲᠣᠰ ᠵᠠᠰᠠᠬ ᠵᠠᠬᠢᠷᠭ᠋ᠠᠨ᠎ᠤ ᠣᠷᠣᠨ᠎ᠤ ᠣᠯᠠᠨ ᠲᠦᠮᠡᠨ᠎ᠤ ᠪᠡᠶ᠎ᠡ ᠵᠢᠨ ᠲᠠᠮᠢᠷ᠎ᠤᠨ ᠣᠷᠣᠯᠲᠣᠭ᠋ᠠᠨ᠎ᠢ ᠡᠷᠬᠢᠯᠡᠨ ᠶᠠᠪᠣᠬᠲᠠᠭᠣᠯᠬᠣ ᠬᠡᠷᠡᠭᠲᠡᠢ᠃
ᠠᠷᠪᠠᠨ ᠲᠦᠷᠪᠡᠲᠦᠭᠡᠷ ᠵᠣᠷᠪᠣᠰ ᠰᠢᠶᠠᠨ᠎ᠤ ᠱᠠᠲᠣᠨ᠎ᠤ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠣᠯᠠᠮᠵᠢᠯᠠᠯᠲᠣ ᠪᠠᠶᠠᠷ ᠲᠣᠷᠠᠰᠬᠠᠯ᠎ᠤᠨ ᠡᠳᠦᠷ ᠪᠣᠯᠣᠨ ᠲᠠᠷᠢᠶᠠᠯᠠᠩ᠎ᠤᠨ ᠰᠡᠯᠡᠬᠦᠦ ᠣᠯᠠᠷᠢᠯ᠎ᠳᠤ ᠬᠦᠲᠡᠭᠡ ᠲᠣᠰᠬᠣᠨ᠎ᠤ ᠦᠢ᠍ᠯᠡᠳᠪᠦᠷᠢᠯᠡᠯ ᠬᠦᠲᠡᠯᠮᠦᠷᠢ ᠪᠣᠯᠣᠨ ᠰᠣᠶᠣᠯ᠎ᠤᠨ ᠠᠮᠢᠲᠣᠷᠠᠯᠯᠤᠭᠠ ᠵᠣᠬᠢᠴᠠᠯᠲᠣᠬᠰᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠵᠣᠬᠢᠶᠠᠨ ᠪᠠᠢ᠌ᠭᠣᠯᠵᠦ ᠦᠷᠨᠢᠬᠦᠯᠦᠨ᠎ᠡ᠃
ᠠᠷᠪᠠᠨ ᠲᠠᠪᠣᠲᠣᠭ᠋ᠠᠷ ᠵᠣᠷᠪᠣᠰ ᠣᠯᠣᠰ᠎ᠤᠨ ᠠᠯᠪᠠᠨ ᠪᠠᠢ᠌ᠭᠣᠯᠣᠯᠭ᠎ᠠ᠂ ᠠᠵᠦ ᠠᠬᠣᠢ᠌ᠯᠠᠯ ᠠᠵᠢᠯ ᠦᠢ᠍ᠯᠡᠰ᠎ᠤᠨ ᠨᠢᠭᠡᠴᠡ ᠪᠣᠯᠣᠨ ᠪᠣᠰᠣᠳ ᠵᠣᠬᠢᠶᠠᠨ ᠪᠠᠢ᠌ᠭᠣᠯᠣᠯᠲᠠ ᠲᠣᠰ ᠪᠠᠢ᠌ᠭᠣᠯᠣᠯᠭ᠎ᠠ ᠵᠢᠨ ᠵᠶ᠋ᠠᠨ ᠠᠵᠢᠯᠲᠠᠨ᠎ᠢ ᠵᠣᠬᠢᠶᠠᠨ ᠪᠠᠢ᠌ᠭᠣᠯᠵᠦ ᠵᠠᠪᠰᠠᠷᠯᠠᠭ᠎ᠠ (ᠡᠮᠦᠨᠡᠬᠢ) ᠵᠢᠨ ᠪᠡᠶ᠎ᠡ ᠵᠢᠨ ᠲᠠᠮᠢᠷ ᠪᠣᠯᠣᠨ ᠠᠵᠢᠯ᠎ᠤᠨ ᠴᠢᠯᠦᠭᠡᠨ᠎ᠤ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠵᠣᠬᠢᠶᠠᠨ ᠪᠠᠢ᠌ᠭᠣᠯᠣᠨ᠎ᠠ; ᠨᠦᠬᠦᠴᠡᠯ᠎ᠲᠠᠢ ᠪᠦᠬᠦᠢ᠎ᠨᠢ ᠪᠡᠶ᠎ᠡ ᠵᠢᠨ ᠲᠠᠮᠢᠷ᠎ᠤᠨ ᠣᠷᠣᠯᠲᠣᠭ᠋ᠠᠨ ᠡᠷᠬᠢᠯᠡᠬᠦ᠂ ᠪᠡᠶ᠎ᠡ ᠵᠢᠨ ᠲᠠᠮᠢᠷ᠎ᠤᠨ ᠪᠣᠯᠪᠠᠰᠣᠷᠠᠯ᠎ᠢ ᠬᠢᠨᠡᠨ ᠰᠢᠯᠭ᠋ᠠᠬᠣ᠂ ᠪᠡᠶ᠎ᠡ ᠮᠠᠬᠠᠪᠣᠳ᠎ᠢ ᠬᠢᠨᠡᠨ ᠲᠣᠬᠲᠠᠭ᠋ᠠᠬᠣ ᠵᠡᠷᠭᠡ ᠬᠦᠲᠡᠯᠭᠡᠭᠡᠨ ᠡᠷᠬᠢᠯᠡᠵᠦ ᠪᠣᠯᠣᠨ᠎ᠠ᠃
ᠠᠷᠪᠠᠨ ᠵᠢᠷᠭᠣᠲᠣᠭ᠋ᠠᠷ ᠵᠣᠷᠪᠣᠰ ᠠᠵᠢᠯᠴᠢᠨ᠎ᠤ ᠡᠪᠯᠡᠯ᠂ ᠡᠪ ᠬᠠᠮᠲᠣ ᠵᠠᠯᠠᠭᠣᠴᠣᠳ᠎ᠤᠨ ᠡᠪᠯᠡᠯ᠂ ᠡᠮᠡᠭᠲᠡᠢ᠌ᠴᠦᠳ᠎ᠤᠨ ᠬᠣᠯᠪᠣᠭ᠋ᠠᠲᠣ ᠬᠣᠷᠠᠯ᠂ ᠵᠡᠮᠲᠡᠭᠴᠦᠳ᠎ᠤᠨ ᠬᠣᠯᠪᠣᠭ᠎ᠠ ᠵᠡᠷᠭᠡ ᠨᠡᠢ᠌ᠭᠡᠮ᠎ᠤᠨ ᠪᠦᠯᠬᠦᠮ ᠨᠢᠭᠡᠴᠡ ᠦᠪᠡᠷ ᠦᠪᠡᠷ᠎ᠤᠨ ᠣᠨᠴᠠᠯᠢᠬ᠎ᠲᠠᠢ᠎ᠪᠠᠨ ᠣᠶᠠᠯᠲᠣᠭᠣᠯᠵᠦ᠂ ᠬᠡᠰᠢᠬᠦᠳ ᠵᠶ᠋ᠠᠨ ᠵᠣᠬᠢᠶᠠᠨ ᠪᠠᠢ᠌ᠭᠣᠯᠵᠦ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠬᠦ ᠬᠡᠷᠡᠭᠲᠡᠢ᠃
ᠲᠠᠩ ᠲᠦᠷᠦᠯ᠎ᠤᠨ ᠪᠡᠶ᠎ᠡ ᠵᠢᠨ ᠲᠠᠮᠢᠷ᠎ᠤᠨ ᠨᠡᠢ᠌ᠭᠡᠮᠯᠢᠭ ᠪᠡᠶ᠎ᠠ ᠵᠢᠨ ᠲᠠᠮᠢᠷ᠎ᠤᠨ ᠲᠦᠷᠦᠯ ᠵᠦᠢ᠍ᠯ᠎ᠢ ᠲᠦᠭᠡᠮᠡᠯᠵᠢᠬᠦᠯᠦᠨ ᠲᠡᠯᠭᠡᠷᠡᠬᠦᠯᠬᠦ ᠪᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠢ ᠵᠣᠬᠢᠶᠠᠨ ᠪᠠᠢ᠌ᠭᠣᠯᠵᠤ ᠦᠷᠨᠢᠬᠦᠯᠬᠦ ᠵᠢ ᠠᠵᠢᠯ᠎ᠤᠨ ᠲᠦᠯᠦᠪᠯᠡᠭᠡ᠎ᠳᠡᠭᠡᠨ ᠪᠠᠬᠲᠠᠭ᠋ᠠᠬᠣ ᠵᠢᠨ ᠬᠠᠮᠲᠣ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠢ ᠵᠢᠯᠣᠭᠣᠲᠣᠨ ᠲᠡᠮᠵᠢᠯᠭᠡ ᠦᠵᠡᠬᠦᠯᠬᠦ ᠬᠡᠷᠡᠭᠲᠡᠢ᠃
ᠠᠷᠪᠠᠨ ᠲᠣᠯᠣᠲᠣᠭ᠋ᠠᠷ ᠵᠣᠷᠪᠣᠰ ᠦᠨᠳᠦᠰᠦᠨ ᠱᠠᠲᠣᠨ᠎ᠤ ᠰᠣᠶᠣᠯ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ᠂ ᠰᠠᠭᠣᠭ᠋ᠠᠯᠢ ᠠᠷᠠᠳ᠎ᠤᠨ ᠵᠦᠪᠯᠡᠯ ᠪᠠ ᠲᠣᠰᠬᠣᠨ᠎ᠤ ᠠᠷᠠᠳ᠎ᠤᠨ ᠵᠦᠪᠯᠡᠯ᠎ᠨᠢ ᠰᠠᠭᠣᠭ᠋ᠠᠯᠢ ᠠᠷᠠᠳ ᠵᠶ᠋ᠠᠨ ᠵᠣᠬᠢᠶᠠᠨ ᠪᠠᠢ᠌ᠭᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠵᠦ᠂ ᠵᠠᠰᠠᠬ᠎ᠤᠨ ᠣᠷᠲᠣ᠎ᠨᠢ ᠬᠠᠮᠵᠢᠨ ᠬᠠᠮᠢᠶ ᠠ ᠪᠦᠬᠦᠢ ᠠᠵᠢᠯ᠎ᠢ ᠰᠠᠢ᠌ᠲᠣᠷ ᠬᠢᠬᠦ ᠬᠡᠷᠡᠭᠲᠡᠢ᠃
ᠠᠷᠪᠠᠨ ᠨᠠᠢ᠍ᠮᠠᠳᠤᠭ᠋ᠠᠷ ᠵᠣᠷᠪᠣᠰ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠦᠷᠲᠡᠭᠡ ᠴᠢᠬ᠂ ᠪᠡᠶ᠎ᠡ ᠵᠢᠨ ᠲᠠᠮᠢᠷ᠎ᠤᠨ ᠺᠯᠦ᠋ᠪ ᠵᠡᠷᠭᠡ ᠣᠯᠠᠨ ᠲᠦᠮᠡᠨᠴᠢ ᠴᠢᠨᠠᠷᠲᠠᠢ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ ᠵᠢᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠵᠣᠬᠢᠶᠠᠨ ᠪᠠᠢ᠌ᠭᠣᠯᠵᠤ ᠦᠷᠨᠢᠬᠦᠯᠬᠦ ᠵᠢ ᠵᠣᠷᠢᠬ᠍ᠵᠢᠭᠣᠯᠵᠦ᠂ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠵᠢ ᠣᠬᠠᠭᠣᠯᠣᠨᠠ; ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠪᠣᠯᠣᠨ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ ᠲᠡᠮᠵᠢᠯᠭᠡ ᠦᠵᠡᠬᠦᠯᠬᠦ ᠬᠡᠷᠡᠭᠲᠡᠢ᠃
ᠠᠷᠪᠠ ᠶᠢᠰᠦᠲᠦᠭᠡᠷ ᠵᠣᠷᠪᠣᠰ ᠬᠠᠣᠯᠢ ᠶᠣᠰᠣᠭ᠋ᠠᠷ ᠡᠷᠬᠢᠯᠡᠭᠰᠡᠨ ᠣᠯᠠᠨ ᠲᠦᠮᠡᠨ᠎ᠤ ᠪᠡᠶ᠎ᠡ ᠵᠢᠨ ᠲᠠᠮᠢᠷ᠎ᠤᠨ ᠣᠷᠣᠯᠲᠣᠭ᠋ᠠᠨ ᠵᠡᠷᠭᠡ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠢ ᠶᠠᠮᠠᠷᠪᠠ ᠵᠣᠬᠢᠶᠠᠨ ᠪᠠᠢ᠌ᠭᠣᠯᠣᠯᠲᠠ ᠪᠣᠯᠣᠨ ᠬᠣᠪᠢ ᠬᠦᠮᠦᠨ ᠬᠠᠣᠯᠢ ᠪᠣᠰᠣ᠎ᠪᠠᠷ ᠬᠢᠨᠠᠨ ᠵᠦᠪᠰᠢᠶᠡᠷᠡᠬᠦ ᠪᠠ ᠬᠢᠨᠡᠨ ᠵᠦᠪᠰᠢᠶᠡᠷᠡᠬᠦ ᠰᠦᠢ᠍ᠳᠭᠡᠯ ᠬᠣᠷᠢᠶᠠᠵᠦ ᠪᠣᠯᠬᠣ ᠦᠭᠡᠢ᠃
ᠬᠣᠷᠢᠲᠣᠭ᠋ᠠᠷ ᠵᠣᠷᠪᠣᠰ ᠷᠠᠳᠢᠣ᠋ ᠬᠣᠷᠢᠶ᠎ᠠ᠂ ᠲᠸᠯᠸᠢᠰ ᠬᠣᠷᠢᠶ᠎ᠠ᠂ ᠰᠣᠨᠢᠨ ᠰᠡᠳᠬᠦᠯ ᠪᠠ ᠢᠨᠲ᠋ᠧᠷ ᠰᠦᠯᠵᠢᠶ᠎ᠠ ᠵᠡᠷᠭᠡ᠎ᠨᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠣᠬᠠᠭᠣᠯᠭ᠎ᠠ ᠮᠡᠲᠡᠭᠡᠯᠡᠯ ᠵᠶ᠋ᠠᠨ ᠴᠢᠩᠭ᠋ᠠᠳᠬᠠᠵᠦ᠂ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠮᠡᠲᠡᠯᠭᠡ ᠵᠢ ᠲᠦᠭᠡᠮᠡᠯᠵᠢᠬᠦᠯᠦᠨ᠂ ᠠᠷᠠᠳ ᠢᠷᠭᠡᠳ᠎ᠤᠨ ᠪᠡᠶ᠎ᠡ ᠴᠢᠬᠢᠷᠠᠬ᠍ᠵᠢᠭᠣᠯᠬᠣ ᠣᠬᠠᠮᠰᠠᠷ᠎ᠢ ᠴᠢᠩᠭ᠋ᠠᠳᠬᠠᠨ᠎ᠠ᠃
ᠬᠣᠷᠢᠨ ᠨᠢᠭᠡᠲᠦᠭᠡᠷ ᠵᠣᠷᠪᠣᠰ ᠰᠣᠷᠭ᠋ᠠᠭᠣᠯᠢ᠎ᠨᠤᠭᠤᠳ 《 ᠪᠦᠬᠦᠲᠡ ᠨᠡᠢ᠌ᠷᠠᠮᠲᠠᠬᠣ ᠲᠣᠮᠲᠠᠲᠣ ᠠᠷᠠᠳ ᠣᠯᠣᠰ᠎ᠤᠨ ᠪᠡᠶ᠎ᠡ ᠵᠢᠨ ᠲᠠᠮᠢᠷ᠎ᠤᠨ ᠬᠠᠣᠯᠢ》 ᠪᠣᠯᠣᠨ 《ᠰᠣᠷᠭ᠋ᠠᠭᠣᠯᠢ ᠵᠢᠨ ᠪᠡᠶ᠎ᠡ ᠵᠢᠨ ᠲᠠᠮᠢᠷ᠎ᠤᠨ ᠠᠵᠢᠯ᠎ᠤᠨ ᠲᠦᠷᠢᠮ》᠎ᠤᠨ ᠲᠣᠬᠲᠠᠭ᠋ᠠᠯ᠎ᠢ ᠦᠨᠳᠦᠰᠦᠯᠡᠵᠦ᠂ ᠰᠣᠷᠣᠬ᠍ᠴᠢᠳ᠎ᠤᠨ ᠨᠠᠰᠣ ᠵᠢᠯ᠂ ᠬᠦᠢ᠍ᠰᠦ ᠢᠯᠭ᠋ᠠᠯ ᠪᠣᠯᠣᠨ ᠪᠡᠶ᠎ᠡ ᠮᠠᠬᠠᠪᠣᠳ᠎ᠤᠨ ᠪᠠᠢ᠌ᠲᠠᠯ᠎ᠢ ᠦᠨᠳᠦᠰᠦᠯᠡᠨ ᠪᠡᠶ᠎ᠡ ᠵᠢᠨ ᠲᠠᠮᠢᠷ᠎ᠤᠨ ᠵᠢᠭ᠋ᠠᠨ ᠰᠣᠷᠭ᠋ᠠᠯᠲᠠ ᠵᠢ ᠬᠡᠷᠡᠭᠵᠢᠬᠦᠯᠦᠨ᠂ ᠷᠠᠳᠢᠣ᠋ ᠪᠡᠶ᠎ᠠ ᠵᠢᠨ ᠲᠠᠮᠢᠷ᠂ ᠨᠢᠲᠣ᠎ᠪᠠᠨ ᠬᠠᠮᠠᠭ᠋ᠠᠯᠠᠬᠣ ᠲᠠᠮᠢᠷ ᠵᠡᠷᠭᠡ ᠪᠡᠶ᠎ᠡ ᠵᠢᠨ ᠲᠠᠮᠢᠷ᠎ᠤᠨ ᠬᠦᠲᠡᠯᠭᠡᠭᠡᠨ ᠦᠷᠨᠢᠬᠦᠯᠦᠨ᠂ ᠰᠣᠷᠣᠬ᠍ᠴᠢᠳ᠎ᠤᠨ ᠪᠡᠶ᠎ᠡ ᠵᠢᠨ ᠲᠠᠮᠢᠷ᠎ᠤᠨ ᠪᠤᠯᠪᠠᠰᠤᠷᠠᠯ᠎ᠢ ᠵᠢᠯᠣᠭᠣᠳᠴᠦ᠂ ᠰᠣᠷᠣᠬ᠍ᠴᠢᠳ᠎ᠤᠨ ᠪᠡᠶ᠎ᠡ ᠮᠠᠬᠠᠪᠣᠳ᠎ᠤᠨ ᠬᠡᠪ ᠴᠢᠨᠠᠷ᠎ᠢ ᠲᠡᠭᠡᠭᠰᠢᠯᠡᠬᠦᠯᠦᠨ᠎ᠡ᠃
ᠰᠣᠷᠭ᠋ᠠᠭᠣᠯᠢ᠎ᠨᠢ ᠰᠣᠷᠣᠬ᠍ᠴᠢᠳ ᠰᠣᠷᠭ᠋ᠠᠭᠣᠯᠢ᠎ᠳᠤ ᠪᠠᠢ᠌ᠬᠣ ᠬᠣᠭᠣᠴᠠᠭ᠋ᠠᠨ᠎ᠳᠤ ᠡᠳᠦᠷ ᠪᠦᠷᠢ 1 ᠴᠠᠬ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠳᠤ ᠣᠷᠣᠯᠴᠠᠬᠣ ᠵᠢ ᠪᠠᠲᠣᠯᠠᠬᠣ ᠬᠡᠷᠡᠭᠲᠡᠢ᠃
ᠬᠣᠷᠢᠨ ᠬᠣᠶᠠᠲᠣᠭ᠋ᠠᠷ ᠵᠣᠷᠪᠣᠰ ᠰᠣᠷᠭ᠋ᠠᠭᠣᠯᠢ᠎ᠨᠤᠭᠤᠳ ᠰᠣᠷᠣᠯᠭ᠎ᠠ ᠵᠢᠨ ᠬᠣᠭᠣᠴᠠᠭ᠎ᠠ ᠪᠣᠯᠭ᠋ᠠᠨ ᠨᠠᠭ᠋ᠠᠲᠣ ᠵᠠᠬ᠎ᠠ᠎ᠳᠠᠭᠠᠨ ᠨᠢᠭᠡ ᠣᠲᠠᠭ᠋ᠠᠨᠤ ᠪᠦᠬᠦ ᠰᠣᠷᠭ᠋ᠠᠭᠣᠯᠢ ᠵᠢᠨ ᠴᠢᠨᠠᠷᠲᠠᠢ ᠪᠡᠶ ᠡ ᠵᠢᠨ ᠲᠠᠮᠢᠷ᠎ᠤᠨ ᠣᠷᠣᠯᠲᠣᠭ᠋ᠠᠨ ᠡᠷᠬᠢᠯᠡᠨ᠎ᠡ; ᠨᠦᠬᠦᠴᠡᠯ ᠪᠦᠬᠦᠢ ᠰᠣᠷᠭ᠋ᠠᠭᠣᠯᠢ᠎ᠨᠢ ᠪᠠᠰᠠ ᠲᠦᠯᠦᠪᠯᠡᠭᠡ᠎ᠲᠠᠢ᠎ᠪᠠᠷ ᠰᠣᠷᠣᠬ᠍ᠴᠢᠳᠢ ᠵᠣᠬᠢᠶᠠᠨ ᠪᠠᠢ᠌ᠭᠣᠯᠵᠦ ᠬᠣᠯᠠ ᠠᠶᠠᠯᠠᠬᠣ᠂ ᠭᠡᠭᠡᠷ᠎ᠡ ᠵᠢᠨ ᠵᠣᠰᠠᠯᠠᠩ᠂ ᠪᠡᠶ᠎ᠡ ᠵᠢᠨ ᠲᠠᠮᠢᠷ᠎ᠤᠨ ᠵᠣᠰᠠᠭ᠋ᠠᠯ (ᠡᠪᠦᠯᠵᠢᠶ᠎ᠡ) ᠵᠡᠷᠭᠡ ᠬᠦᠲᠡᠯᠭᠡᠭᠡᠨ᠎ᠳᠤ ᠣᠷᠣᠯᠴᠠᠭᠣᠯᠣᠨ᠎ᠠ᠃
ᠬᠣᠷᠢᠨ ᠭᠣᠷᠪᠠᠲᠣᠭ᠋ᠠᠷ ᠵᠣᠷᠪᠣᠰ ᠦᠨᠳᠦᠰᠦᠨ ᠱᠠᠲᠣᠨ᠎ᠤ ᠰᠣᠶᠣᠯ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ᠂ ᠰᠣᠷᠭ᠋ᠠᠭᠣᠯᠢ᠂ ᠭᠡᠷ ᠪᠦᠯᠢᠨᠦᠭᠦᠳ ᠬᠠᠮᠲᠣᠷᠠᠯᠴᠠᠭ᠎ᠠ᠎ᠪᠠᠨ ᠴᠢᠩᠭ᠋ᠠᠳᠬᠠᠵᠦ᠂ ᠰᠣᠷᠣᠬ᠍ᠴᠢᠳ᠎ᠤᠨ ᠰᠣᠷᠭ᠋ᠠᠭᠣᠯᠢ ᠵᠢᠨ ᠭᠠᠲᠠᠨᠠᠬᠢ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠳᠤ ᠣᠷᠣᠯᠴᠠᠬᠣ ᠵᠢ ᠲᠡᠮᠵᠢᠵᠦ ᠬᠦᠲᠦᠯᠦᠨ ᠵᠢᠯᠣᠭᠣᠲᠣᠨ᠎ᠠ᠃
ᠵᠠᠯᠠᠭᠣᠴᠣᠳ ᠪᠠᠭ᠋ᠠᠴᠣᠳ᠎ᠤᠨ ᠬᠦᠲᠡᠯᠭᠡᠭᠡᠨ᠎ᠤ ᠲᠦᠪ᠂ ᠪᠠᠭ᠋ᠠᠴᠣᠳ᠎ᠤᠨ ᠣᠷᠲᠣᠨ᠂ ᠡᠮᠡᠭᠲᠡᠢ᠌ᠴᠦᠳ ᠬᠡᠦᠬᠡᠳ᠎ᠤᠨ ᠲᠦᠪ ᠵᠡᠷᠭᠡ᠎ᠨᠢ ᠰᠣᠷᠣᠬ᠍ᠴᠢᠳ᠎ᠤᠨ ᠪᠡᠶ᠎ᠡ ᠵᠢᠨ ᠲᠠᠮᠢᠷ᠎ᠤᠨ ᠬᠦᠲᠡᠯᠭᠡᠭᠡᠨ ᠦᠷᠨᠢᠬᠦᠯᠬᠦ᠎ᠳᠤ ᠲᠦᠬᠦᠮ ᠲᠣᠰᠠ ᠦᠵᠡᠬᠦᠯᠬᠦ ᠬᠡᠷᠡᠭᠲᠡᠢ᠃
ᠬᠣᠷᠢᠨ ᠲᠦᠷᠪᠡᠲᠦᠭᠡᠷ ᠵᠣᠷᠪᠣᠰ ᠲᠣᠮᠣ ᠬᠡᠯᠪᠡᠷᠢ ᠵᠢᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠵᠣᠬᠢᠶᠠᠨ ᠪᠠᠢ᠌ᠭᠣᠯᠬᠣ᠎ᠳᠠᠭᠠᠨ ᠣᠯᠣᠰ᠎ᠤᠨ ᠬᠣᠯᠪᠣᠬᠲᠠᠯ ᠪᠦᠬᠦᠢ ᠲᠣᠮᠣ ᠬᠡᠯᠪᠡᠷᠢ ᠵᠢᠨ ᠣᠯᠠᠨ ᠲᠦᠮᠡᠨᠴᠢ ᠴᠢᠨᠠᠷᠲᠠᠢ ᠬᠦᠲᠡᠯᠭᠡᠭᠡᠨ᠎ᠤ ᠠᠮᠣᠷ ᠲᠦᠪᠰᠢᠨ᠎ᠤ ᠬᠠᠮᠢᠶᠠᠷᠣᠯᠲᠠ ᠵᠢᠨ ᠲᠣᠬᠲᠠᠭ᠋ᠠᠯ ᠶᠣᠰᠣᠭ᠋ᠠᠷ ᠠᠮᠣᠷ ᠲᠦᠪᠰᠢᠨ᠎ᠤ ᠠᠵᠢᠯ᠎ᠢ ᠰᠠᠢ᠌ᠲᠣᠷ ᠬᠢᠬᠦ ᠬᠡᠷᠡᠭᠲᠡᠢ᠃
ᠬᠣᠷᠢᠨ ᠲᠠᠪᠣᠲᠣᠭ᠋ᠠᠷ ᠵᠣᠷᠪᠣᠰ ᠶᠠᠮᠠᠷᠪᠠ ᠵᠣᠬᠢᠶᠠᠨ ᠪᠠᠢ᠌ᠭᠣᠯᠣᠯᠲᠠ ᠪᠣᠶᠣ ᠬᠣᠪᠢ ᠬᠦᠮᠦᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠢ ᠠᠰᠢᠬᠯᠠᠨ ᠹᠧᠣᠳᠠᠯ᠎ᠤᠨ ᠮᠣᠬᠣᠷ ᠪᠢᠰᠢᠷᠡᠯ᠂ ᠨᠡᠢ᠌ᠭᠡᠮ᠎ᠤᠨ ᠶᠣᠰᠣ ᠰᠣᠷᠲᠠᠬᠣᠨ᠎ᠠᠴᠠ ᠲᠡᠷᠰᠯᠡᠵᠦ ᠭᠠᠵᠢᠬᠰᠠᠨ᠂ ᠣᠯᠠᠨ ᠨᠡᠢ᠌ᠲᠡ ᠵᠢᠨ ᠡᠮᠬᠢ ᠲᠢᠭᠯᠢᠮ᠎ᠢ ᠰᠠᠮᠠᠷᠠᠭᠤᠯᠤᠭᠰᠠᠨ᠂ ᠠᠷᠠᠳ ᠢᠷᠭᠡᠳ᠎ᠤᠨ ᠪᠡᠶ᠎ᠡ ᠰᠡᠳᠬᠢᠴᠡ ᠵᠢᠨ ᠡᠷᠡᠬᠦᠯ ᠮᠡᠨᠲᠦ ᠵᠢ ᠬᠣᠬᠢᠷᠠᠭᠣᠯᠣᠬᠰᠠᠨ ᠠᠵᠢᠯᠯᠠᠭ᠎ᠠ ᠬᠢᠵᠦ ᠪᠣᠯᠬᠣ ᠦᠭᠡᠢ᠃
ᠲᠦᠷᠪᠡᠲᠦᠭᠡᠷ ᠪᠦᠯᠦᠭ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠠᠲᠣᠯᠠᠭ᠎ᠠ
ᠬᠣᠷᠢᠨ ᠵᠢᠷᠭᠣᠲᠣᠭ᠋ᠠᠷ ᠵᠣᠷᠪᠣᠰ ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ᠎ᠳᠤ ᠱᠠᠭ᠋ᠠᠷᠲᠠᠬᠣ ᠵᠠᠷᠣᠲᠠᠯᠢ ᠲᠣᠰ ᠱᠠᠲᠣᠨ᠎ᠤ ᠡᠳ᠋᠎ᠤᠨ ᠵᠠᠰᠠᠬ᠎ᠤᠨ ᠲᠦᠰᠦᠪ᠎ᠲᠤ ᠣᠷᠣᠭᠣᠯᠬᠣ ᠵᠢᠨ ᠬᠠᠮᠲᠣ ᠣᠯᠣᠰ ᠠᠷᠠᠳ᠎ᠤᠨ ᠠᠵᠦ ᠠᠬᠣᠢ ᠵᠢᠨ ᠬᠦᠭᠵᠢᠯᠲᠡ ᠵᠢ ᠲᠠᠭ᠋ᠠᠯᠲᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠡᠯᠡ ᠣᠷᠣᠭᠣᠯᠣᠯᠲᠠ᠎ᠪᠠᠨ ᠢᠲᠡᠭ ᠢᠲᠡᠭ ᠵᠶ᠋ᠠᠷ ᠨᠡᠮᠡᠭᠲᠡᠬᠦᠯᠬᠦ ᠬᠡᠷᠡᠭᠲᠡᠢ᠃
ᠣᠯᠣᠰ᠎ᠤᠨ ᠬᠠᠮᠢᠶ᠎ᠠ ᠪᠦᠬᠦᠢ ᠯᠣᠲ᠋ᠧᠧᠷᠢ ᠵᠢᠨ ᠨᠡᠢ᠌ᠲᠡ ᠵᠢᠨ ᠠᠰᠠᠷᠠᠮᠵᠢ ᠵᠢᠨ ᠮᠦᠩᠬᠦ ᠵᠢ ᠬᠣᠪᠢᠶᠠᠷᠢᠯᠠᠬᠣ ᠲᠦᠷᠦ ᠵᠢᠨ ᠪᠣᠲᠣᠯᠭ᠎ᠠ ᠵᠢ ᠦᠨᠳᠦᠰᠦᠯᠡᠵᠦ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ᠎ᠤᠨ ᠬᠣᠪᠢᠶᠠᠷᠢᠯᠠᠵᠦ ᠬᠡᠷᠡᠭᠯᠡᠭᠰᠡᠨ ᠯᠣᠲ᠋ᠧᠧᠷᠢ ᠵᠢᠨ ᠨᠡᠢ᠌ᠲᠡ ᠵᠢᠨ ᠠᠰᠠᠷᠠᠮᠵᠢ ᠵᠢᠨ ᠮᠦᠩᠬᠦ ᠵᠢ ᠣᠯᠣᠰ᠎ᠤᠨ ᠬᠠᠮᠢᠶ᠎ᠠ ᠪᠦᠬᠦᠢ ᠲᠣᠬᠲᠠᠭ᠋ᠠᠯ ᠶᠣᠰᠣᠭ᠋ᠠᠷ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠲᠤ ᠬᠡᠷᠡᠭᠯᠡᠬᠦ ᠬᠡᠷᠡᠭᠲᠡᠢ᠃
ᠬᠣᠷᠢᠨ ᠲᠣᠯᠣᠲᠣᠭ᠋ᠠᠷ ᠵᠣᠷᠪᠣᠰ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠲᠦᠯᠦᠪᠵᠢᠬᠦᠯᠭᠡ᠂ ᠪᠦᠲᠦᠭᠡᠨ ᠪᠠᠢ᠌ᠭᠣᠯᠣᠯᠲᠠ᠂ ᠬᠡᠷᠡᠭᠯᠡᠯᠲᠡ᠂ ᠬᠠᠮᠢᠶᠠᠷᠣᠯᠲᠠ᠂ ᠬᠠᠮᠠᠭ᠋ᠠᠯᠠᠯᠲᠠ ᠪᠣᠯᠣᠨ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠬᠠᠮᠢᠶᠠᠷᠬᠣ ᠨᠢᠭᠡᠴᠡ ᠵᠢᠨ ᠬᠠᠩᠭ᠋ᠠᠬᠰᠠᠨ ᠦᠢ᠍ᠯᠡᠴᠢᠯᠡᠭᠡᠨ᠎ᠢ 《ᠣᠯᠠᠨ ᠨᠡᠢ᠌ᠲᠡ ᠵᠢᠨ ᠰᠣᠶᠣᠯ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠲᠦᠷᠢᠮ》᠎ᠤᠨ ᠲᠣᠬᠲᠠᠭ᠋ᠠᠯ᠎ᠢ ᠵᠢᠷᠣᠮᠯᠠᠬᠣ ᠬᠡᠷᠡᠭᠲᠡᠢ᠃
ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠲᠦᠯᠦᠪᠵᠢᠬᠦᠯᠭᠡ᠂ ᠪᠦᠲᠦᠭᠡᠨ ᠪᠠᠢ᠌ᠭᠣᠯᠣᠯᠲᠠ᠎ᠨᠢ ᠲᠣᠬᠠᠢ ᠵᠢᠨ ᠭᠠᠵᠠᠷ ᠣᠷᠣᠨ᠎ᠤ ᠠᠵᠦ ᠠᠬᠣᠢ ᠵᠢᠨ ᠬᠦᠭᠵᠢᠯᠲᠡ ᠵᠢᠨ ᠲᠦᠪᠰᠢᠨ᠎ᠲᠠᠢ ᠲᠣᠬᠢᠷᠠᠯᠴᠠᠵᠦ᠂ ᠣᠯᠠᠨ ᠲᠦᠮᠡᠨ᠎ᠤ ᠣᠢ᠌ᠷ᠎ᠠ ᠵᠡᠷᠭᠡᠯᠡᠲᠡᠭᠡ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠳᠤ ᠣᠷᠣᠯᠴᠠᠬᠣ᠎ᠳᠤ ᠲᠦᠬᠦᠮ ᠪᠠᠢ᠌ᠬᠣ ᠬᠡᠷᠡᠭᠲᠡᠢ; ᠬᠦᠲᠡᠭᠡ ᠲᠣᠰᠬᠣᠨ᠎ᠤ ᠣᠯᠠᠨ ᠨᠡᠢ᠌ᠢ᠍ᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠲᠦᠯᠦᠪᠵᠢᠬᠦᠯᠭᠡ᠂ ᠪᠦᠲᠦᠭᠡᠨ ᠪᠠᠢ᠌ᠭᠣᠯᠣᠯᠲᠠ᠎ᠨᠢ ᠬᠦᠲᠡᠭᠡ ᠲᠣᠰᠬᠣᠨ᠎ᠤ ᠦᠢ᠍ᠯᠡᠳᠪᠦᠷᠢᠯᠡᠯ ᠬᠦᠲᠡᠯᠮᠦᠷᠢ ᠪᠣᠯᠣᠨ ᠰᠣᠶᠣᠯ᠎ᠤᠨ ᠠᠮᠢᠲᠣᠷᠠᠯ᠎ᠤᠨ ᠲᠠᠳᠬᠠᠯ᠎ᠢ ᠪᠣᠲᠣᠯᠬᠢᠯᠠᠬᠣ ᠬᠡᠷᠡᠭᠲᠡᠢ᠃
ᠬᠣᠷᠢᠨ ᠨᠠᠢ᠍ᠮᠠᠳᠤᠭ᠋ᠠᠷ ᠵᠣᠷᠪᠣᠰ ᠰᠣᠷᠭ᠋ᠠᠭᠣᠯᠢ᠎ᠨᠤᠭᠤᠳ ᠬᠢᠴᠢᠶᠡᠯ᠎ᠤᠨ ᠵᠠᠪᠰᠠᠷᠯᠠᠭ᠎ᠠ ᠵᠢᠨ ᠴᠠᠬ ᠪᠣᠯᠣᠨ ᠪᠠᠶᠠᠷ ᠲᠣᠷᠠᠰᠬᠠᠯ᠎ᠤᠨ ᠡᠳᠦᠷ ᠰᠣᠷᠣᠬ᠍ᠴᠢᠳ᠎ᠲᠤ ᠪᠡᠶ᠎ᠡ ᠵᠢᠨ ᠲᠠᠮᠢᠷ᠎ᠤᠨ ᠲᠦᠬᠦᠭᠡᠷᠦᠮᠵᠢ᠎ᠪᠠᠨ ᠴᠢᠯᠦᠭᠡᠲᠡᠢ ᠨᠡᠭᠡᠭᠡᠨ᠎ᠡ᠃ ᠠᠯᠪᠠᠨ᠎ᠠᠴᠠ ᠡᠷᠬᠢᠯᠡᠭᠰᠡᠨ ᠰᠣᠷᠭ᠋ᠠᠭᠣᠯᠢ ᠢᠲᠡᠪᠬᠢᠲᠡᠢ᠎ᠪᠠᠷ ᠨᠦᠬᠦᠴᠡᠯ ᠡᠬᠦᠳᠴᠦ ᠣᠯᠠᠨ ᠨᠡᠢ᠌ᠲᠡ᠎ᠳᠤ ᠪᠡᠶ᠎ᠡ ᠵᠢᠨ ᠲᠠᠮᠢᠷ᠎ᠤᠨ ᠲᠦᠬᠦᠭᠡᠷᠦᠮᠵᠢ᠎ᠪᠠᠨ ᠴᠢᠯᠦᠭᠡᠲᠡᠢ ᠨᠡᠭᠡᠭᠡᠨ᠎ᠡ; ᠠᠷᠠᠳ᠎ᠠᠴᠠ ᠡᠷᠬᠢᠯᠡᠭᠰᠡᠨ ᠰᠣᠷᠭ᠋ᠠᠭᠣᠯᠢ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ᠎ᠪᠠᠨ ᠣᠯᠠᠨ ᠨᠡᠢ᠌ᠲᠡ᠎ᠳᠤ ᠴᠢᠯᠦᠭᠡᠲᠡᠢ ᠨᠡᠭᠡᠭᠡᠬᠦ ᠵᠢ ᠣᠯᠣᠰ᠎ᠠᠴᠠ ᠲᠡᠮᠵᠢᠨ᠎ᠡ᠃
ᠰᠢᠶᠠᠨ᠎ᠤ ᠱᠠᠲᠣᠨ᠎ᠤ ᠠᠷᠠᠳᠤ ᠵᠠᠰᠠᠬ᠎ᠤᠨ ᠣᠷᠲᠣᠨ ᠣᠯᠠᠨ ᠨᠡᠢ᠌ᠲᠡ᠎ᠳᠤ ᠪᠡᠶ᠎ᠡ ᠵᠢᠨ ᠲᠠᠮᠢᠷ᠎ᠤᠨ ᠲᠦᠬᠦᠭᠡᠷᠦᠮᠵᠢ᠎ᠪᠠᠨ ᠴᠢᠯᠦᠭᠡᠲᠡᠢ ᠨᠡᠭᠡᠭᠡᠭᠰᠡᠨ ᠰᠣᠷᠭ᠋ᠠᠭᠣᠯᠢ ᠵᠢ ᠲᠡᠮᠵᠢᠵᠦ᠂ ᠪᠡᠶ᠎ᠡ ᠵᠢᠨ ᠲᠠᠮᠢᠷ᠎ᠤᠨ ᠲᠦᠬᠦᠭᠡᠷᠦᠮᠵᠢ᠎ᠪᠠᠨ ᠣᠯᠠᠨ ᠨᠡᠢ᠌ᠲᠡ᠎ᠳᠤ ᠴᠢᠯᠦᠭᠡᠲᠡᠢ ᠨᠡᠭᠡᠭᠡᠭᠰᠡᠨ ᠰᠣᠷᠭ᠋ᠠᠭᠣᠯᠢ᠎ᠳᠤ ᠬᠠᠮᠢᠶ᠎ᠠ ᠪᠦᠬᠦᠢ ᠬᠠᠷᠢᠭᠣᠴᠠᠯᠭ᠎ᠠ ᠵᠢᠨ ᠲᠠᠭ᠋ᠠᠳᠬᠠᠯ ᠣᠷᠣᠭᠣᠯᠵᠦ ᠦᠭᠬᠦᠨ᠎ᠠ᠃
ᠰᠣᠷᠭ᠋ᠠᠭᠣᠯᠢ᠎ᠨᠤᠭᠤᠳ ᠲᠦᠬᠦᠭᠡᠷᠦᠮᠵᠢ ᠵᠢᠨ ᠡᠵᠡᠩᠨᠡᠯᠲᠡ᠎ᠪᠠᠨ ᠠᠷᠭ᠋ᠠᠴᠠᠬᠣ ᠬᠡᠷᠡᠭᠴᠡᠭᠡ᠎ᠪᠠᠨ ᠦᠨᠳᠦᠰᠦᠯᠡᠵᠦ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠬᠡᠷᠡᠭᠯᠡᠵᠦ ᠪᠠᠢ᠌ᠬᠣ ᠣᠯᠠᠨ ᠨᠡᠢ᠌ᠲᠡ᠎ᠠᠴᠠ ᠠᠪᠬᠣ ᠶᠣᠰᠣᠲᠠᠢ ᠰᠦᠢ᠍ᠳᠭᠡᠯ ᠬᠣᠷᠢᠶᠠᠵᠦ ᠪᠣᠯᠣᠨ᠎ᠠ᠃
ᠬᠣᠷᠢ ᠶᠢᠰᠦᠲᠦᠭᠡᠷ ᠵᠣᠷᠪᠣᠰ ᠴᠡᠴᠡᠷᠯᠢᠭ᠂ ᠵᠦᠯᠭᠡ ᠭᠠᠵᠠᠷ ᠵᠡᠷᠭᠡ ᠣᠯᠠᠨ ᠨᠡᠢ᠌ᠲᠡ ᠵᠢᠨ ᠲᠠᠯᠠᠪᠣᠷ᠎ᠤᠨ ᠬᠠᠮᠢᠶᠠᠷᠣᠯᠲᠠ ᠵᠢᠨ ᠨᠢᠭᠡᠴᠡ ᠦᠪᠡᠷ᠎ᠤᠨ ᠨᠦᠬᠦᠴᠡᠯ ᠪᠠᠢ᠌ᠲᠠᠯ ᠵᠶ᠋ᠠᠨ ᠦᠨᠳᠦᠰᠦᠯᠡᠵᠦ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠲᠠᠯᠠᠪᠣᠷ ᠲᠣᠬᠢᠷᠠᠭᠣᠯᠵᠦ ᠪᠣᠯᠣᠨ᠎ᠠ᠃ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠪᠣᠲᠠᠲᠣ ᠪᠠᠢ᠌ᠢ᠍ᠲᠠᠯ ᠵᠶ᠋ᠠᠨ ᠦᠨᠳᠦᠰᠦᠯᠡᠵᠦ ᠰᠦᠢ᠍ᠳᠭᠡᠯ ᠬᠣᠷᠢᠶᠠᠬᠣ ᠦᠭᠡᠢ᠎ᠪᠠᠷ ᠪᠡᠶ᠎ᠡ ᠴᠢᠬᠢᠷᠠᠬ᠍ᠵᠢᠭᠣᠯᠬᠣ ᠪᠠᠭ᠋ᠠᠵᠢ ᠲᠣᠨᠣᠬᠯᠠᠯ ᠬᠠᠩᠭ᠋ᠠᠨ᠎ᠠ᠃
ᠰᠠᠭᠣᠭ᠋ᠠᠯᠢ ᠠᠷᠠᠳ᠎ᠤᠨ ᠲᠣᠭᠣᠷᠢᠬ᠎ᠤᠨ ᠵᠢᠷᠣᠬ ᠲᠦᠯᠦᠪᠯᠡᠭᠡ᠎ᠳᠤ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠲᠠᠯᠠᠪᠣᠷ ᠲᠣᠬᠢᠷᠠᠭᠣᠯᠬᠣ ᠬᠡᠷᠡᠭᠲᠡᠢ᠃
ᠭᠣᠴᠢᠲᠣᠭ᠋ᠠᠷ ᠵᠣᠷᠪᠣᠰ ᠴᠡᠴᠡᠷᠯᠢᠭ᠂ ᠵᠦᠯᠭᠡ ᠭᠠᠵᠠᠷ᠂ ᠠᠭᠣᠲᠠᠮ ᠲᠠᠯᠠᠪᠠᠢ ᠵᠡᠷᠭᠡ ᠤᠯᠠᠨ ᠨᠡᠢ᠌ᠲᠡ ᠵᠢᠨ ᠲᠠᠯᠠᠪᠣᠷ ᠪᠣᠯᠣᠨ ᠰᠠᠭᠣᠭ᠋ᠠᠯᠢ ᠠᠷᠠᠳ᠎ᠤᠨ ᠲᠣᠭᠣᠷᠢᠬ᠎ᠤᠨ ᠬᠠᠮᠢᠶᠠᠷᠣᠯᠲᠠ ᠵᠢᠨ ᠨᠢᠭᠡᠴᠡ ᠲᠣᠰ ᠣᠯᠠᠨ ᠨᠡᠢ᠌ᠲᠡ ᠵᠢᠨ ᠲᠠᠯᠠᠪᠣᠷ ᠪᠣᠯᠣᠨ ᠰᠠᠭᠣᠭ᠋ᠠᠯᠢ ᠠᠷᠠᠳ᠎ᠤᠨ ᠲᠣᠭᠣᠷᠢᠬ᠎ᠲᠤ ᠲᠣᠬᠢᠷᠠᠭᠣᠯᠣᠬᠰᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠠᠭ᠋ᠠᠵᠢ ᠲᠣᠨᠣᠬᠯᠠᠯ᠎ᠤᠨ ᠬᠠᠮᠢᠶᠠᠷᠣᠯᠲᠠ ᠪᠣᠯᠣᠨ ᠬᠠᠮᠠᠭ᠋ᠠᠯᠠᠵᠦ ᠰᠡᠯᠪᠢᠬᠦ ᠬᠠᠷᠢᠭᠣᠴᠠᠯᠭ᠋ᠠᠲᠠᠨᠢ ᠲᠣᠲᠣᠷᠬᠠᠢ᠌ᠢ᠍ᠯᠠᠨᠠ᠃
ᠭᠣᠴᠢᠨ ᠨᠢᠭᠡᠲᠦᠭᠡᠷ ᠵᠣᠷᠪᠣᠰ ᠣᠯᠣᠰ᠎ᠠᠴᠠ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠵᠢᠯᠣᠭᠣᠲᠣᠬ᠍ᠴᠢ ᠵᠢᠨ ᠡᠩᠨᠡᠭᠡ ᠵᠢᠨ ᠪᠠᠢ᠌ᠭᠣᠯᠣᠯᠲᠠ ᠵᠢ ᠴᠢᠩᠭ᠋ᠠᠳᠬᠠᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠳᠤ ᠰᠢᠨᠵᠢᠯᠡᠬᠦ ᠣᠬᠠᠭ᠋ᠠᠨᠴᠢ ᠵᠢᠯᠣᠭᠣᠲᠣᠯᠭ᠎ᠠ ᠬᠢᠨ᠎ᠡ᠃
ᠣᠯᠣᠰ᠎ᠠᠴᠠ ᠬᠠᠷᠠᠮᠵᠢ ᠮᠦᠩᠬᠦ ᠬᠣᠷᠢᠶᠠᠬᠣ᠎ᠪᠠᠷ ᠵᠣᠷᠢᠯᠭ᠎ᠠ ᠪᠣᠯᠭ᠋ᠠᠬᠰᠠᠨ ᠦᠭᠡᠢ ᠣᠯᠠᠨ ᠨᠡᠢ᠌ᠲᠡ᠎ᠳᠤ ᠪᠡᠶ᠎ᠡ ᠴᠢᠬᠢᠷᠠᠬ᠍ᠵᠢᠭᠣᠯᠬᠣ ᠮᠡᠳᠡᠯᠭᠡ ᠮᠡᠷᠭᠡᠵᠢᠯ ᠣᠯᠠᠮᠵᠢᠯᠠᠬᠣ᠂ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠵᠣᠬᠢᠶᠠᠨ ᠪᠠᠢ᠌ᠭᠣᠯᠬᠣ᠂ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠮᠡᠲᠡᠯᠭᠡ ᠣᠬᠠᠭᠣᠯᠬᠣ ᠵᠡᠷᠭᠡ ᠦᠢ᠍ᠯᠡᠴᠢᠯᠡᠭᠡ ᠬᠠᠩᠭ᠋ᠠᠬᠣ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠠᠵᠢᠯᠲᠠᠳ᠎ᠲᠤ ᠮᠡᠷᠭᠡᠵᠢᠯ᠎ᠤᠨ ᠲᠡᠰ᠎ᠤᠨ ᠲᠦᠷᠢᠮ ᠬᠡᠷᠡᠭᠵᠢᠬᠦᠯᠦᠨ᠎ᠡ᠃ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠰᠦᠢ᠍ᠳᠭᠡᠯ ᠬᠣᠷᠢᠶᠠᠬᠣ ᠦᠭᠡᠢ᠎ᠪᠠᠷ ᠲᠡᠲᠡᠨᠦᠰ᠎ᠲᠤ ᠬᠠᠮᠢᠶ᠎ᠠ ᠪᠦᠬᠦᠢ ᠮᠡᠲᠡᠯᠭᠡ ᠪᠠ ᠮᠡᠷᠭᠡᠵᠢᠯ᠎ᠤᠨ ᠪᠣᠯᠪᠠᠰᠣᠷᠠᠯ ᠬᠦᠷᠲᠡᠭᠡᠬᠦ ᠵᠢᠨ ᠬᠠᠮᠲᠣ ᠲᠠᠩᠰᠠ ᠡᠪᠭᠡᠮᠡᠯ ᠪᠠᠢ᠌ᠭᠣᠯᠣᠨ᠎ᠠ᠃
ᠣᠯᠣᠰ᠎ᠠᠴᠠ ᠪᠡᠶ᠎ᠡ ᠴᠢᠬᠢᠷᠠᠬ᠍ᠵᠢᠭᠣᠯᠬᠣ ᠵᠢ ᠵᠢᠯᠣᠭᠣᠳᠬᠣ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠵᠢᠯᠣᠭᠣᠲᠣᠬ᠍ᠴᠢ᠎ᠳᠤ ᠠᠵᠢᠯ ᠮᠡᠷᠭᠡᠵᠢᠯ᠎ᠤᠨ ᠬᠢᠷᠢ ᠭᠡᠮ᠎ᠤᠨ ᠦᠨᠡᠮᠯᠡᠯ᠎ᠤᠨ ᠪᠢᠴᠢᠭ᠎ᠤᠨ ᠲᠦᠷᠢᠮ ᠬᠡᠷᠡᠭᠵᠢᠬᠦᠯᠦᠨ᠎ᠡ᠃ ᠬᠡᠲᠦ ᠲᠦᠭᠰᠢᠬᠦᠷᠢᠲᠦ ᠴᠢᠨᠠᠷ ᠪᠦᠬᠦᠢ ᠪᠡᠶ᠎ᠡ ᠵᠢᠨ ᠲᠠᠮᠢᠷ᠎ᠤᠨ ᠲᠦᠷᠦᠯ ᠵᠦᠢ᠍ᠯ᠎ᠢ ᠪᠡᠶ᠎ᠡ ᠴᠢᠬᠢᠷᠠᠬ᠍ᠵᠢᠭᠣᠯᠬᠣ ᠵᠢᠯᠣᠭᠣᠲᠣᠯᠭ᠎ᠠ ᠬᠢᠬᠦ᠎ᠪᠠᠷ ᠲᠣᠬᠠᠢ᠌ᠢ᠍ᠯᠠᠬᠰᠠᠨ ᠠᠵᠢᠯ ᠪᠣᠯᠭ᠋ᠠᠬᠰᠠᠨ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠬᠦᠮᠦᠰ ᠣᠯᠣᠰ᠎ᠤᠨ ᠬᠠᠮᠢᠶ᠎ᠠ ᠪᠦᠬᠦᠢ ᠲᠣᠬᠲᠠᠭ᠋ᠠᠯ ᠶᠣᠰᠣᠭ᠋ᠠᠷ ᠠᠵᠢᠯ ᠮᠡᠷᠭᠡᠵᠢᠯ᠎ᠤᠨ ᠬᠢᠷᠢ ᠭᠡᠮ᠎ᠤᠨ ᠦᠨᠡᠮᠯᠡᠯ᠎ᠤᠨ ᠪᠢᠴᠢᠭ ᠣᠯᠬᠣ ᠬᠡᠷᠡᠭᠲᠡᠢ᠃
ᠭᠣᠴᠢᠨ ᠬᠣᠶᠠᠲᠣᠭ᠋ᠠᠷ ᠵᠣᠷᠪᠣᠰ ᠠᠵᠦ ᠠᠬᠣᠢ᠌ᠯᠠᠯ᠂ ᠬᠣᠪᠢ ᠵᠢᠨ ᠦᠢ᠍ᠯᠡᠳᠪᠦᠷᠢ ᠬᠣᠲᠠᠯᠲᠣᠭ᠋ᠠᠨ᠎ᠤ ᠡᠷᠦᠭᠡ ᠬᠡᠲᠦ ᠲᠦᠭᠰᠢᠬᠦᠷᠢᠲᠦ ᠴᠢᠨᠠᠷ ᠪᠦᠬᠦᠢ ᠪᠡᠶ᠎ᠡ ᠵᠢᠨ ᠲᠠᠮᠢᠷ᠎ᠤᠨ ᠲᠦᠷᠦᠯ ᠵᠦᠢ᠍ᠯ ᠡᠵᠡᠩᠨᠡᠪᠡᠯ᠂ ᠲᠣᠣᠷᠠᠬᠢ ᠮᠡᠲᠦ ᠨᠦᠬᠦᠴᠡᠯ᠎ᠳᠤ ᠨᠡᠢ᠌ᠴᠡᠬᠦ ᠬᠡᠷᠡᠭᠲᠡᠢ ᠮᠦᠷᠲᠡᠭᠡᠨ ᠪᠠᠰᠠ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠯᠠᠨ ᠬᠠᠮᠢᠶᠠᠷᠬᠣ ᠰᠠᠯᠠᠭ᠎ᠠ ᠮᠦᠴᠢᠷ᠎ᠲᠤ ᠭᠣᠶᠣᠴᠢᠯᠠᠯ ᠲᠡᠪᠰᠢᠬᠦᠯᠬᠦ ᠬᠡᠷᠡᠭᠲᠡᠢ᠄
(1) ᠬᠠᠮᠢᠶ᠎ᠠ ᠪᠦᠬᠦᠢ ᠪᠡᠶ᠎ᠡ ᠵᠢᠨ ᠲᠠᠮᠢᠷ ᠤᠨ ᠲᠦᠬᠦᠭᠡᠷᠦᠮᠵᠢ ᠨᠢ ᠣᠯᠣᠰ᠎ᠤᠨ ᠪᠠᠷᠢᠮᠵᠢᠶ᠎ᠠ ᠳᠤ ᠨᠡᠢ᠌ᠴᠡᠬᠦ;
(2) ᠲᠣᠬᠲᠠᠭ᠋ᠠᠯ᠎ᠤᠨ ᠪᠠᠷᠢᠮᠵᠢᠶ᠎ᠠ᠎ᠳᠤ ᠬᠦᠷᠦᠭᠰᠡᠨ ᠣᠯᠣᠰ᠎ᠤᠨ ᠠᠵᠢᠯ ᠮᠡᠷᠭᠡᠵᠢᠯ᠎ᠤᠨ ᠬᠢᠷᠢ ᠭᠡᠮ᠎ᠤᠨ ᠦᠨᠡᠮᠯᠡᠯ᠎ᠤᠨ ᠪᠢᠴᠢᠭ ᠭᠠᠷᠲᠠᠬᠰᠠᠨ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠵᠢᠯᠣᠭᠣᠲᠣᠬ᠍ᠴᠢ ᠪᠠ ᠠᠪᠣᠷᠠᠨ ᠲᠣᠰᠠᠯᠠᠬᠣ ᠬᠦᠮᠦᠰ ᠪᠠᠢ᠌ᠬᠣ;
(3) ᠬᠠᠷᠠᠭ᠋ᠠᠯᠵᠠᠬᠰᠠᠨ ᠠᠮᠣᠷ ᠲᠦᠪᠰᠢᠨ᠎ᠤ ᠪᠠᠲᠣᠯᠠᠭ᠎ᠠ ᠵᠢᠨ ᠲᠦᠷᠢᠮ ᠪᠣᠯᠣᠨ ᠠᠷᠭ᠎ᠠ ᠬᠡᠮᠵᠢᠶ᠎ᠠ ᠪᠠᠢ᠌ᠬᠣ;
ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠭᠣᠶᠣᠴᠢᠯᠠᠯᠢ ᠬᠦᠯᠢᠶᠠᠨ ᠠᠪᠣᠬᠰᠠᠨ 30 ᠡᠳᠦᠷ᠎ᠤᠨ ᠬᠣᠭᠣᠴᠠᠭ᠋ᠠᠨ ᠲᠣᠲᠣᠷ᠎ᠠ ᠲᠣᠬᠠᠢ ᠵᠢᠨ ᠭᠠᠵᠠᠷ᠎ᠤᠨ ᠪᠠᠢ᠌ᠴᠠᠭ᠋ᠠᠯᠲᠠ ᠬᠢᠵᠦ ᠵᠦᠪᠰᠢᠶᠡᠷᠡᠬᠦ ᠪᠣᠶᠣ ᠦᠯᠦ ᠵᠦᠪᠰᠢᠶᠡᠷᠡᠬᠦ ᠰᠢᠢ᠍ᠳᠪᠦᠷᠢ ᠭᠠᠷᠭ᠋ᠠᠨ᠎ᠠ᠃ ᠬᠡᠷᠪᠡ ᠵᠦᠪᠰᠢᠶᠡᠷᠡᠪᠡᠯ ᠡᠵᠡᠩᠨᠡᠯᠲᠡ ᠵᠢᠨ ᠦᠨᠡᠮᠯᠡᠯ ᠣᠯᠭᠣᠨ᠎ᠠ; ᠦᠯᠦ ᠵᠦᠪᠰᠢᠶᠡᠷᠡᠪᠡᠯ ᠪᠢᠴᠢᠭ᠎ᠤᠨ ᠬᠡᠯᠪᠡᠷᠢ᠎ᠪᠠᠷ ᠭᠣᠶᠣᠴᠢᠯᠠᠬ᠍ᠴᠢᠳᠤ ᠮᠡᠲᠡᠭᠲᠡᠬᠦ ᠵᠢᠨ ᠬᠠᠮᠲᠣ ᠰᠢᠯᠲᠠᠭ᠋ᠠᠨ ᠵᠶ᠋ᠠᠨ ᠲᠣᠲᠣᠷᠬᠠᠢ᠌ᠯᠠᠨᠠ᠃
ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠬᠠᠮᠢᠶ᠎ᠠ ᠪᠦᠬᠦᠢ ᠰᠠᠯᠠᠭ᠎ᠠ ᠮᠦᠴᠢᠷ᠎ᠲᠠᠢ ᠬᠠᠮᠲᠣᠷᠠᠨ ᠬᠡᠲᠦ ᠲᠦᠭᠰᠢᠬᠦᠷᠢᠲᠦ ᠴᠢᠨᠠᠷ ᠪᠦᠬᠦᠢ ᠪᠡᠶ᠎ᠡ ᠵᠢᠨ ᠲᠠᠮᠢᠷ᠎ᠤᠨ ᠲᠦᠷᠦᠯ ᠵᠦᠢ᠍ᠯ᠎ᠤᠨ ᠭᠠᠷᠴᠠᠬ ᠲᠣᠬᠲᠠᠭ᠋ᠠᠨ ᠲᠣᠬᠢᠷᠠᠭᠣᠯᠵᠦ᠂ ᠲᠦᠷᠦ ᠵᠢᠨ ᠶᠠᠪᠣᠲᠠᠯ᠎ᠤᠨ ᠬᠣᠷᠢᠶ᠎ᠠ᠎ᠪᠠᠷ ᠵᠦᠪᠰᠢᠶᠡᠷᠡᠬᠦᠯᠦᠭᠰᠡᠨ᠎ᠤ ᠲᠠᠷᠠᠭ᠎ᠠ ᠨᠡᠢ᠌ᠲᠡᠯᠡᠨ᠎ᠡ᠃
ᠭᠣᠴᠢᠨ ᠭᠣᠷᠪᠠᠲᠣᠭ᠋ᠠᠷ ᠵᠣᠷᠪᠣᠰ ᠣᠯᠣᠰ᠎ᠠᠴᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠢ ᠵᠣᠬᠢᠶᠠᠨ ᠪᠠᠢ᠌ᠭᠣᠯᠣᠬ᠍ᠴᠢ ᠪᠠ ᠪᠡᠶ᠎ᠡ ᠴᠢᠬᠢᠷᠠᠬ᠍ᠵᠢᠭᠣᠯᠬᠣ ᠲᠠᠯᠠᠪᠣᠷ᠎ᠤᠨ ᠬᠠᠮᠢᠶᠠᠷᠣᠬ᠍ᠴᠢᠳᠢ ᠬᠠᠣᠯᠢ ᠶᠣᠰᠣᠭ᠋ᠠᠷ ᠬᠠᠮᠢᠶ᠎ᠠ ᠪᠦᠬᠦᠢ ᠬᠠᠷᠢᠭᠤᠴᠠᠯᠭ᠎ᠠ ᠵᠢᠨ ᠲᠠᠭ᠋ᠠᠳᠬᠠᠯ᠎ᠳᠤ ᠣᠷᠣᠯᠴᠠᠬᠣ ᠵᠢ ᠵᠣᠷᠢᠬ᠍ᠵᠢᠭᠣᠯᠣᠨ᠎ᠠ᠃
ᠣᠯᠣᠰ᠎ᠠᠴᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠳᠤ ᠣᠷᠣᠯᠴᠠᠬᠰᠠᠨ ᠠᠷᠠᠳ ᠢᠷᠭᠡᠳ᠎ᠤᠨ ᠬᠠᠣᠯᠢ ᠶᠣᠰᠣᠭ᠋ᠠᠷ ᠬᠡᠨᠡᠳᠲᠡ ᠵᠢᠨ ᠬᠡᠮᠲᠦᠯ ᠰᠢᠷᠬᠠᠲᠣᠯ᠎ᠤᠨ ᠲᠠᠭ᠋ᠠᠳᠬᠠᠯ᠎ᠳᠤ ᠣᠷᠣᠯᠴᠠᠬᠣ ᠵᠢ ᠵᠣᠷᠢᠬ᠍ᠵᠢᠭᠣᠯᠣᠨ᠎ᠠ᠃
ᠭᠣᠴᠢᠨ ᠲᠦᠷᠪᠡᠲᠦᠭᠡᠷ ᠵᠣᠷᠪᠣᠰ ᠰᠢᠶᠠᠨ᠎ᠤ ᠱᠠᠲᠣᠨ ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠬᠡᠲᠦ ᠲᠦᠭᠰᠢᠬᠦᠷᠢᠲᠦ ᠴᠢᠨᠠᠷ ᠪᠦᠬᠦᠢ ᠪᠡᠶ᠎ᠡ ᠵᠢᠨ ᠲᠠᠮᠢᠷ᠎ᠤᠨ ᠲᠦᠷᠦᠯ ᠵᠦᠢ᠍ᠯ ᠡᠵᠡᠩᠨᠡᠬᠦ ᠬᠦᠲᠡᠯᠭᠡᠭᠡᠨ᠎ᠳᠤ ᠬᠠᠣᠯᠢ ᠶᠣᠰᠣᠭ᠋ᠠᠷ ᠬᠢᠨᠠᠯᠲᠠ ᠲᠠᠯᠪᠢᠵᠦ ᠪᠠᠢ᠌ᠴᠠᠭ᠋ᠠᠬᠣ ᠡᠬᠦᠷᠭᠡ᠎ᠪᠠᠨ ᠬᠦᠢ᠍ᠴᠡᠳᠭᠡᠨ᠎ᠡ᠃
ᠲᠠᠪᠣᠲᠣᠭ᠋ᠠᠷ ᠪᠦᠯᠦᠭ ᠬᠠᠣᠯᠢ ᠴᠠᠭ᠋ᠠᠵᠠ ᠵᠢᠨ ᠬᠠᠷᠢᠭᠣᠴᠠᠯᠭ᠎ᠠ
ᠭᠣᠴᠢᠨ ᠲᠠᠪᠣᠲᠣᠭ᠋ᠠᠷ ᠪᠦᠯᠦᠭ ᠰᠣᠷᠭ᠋ᠠᠭᠣᠯᠢ ᠲᠣᠰ ᠲᠦᠷᠢᠮ᠎ᠤᠨ ᠲᠣᠬᠲᠠᠭ᠋ᠠᠯ᠎ᠠᠴᠠ ᠵᠦᠷᠢᠴᠡᠪᠡᠯ᠂ ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ᠎ᠤ ᠪᠡᠶ ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠬᠠᠮᠢᠶᠠᠷᠬᠣ ᠡᠷᠭᠡ ᠵᠢᠨ ᠬᠡᠪᠴᠢᠶᠠᠨ ᠲᠣᠲᠣᠷ᠎ᠠ ᠵᠠᠷᠯᠢᠬᠲᠠᠨ ᠵᠠᠰᠠᠵᠦ ᠵᠠᠯᠠᠷᠠᠭᠣᠯᠣᠨ᠎ᠠ; ᠡᠰᠡ ᠵᠠᠰᠠᠨ ᠵᠠᠯᠠᠷᠠᠭᠣᠯᠪᠠᠯ ᠬᠠᠷᠢᠭᠣᠴᠠᠯᠭ᠎ᠠ ᠡᠬᠦᠷᠭᠡᠯᠡᠬᠦ ᠶᠣᠰᠣᠲᠠᠢ ᠭᠣᠣᠯ ᠬᠠᠮᠢᠶᠠᠷᠣᠬ᠍ᠴᠢ ᠪᠣᠯᠣᠨ ᠦᠭᠡᠷ᠎ᠡ ᠪᠣᠰᠣᠳ ᠰᠢᠭᠣᠳ ᠬᠠᠷᠢᠭᠣᠴᠠᠯᠭ᠋ᠠᠲᠠᠨ᠎ᠳᠤ ᠬᠠᠣᠯᠢ ᠶᠣᠰᠣᠭ᠋ᠠᠷ ᠰᠢᠳᠭᠡᠯ ᠣᠯᠭᠣᠨ᠎ᠠ᠃
ᠭᠣᠴᠢᠨ ᠵᠢᠷᠭᠣᠲᠣᠭ᠋ᠠᠷ ᠵᠣᠷᠪᠣᠰ ᠵᠦᠪᠰᠢᠶᠡᠷᠡᠯ ᠣᠯᠣᠬᠰᠠᠨ ᠦᠭᠡᠢ ᠲᠣᠷ᠎ᠠ᠎ᠪᠠᠷ ᠵᠶ᠋ᠠᠨ ᠡᠵᠡᠨ ᠮᠡᠲᠡᠵᠦ ᠬᠡᠲᠦ ᠲᠦᠭᠰᠢᠬᠦᠷᠢᠲᠦ ᠴᠢᠨᠠᠷ ᠪᠦᠬᠦᠢ ᠪᠡᠶ᠎ᠡ ᠵᠢᠨ ᠲᠠᠮᠢᠷ᠎ᠤᠨ ᠲᠦᠷᠦᠯ ᠵᠦᠢ᠍ᠯ ᠡᠵᠡᠩᠨᠡᠪᠡᠯ ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠬᠠᠮᠢᠶᠠᠷᠬᠣ ᠡᠷᠬᠡ ᠵᠢᠨ ᠬᠡᠪᠴᠢᠶᠠᠨ ᠲᠣᠲᠣᠷ᠎ᠠ ᠵᠠᠷᠯᠢᠬᠲᠠᠨ ᠵᠠᠰᠠᠨ ᠵᠠᠯᠠᠷᠠᠭᠣᠯᠣᠨ᠎ᠠ; ᠬᠠᠣᠯᠢ ᠪᠣᠰᠣ᠎ᠪᠠᠷ ᠠᠰᠢᠬ ᠣᠷᠣᠯᠭ᠎ᠠ ᠣᠯᠣᠬᠰᠠᠨ ᠪᠣᠯ ᠬᠠᠣᠯᠢ ᠪᠣᠰᠣ ᠣᠷᠣᠯᠭ᠎ᠠ ᠵᠢ᠎ᠨᠢ ᠬᠣᠷᠢᠶᠠᠮᠵᠢᠯᠠᠨᠠ; ᠬᠠᠣᠯᠢ ᠪᠣᠰᠣ ᠣᠷᠣᠯᠭ᠎ᠠ᠎ᠨᠢ 3 ᠲᠦᠮᠡᠨ ᠲᠦᠬᠦᠷᠢᠭ ᠬᠦᠷᠬᠦ ᠦᠭᠡᠢ ᠪᠣᠶᠣ ᠡᠰᠡᠬᠦᠯ᠎ᠠ ᠬᠠᠣᠯᠢ ᠪᠣᠰᠣ ᠣᠷᠣᠯᠭ᠎ᠠ ᠦᠭᠡᠢ ᠪᠣᠯ 3 ᠲᠦᠮᠡᠨ ᠲᠦᠬᠦᠷᠢᠭ᠎ᠠᠴᠠ ᠲᠡᠭᠡᠭᠰᠢ 10 ᠲᠦᠮᠡᠨ ᠲᠦᠬᠦᠷᠢᠭ᠎ᠠᠴᠠ ᠲᠣᠷᠣᠬᠰᠢ ᠵᠣᠭᠣᠰ ᠵᠶ᠋ᠠᠷ ᠲᠣᠷᠭ᠋ᠠᠨ᠎ᠠ; ᠬᠠᠣᠯᠢ ᠪᠣᠰᠣ ᠣᠷᠣᠯᠭ᠎ᠠ᠎ᠨᠢ 3 ᠲᠦᠮᠡᠨ ᠲᠦᠬᠦᠷᠢᠭ᠎ᠠᠴᠠ ᠲᠡᠭᠡᠭᠰᠢ ᠪᠣᠯ ᠬᠠᠣᠯᠢ ᠪᠣᠰᠣ ᠣᠷᠣᠯᠭ᠎ᠠ ᠵᠢᠨ 2 ᠲᠠᠬᠢᠨ ᠠᠴᠠ ᠲᠡᠭᠡᠭᠰᠢ 5 ᠲᠠᠬᠢᠨ᠎ᠠᠴᠠ ᠲᠣᠷᠣᠬᠰᠢ ᠵᠣᠭᠣᠰ ᠵᠶ᠋ᠠᠷ ᠲᠣᠷᠭ᠋ᠠᠨ᠎ᠠ᠃
ᠭᠣᠴᠢᠨ ᠲᠣᠯᠣᠲᠣᠭ᠋ᠠᠷ ᠵᠣᠷᠪᠣᠰ ᠬᠡᠲᠦ ᠲᠦᠭᠰᠢᠬᠦᠷᠢᠲᠦ ᠴᠢᠨᠠᠷ ᠪᠦᠬᠦᠢ ᠪᠡᠶ᠎ᠡ ᠵᠢᠨ ᠲᠠᠮᠢᠷ᠎ᠤᠨ ᠲᠦᠷᠦᠯ ᠵᠦᠢ᠍ᠯ ᠡᠵᠡᠩᠨᠡᠭᠴᠢ ᠡᠵᠡᠩᠨᠡᠯᠲᠡ ᠵᠢᠨ ᠦᠨᠡᠮᠯᠡᠯ ᠣᠯᠣᠬᠰᠠᠨᠤ ᠲᠠᠷᠠᠭ᠎ᠠ ᠲᠣᠰ ᠲᠦᠷᠢᠮ᠎ᠳᠤ ᠲᠣᠬᠲᠠᠭ᠋ᠠᠬᠰᠠᠨ ᠨᠦᠬᠦᠴᠡᠯ᠎ᠳᠤ ᠦᠯᠦ ᠨᠡᠢ᠌ᠴᠡᠬᠦ ᠠᠲᠠᠯ᠎ᠠ᠎ᠪᠠᠨ ᠲᠣᠰ ᠪᠡᠶ᠎ᠡ ᠵᠢᠨ ᠲᠠᠮᠢᠷ᠎ᠤᠨ ᠲᠦᠷᠦᠯ ᠵᠦᠢ᠍ᠯ ᠵᠶ᠋ᠠᠨ ᠦᠷᠬᠦᠯᠵᠢᠯᠡᠨ ᠡᠵᠡᠩᠨᠡᠵᠦ ᠪᠠᠢ᠌ᠢ᠍ᠪᠠᠯ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ᠎ᠤ ᠪᠡᠶ᠎ᠡ ᠵᠢᠨ ᠲᠠᠮᠢᠷ᠎ᠢ ᠭᠣᠣᠯᠯᠠᠨ ᠬᠠᠮᠢᠶᠠᠷᠬᠣ ᠰᠠᠯᠠᠭ᠎ᠠ ᠮᠦᠴᠢᠷ ᠬᠠᠮᠢᠶᠠᠷᠬᠣ ᠡᠷᠭᠡ ᠵᠢᠨ ᠬᠡᠪᠴᠢᠶᠠᠨ ᠲᠣᠲᠣᠷ᠎ᠠ ᠵᠠᠷᠯᠢᠬᠲᠠᠨ ᠵᠠᠰᠠᠵᠦ ᠵᠠᠯᠠᠷᠠᠭᠣᠯᠣᠨ᠎ᠠ; ᠬᠠᠣᠯᠢ ᠪᠣᠰᠣ᠎ᠪᠠᠷ ᠠᠰᠢᠬ ᠣᠷᠣᠯᠭ᠎ᠠ ᠣᠯᠣᠬᠰᠠᠨ ᠪᠣᠯ ᠬᠠᠣᠯᠢ ᠪᠣᠰᠣ ᠣᠷᠣᠯᠭ᠎ᠠ ᠵᠢ᠎ᠨᠢ ᠬᠣᠷᠢᠶᠠᠮᠵᠢᠯᠠᠨᠠ; ᠬᠠᠣᠯᠢ ᠪᠣᠰᠣ ᠣᠷᠣᠯᠭ᠎ᠠ᠎ᠨᠢ 3 ᠲᠦᠮᠡᠨ ᠲᠦᠬᠦᠷᠢᠭ ᠬᠦᠷᠬᠦ ᠦᠭᠡᠢ ᠪᠣᠶᠣ ᠡᠰᠡᠬᠦᠯ᠎ᠠ ᠬᠠᠣᠯᠢ ᠪᠣᠰᠣ ᠣᠷᠣᠯᠭ᠎ᠠ ᠦᠭᠡᠢ ᠪᠣᠯ 3 ᠲᠦᠮᠡᠨ ᠲᠦᠬᠦᠷᠢᠭ᠎ᠠᠴᠠ ᠲᠡᠭᠡᠭᠰᠢ 10 ᠲᠦᠮᠡᠨ ᠲᠦᠬᠦᠷᠢᠭ᠎ᠠᠴᠠ ᠲᠣᠷᠣᠬᠰᠢ ᠵᠣᠭᠣᠰ ᠵᠶ᠋ᠠᠷ ᠲᠣᠷᠭ᠋ᠠᠨ᠎ᠠ; ᠬᠠᠣᠯᠢ ᠪᠣᠰᠣ ᠣᠷᠣᠯᠭ᠎ᠠ᠎ᠨᠢ 3 ᠲᠦᠮᠡᠨ ᠲᠦᠬᠦᠷᠢᠭ᠎ᠠᠴᠠ ᠲᠡᠭᠡᠭᠰᠢ ᠪᠣᠯ ᠬᠠᠣᠯᠢ ᠪᠣᠰᠣ ᠣᠷᠣᠯᠭ᠎ᠠ ᠵᠢᠨ 2 ᠲᠠᠬᠢᠨ ᠠᠴᠠ ᠲᠡᠭᠡᠭᠰᠢ 5 ᠲᠠᠬᠢᠨ᠎ᠠᠴᠠ ᠲᠣᠷᠣᠬᠰᠢ ᠵᠣᠭᠣᠰ ᠵᠶ᠋ᠠᠷ ᠲᠣᠷᠭ᠋ᠠᠨ᠎ᠠ᠃ ᠵᠠᠰᠠᠵᠦ ᠵᠠᠯᠠᠷᠠᠭᠣᠯᠬᠣ ᠵᠢ ᠲᠡᠪᠴᠢᠪᠠᠯ ᠦᠨᠡᠮᠯᠡᠯ ᠣᠯᠭᠣᠬᠰᠠᠨ ᠪᠠᠢ᠌ᠭᠣᠯᠣᠯᠭ᠎ᠠ᠎ᠠᠴᠠ ᠡᠵᠡᠩᠨᠡᠯᠲᠡ ᠵᠢᠨ ᠦᠨᠡᠮᠯᠡᠯ᠎ᠢ᠎ᠨᠢ ᠬᠦᠴᠦᠨ ᠦᠭᠡᠢ ᠪᠣᠯᠭ᠋ᠠᠨ᠎ᠠ᠃
ᠭᠣᠴᠢᠨ ᠨᠠᠢ᠍ᠮᠠᠳᠤᠭ᠋ᠠᠷ ᠵᠣᠷᠪᠣᠰ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠢ ᠠᠰᠢᠬᠯᠠᠨ ᠹᠧᠣᠳᠠᠯ᠎ᠤᠨ ᠮᠣᠬᠣᠷ ᠪᠢᠰᠢᠷᠡᠯ᠎ᠢ ᠣᠬᠠᠭᠣᠯᠣᠨ᠂ ᠨᠡᠢ᠌ᠭᠡᠮ᠎ᠤᠨ ᠶᠣᠰᠣ ᠰᠣᠷᠲᠠᠬᠣᠨ᠎ᠠᠴᠠ ᠲᠡᠷᠰᠡᠯᠡᠵᠦ᠂ ᠣᠯᠠᠨ ᠨᠡᠢ᠌ᠲᠡ ᠵᠢᠨ ᠡᠮᠬᠢ ᠲᠢᠭᠯᠢᠮ᠎ᠢ ᠰᠠᠮᠠᠷᠠᠭᠣᠯᠣᠨ᠂ ᠠᠷᠠᠳ ᠢᠷᠭᠡᠳ᠎ᠤᠨ ᠪᠡᠶ᠎ᠡ ᠰᠡᠳᠬᠢᠴᠡ ᠵᠢᠨ ᠡᠷᠡᠬᠦᠯ ᠮᠡᠨᠲᠦ ᠵᠢ ᠬᠣᠬᠢᠷᠠᠭᠣᠯᠬᠣ ᠠᠵᠢᠯᠯᠠᠭ᠎ᠠ ᠦᠢ᠍ᠯᠡᠲᠦᠪᠡᠯ ᠲᠣᠲᠣᠭ᠋ᠠᠲᠣ ᠵᠢ ᠬᠠᠮᠠᠭ᠋ᠠᠯᠠᠬᠣ ᠰᠠᠯᠠᠭ᠎ᠠ ᠮᠦᠴᠢᠷ 《 ᠪᠦᠬᠦᠲᠡ ᠨᠡᠢ᠌ᠷᠠᠮᠲᠠᠬᠣ ᠲᠣᠮᠲᠠᠲᠣ ᠠᠷᠠᠳ ᠣᠯᠣᠰ᠎ᠤᠨ ᠠᠮᠣᠷ᠎ᠢ ᠬᠠᠮᠠᠭ᠋ᠠᠯᠠᠬᠣ ᠬᠠᠮᠢᠶᠠᠷᠣᠯᠲᠠ ᠵᠢᠨ ᠰᠢᠳᠭᠡᠯ ᠦᠭᠬᠦ ᠬᠠᠣᠯᠢ》 ᠵᠢᠨ ᠲᠣᠬᠲᠠᠭ᠋ᠠᠯ ᠶᠣᠰᠣᠭ᠋ᠠᠷ ᠰᠢᠳᠭᠡᠯ ᠣᠯᠭᠣᠨ᠎ᠠ; ᠶᠠᠯ᠎ᠠ ᠦᠢ᠍ᠯᠡᠲᠦᠭᠰᠡᠨ ᠪᠣᠯ ᠬᠠᠣᠯᠢ ᠶᠣᠰᠣᠭ᠋ᠠᠷ ᠡᠷᠡᠬᠦᠦ ᠵᠢᠨ ᠬᠡᠷᠡᠭ᠎ᠤᠨ ᠬᠠᠷᠢᠭᠣᠴᠠᠯᠭ᠎ᠠ ᠨᠡᠭᠡᠮᠵᠢᠯᠡᠨ᠎ᠡ᠃
ᠭᠣᠴᠢ ᠶᠢᠰᠦᠲᠦᠭᠡᠷ ᠵᠣᠷᠪᠣᠰ ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ ᠪᠣᠯᠣᠨ ᠲᠡᠬᠦᠨ᠎ᠤ ᠬᠠᠮᠢᠶ᠎ᠠ ᠪᠦᠬᠦᠢ ᠰᠠᠯᠠᠭ᠎ᠠ ᠮᠦᠴᠢᠷ᠎ᠤᠨ ᠠᠵᠢᠯᠲᠠᠳ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ ᠲᠣᠮᠲᠠ ᠡᠷᠭᠡ᠎ᠪᠠᠨ ᠲᠣᠷ᠎ᠠ᠎ᠪᠠᠷ ᠬᠡᠷᠡᠭᠯᠡᠵᠦ᠂ ᠬᠣᠪᠢ᠎ᠪᠠᠨ ᠪᠣᠷᠲᠣᠵᠦ ᠠᠰᠢᠬ ᠬᠦᠭᠡᠭᠡᠴᠡᠯᠲᠦᠭᠰᠡᠨ ᠪᠣᠯ ᠬᠠᠣᠯᠢ ᠶᠣᠰᠣᠭ᠋ᠠᠷ ᠰᠢᠳᠭᠡᠯ ᠣᠯᠭᠣᠨ᠎ᠠ; ᠶᠠᠯ᠎ᠠ ᠦᠢ᠍ᠯᠡᠲᠦᠭᠰᠡᠨ ᠪᠠᠢ᠌ᠪᠠᠯ ᠬᠠᠣᠯᠢ ᠶᠣᠰᠣᠭ᠋ᠠᠷ ᠡᠷᠡᠬᠦᠦ ᠵᠢᠨ ᠬᠡᠷᠡᠭ᠎ᠤᠨ ᠬᠠᠷᠢᠭᠣᠴᠠᠯᠭ᠎ᠠ ᠨᠡᠭᠡᠮᠵᠢᠯᠡᠨ᠎ᠡ᠃
ᠵᠢᠷᠭᠣᠲᠣᠭ᠋ᠠᠷ ᠪᠦᠯᠦᠭ ᠲᠠᠭ᠋ᠠᠯᠲᠠ ᠵᠠᠷᠴᠢᠮ
ᠲᠦᠴᠢᠲᠦᠭᠡᠷ ᠵᠣᠷᠪᠣᠰ ᠲᠣᠰ ᠲᠦᠷᠢᠮ᠎ᠢ 2009 ᠤᠨ᠎ᠤ 10 ᠰᠠᠷ᠎ᠠ ᠵᠢᠨ 1᠎ᠤ ᠡᠳᠦᠷ᠎ᠠᠴᠠ ᠡᠬᠢᠯᠡᠵᠦ ᠬᠡᠷᠡᠭᠵᠢᠬᠦᠯᠦᠨ᠎ᠡ