ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ (2016 — 2020)
ᠨᠡᠶ᠋ᠢᠲᠡᠯᠡᠭᠰᠡᠨ ᠴᠠᠭ᠄ 2019-02-20

          ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ (2016 — 2020)
   

      ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠣᠯ ᠣᠯᠣᠰ᠎ᠤᠨ ᠶᠡᠷᠦᠩᠭᠡᠢ᠌ᠯᠡᠭᠰᠡᠨ ᠪᠣᠲᠠᠲᠣ ᠬᠦᠴᠦᠨ᠎ᠤ ᠴᠢᠬᠣᠯᠠ ᠲᠣᠰᠬᠠᠯ᠂ ᠠᠵᠦ ᠠᠬᠣᠢ ᠨᠡᠢ᠌ᠭᠡᠮ᠎ᠤᠨ ᠬᠦᠭᠵᠢᠯᠲᠡ ᠲᠠᠪᠰᠢᠯᠲᠠ ᠵᠢᠨ ᠴᠢᠬᠣᠯᠠ ᠪᠡᠯᠭᠡ ᠲᠡᠮᠲᠡᠭ ᠮᠦᠨ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠣᠯ ᠪᠦᠬᠦ ᠠᠷᠠᠳ᠎ᠤᠨ ᠡᠷᠡᠬᠦᠯ ᠮᠡᠨᠲᠦ ᠵᠢ ᠪᠡᠶᠡᠯᠡᠬᠦᠯᠬᠦ ᠴᠢᠬᠣᠯᠠ ᠵᠠᠮ ᠰᠣᠪᠠᠬ ᠪᠠ ᠠᠷᠭ᠎ᠠ ᠬᠡᠷᠡᠭᠯᠡᠬᠦᠷ ᠪᠠᠢ᠌ᠵᠦ᠂   ᠪᠦᠬᠦ ᠠᠷᠠᠳ ᠲᠦᠮᠡᠨ᠎ᠤ ᠪᠡᠶ᠎ᠡ ᠮᠠᠬᠠᠪᠣᠳ ᠵᠶ᠋ᠠᠨ ᠰᠠᠢ᠌ᠵᠢᠷᠠᠭᠣᠯᠵᠦ᠂ ᠵᠣᠯ ᠵᠢᠷᠭ᠋ᠠᠯᠲᠣ ᠠᠮᠢᠲᠣᠷᠠᠯ᠎ᠤᠨ ᠦᠨᠳᠦᠰᠦᠨ ᠪᠠᠲᠣᠯᠠᠭ᠎ᠠ ᠮᠦᠨ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢ ᠬᠡᠷᠡᠭᠵᠢᠬᠦᠯᠬᠦ ᠪᠣᠯ ᠣᠯᠣᠰ᠎ᠤᠨ ᠴᠢᠬᠣᠯᠠ ᠬᠦᠭᠵᠢᠯᠲᠡ ᠵᠢᠨ ᠪᠠᠢ᠌ᠯᠲᠣᠬᠣ ᠪᠣᠲᠣᠯᠭ᠎ᠠ ᠮᠦᠨ᠃ ᠨᠠᠮ᠎ᠤᠨ ᠲᠦᠪ ᠬᠣᠷᠢᠶ᠎ᠠ᠂ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠵᠦᠪ ᠣᠨᠣᠪᠴᠢᠲᠠᠢ ᠣᠲᠣᠢ᠌ᠷᠲᠣᠯᠭ᠎ᠠ ᠲᠣᠣᠷ᠎ᠠ᠂ ᠦᠩᠭᠡᠷᠡᠭᠰᠡᠨ ᠲᠠᠪᠣᠨ ᠵᠢᠯ᠎ᠳᠤ ᠡᠯ᠎ᠡ ᠭᠠᠵᠠᠷ ᠣᠷᠣᠨ᠎ᠤ ᠡᠯ᠎ᠡ ᠬᠣᠯᠪᠣᠬᠲᠠᠯ ᠪᠦᠬᠦᠢ ᠰᠠᠯᠠᠭ᠎ᠠ ᠮᠦᠴᠢᠷ ᠬᠢᠭᠡᠳ ᠨᠡᠢ᠌ᠭᠡᠮ᠎ᠤᠨ ᠡᠯ᠎ᠡ ᠡᠲᠡᠭᠡᠳ᠎ᠤᠨ ᠬᠠᠮᠲᠣ ᠵᠢᠨ ᠴᠢᠷᠮᠠᠢ᠌ᠯᠭ᠎ᠠ᠎ᠪᠠᠷ᠂ ᠬᠣᠲᠠ ᠬᠦᠲᠡᠭᠡ ᠵᠢ ᠬᠠᠮᠣᠷᠣᠬᠰᠠᠨ᠂ ᠨᠡᠯᠢᠶᠡᠳ ᠪᠦᠷᠢᠨᠰᠢᠭᠰᠡᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠲᠣᠬᠲᠠᠯᠴᠠᠭ᠎ᠠ ᠵᠢ ᠦᠨᠳᠦᠰᠦᠨ᠎ᠳᠡᠭᠡᠨ ᠪᠦᠷᠢᠯᠲᠦᠬᠦᠯᠵᠦ᠂ ᠨᠡᠩ ᠪᠦᠷᠢᠨ ᠲᠦᠬᠦᠷ ᠣᠯᠠᠨ ᠨᠡᠢ᠌ᠲᠡ ᠵᠢᠨ ᠪᠡᠶ᠎ᠡ ᠵᠢᠨ   ᠲᠠᠮᠢᠷ  ᠎ᠤᠨ ᠦᠢ᠍ᠯᠡᠴᠢᠯᠡᠭᠡ ᠬᠠᠩᠭ᠋ᠠᠵᠦ᠂ ᠪᠡᠶ᠎ᠡ ᠵᠢᠨ ᠲᠠᠮᠢᠷ᠎ᠤᠨ ᠬᠦᠴᠦᠷᠭᠡᠭ ᠣᠯᠣᠰ᠎ᠢ ᠪᠦᠲᠦᠭᠡᠨ ᠪᠠᠢ᠌ᠭᠣᠯᠬᠣ᠎ᠳᠤ ᠪᠠᠲᠣ ᠪᠡᠬᠢ ᠰᠠᠭᠣᠷᠢ ᠲᠠᠯᠪᠢᠬᠰᠠᠨ ᠪᠠᠢ᠌ᠢ᠍ᠨ᠎ᠠ᠃ ᠬᠣᠢ᠌ᠰᠢᠲᠠ ᠵᠢᠨ ᠲᠠᠪᠣᠨ ᠵᠢᠯ᠎ᠳᠤ᠂ ᠠᠷᠠᠳ ᠣᠯᠠᠨ᠎ᠤ ᠡᠳᠦᠷ ᠢᠷᠡᠬᠦᠶ᠎ᠡ ᠨᠡᠮᠡᠭᠲᠡᠵᠦ ᠪᠠᠢ᠌ᠭ᠎ᠠ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠱᠠᠭ᠋ᠠᠷᠲᠠᠯᠭ᠎ᠠ᠂ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠡᠶᠡᠯᠡᠬᠦᠯᠬᠦ ᠬᠠᠷᠠᠯᠲᠠ ᠱᠠᠭ᠋ᠠᠷᠲᠠᠯᠭ᠎ᠠ᠂ ᠡᠷᠡᠬᠦᠯ ᠴᠢᠬᠢᠷᠠᠬ ᠲᠣᠮᠲᠠᠲᠣ ᠣᠯᠣᠰ᠎ᠤᠨ ᠪᠠᠢ᠌ᠭᠣᠯᠣᠯᠲᠠ ᠵᠢ ᠠᠬᠢᠭᠣᠯᠬᠣ ᠦᠷᠢᠰᠦᠯᠲᠦᠭᠡᠨ ᠲᠣᠬᠢᠶᠠᠯ᠎ᠳᠤ ᠴᠢᠭᠯᠡᠬᠦᠯᠦᠨ᠂   ᠰᠢᠨ᠎ᠡ ᠴᠠᠬ ᠦᠶ᠎ᠡ ᠵᠢᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠭᠵᠢᠯᠲᠡ ᠵᠢᠨ ᠠᠭᠣᠯᠬᠣᠨ᠎ᠤ ᠬᠦᠨᠵᠡᠭᠡᠢ ᠬᠣᠪᠢᠷᠠᠯᠲᠠ ᠵᠢ ᠨᠡᠩ ᠵᠦᠪ ᠣᠨᠣᠪᠴᠢᠲᠠᠢ᠎ᠪᠠᠷ ᠡᠵᠡᠮᠰᠢᠵᠦ᠂ ᠬᠦᠭᠵᠢᠯᠲᠡ ᠵᠢᠨ ᠰᠢᠨ᠎ᠡ ᠲᠦᠷᠰᠦ ᠪᠠᠢ᠌ᠲᠠᠯ᠎ᠢ ᠲᠠᠰᠣᠷᠠᠯᠲᠠ ᠦᠭᠡᠢ ᠡᠬᠦᠳᠦᠨ᠂ ᠡᠷᠡᠬᠦᠯ ᠴᠢᠬᠢᠷᠠᠬ ᠲᠣᠮᠲᠠᠲᠣ ᠣᠯᠣᠰ᠎ᠤᠨ ᠪᠠᠢ᠌ᠭᠣᠯᠣᠯᠲᠠ ᠵᠢᠨ ᠲᠣᠯᠭ᠋ᠠᠭᠣᠷᠢᠯᠠᠬᠣ ᠬᠦᠴᠦᠨ ᠪᠠ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠡᠶᠡᠯᠡᠬᠦᠯᠬᠦ ᠣᠯᠣᠰ ᠣᠷᠣᠨ᠎ᠤ ᠨᠡᠷ᠎ᠡ ᠵᠢᠨ ᠬᠠᠭᠣᠲᠠᠰᠣ ᠪᠣᠯᠭ᠋ᠠᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠣᠰ᠎ᠤᠨ ᠪᠠᠢ᠌ᠯᠲᠣᠬᠣ ᠪᠣᠲᠣᠯᠭ᠎ᠠ ᠵᠢ ᠬᠡᠷᠡᠭᠵᠢᠬᠦᠯᠦᠨ᠂ ᠪᠦᠬᠦ ᠦᠨᠳᠦᠰᠦᠲᠡᠨ᠎ᠤ ᠪᠡᠶ᠎ᠡ ᠮᠠᠬᠠᠪᠣᠳ᠎ᠤᠨ ᠬᠡᠪ ᠴᠢᠨᠠᠷ ᠪᠠ ᠡᠷᠡᠬᠦᠯ ᠮᠡᠨᠲᠦ ᠵᠢᠨ ᠲᠦᠪᠰᠢᠨ᠎ᠢ ᠲᠡᠭᠡᠭᠰᠢᠯᠡᠬᠦᠯᠬᠦ ᠵᠢᠨ ᠲᠦᠯᠦᠭᠡ᠂ ᠲᠣᠰ ᠲᠦᠯᠦᠪᠯᠡᠭᠡ ᠵᠢ ᠲᠣᠬᠲᠠᠭ᠋ᠠᠪᠠ᠃
      ᠨᠢᠭᠡ᠂ ᠶᠡᠷᠦᠩᠬᠡᠢ ᠱᠠᠭ᠋ᠠᠷᠲᠠᠯᠭ᠎ᠠ
     (ᠨᠢᠭᠡ) ᠵᠢᠯᠣᠭᠣᠳᠬᠣ ᠦᠵᠡᠯ ᠰᠠᠨᠠᠭ᠎ᠠ᠄ ᠨᠠᠮ᠎ᠤᠨ ᠠᠷᠪᠠᠨ ᠨᠠᠢ᠍ᠮᠠᠳᠤᠭ᠋ᠠᠷ   ᠶᠡᠬᠡ ᠬᠣᠷᠠᠯ ᠪᠣᠯᠣᠨ ᠠᠷᠪᠠᠨ ᠨᠠᠢ᠍ᠮᠠᠳᠤᠭ᠋ᠠᠷ ᠬᠣᠭᠣᠴᠠᠭ᠋ᠠᠨ᠎ᠤ   ᠭᠤᠷᠪᠠᠲᠤᠭ᠋ᠠᠷ᠂ ᠲᠦᠷᠪᠡᠲᠦᠭᠡᠷ᠂ ᠲᠠᠪᠣᠲᠣᠭ᠋ᠠᠷ ᠪᠦᠬᠦᠲᠡ ᠬᠣᠷᠠᠯ᠎ᠤᠨ ᠵᠣᠷᠢᠬ ᠰᠠᠨᠠᠭ᠎ᠠ ᠵᠢ ᠨᠠᠷᠢᠨ ᠬᠢᠨᠠᠮᠠᠭ᠋ᠠᠢ ᠲᠣᠭᠣᠰᠢᠯᠠᠭᠣᠯᠵᠦ᠂ 《ᠲᠦᠷᠪᠡᠨ ᠪᠦᠬᠦ ᠲᠠᠯ᠎ᠠ》 ᠵᠢᠨ ᠪᠠᠢ᠌ᠯᠲᠣᠬᠣ ᠪᠣᠲᠣᠯᠭ᠎ᠠ ᠵᠢᠨ   ᠪᠠᠢ᠌ᠷᠢᠯᠠᠭᠤᠯᠤᠯᠲᠠ ᠪᠣᠯᠣᠨ ᠨᠠᠮ᠎ᠤᠨ ᠲᠦᠪ ᠬᠣᠷᠢᠶ᠎ᠠ᠂ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠰᠢᠢ᠍ᠳᠪᠦᠷᠢᠲᠦ ᠪᠣᠲᠣᠯᠭ᠎ᠠ ᠵᠢᠨ ᠪᠠᠢ᠌ᠷᠢᠯᠠᠭᠣᠯᠣᠯᠲᠠ ᠵᠢᠨ ᠲᠣᠭᠣᠷᠢᠨ᠎ᠳᠤ᠂ ᠰᠢᠨ᠎ᠡ ᠵᠢ ᠡᠬᠦᠳᠬᠦ᠂ ᠵᠣᠬᠢᠴᠠᠩᠭᠣᠢ᠂ ᠪᠣᠬᠢᠷᠲᠣᠯ ᠦᠭᠡᠢ᠂ ᠨᠡᠭᠡᠭᠡᠯᠲᠡ᠎ᠲᠠᠢ᠂ ᠬᠠᠮᠲᠣ᠎ᠪᠠᠷ ᠡᠳ᠋ᠯᠡᠬᠦ ᠬᠦᠭᠵᠢᠯᠲᠡ ᠵᠢᠨ ᠣᠢ᠌ᠯᠠᠭ᠋ᠠᠬᠲᠠᠬᠣᠨ᠎ᠢ ᠪᠠᠲᠣ ᠪᠡᠬᠢ ᠪᠣᠢ ᠪᠣᠯᠭ᠋ᠠᠨ ᠲᠣᠭᠣᠰᠢᠯᠠᠭᠣᠯᠣᠨ ᠨᠠᠢ᠌ᠲᠠᠪᠣᠷᠢᠵᠢᠭᠣᠯᠵᠦ᠂ ᠠᠷᠠᠳ ᠲᠦᠮᠡᠨ᠎ᠤ ᠪᠡᠶ᠎ᠡ ᠮᠠᠬᠠᠪᠣᠳ᠎ᠢ ᠰᠠᠢ᠌ᠵᠢᠷᠠᠭᠣᠯᠵᠦ᠂ ᠡᠷᠡᠬᠦᠯ ᠮᠡᠨᠲᠦ ᠵᠢᠨ ᠬᠢᠷᠢ ᠲᠦᠪᠰᠢᠨ᠎ᠢ ᠲᠡᠭᠡᠭᠰᠢᠯᠡᠬᠦᠯᠬᠦ᠎ᠪᠠᠷ ᠦᠨᠳᠦᠰᠦᠨ ᠬᠠᠷᠠᠯᠲᠠ ᠪᠣᠯᠭ᠋ᠠᠵᠦ᠂ ᠠᠷᠠᠳ ᠣᠯᠠᠨ᠎ᠤ ᠡᠳᠦᠷ ᠢᠷᠡᠬᠦᠶ᠎ᠡ ᠨᠡᠮᠡᠭᠲᠡᠵᠦ ᠪᠠᠢ᠌ᠭ᠎ᠠ ᠣᠯᠠᠨ ᠡᠰᠢᠲᠦ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠱᠠᠭ᠋ᠠᠷᠲᠠᠯᠭ᠎ᠠ ᠵᠢ ᠬᠠᠩᠭ᠋ᠠᠬᠣ᠎ᠪᠠᠷ ᠵᠣᠬᠰᠣᠴᠠ ᠪᠣᠯᠭ᠋ᠠᠨ᠂ ᠬᠦᠮᠦᠨ ᠵᠶ᠋ᠠᠷ ᠦᠨᠳᠦᠰᠦ ᠪᠣᠯᠭ᠋ᠠᠬᠣ᠂ ᠦᠭᠡᠷᠡᠴᠢᠯᠡᠯᠲᠡ ᠬᠢᠵᠦ ᠰᠢᠨ᠎ᠡ ᠵᠢ ᠡᠬᠦᠳᠬᠦ᠂ ᠬᠠᠣᠯᠢ ᠶᠣᠰᠣᠭ᠋ᠠᠷ ᠴᠣᠬ᠍ᠴᠠ ᠵᠢ ᠵᠠᠰᠠᠬᠣ᠂   ᠦᠨᠳᠦᠰᠦᠨ ᠵᠦᠢ᠍ᠯ᠎ᠢ ᠪᠠᠲᠣᠯᠠᠨ᠂ ᠣᠯᠠᠨ ᠡᠰᠢᠲᠦ ᠬᠠᠷᠢᠯᠴᠠᠨ ᠠᠬᠢᠭᠣᠯᠬᠣ᠂ ᠪᠣᠲᠠᠲᠣ ᠪᠦᠲᠦᠮᠵᠢ ᠵᠢ ᠴᠢᠬᠣᠯᠠᠴᠢᠯᠠᠬᠣ ᠠᠵᠢᠯ᠎ᠤᠨ ᠵᠠᠷᠴᠢᠮ᠎ᠢ ᠪᠠᠷᠢᠮᠲᠠᠯᠠᠵᠦ᠂ ᠪᠣᠰᠣᠭ᠎ᠠ ᠴᠣᠬ᠍ᠴᠠᠵᠢᠭᠣᠯᠣᠨ ᠪᠠᠢ᠌ᠭᠣᠯᠬᠣ᠂ ᠨᠡᠢ᠌ᠳᠭᠡᠨ ᠠᠬᠢᠭᠣᠯᠵᠦ᠂ ᠬᠦᠲᠡᠯᠦᠩᠬᠦᠢ ᠬᠡᠷᠡᠭᠵᠢᠬᠦᠯᠬᠦ᠎ᠪᠠᠷ ᠲᠠᠮᠵᠢᠭᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠲᠣᠬᠲᠠᠯᠴᠠᠭ᠎ᠠ ᠪᠣᠯᠣᠨ ᠠᠵᠦ ᠦᠢ᠍ᠯᠡᠰ᠎ᠤᠨ ᠬᠡᠯᠬᠢᠶ ᠎ᠡ᠂ ᠠᠮᠢ ᠠᠬᠣᠢ ᠵᠢᠨ ᠴᠠᠭ᠋ᠠᠷᠢᠬ᠎ᠢ ᠨᠢᠭᠡᠲᠦᠯᠲᠡᠢ ᠲᠦᠯᠦᠪᠵᠢᠬᠦᠯᠦᠨ ᠪᠠᠢ᠌ᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠲᠣ ᠦᠶ᠎ᠡ ᠵᠢᠨ ᠵᠠᠰᠠᠯᠲᠠ ᠵᠢᠨ ᠴᠢᠲᠠᠪᠣᠷᠢ ᠵᠢ ᠲᠡᠭᠡᠭᠰᠢᠯᠡᠬᠦᠯᠦᠨ᠂ ᠴᠢᠨᠡᠭᠡᠯᠢᠭ ᠨᠡᠢ᠌ᠢ᠍ᠭᠡᠮ᠎ᠢ ᠪᠦᠬᠦ ᠲᠠᠯ᠎ᠠ᠎ᠪᠠᠷ   ᠪᠡᠶᠡᠯᠡᠬᠦᠯᠬᠦ᠎ᠳᠤ ᠬᠣᠪᠢ ᠨᠡᠮᠡᠷᠢ ᠡᠷᠬᠦᠵᠦ ᠲᠣᠮᠲᠠᠲᠣ ᠵᠢᠨ ᠦᠨᠳᠦᠰᠦᠲᠡᠨ᠎ᠤ ᠠᠭᠣᠣ ᠶᠡᠬᠡ ᠰᠡᠷᠬᠦᠨ ᠮᠡᠨᠲᠦᠯᠲᠡ ᠵᠢᠨ ᠲᠣᠮᠲᠠᠲᠣ ᠵᠢᠨ   ᠮᠦᠷᠦᠭᠡᠳᠦᠯ᠎ᠢ ᠲᠡᠷᠭᠡᠯᠰᠢᠬᠦᠯᠬᠦ᠎ᠳᠤ ᠪᠠᠲᠣ ᠪᠡᠬᠢ ᠰᠠᠭᠣᠷᠢ ᠲᠠᠯᠪᠢᠨ᠎ᠠ᠃
     (ᠬᠣᠶᠠᠷ) ᠬᠦᠭᠵᠢᠯᠲᠡ ᠵᠢᠨ ᠬᠠᠷᠠᠯᠲᠠ
     2020 ᠤᠨ ᠪᠣᠯᠬᠣ᠎ᠳᠤ᠂ ᠣᠯᠠᠨ ᠲᠦᠮᠡᠨ᠎ᠤ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠣᠬᠠᠮᠰᠠᠷ᠎ᠢ ᠨᠡᠢ᠌ᠲᠡᠮ ᠲᠡᠭᠡᠭᠰᠢᠯᠡᠬᠦᠯᠵᠦ᠂ ᠪᠡᠶ᠎ᠡ ᠵᠢᠨ ᠲᠠᠮᠢᠷ᠎ᠤᠨ ᠪᠣᠯᠪᠠᠰᠣᠷᠠᠯ᠎ᠳᠤ ᠣᠷᠣᠯᠴᠠᠬᠣ ᠬᠦᠮᠦᠰ᠎ᠤᠨ ᠲᠤᠭ᠎ᠠ ᠵᠢ ᠢᠯᠡᠳᠲᠡ ᠨᠡᠮᠡᠭᠲᠡᠭᠦᠯᠵᠦ᠂ ᠭᠠᠷᠠᠬ ᠪᠣᠯᠭ᠋ᠠᠨ ᠨᠢᠭᠡ ᠣᠲᠠᠭ᠎ᠠ᠎ᠠᠴᠠ ᠲᠡᠭᠡᠭᠰᠢ ᠪᠡᠶ᠎ᠡ ᠵᠢᠨ ᠲᠠᠮᠢᠷ᠎ᠤᠨ ᠪᠣᠯᠪᠠᠰᠣᠷᠠᠯ᠎ᠳᠤ ᠣᠷᠣᠯᠴᠠᠬᠣ ᠬᠦᠮᠦᠨ᠎ᠤ ᠲᠣᠭ᠎ᠠ ᠵᠢ 7 ᠳ᠋ᠦᠩᠰᠢᠭᠣᠷ᠎ᠲᠤ ᠬᠦᠷᠭᠡᠵᠦ᠂ ᠦᠷᠬᠦᠯᠵᠢ ᠪᠡᠶ᠎ᠡ ᠵᠢᠨ ᠲᠠᠮᠢᠷ᠎ᠤᠨ ᠪᠣᠯᠪᠠᠰᠣᠷᠠᠯ᠎ᠳᠤ ᠣᠷᠣᠯᠴᠠᠬᠣ ᠬᠦᠮᠦᠨ᠎ᠤ ᠲᠣᠭ᠎ᠠ ᠵᠢ 4.35 ᠳ᠋ᠦᠩᠰᠢᠭᠣᠷ᠎ᠲᠤ ᠬᠦᠷᠭᠡᠵᠦ᠂ ᠠᠷᠠᠳ ᠣᠯᠠᠨ᠎ᠤ ᠪᠡᠶ᠎ᠡ ᠮᠠᠬᠠᠪᠣᠳ᠎ᠤᠨ ᠬᠡᠪ ᠴᠢᠨᠠᠷ᠎ᠢ ᠯᠠᠪᠲᠠᠭᠣᠨ ᠵᠶ᠋ᠠᠷ ᠠᠬᠢᠭᠣᠯᠣᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠣᠷᠭ᠋ᠠᠨ ᠬᠦᠮᠦᠵᠢᠯ᠂ ᠠᠵᠦ ᠠᠬᠣᠢ ᠪᠣᠯᠣᠨ ᠨᠡᠢ᠌ᠭᠡᠮ᠎ᠤᠨ ᠴᠢᠲᠠᠪᠬᠢ ᠵᠢ ᠬᠦᠢ᠍ᠴᠡᠳ ᠪᠠᠲᠠᠷᠠᠭᠣᠯᠣᠨ᠂ ᠡᠯ᠎ᠡ ᠲᠦᠷᠦᠯ᠎ᠤᠨ ᠨᠡᠢ᠌ᠭᠡᠮ᠎ᠤᠨ ᠦᠢ᠍ᠯᠡᠰ᠎ᠯᠦᠭᠡ ᠬᠠᠷᠢᠯᠴᠠᠨ ᠠᠬᠢᠭᠣᠯᠵᠦ ᠬᠦᠭᠵᠢᠭᠰᠡᠨ ᠪᠠᠢ᠌ᠲᠠᠯ᠎ᠢ ᠦᠨᠳᠦᠰᠦᠨ᠎ᠳᠡᠭᠡᠨ ᠪᠦᠷᠢᠯᠲᠦᠬᠦᠯᠵᠦ᠂ ᠪᠡᠶ᠎ᠡ ᠵᠢᠨ ᠲᠠᠮᠢᠷ᠎ᠤᠨ ᠬᠡᠷᠡᠭᠯᠡᠭᠡ ᠵᠢᠨ ᠶᠡᠷᠦᠩᠬᠡᠢ ᠬᠡᠮᠵᠢᠶ᠎ᠡ 1.5 ᠲᠦᠮᠡᠨ ᠳ᠋ᠦᠩᠰᠢᠭᠣᠷ ᠲᠦᠬᠦᠷᠢᠭ᠎ᠲᠤ ᠬᠦᠷᠴᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠬᠦᠭᠵᠢᠯᠲᠡ ᠵᠢ ᠠᠬᠢᠭᠣᠯᠵᠦ᠂ ᠲᠣᠲᠣᠭ᠋ᠠᠲᠣ ᠬᠡᠷᠡᠭᠯᠡᠭᠡ ᠵᠢ ᠲᠦᠷᠭᠡᠳᠭᠡᠬᠦ ᠪᠠ ᠠᠵᠦ ᠠᠬᠣᠢ ᠵᠢᠨ ᠰᠢᠨ᠎ᠡ ᠨᠡᠮᠡᠭᠲᠡᠯ ᠴᠡᠭ᠎ᠤᠨ ᠬᠦᠲᠡᠯᠭᠡᠬᠦᠷ ᠪᠣᠯᠭ᠋ᠠᠨ᠎ᠠ᠃ ᠣᠯᠣᠰ᠎ᠤᠨ ᠬᠦᠭᠵᠢᠯᠲᠡ ᠵᠢᠨ ᠬᠠᠷᠠᠯᠲᠠ᠎ᠳᠤ ᠲᠣᠯᠭ᠋ᠠᠭᠣᠷᠢᠯᠠᠨ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠡᠶᠡᠯᠡᠬᠦᠯᠬᠦ᠎ᠲᠠᠢ ᠬᠠᠷᠢᠯᠴᠠᠨ ᠵᠣᠬᠢᠴᠠᠯᠲᠣᠬᠰᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠲᠣᠬᠲᠠᠯᠴᠠᠭ᠎ᠠ ᠡᠳᠦᠷ ᠲᠣᠲᠣᠮ ᠲᠡᠬᠦᠯᠲᠡᠷᠵᠢᠵᠦ᠂ ᠵᠠᠰᠠᠬ᠎ᠤᠨ ᠣᠷᠲᠣᠨ᠎ᠠᠴᠠ ᠭᠣᠣᠯᠯᠠᠨ ᠣᠲᠣᠷᠢᠳᠴᠦ᠂ ᠰᠠᠯᠠᠭ᠎ᠠ ᠮᠦᠴᠢᠷ ᠬᠠᠮᠲᠣᠷᠠᠨ ᠠᠵᠢᠯᠯᠠᠵᠦ᠂ ᠪᠦᠬᠦ ᠨᠡᠢ᠌ᠭᠡᠮ ᠵᠶ᠋ᠠᠷ ᠵᠶ᠋ᠠᠨ ᠣᠷᠣᠯᠴᠠᠬᠰᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠤᠨ ᠬᠦᠭᠵᠢᠯᠲᠡ ᠵᠢᠨ ᠪᠠᠢ᠌ᠷᠢᠰᠢᠯ᠎ᠢ ᠨᠡᠩ ᠲᠣᠲᠣᠷᠬᠠᠢ ᠪᠣᠯᠭ᠋ᠠᠨ᠎ᠠ᠃
      ᠬᠣᠶᠠᠷ᠂ ᠭᠣᠣᠯ ᠪᠣᠯᠬᠣ ᠡᠬᠦᠷᠭᠡ
     (ᠭᠣᠷᠪᠠ) ᠪᠡᠶ᠎ᠡ ᠵᠢᠨ ᠲᠠᠮᠢᠷ᠎ᠤᠨ ᠰᠣᠶᠣᠯ᠎ᠢ ᠪᠠᠲᠠᠷᠠᠭᠣᠯᠵᠦ᠂ ᠬᠦᠮᠦᠨ᠎ᠤ ᠪᠦᠬᠦ ᠲᠠᠯ᠎ᠠ ᠵᠢᠨ ᠬᠦᠭᠵᠢᠯᠲᠡ ᠵᠢ ᠠᠬᠢᠭᠣᠯᠣᠨ᠎ᠠ᠃ ᠪᠡᠶ᠎ᠡ ᠴᠢᠬᠢᠷᠠᠬ᠍ᠵᠢᠭᠣᠯᠬᠣ ᠮᠡᠲᠡᠯᠭᠡ ᠵᠢ ᠲᠦᠭᠡᠮᠡᠯᠵᠢᠬᠦᠯᠦᠨ᠂ ᠪᠡᠶ᠎ᠡ ᠴᠢᠬᠢᠷᠠᠬ᠍ᠵᠢᠭᠣᠯᠬᠣ ᠦᠷ᠎ᠡ ᠪᠦᠲᠦᠮᠵᠢ ᠵᠢ ᠣᠬᠠᠭᠣᠯᠵᠦ᠂ ᠡᠷᠡᠬᠦᠯ ᠮᠡᠨᠲᠦ ᠵᠢᠨ ᠰᠢᠨ᠎ᠡ ᠣᠢ᠌ᠯᠠᠭ᠋ᠠᠬᠲᠠᠬᠣᠨ᠎ᠢ ᠪᠠᠲᠠᠷᠠᠭᠣᠯᠵᠦ᠂ ᠪᠡᠶ᠎ᠡ ᠰᠡᠳᠬᠢᠴᠡ ᠵᠢᠨ ᠡᠷᠡᠬᠦᠯ ᠴᠢᠬᠢᠷᠠᠬ᠎ᠢ ᠬᠣᠪᠢ ᠬᠦᠮᠦᠨ᠎ᠤ ᠪᠦᠬᠦ ᠲᠠᠯ᠎ᠠ ᠵᠢᠨ ᠬᠦᠭᠵᠢᠯᠲᠡ ᠪᠣᠯᠣᠨ ᠨᠡᠢ᠌ᠭᠡᠮ᠎ᠲᠠᠢ ᠵᠣᠬᠢᠴᠠᠬᠣ ᠴᠢᠬᠣᠯᠠ ᠴᠢᠲᠠᠪᠣᠷᠢ ᠪᠣᠯᠭ᠋ᠠᠵᠦ᠂ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ᠎ᠳᠤ ᠣᠷᠣᠯᠴᠠᠨ᠂ ᠡᠷᠡᠬᠦᠯ ᠴᠢᠬᠢᠷᠠᠬ ᠪᠡᠶ᠎ᠡ ᠮᠠᠬᠠᠪᠣᠳ ᠵᠶ᠋ᠠᠷ ᠦᠩᠭᠡ ᠭᠡᠷᠡᠯ ᠪᠣᠯᠭ᠋ᠠᠬᠰᠠᠨ ᠬᠣᠪᠢ ᠬᠦᠮᠦᠨ᠎ᠤ ᠬᠦᠭᠵᠢᠯᠲᠡ ᠵᠢᠨ ᠣᠢ᠌ᠯᠠᠭ᠋ᠠᠬᠲᠠᠬᠣᠨ᠎ᠢ ᠪᠣᠢ ᠪᠣᠯᠭ᠋ᠠᠵᠦ᠂ ᠰᠠᠢ᠌ᠨ ᠰᠠᠢ᠌ᠬᠠᠨ ᠶᠠᠷᠢᠶ᠎ᠠ ᠬᠡᠯᠡᠯᠴᠡᠭᠡᠨ᠎ᠤ ᠠᠭᠣᠷ ᠠᠮᠢᠰᠬᠣᠯ᠎ᠢ ᠪᠣᠢ ᠪᠣᠯᠭ᠋ᠠᠨ᠂ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ᠎ᠪᠠᠷ ᠲᠠᠮᠵᠢᠨ ᠬᠣᠪᠢ ᠬᠦᠮᠦᠨ᠎ᠤ ᠬᠠᠮᠲᠣᠷᠠᠨ ᠠᠵᠢᠯᠯᠠᠬᠣ ᠴᠢᠲᠠᠪᠣᠷᠢ ᠵᠢ ᠲᠡᠭᠡᠭᠰᠢᠯᠡᠬᠦᠯᠦᠨ᠎ᠡ᠃ ᠡᠷᠡᠬᠦᠯ ᠴᠢᠬᠢᠷᠠᠬ ᠪᠣᠯᠪᠠᠰᠣᠨ ᠠᠮᠢᠲᠣᠷᠠᠯ᠎ᠤᠨ ᠠᠷᠭ᠎ᠠ ᠮᠠᠶᠢᠬ᠎ᠲᠤ ᠦᠵᠡᠬᠦᠯᠬᠦ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠦᠢ᠍ᠯᠡᠲᠦᠯ᠎ᠢ ᠪᠠᠲᠠᠷᠠᠭᠣᠯᠬᠤ ᠤᠷᠤᠭᠤ ᠬᠦᠲᠦᠯᠤᠨ ᠲᠠᠭ᠋ᠠᠭᠤᠯᠵᠤ᠂ ᠬᠦᠮᠦᠨ ᠪᠣᠯᠭ᠋ᠠᠨ ᠪᠡᠶ᠎ᠡ ᠪᠣᠯᠪᠠᠰᠣᠷᠠᠬᠣ ᠲᠣᠷᠠᠲᠠᠢ᠂ ᠪᠡᠶ᠎ᠡ ᠪᠣᠯᠪᠠᠰᠣᠷᠠᠵᠦ ᠴᠢᠲᠠᠬᠣ᠂ ᠪᠡᠶ᠎ᠡ ᠪᠣᠯᠪᠠᠰᠣᠷᠠᠵᠦ ᠲᠠᠲᠣᠬᠰᠠᠨ᠂ ᠲᠦᠷᠢᠮ᠎ᠢ ᠴᠢᠬᠣᠯᠠᠴᠢᠯᠠᠨ᠂ ᠦᠨᠡᠨᠴᠢ ᠢᠲᠡᠭᠡᠮᠵᠢ ᠵᠢ ᠡᠷᠬᠢᠮᠯᠡᠨ᠂ ᠬᠣᠪᠢ ᠨᠡᠮᠡᠷᠢ ᠦᠵᠡᠬᠦᠯᠬᠦ᠂ ᠬᠠᠮᠲᠣ᠎ᠪᠠᠷ ᠡᠳ᠋ᠯᠡᠬᠦ   ᠲᠤᠷᠠᠲᠠᠢ ᠰᠠᠢ᠌ᠨ ᠰᠠᠢ᠌ᠬᠠᠨ ᠨᠡᠢ᠌ᠭᠡᠮ᠎ᠤᠨ ᠠᠭᠣᠷ ᠠᠮᠢᠰᠬᠣᠯ᠎ᠢ ᠪᠣᠢ ᠪᠣᠯᠭ᠋ᠠᠨ᠎ᠠ᠃
      ᠪᠡᠶ᠎ᠡ ᠵᠢᠨ ᠲᠠᠮᠢᠷ᠎ᠤᠨ ᠰᠣᠶᠣᠯ᠎ᠢ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠪᠦᠬᠦ ᠦᠶᠡᠯᠡᠯ᠎ᠤᠨ ᠬᠣᠭᠣᠴᠠᠭ᠎ᠠ ᠪᠣᠯᠣᠨ ᠪᠦᠬᠦ ᠶᠠᠪᠣᠴᠠ᠎ᠳᠤ ᠠᠭᠣᠰᠬᠠᠵᠦ᠂ ᠪᠡᠶ᠎ᠡ ᠵᠢᠨ ᠲᠠᠮᠢᠷ᠎ᠤᠨ ᠣᠷᠣᠯᠲᠣᠭ᠋ᠠᠨ ᠠᠵᠢᠯᠯᠠᠭ᠎ᠠ ᠡᠷᠬᠢᠯᠡᠬᠦ᠎ᠪᠠᠷ ᠭᠠᠷᠳᠠᠴᠠ ᠪᠣᠯᠭ᠋ᠠᠨ᠂ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠲᠦᠷᠦᠯ ᠵᠦᠢ᠍ᠯ᠎ᠢ ᠶᠡᠬᠡᠪᠡᠷ ᠣᠬᠠᠭᠣᠯᠣᠨ᠂ ᠣᠯᠢᠮᠫᠢᠺ᠎ᠤᠨ ᠵᠣᠷᠢᠬ ᠰᠠᠨᠠᠭ᠎ᠠ ᠪᠣᠯᠣᠨ ᠲᠣᠮᠲᠠᠲᠣ ᠵᠢᠨ ᠪᠡᠶ᠎ᠡ ᠵᠢᠨ ᠲᠠᠮᠢᠷ᠎ᠤᠨ ᠵᠣᠷᠢᠬ ᠰᠠᠨᠠᠭ᠎ᠠ ᠵᠢ ᠪᠠᠲᠠᠷᠠᠭᠣᠯᠵᠦ᠂ ᠣᠯᠠᠮᠵᠢᠯᠠᠯᠲᠣ ᠪᠡᠶ᠎ᠡ ᠵᠢᠨ ᠲᠠᠮᠢᠷ᠎ᠤᠨ ᠰᠣᠶᠣᠯ᠎ᠢ ᠠᠭᠣᠲᠠᠯᠣᠨ ᠣᠯᠠᠮᠵᠢᠯᠠᠵᠦ᠂ ᠣᠷᠣᠨ ᠪᠦᠰᠡ ᠵᠢᠨ ᠣᠨᠴᠠᠯᠢᠬᠲᠦ ᠰᠣᠶᠣᠯ᠎ᠤᠨ ᠦᠪ᠎ᠤᠨ ᠦᠢ᠍ᠯᠡᠲᠦᠯ᠎ᠢ ᠪᠠᠲᠠᠷᠠᠭᠣᠯᠣᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠯᠢᠭᠡᠷ ᠲᠠᠭᠣᠷᠢᠶᠠᠯ᠎ᠢ ᠪᠣᠢ ᠪᠣᠯᠭ᠋ᠠᠨ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠯᠢᠭᠡᠷ ᠬᠦᠣᠷᠨᠢᠨ᠂ ᠨᠡᠢ᠌ᠭᠡᠮ᠎ᠤᠨ ᠢᠲᠡᠪᠬᠢ ᠬᠦᠴᠦᠨ᠎ᠢ ᠲᠠᠮᠵᠢᠭᠣᠯᠣᠨ᠂ ᠨᠡᠢ᠌ᠭᠡᠮ ᠵᠢᠷᠣᠮ᠎ᠤᠨ ᠭᠣᠣᠯᠯᠠᠬᠣ ᠦᠷᠲᠡᠭ᠎ᠤᠨ ᠦᠵᠡᠯᠲᠡ ᠵᠢ ᠦᠢ᠍ᠯᠡᠲᠦᠯᠭᠡᠵᠢᠬᠦᠯᠵᠦ᠂ ᠲᠣᠮᠲᠠᠲᠣ ᠵᠢᠨ ᠦᠨᠳᠦᠰᠦᠲᠡᠨ᠎ᠤ ᠣᠯᠠᠮᠵᠢᠯᠠᠯᠲᠣ ᠪᠣᠯᠪᠠᠰᠣᠨ ᠰᠣᠷᠲᠠᠯ᠎ᠢ ᠪᠠᠲᠠᠷᠠᠭᠣᠯᠬᠣ ᠬᠦᠮᠦᠨ ᠲᠦᠷᠦᠯᠬᠢᠲᠡᠨ᠎ᠤ ᠰᠢᠯᠢᠲᠡᠭ ᠪᠣᠯᠪᠠᠰᠣᠨ᠎ᠤ ᠦᠷ᠎ᠡ ᠪᠦᠲᠦᠭᠡᠯ᠎ᠢ ᠣᠯᠠᠮᠵᠢᠯᠠᠨ ᠵᠠᠯᠭ᠋ᠠᠮᠵᠢᠯᠠᠬᠣ ᠪᠠ ᠣᠯᠣᠰ᠎ᠤᠨ ᠵᠦᠭᠡᠯᠡᠨ ᠪᠣᠲᠠᠲᠣ ᠬᠦᠴᠦᠨ᠎ᠢ ᠲᠡᠭᠡᠭᠰᠢᠯᠡᠬᠦᠯᠬᠦ ᠵᠡᠷᠭᠡ ᠲᠠᠯ᠎ᠠ ᠵᠢᠨ ᠪᠡᠶ᠎ᠡ ᠵᠢᠨ ᠲᠠᠮᠢᠷ ᠰᠣᠶᠣᠯ᠎ᠤᠨ᠎ᠤᠨ ᠦᠪᠡᠷᠮᠢᠴᠡ ᠦᠷᠲᠡᠭ ᠪᠣᠯᠣᠨ ᠦᠢ᠍ᠯᠡᠲᠦᠯ᠎ᠢ ᠪᠠᠲᠠᠷᠠᠭᠣᠯᠣᠨ᠎ᠠ᠃
     (ᠲᠦᠷᠪᠡ) ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠵᠦ᠂ ᠡᠯᠪᠡᠭ ᠪᠠᠶᠠᠯᠢᠬ ᠠᠭᠣᠯᠭ᠎ᠠ ᠪᠦᠬᠦᠢ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠬᠠᠩᠭ᠋ᠠᠯᠭ᠎ᠠ ᠣᠯᠭᠣᠨ᠎ᠠ᠃ ᠴᠠᠭ ᠭᠠᠵᠠᠷ ᠣᠷᠣᠨ ᠪᠣᠯᠣᠨ ᠬᠡᠷᠡᠭᠴᠡᠭᠡ ᠱᠠᠭ᠋ᠠᠷᠲᠠᠯᠭ᠎ᠠ᠎ᠳᠤ ᠵᠣᠬᠢᠴᠠᠭᠣᠯᠣᠨ ᠣᠯᠠᠨ ᠲᠦᠮᠡᠨ᠎ᠤ ᠲᠡᠷᠭᠡᠲᠡᠬᠢ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠵᠦ ᠲᠡᠰ ᠲᠦᠷᠦᠯ ᠬᠣᠪᠢᠶᠠᠨ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠲᠦᠷᠦᠯ ᠵᠦᠢ᠍ᠯ᠎ᠤᠨ ᠬᠦᠭᠵᠢᠯᠲᠡ ᠵᠢ ᠬᠦᠲᠦᠯᠦᠨ ᠵᠢᠯᠣᠭᠣᠳᠴᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠲᠣᠬᠲᠠᠯᠴᠠᠭ᠎ᠠ ᠵᠢ ᠪᠠᠶᠠᠯᠢᠬ᠍ᠵᠢᠭᠣᠯᠣᠨ ᠲᠡᠬᠦᠯᠲᠡᠷᠵᠢᠬᠦᠯᠦᠨ᠎ᠡ᠃ ᠪᠡᠶ᠎ᠡ ᠴᠢᠬᠢᠷᠠᠬ᠍ᠵᠢᠭᠣᠯᠬᠣ ᠬᠦᠶᠦᠯᠲᠡ᠂ ᠪᠡᠶ᠎ᠡ ᠴᠢᠬᠢᠷᠠᠬ᠍ᠵᠢᠭᠣᠯᠣᠨ ᠠᠯᠬᠣᠬᠣ᠂ ᠲᠣᠭᠣᠢ᠎ᠪᠠᠷ ᠠᠶᠠᠯᠠᠬᠣ᠂ ᠠᠭᠣᠯᠠ ᠠᠪᠠᠷᠢᠬᠣ᠂ ᠣᠰᠣᠨ᠎ᠳᠤ ᠣᠮᠪᠠᠬᠣ᠂ ᠪᠦᠮᠪᠦᠭᠡ ᠵᠢᠨ ᠲᠦᠷᠦᠯ᠂ ᠠᠭᠣᠲᠠᠮ ᠲᠠᠯᠠᠪᠠᠢ ᠵᠢᠨ ᠪᠦᠵᠢᠭ ᠵᠡᠷᠭᠡ ᠣᠯᠠᠨ ᠲᠦᠮᠡᠨ᠎ᠤ ᠲᠣᠷ᠎ᠠ ᠰᠣᠨᠢᠷᠬᠠᠯ᠎ᠢ ᠲᠠᠲᠠᠬᠰᠠᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠲᠦᠷᠦᠯ ᠵᠦᠢ᠍ᠯ᠎ᠢ ᠶᠡᠬᠡᠪᠡᠷ ᠬᠦᠭᠵᠢᠬᠦᠯᠵᠦ᠂ ᠲᠠᠷᠪᠠᠭᠣᠯᠲᠣ ᠣᠩᠭᠣᠴᠠ᠂ ᠰᠡᠯᠡᠮ᠎ᠡ ᠮᠦᠷᠦᠢ᠌ᠴᠡᠬᠦ᠂ ᠮᠡᠰᠢᠨ ᠲᠡᠷᠭᠡ ᠣᠷᠣᠯᠲᠣᠬᠣ᠂ ᠮᠣᠷᠢᠨ ᠮᠡᠷᠭᠡᠵᠢᠯ᠂ ᠬᠡᠲᠦ ᠲᠣᠢ᠌ᠯᠰᠢᠷᠠᠯ᠎ᠤᠨ ᠬᠦᠲᠡᠯᠭᠡᠭᠡᠨ᠂   ᠠᠭ᠋ᠠᠷ ᠠᠶᠠᠯᠠᠯ ᠵᠡᠷᠭᠡ ᠵᠢᠨ ᠬᠡᠷᠡᠭᠯᠡᠬᠡ ᠵᠢ ᠬᠦᠲᠦᠯᠦᠨ ᠲᠠᠭ᠋ᠠᠭᠣᠯᠬᠣ ᠣᠨᠴᠠᠯᠢᠬ ᠪᠦᠬᠦᠢ ᠮᠣᠳ᠋ ᠰᠡᠯᠡᠬᠦᠴᠡᠯ᠎ᠤᠨ ᠬᠦᠲᠡᠯᠭᠡᠭᠡᠨ᠎ᠤ ᠲᠦᠷᠦᠯ ᠵᠦᠢ᠍ᠯ᠎ᠢ ᠢᠲᠡᠪᠬᠢᠲᠡᠢ ᠪᠣᠢ᠌ᠵᠢᠭᠣᠯᠵᠦ᠂ ᠦᠱ᠌ᠦ᠂ ᠪᠡᠶ᠎ᠡ ᠴᠢᠬᠢᠷᠠᠬ᠍ᠵᠢᠭᠣᠯᠬᠣ ᠬᠡᠢ ᠲᠠᠮᠢᠷ ᠵᠡᠷᠭᠡ ᠦᠨᠳᠦᠰᠦᠲᠡᠨ᠎ᠤ ᠵᠠᠩ ᠲᠠᠳᠬᠠᠯ᠎ᠤᠨ ᠣᠯᠠᠮᠵᠢᠯᠠᠯ ᠪᠠ ᠬᠦᠲᠡᠭᠡ ᠲᠣᠰᠬᠣᠨ᠎ᠤ ᠦᠨᠦᠷ ᠠᠮᠲᠠ᠎ᠪᠠᠷ ᠦᠳᠭᠡᠨ ᠰᠣᠨᠢᠷᠬᠠᠯᠲᠣ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠲᠦᠷᠦᠯ ᠵᠦᠢ᠍ᠯ᠎ᠢ ᠲᠡᠮᠵᠢᠨ ᠲᠡᠯᠭᠡᠷᠡᠬᠦᠯᠵᠦ ᠠᠲᠠᠯᠢ ᠪᠣᠰᠣ ᠬᠦᠮᠦᠰ᠎ᠲᠤ ᠲᠣᠬᠢᠷᠠᠬᠣ᠂ ᠠᠲᠠᠯᠢ ᠪᠣᠰᠣ ᠭᠠᠵᠠᠷ ᠣᠷᠣᠨ ᠪᠠ ᠠᠲᠠᠯᠢ ᠪᠣᠰᠣ ᠠᠵᠢᠯ ᠲᠦᠷᠦᠯ᠎ᠤᠨ ᠣᠨᠴᠠᠯᠢᠬ᠎ᠲᠤ ᠵᠣᠬᠢᠴᠠᠬᠣ ᠣᠨᠴᠠᠯᠢᠬᠲᠣ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠲᠦᠷᠦᠯ ᠵᠦᠢ᠍ᠯ᠎ᠢ ᠵᠣᠷᠢᠬ᠍ᠵᠢᠭᠣᠯᠣᠨ ᠨᠡᠭᠡᠭᠡᠨ ᠬᠦᠭᠵᠢᠬᠦᠯᠦᠨ᠎ᠡ᠃
      ᠵᠠᠬ᠎ᠠ ᠲᠡᠯᠭᠡᠬᠦᠷ᠎ᠤᠨ ᠠᠮᠢᠵᠢᠷᠠᠯ᠎ᠤᠨ ᠬᠦᠴᠦᠨ᠎ᠢ ᠲᠠᠢ᠌ᠴᠢᠯᠠᠨ ᠨᠡᠢ᠌ᠭᠡᠮ᠎ᠤᠨ ᠬᠦᠴᠦᠨ ᠵᠶ᠋ᠠᠷ ᠪᠦᠬᠦ ᠠᠷᠠᠳ᠎ᠤᠨ ᠪᠡᠶ ᠎ᠡ ᠴᠢᠬᠢᠷᠠᠬ᠍ᠵᠢᠭᠣᠯᠬᠣ ᠬᠦᠲᠡᠯᠭᠡᠭᠡᠨ ᠡᠷᠬᠢᠯᠡᠬᠦ᠎ᠳᠤ ᠲᠦᠬᠦᠮ ᠨᠦᠬᠦᠴᠡᠯ ᠡᠬᠦᠳᠴᠦ᠂ ᠰᠦᠯᠵᠢᠶ᠎ᠠ ᠵᠡᠷᠭᠡ ᠰᠢᠨ᠎ᠡ᠎ᠪᠠᠷ ᠮᠠᠨᠲᠣᠬᠰᠠᠨ ᠪᠡᠶ᠎ᠡ ᠵᠢᠨ ᠲᠠᠮᠢᠷ᠎ᠤᠨ ᠬᠦᠲᠡᠯᠭᠡᠭᠡᠨ ᠵᠣᠬᠢᠶᠠᠨ ᠪᠠᠢ᠌ᠭᠣᠯᠬᠣ ᠵᠠᠮ ᠰᠣᠪᠠᠬ᠎ᠤᠨ ᠦᠢ᠍ᠯᠡᠲᠦᠯ᠎ᠢ ᠪᠠᠲᠠᠷᠠᠭᠣᠯᠵᠦ᠂ ᠮᠡᠷᠭᠡᠵᠢᠯ᠎ᠤᠨ ᠪᠣᠰᠣ ᠪᠡᠶ᠎ᠡ ᠵᠢᠨ ᠲᠠᠮᠢᠷ᠎ᠤᠨ ᠣᠷᠣᠯᠲᠣᠭ᠋ᠠᠨ᠎ᠤ   ᠲᠤᠬᠲᠠᠯᠴᠠᠭ᠎ᠠ ᠵᠢ ᠲᠡᠬᠦᠯᠲᠡᠷᠵᠢᠬᠦᠯᠦᠨ᠎ᠡ᠃ ᠠᠲᠠᠯᠢ ᠪᠣᠰᠣ ᠲᠡᠰ ᠲᠠᠪᠬᠣᠷᠭ᠎ᠠ ᠪᠠ ᠲᠦᠷᠦᠯ ᠬᠡᠯᠪᠡᠷᠢ ᠵᠢᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠷᠣᠯᠲᠣᠭ᠋ᠠᠨ ᠡᠷᠬᠢᠯᠡᠬᠦ ᠵᠢ ᠵᠣᠷᠢᠬ᠍ᠵᠢᠭᠣᠯᠵᠦ᠂ ᠵᠡᠮᠲᠡᠭᠴᠦᠳ᠎ᠤᠨ ᠲᠣᠭᠣᠢ᠌ᠯᠠᠩ ᠭᠠᠷᠭ᠋ᠠᠵᠦ᠂ ᠡᠩ᠎ᠤᠨ ᠬᠦᠮᠦᠰ ᠬᠢᠭᠡᠳ ᠵᠡᠮᠲᠡᠭᠴᠦᠳ᠎ᠤᠨ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠢ ᠠᠭᠣᠰᠣᠯᠴᠠᠭᠣᠯᠣᠨ ᠦᠷᠨᠢᠬᠦᠯᠬᠦ ᠵᠢ ᠠᠬᠢᠭᠣᠯᠣᠨ᠎ᠠ᠃ ᠡᠯ᠎ᠠ ᠭᠠᠵᠠᠷ ᠣᠷᠣᠨ᠂ ᠡᠯ᠎ᠡ ᠠᠵᠢᠯ ᠲᠦᠷᠦᠯ ᠣᠷᠣᠨ ᠨᠣᠲᠣᠬ᠎ᠤᠨ ᠰᠣᠶᠣᠯ᠂ ᠲᠠᠷᠢᠶᠠᠯᠠᠬᠣ ᠰᠣᠶᠣᠯ᠂ ᠵᠣᠭ᠋ᠠᠴᠠᠯ ᠰᠡᠯᠡᠬᠦᠴᠡᠯ ᠵᠡᠷᠭᠡ ᠡᠬᠢ ᠪᠠᠶᠠᠯᠢᠬ᠎ᠲᠠᠢ᠎ᠪᠠᠨ ᠣᠶᠠᠯᠲᠣᠭᠣᠯᠵᠦ᠂ ᠣᠷᠣᠨ ᠪᠦᠰᠡ ᠵᠢᠨ ᠣᠨᠴᠠᠯᠢᠬ᠎ᠲᠠᠢ᠂ ᠠᠵᠢᠯ ᠲᠦᠷᠦᠯ᠎ᠤᠨ ᠣᠨᠴᠠᠯᠢᠬ᠎ᠲᠠᠢ᠂ ᠨᠦᠯᠦᠭᠡᠯᠡᠬᠦ ᠬᠦᠴᠦᠨ ᠶᠡᠬᠡ᠂ ᠦᠷᠬᠦᠯᠵᠢᠯᠡᠬᠦ ᠴᠢᠨᠠᠷ ᠵᠶ᠋ᠠᠷ ᠴᠢᠩᠭ᠎ᠠ ᠲᠦᠷᠦᠯ ᠲᠡᠮᠲᠡᠭᠲᠦ ᠣᠷᠣᠯᠲᠣᠭ᠋ᠠᠨ ᠬᠦᠲᠡᠯᠭᠡᠭᠡᠨ ᠡᠬᠦᠳᠬᠦ ᠵᠢ ᠲᠡᠮᠵᠢᠨ᠎ᠡ᠃ ᠡᠯ᠎ᠡ ᠱᠠᠲᠣᠨ᠎ᠤ ᠡᠯ᠎ᠡ ᠲᠦᠷᠦᠯ᠎ᠤᠨ ᠪᠡᠶ᠎ᠡ ᠵᠢᠨ ᠲᠠᠮᠢᠷ᠎ᠤᠨ   ᠤᠷᠤᠯᠲᠤᠭ᠋ᠠᠨ᠎ᠤ ᠦᠷ᠎ᠡ ᠪᠦᠲᠦᠮᠵᠢ᠎ᠨᠢ ᠨᠡᠩ ᠣᠯᠠᠨ ᠬᠦᠮᠦᠰ᠎ᠲᠤ ᠠᠰᠢᠬ ᠬᠦᠷᠲᠡᠭᠡᠬᠦ ᠵᠢ ᠠᠬᠢᠭᠣᠯᠵᠦ᠂ ᠦᠷᠢᠰᠦᠯᠲᠦᠭᠡᠨ᠎ᠤ ᠪᠡᠶ᠎ᠡ ᠵᠢᠨ ᠲᠠᠮᠢᠷ ᠬᠢᠭᠡᠳ ᠣᠯᠠᠨ ᠲᠦᠮᠡᠨᠴᠢ ᠪᠡᠶ᠎ᠡ ᠵᠢᠨ ᠲᠠᠮᠢᠷ᠎ᠤᠨ ᠪᠦᠬᠦ ᠲᠠᠯ᠎ᠠ ᠵᠢᠨ ᠵᠣᠬᠢᠴᠠᠩᠭᠣᠢ ᠬᠦᠭᠵᠢᠯᠲᠡ ᠵᠢ ᠠᠬᠢᠭᠣᠯᠣᠨ᠎ᠠ᠃ ᠪᠡᠶ᠎ᠡ ᠴᠢᠬᠢᠷᠠᠬ᠍ᠵᠢᠭᠣᠯᠬᠣ ᠭᠣᠣᠯᠯᠠᠬ᠍ᠴᠢ ᠬᠦᠴᠦᠨ᠎ᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠲᠣᠮᠲᠠᠬᠢ ᠦᠢ᠍ᠯᠡᠲᠦᠯ᠎ᠢ ᠴᠢᠬᠣᠯᠠᠴᠢᠯᠠᠨ ᠪᠠᠲᠠᠷᠠᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠡᠷᠡᠬᠦᠯ ᠵᠶ᠋ᠠᠷ ᠬᠦᠭᠵᠢᠬᠦ ᠵᠢ ᠬᠦᠲᠦᠯᠦᠨ ᠵᠢᠯᠣᠭᠣᠳᠴᠦ ᠦᠢ᠍ᠯᠡᠴᠢᠯᠡᠨ ᠲᠦᠷᠢᠮᠵᠢᠬᠦᠯᠦᠨ᠎ᠡ᠃
     (ᠲᠠᠪᠣ) ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠦᠭᠡᠷᠡᠴᠢᠯᠡᠯᠲᠡ ᠵᠢ ᠠᠬᠢᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠢᠲᠡᠪᠬᠢᠵᠢᠯ᠎ᠢ ᠲᠠᠢ᠌ᠴᠢᠯᠠᠨ᠎ᠠ᠃ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠦᠭᠡᠷᠡᠴᠢᠯᠡᠯᠲᠡ ᠬᠦᠭᠵᠢᠯᠲᠡ ᠵᠢᠨ ᠶᠡᠷᠦᠩᠬᠡᠢ ᠱᠠᠭ᠋ᠠᠷᠲᠠᠯᠭ᠎ᠠ ᠶᠣᠰᠣᠭ᠋ᠠᠷ᠂ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢ ᠵᠠᠰᠠᠬ ᠪᠠ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢ ᠰᠠᠯᠭ᠋ᠠᠬᠣ᠂ ᠡᠷᠬᠡ ᠪᠣᠯᠣᠨ ᠡᠬᠦᠷᠭᠡ ᠲᠣᠲᠣᠷᠬᠠᠢ᠂ ᠬᠠᠣᠯᠢ ᠶᠣᠰᠣᠭ᠋ᠠᠷ ᠦᠪᠡᠷᠲᠡᠭᠡᠨ ᠵᠠᠰᠠᠬᠰᠠᠨ ᠣᠲᠣ   ᠦᠶ᠎ᠡ ᠵᠢᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠪᠣᠯᠭ᠋ᠠᠬᠣ ᠵᠢ ᠲᠦᠷᠭᠡᠳᠭᠡᠨ ᠠᠬᠢᠭᠣᠯᠵᠦ᠂ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢ ᠬᠦᠲᠦᠯᠦᠨ ᠵᠢᠯᠣᠭᠣᠳᠴᠦ ᠲᠣᠰᠠᠭ᠋ᠠᠷ ᠬᠠᠣᠯᠢ ᠵᠢᠨ ᠡᠷᠭᠡᠲᠡᠨ᠎ᠤ ᠵᠣᠬᠢᠶᠠᠨ ᠪᠠᠢ᠌ᠭᠣᠯᠣᠯᠲᠠ ᠲᠡᠰᠢ ᠰᠢᠯᠵᠢᠬᠦᠯᠵᠦ᠂ ᠲᠡᠬᠦᠨ᠎ᠤ ᠨᠡᠢ᠌ᠭᠡᠮᠴᠢᠯᠡᠯ᠂ ᠬᠠᠣᠯᠢᠵᠢᠯ᠂ ᠦᠨᠳᠦᠷ ᠦᠷ᠎ᠡ ᠠᠰᠢᠬᠲᠣ ᠬᠦᠭᠵᠢᠯᠲᠡ ᠵᠢ ᠲᠦᠯᠬᠢᠨ ᠠᠬᠢᠭᠣᠯᠵᠦ᠂ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠠᠪᠴᠠᠯᠲᠣᠭᠣᠯᠣᠬᠰᠠᠨ ᠦᠢ᠍ᠯᠡᠴᠢᠯᠡᠭᠡ ᠵᠢᠨ ᠴᠢᠲᠠᠪᠣᠷᠢ ᠪᠣᠯᠣᠨ ᠴᠢᠨᠠᠷ ᠴᠢᠨᠰᠠᠭ᠎ᠠ ᠵᠢ ᠲᠡᠭᠡᠭᠰᠢᠯᠡᠬᠦᠯᠦᠨ᠎ᠡ᠃
    ᠪᠦᠬᠦ ᠣᠯᠣᠰ᠎ᠤᠨ ᠴᠢᠨᠠᠷᠲᠠᠢ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ   ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠬᠦ᠂ ᠲᠣᠰᠬᠠᠢ ᠮᠡᠷᠭᠡᠵᠢᠯ᠎ᠤᠨ ᠵᠢᠯᠣᠭᠣᠲᠣᠯᠭ᠎ᠠ ᠬᠠᠩᠭ᠋ᠠᠬᠣ ᠵᠡᠷᠭᠡ ᠲᠠᠯ᠎ᠠ ᠵᠢᠨ ᠲᠠᠭ᠋ᠠᠭᠣᠯᠣᠨ ᠵᠢᠱ᠌ᠢᠶ᠎ᠠ ᠦᠵᠡᠬᠦᠯᠬᠦ ᠦᠢ᠍ᠯᠡᠲᠦᠯ᠎ᠢ ᠢᠲᠡᠪᠬᠢᠲᠡᠢ ᠪᠠᠲᠠᠷᠠᠭᠣᠯᠣᠨ᠎ᠠ᠃ ᠲᠠᠮᠵᠢᠭᠣᠯᠭ᠎ᠠ ᠭᠣᠬ᠍ᠴᠣᠭ᠎ᠠ ᠬᠡᠯᠪᠡᠷᠢ ᠵᠢᠨ ᠪᠡᠶ ᠎ᠡ ᠵᠢᠨ ᠲᠠᠮᠢᠷ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠪᠣᠯᠣᠬᠰᠠᠨ᠎ᠤ ᠬᠣᠪᠢ᠎ᠳᠤ ᠡᠯ᠎ᠡ ᠱᠠᠲᠣᠨ᠎ᠤ ᠪᠡᠶ᠎ᠡ ᠵᠢᠨ ᠲᠠᠮᠢᠷ᠎ᠤᠨ ᠶᠡᠷᠦᠩᠬᠡᠢ ᠨᠡᠢ᠌ᠭᠡᠮᠯᠢᠭ᠎ᠤᠨ ᠪᠠᠢ᠌ᠭᠣᠯᠣᠯᠲᠠ ᠵᠢ ᠠᠬᠢᠭᠣᠯᠵᠦ᠂ ᠡᠯ᠎ᠡ ᠱᠠᠲᠣᠨ᠎ᠤ ᠡᠯ᠎ᠡ ᠲᠦᠷᠦᠯ᠎ᠤᠨ ᠲᠠᠩ ᠲᠦᠷᠦᠯ᠂ ᠠᠵᠢᠯ ᠲᠦᠷᠦᠯ ᠪᠣᠯᠣᠨ ᠬᠦᠮᠦᠰ᠎ᠤᠨ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ ᠵᠢ ᠲᠠᠢ᠌ᠴᠢᠯᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠦᠷᠨᠢᠬᠦᠯᠦᠨ᠎ᠡ᠃ ᠦᠨᠳᠦᠰᠦᠨ ᠱᠠᠲᠣᠨ᠎ᠤ ᠰᠣᠶᠣᠯ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ ᠵᠢᠨ ᠵᠢᠯᠣᠭᠣᠲᠣᠯᠭ᠎ᠠ ᠦᠢ᠍ᠯᠡᠴᠢᠯᠡᠭᠡ᠎ᠪᠠᠨ ᠴᠢᠩᠭ᠋ᠠᠳᠬᠠᠵᠦ᠂ ᠦᠨᠳᠦᠰᠦᠨ ᠱᠠᠲᠣᠨ᠎ᠳᠤ ᠪᠡᠶ᠎ᠡ ᠵᠢᠨ ᠲᠠᠮᠢᠷ᠎ᠤᠨ ᠬᠦᠲᠡᠯᠭᠡᠭᠡᠨ ᠦᠷᠨᠢᠬᠦᠯᠬᠦ ᠬᠣᠲᠠ ᠬᠦᠲᠡᠭᠡ ᠨᠡᠢ᠌ᠢ᠍ᠭᠡᠮ ᠲᠣᠭᠣᠷᠢᠬ᠎ᠤᠨ ᠦᠢ᠍ᠯᠡᠴᠢᠯᠡᠭᠡᠨ᠎ᠤ ᠬᠡᠯᠪᠡᠷᠢ ᠵᠢᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢ ᠭᠣᠣᠯᠲᠠᠯᠭ᠎ᠠ᠎ᠲᠠᠢ ᠬᠦᠮᠦᠵᠢᠬᠦᠯᠦᠨ ᠬᠦᠭᠵᠢᠬᠦᠯᠵᠦ᠂ ᠦᠨᠳᠦᠰᠦᠨ ᠱᠠᠲᠣᠨ᠎ᠤ ᠰᠣᠶᠣᠯ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ ᠵᠢᠨ ᠬᠠᠣᠯᠢ ᠶᠣᠰᠣᠭ᠋ᠠᠷ ᠲᠠᠩᠰᠠᠯᠠᠬᠣ ᠵᠢ ᠵᠣᠷᠢᠬ᠍ᠵᠢᠭᠣᠯᠣᠨ᠎ᠠ᠃ ᠪᠡᠶ᠎ᠡ ᠵᠢᠨ ᠲᠠᠮᠢᠷ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠲᠦᠷᠦᠯ ᠲᠡᠮᠲᠡᠭᠲᠦ ᠬᠦᠭᠵᠢᠯᠲᠡ ᠵᠢ ᠠᠬᠢᠭᠣᠯᠬᠣ ᠵᠢᠨ ᠬᠠᠮᠲᠣ ᠨᠡᠢ᠌ᠭᠡᠮ ᠲᠣᠭᠣᠷᠢᠬ᠎ᠤᠨ ᠪᠦᠲᠦᠭᠡᠨ   ᠪᠠᠢ᠌ᠭᠤᠯᠤᠯᠲᠠ᠎ᠳᠤ   ᠦᠵᠡᠬᠦᠯᠬᠦ ᠦᠢ᠍ᠯᠡᠲᠦᠯ᠎ᠢ᠎ᠨᠢ ᠪᠠᠲᠠᠷᠠᠭᠣᠯᠵᠦ᠂ ᠪᠦᠲᠦᠴᠡ ᠪᠦᠷᠢᠯᠲᠦᠯ ᠢᠯᠡ   ᠲᠤᠲᠤᠷᠬᠠᠢ᠂ ᠲᠦᠷᠦᠯ ᠬᠡᠯᠪᠡᠷᠢ ᠣᠯᠠᠨ᠂ ᠦᠢ᠍ᠯᠡᠴᠢᠯᠡᠭᠡ ᠣᠯᠠᠨ ᠡᠰᠢᠵᠢᠭᠰᠡᠨ᠂ ᠦᠷᠢᠰᠦᠯᠲᠦᠭᠡᠨ ᠡᠮᠬᠢ ᠴᠡᠭᠴᠡᠲᠡᠢ ᠣᠲᠣ ᠦᠶ᠎ᠡ ᠵᠢᠨ ᠪᠡᠶ᠎ᠡ ᠵᠢᠨ ᠲᠠᠮᠢᠷ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠬᠦᠭᠵᠢᠯᠲᠡ ᠵᠢᠨ ᠰᠢᠨ᠎ᠡ ᠪᠠᠢ᠌ᠲᠠᠯ᠎ᠢ ᠪᠣᠢ ᠪᠣᠯᠭ᠋ᠠᠨ᠎ᠠ᠃
     (ᠵᠢᠷᠭᠣᠭ᠎ᠠ) ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠠᠯᠠᠪᠣᠷ᠎ᠤᠨ ᠲᠦᠬᠦᠭᠡᠷᠦᠮᠵᠢ ᠵᠢ ᠨᠢᠭᠡᠲᠦᠯᠲᠡᠢ ᠲᠦᠯᠦᠪᠵᠢᠬᠦᠯᠦᠨ ᠪᠠᠢ᠌ᠭᠣᠯᠵᠦ᠂ ᠣᠯᠠᠨ ᠲᠦᠮᠡᠨ᠎ᠤ ᠣᠢ᠌ᠷ᠎ᠠ ᠵᠡᠷᠭᠡᠯᠡᠲᠡᠭᠡ ᠪᠡᠶ᠎ᠡ ᠪᠣᠯᠪᠠᠰᠣᠷᠠᠬᠣ᠎ᠳᠤ ᠲᠦᠬᠦᠮ ᠦᠵᠡᠬᠦᠯᠦᠨ᠎ᠡ᠃ ᠲᠣᠬᠢᠷᠠᠭᠣᠯᠣᠯᠲᠠ ᠲᠡᠩᠴᠡᠬᠦᠷᠢᠲᠡᠢ᠂ ᠬᠡᠪᠴᠢᠶ ᠎ᠠ ᠵᠣᠬᠢᠰᠲᠠᠢ᠂ ᠬᠡᠷᠡᠭᠯᠡᠬᠦ᠎ᠳᠤ ᠲᠦᠬᠦᠮ᠂ ᠠᠮᠣᠷ ᠲᠦᠪᠰᠢᠨ ᠲᠣᠬᠢᠷᠠᠮᠵᠢᠲᠠᠢ ᠭᠡᠬᠦ ᠵᠠᠷᠴᠢᠮ ᠶᠣᠰᠣᠭ᠋ᠠᠷ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠠᠯᠠᠪᠣᠷ᠎ᠤᠨ ᠲᠦᠬᠦᠭᠡᠷᠦᠮᠵᠢ ᠵᠢ ᠰᠢᠨᠵᠢᠯᠡᠬᠦ ᠣᠬᠠᠭ᠋ᠠᠨᠴᠢ᠎ᠪᠠᠷ ᠲᠦᠯᠦᠪᠵᠢᠬᠦᠯᠵᠦ ᠨᠢᠭᠡᠲᠦᠯᠲᠡᠢ ᠪᠠᠢ᠌ᠭᠣᠯᠣᠨ᠎ᠠ᠃ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠪᠠᠢ᠌ᠭᠣᠯᠣᠯᠲᠠ ᠵᠢ ᠠᠬᠢᠭᠣᠯᠵᠦ᠂ ᠬᠦᠴᠦ᠎ᠪᠠᠨ ᠲᠦᠪᠯᠡᠷᠡᠬᠦᠯᠦᠨ ᠰᠢᠶᠠᠨ(ᠬᠣᠲᠠ᠂ ᠲᠣᠭᠣᠷᠢᠬ)᠂ ᠰᠢᠶᠠᠩ ᠪᠠᠯᠭ᠋ᠠᠰᠣ (ᠵᠡᠭᠡᠯᠢ ᠭᠣᠲᠣᠮᠵᠢ) ᠲᠣᠰᠬᠣᠨ (ᠨᠡᠢ᠌ᠭᠡᠮ ᠲᠣᠭᠣᠷᠢᠬ) ᠭᠣᠷᠪᠠᠨ ᠱᠠᠲᠣᠨ᠎ᠤ ᠣᠯᠠᠨ ᠲᠦᠮᠡᠨ᠎ᠤ   ᠬᠠᠵᠠᠭᠤ ᠲᠡᠷᠭᠡᠲᠡᠬᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠵᠢᠨ ᠲᠣᠣᠷ ᠪᠣᠯᠣᠨ ᠬᠣᠲᠠ ᠨᠡᠢ᠌ᠭᠡᠮ ᠲᠣᠭᠣᠷᠢᠬ᠎ᠤᠨ 15   ᠮᠢᠨᠦᠢ᠍ᠲ᠎ᠤᠨ ᠪᠡᠶ᠎ᠡ ᠴᠢᠬᠢᠷᠠᠬ᠍ᠵᠢᠭᠣᠯᠬᠣ ᠴᠠᠭ᠋ᠠᠷᠢᠬ᠎ᠢ ᠪᠠᠢ᠌ᠭᠣᠯᠵᠦ᠂ ᠬᠦᠮᠦᠨ ᠲᠣᠮᠲᠠᠴᠢ ᠵᠢᠨ ᠪᠡᠶ᠎ᠡ ᠵᠢᠨ ᠲᠠᠮᠢᠷ᠎ᠤᠨ ᠲᠠᠯᠠᠪᠡᠢ ᠵᠢ 1.8 ᠲᠡᠭᠰᠢ ᠲᠦᠷᠪᠡᠯᠵᠢᠨ ᠮᠧᠲᠷ᠎ᠲᠤ   ᠬᠦᠷᠭᠡᠵᠦ᠂ ᠡᠯ᠎ᠡ ᠲᠦᠷᠦᠯ᠎ᠤᠨ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠰᠠᠭ᠋ᠠᠳ ᠦᠭᠡᠢ ᠨᠦᠬᠦᠴᠡᠯ᠎ᠢ ᠰᠠᠢ᠌ᠵᠢᠷᠠᠭᠣᠯᠣᠨ᠎ᠠ᠃
      ᠬᠡᠮᠵᠢᠶ᠎ᠡ ᠨᠡᠮᠡᠭᠲᠡᠬᠦᠯᠬᠦ ᠡᠬᠢ ᠪᠠᠶᠠᠯᠢᠬ᠎ᠢ ᠪᠦᠲᠦᠮᠵᠢᠲᠡᠢ ᠦᠷᠭᠡᠳᠭᠡᠵᠦ᠂ ᠠᠷᠠᠳ᠎ᠲᠤ ᠲᠦᠬᠦᠮ ᠮᠦᠷᠲᠡᠭᠡᠨ ᠠᠰᠢᠬᠲᠠᠢ ᠨᠢᠭᠡ ᠪᠦᠯᠦᠭ ᠲᠣᠮᠲᠠ ᠵᠢᠵᠢᠭ ᠬᠡᠯᠪᠡᠷᠢ ᠵᠢᠨ ᠪᠡᠶ᠎ᠡ ᠵᠢᠨ ᠲᠠᠮᠢᠷ᠎ᠤᠨ ᠣᠷᠲᠣᠨ ᠲᠠᠯᠠᠪᠠᠢ ᠵᠢ ᠭᠣᠣᠯᠲᠠᠯᠭ᠎ᠠ᠎ᠲᠠᠢ ᠪᠠᠢ᠌ᠭᠣᠯᠵᠦ᠂ ᠰᠢᠶᠠᠨ᠎ᠤ ᠲᠡᠰ᠎ᠤᠨ ᠪᠡᠶ᠎ᠡ ᠵᠢᠨ ᠲᠠᠮᠢᠷ᠎ᠤᠨ ᠣᠷᠲᠣᠨ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠪ ᠪᠣᠯᠣᠨ ᠨᠡᠢ᠌ᠭᠡᠮ   ᠲᠤᠭᠤᠷᠢᠭ᠎ᠤᠨ ᠣᠯᠠᠨ ᠴᠢᠲᠠᠪᠬᠢᠲᠦ ᠲᠠᠯᠠᠪᠠᠢ ᠵᠡᠷᠭᠡ ᠲᠠᠯᠠᠪᠣᠷ ᠲᠦᠬᠦᠭᠡᠷᠦᠮᠵᠢ ᠵᠢ ᠭᠣᠣᠯᠲᠠᠯᠭ᠎ᠠ᠎ᠲᠠᠢ ᠪᠠᠢ᠌ᠭᠣᠯᠵᠦ᠂ ᠦᠨᠳᠦᠰᠦᠨ ᠱᠠᠲᠣᠨ᠎ᠤ ᠶᠡᠷᠦᠩᠬᠡᠢ᠌ᠯᠡᠭᠰᠡᠨ ᠴᠢᠨᠠᠷᠲᠠᠢ ᠰᠣᠶᠣᠯ ᠦᠢ᠍ᠯᠡᠴᠢᠯᠡᠭᠡᠨ᠎ᠤ ᠲᠦᠪ᠂ ᠬᠦᠲᠡᠭᠡ ᠲᠣᠰᠬᠣᠨ ᠨᠡᠢ᠌ᠭᠡᠮ ᠲᠣᠭᠣᠷᠢᠬ᠎ᠤᠨ ᠶᠡᠷᠦᠩᠭᠡᠢ᠌ᠯᠡᠭᠰᠡᠨ ᠦᠢ᠍ᠯᠡᠴᠢᠯᠡᠭᠡᠨ᠎ᠤ ᠲᠦᠬᠦᠭᠡᠷᠦᠮᠵᠢ ᠵᠢᠨ ᠪᠠᠢ᠌ᠭᠣᠯᠣᠯᠲᠠ ᠵᠢᠴᠢ ᠣᠷᠣᠨ ᠪᠦᠰᠡ ᠵᠢᠨ ᠣᠨᠴᠠᠯᠢᠬ᠎ᠲᠠᠢ᠎ᠪᠠᠨ ᠣᠶᠠᠯᠲᠣᠭᠣᠯᠵᠦ᠂ ᠲᠠᠷᠢᠶᠠᠴᠢᠳ᠎ᠤᠨ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠢᠨᠵᠧᠨᠧᠷᠢᠩ᠎ᠢ ᠦᠷᠬᠦᠯᠵᠢᠯᠡᠨ ᠬᠡᠷᠡᠭᠵᠢᠬᠦᠯᠵᠦ᠂ ᠲᠣᠰᠬᠣᠨ᠎ᠤ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠪᠦᠷᠬᠦᠬᠦᠯᠬᠦ ᠵᠢ ᠪᠡᠶᠡᠯᠡᠬᠦᠯᠦᠨ᠎ᠡ᠃ ᠰᠢᠨ᠎ᠡ᠎ᠪᠠᠷ ᠪᠠᠢ᠌ᠭᠣᠯᠣᠬᠰᠠᠨ ᠣᠷᠣᠨ ᠰᠠᠭᠣᠴᠠ ᠵᠢᠨ ᠲᠣᠭᠣᠷᠢᠬ ᠪᠣᠯᠣᠨ ᠨᠡᠢ᠌ᠭᠡᠮ ᠲᠣᠭᠣᠷᠢᠬ 《ᠦᠷᠦᠭᠡᠨ ᠲᠣᠲᠣᠷᠠᠬᠢ ᠬᠦᠮᠦᠨ ᠲᠣᠮᠲᠠᠴᠢ ᠵᠢᠨ ᠪᠠᠷᠢᠯᠯᠭ᠎ᠠ ᠵᠢᠨ ᠲᠠᠯᠠᠪᠠᠢ 0.1 ᠲᠡᠭᠰᠢ ᠲᠦᠷᠪᠡᠯᠵᠢᠨ ᠮᠧᠲᠷ᠎ᠠᠴᠠ ᠲᠣᠷᠣᠬᠰᠢ ᠪᠠᠢ᠌ᠵᠦ ᠦᠯᠦ ᠪᠣᠯᠬᠣ ᠪᠣᠶᠣ ᠦᠷᠦᠭᠡᠨ᠎ᠤ ᠭᠠᠲᠠᠨᠠᠬᠢ ᠬᠦᠮᠦᠨ ᠲᠣᠮᠲᠠᠴᠢ ᠵᠢᠨ ᠬᠡᠷᠡᠭᠯᠡᠬᠦ ᠲᠠᠯᠠᠪᠠᠢ 0.3 ᠲᠡᠭᠰᠢ ᠲᠦᠷᠪᠡᠯᠵᠢᠨ ᠮᠧᠲᠷ᠎ᠠᠴᠠ ᠲᠣᠣᠷ᠎ᠠ ᠪᠠᠢ᠌ᠵᠦ ᠪᠣᠯᠬᠣ ᠦᠭᠡᠢ》 ᠪᠠᠷᠢᠮᠵᠢᠶ᠎ᠠ᠎ᠪᠠᠷ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠢᠵᠢ ᠪᠦᠷᠢᠲᠦᠬᠦᠯᠬᠦ ᠱᠠᠭ᠋ᠠᠷᠲᠠᠯᠭ᠎ᠠ ᠵᠢ ᠴᠢᠩᠭ᠎ᠠ ᠨᠠᠢ᠌ᠲᠠᠪᠣᠷᠢᠵᠢᠭᠣᠯᠵᠦ᠂ ᠣᠷᠣᠨ ᠰᠠᠭᠣᠴᠠ ᠵᠢᠨ ᠲᠣᠭᠣᠷᠢᠬ᠎ᠤᠨ ᠭᠣᠣᠯ ᠴᠣᠬ᠍ᠴᠠ ᠵᠢᠨ ᠢᠨᠵᠧᠨᠧᠷᠢᠩ᠎ᠲᠠᠢ ᠵᠡᠷᠭᠡᠴᠡᠭᠡ ᠵᠢᠷᠦᠵᠦ ᠲᠦᠯᠦᠪᠯᠡᠨ᠂ ᠪᠠᠷᠢᠯᠭ᠎ᠠ ᠡᠬᠢᠯᠡᠬᠦᠯᠵᠦ᠂ ᠠᠲᠠᠯᠢ ᠬᠣᠭᠣᠴᠠᠭ᠋ᠠᠨ᠎ᠳᠤ ᠰᠢᠯᠭ᠋ᠠᠨ ᠬᠢᠨᠠᠵᠦ᠂ ᠠᠰᠢᠬᠯᠠᠯᠲᠠ᠎ᠳᠤ ᠣᠷᠣᠬᠣ ᠵᠢ ᠪᠠᠲᠣᠯᠠᠵᠦ ᠰᠢᠯᠵᠢᠬᠦᠯᠦᠨ ᠬᠡᠷᠡᠭᠯᠡᠬᠦ ᠪᠣᠶᠣ ᠲᠦᠷᠢᠮᠡᠭᠡᠢ᠌ᠯᠡᠨ ᠡᠵᠡᠯᠵᠦ ᠪᠣᠯᠬᠣ ᠦᠭᠡᠢ᠃ ᠬᠠᠭᠣᠴᠢᠨ ᠬᠣᠲᠠ ᠲᠣᠭᠣᠷᠢᠬ ᠪᠣᠯᠣᠨ ᠨᠢᠭᠡᠨᠲᠡ ᠪᠠᠢ᠌ᠭᠣᠯᠣᠬᠰᠠᠨ ᠰᠠᠭᠣᠭ᠋ᠠᠯᠢ ᠲᠣᠭᠣᠷᠢᠬ ᠪᠦᠬᠦ ᠠᠷᠠᠳ᠎ᠤᠨ ᠪᠡᠶ ᠎ᠡ ᠴᠢᠬᠢᠷᠠᠬ᠍ᠵᠢᠭᠣᠯᠬᠣ ᠲᠠᠯᠠᠪᠣᠷ᠎ᠤᠨ ᠲᠦᠬᠦᠭᠡᠷᠦᠮᠵᠢ ᠦᠭᠡᠢ ᠪᠣᠶᠣ ᠡᠰᠡᠬᠦᠯ᠎ᠡ ᠣᠲᠣ ᠪᠠᠢ᠌ᠭ᠎ᠠ ᠲᠠᠯᠠᠪᠣᠷ ᠲᠦᠬᠦᠭᠡᠷᠦᠮᠵᠢ᠎ᠨᠢ ᠲᠦᠯᠦᠪᠵᠢᠬᠦᠯᠦᠨ ᠪᠠᠢ᠌ᠭᠣᠯᠬᠣ ᠬᠦᠢ᠍ᠴᠡᠳᠭᠡᠯ ᠲᠣᠭ᠎ᠠ ᠵᠢᠨ ᠱᠠᠭ᠋ᠠᠷᠲᠠᠯᠭ᠎ᠠ᠎ᠳᠤ ᠨᠡᠢ᠌ᠴᠡᠬᠦ ᠦᠭᠡᠢ ᠪᠣᠯ ᠲᠣᠬᠠᠢ ᠵᠢᠨ ᠭᠠᠵᠠᠷ᠎ᠤᠨ ᠪᠠᠢ᠌ᠲᠠᠯ᠎ᠳᠠᠭᠠᠨ ᠵᠣᠬᠢᠴᠠᠭᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠠᠯᠠᠪᠣᠷ ᠲᠦᠬᠦᠭᠡᠷᠦᠮᠵᠢ ᠢᠵᠢ ᠪᠦᠷᠢᠲᠦᠬᠦᠯᠦᠨ ᠪᠠᠢ᠌ᠭᠣᠯᠣᠨ᠎ᠠ᠃ ᠬᠠᠭᠣᠴᠢᠨ ᠦᠢ᠍ᠯᠡᠳᠪᠦᠷᠢ ᠵᠢᠨ ᠪᠠᠢ᠌ᠰᠢᠩ᠂ ᠰᠠᠩ ᠬᠦᠮᠦᠷᠭᠡ᠂ ᠬᠠᠭᠣᠴᠢᠨ ᠬᠣᠲᠠᠯᠲᠣᠭ᠎ᠠ ᠲᠡᠯᠭᠡᠬᠦᠷ᠎ᠤᠨ ᠲᠦᠬᠦᠭᠡᠷᠦᠮᠵᠢ᠂ ᠬᠦᠲᠡᠭᠡ ᠲᠣᠰᠬᠣᠨ᠎ᠤ 《ᠲᠦᠷᠪᠡᠨ ᠬᠣᠪᠠᠬᠠᠢ》 (ᠬᠣᠪᠠᠬᠠᠢ ᠠᠭᠣᠯᠠ᠂ ᠬᠣᠪᠠᠬᠠᠢ ᠵᠢᠯᠠᠭ᠎ᠠ᠂ ᠬᠣᠪᠠᠬᠠᠢ ᠲᠣᠪᠣᠴᠠᠬ᠂ ᠬᠣᠪᠠᠬᠠᠢ ᠰᠠᠢ᠌ᠷᠭ᠋ᠠᠯ) ᠪᠠ ᠡᠵᠡᠬᠦᠢ ᠵᠡᠯᠢᠬᠦᠳ ᠭᠠᠵᠠᠷ ᠵᠡᠷᠭᠡ ᠰᠣᠯᠠ ᠵᠠᠲᠠᠭ᠋ᠠᠢ ᠡᠬᠢ ᠪᠠᠶᠠᠯᠢᠬ᠎ᠢ ᠬᠦᠢ᠍ᠴᠡᠳ ᠠᠰᠢᠬᠯᠠᠨ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠠᠯᠠᠪᠣᠷ ᠲᠦᠬᠦᠭᠡᠷᠦᠮᠵᠢ ᠪᠣᠯᠭ᠋ᠠᠨ ᠦᠭᠡᠷᠡᠴᠢᠯᠡᠨ ᠪᠠᠢ᠌ᠭᠣᠯᠵᠦ᠂ ᠬᠣᠲᠠ ᠬᠦᠲᠡᠭᠡ ᠵᠢᠨ ᠣᠷᠣᠨ ᠵᠠᠢ ᠵᠢ ᠲᠠᠬᠢᠨᠲᠠ ᠠᠰᠢᠬᠯᠠᠬᠣ ᠵᠢ ᠵᠣᠬᠢᠰᠲᠠᠢ ᠲᠣᠬᠢᠷᠠᠭᠣᠯᠵᠦ᠂ ᠣᠯᠠᠨ ᠴᠢᠲᠠᠪᠬᠢᠲᠦ᠂ ᠣᠯᠠᠷᠢᠯ᠎ᠤᠨ ᠴᠢᠨᠠᠷᠲᠠᠢ᠂ ᠰᠢᠯᠵᠢᠬᠦᠯᠵᠦ ᠪᠣᠯᠬᠣ᠂ ᠴᠣᠴᠠᠯᠠᠵᠦ ᠵᠠᠲᠠᠯᠵᠦ ᠪᠣᠯᠬᠣ᠂ ᠪᠣᠬᠢᠷᠲᠣᠯ ᠦᠭᠡᠢ ᠣᠷᠴᠢᠨ ᠲᠣᠭᠣᠷᠢᠨ᠎ᠢ ᠬᠠᠮᠠᠭ᠋ᠠᠯᠠᠬᠣ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠵᠢ ᠲᠡᠯᠭᠡᠷᠡᠬᠦᠯᠦᠨ᠎ᠡ᠃ ᠨᠡᠢ᠌ᠭᠡᠮ᠎ᠤᠨ ᠪᠡᠯᠡ ᠮᠦᠩᠬᠦ ᠵᠢ ᠠᠰᠢᠬᠯᠠᠨ᠂ ᠣᠯᠣᠰ᠎ᠤᠨ ᠭᠣᠣᠯ ᠴᠣᠬ᠍ᠴᠠ ᠵᠢᠨ ᠴᠢᠲᠠᠪᠬᠢᠲᠣ ᠲᠣᠭᠣᠷᠢᠬ᠂ ᠦᠵᠡᠮᠵᠢ ᠵᠢᠨ ᠣᠷᠣᠨ᠂ ᠣᠯᠣᠰ᠎ᠤᠨ ᠴᠡᠴᠡᠷᠯᠢᠭ᠂ ᠵᠣᠭ᠋ᠠᠴᠠᠯ᠎ᠤᠨ ᠦᠵᠡᠮᠵᠢ ᠵᠢᠨ ᠣᠷᠣᠨ ᠪᠣᠯᠣᠨ ᠰᠢᠨ᠎ᠡ ᠬᠦᠲᠡᠭᠡ ᠲᠣᠰᠬᠣᠨ᠎ᠤ ᠲᠦᠯᠦᠪᠵᠢᠬᠦᠯᠭᠡ ᠪᠦᠲᠦᠭᠡᠨ ᠪᠠᠢ᠌ᠭᠣᠯᠣᠯᠲᠠ᠎ᠲᠠᠢ ᠣᠶᠠᠯᠲᠣᠭᠣᠯᠵᠦ᠂ ᠦᠵᠡᠮᠵᠢ ᠵᠢᠨ ᠣᠷᠣᠨ᠂ ᠬᠣᠲᠠ ᠲᠡᠬᠦᠷᠭᠡ ᠵᠢᠨ ᠴᠡᠴᠡᠷᠯᠢᠭ᠂ ᠬᠣᠲᠠ ᠵᠢᠨ ᠴᠡᠴᠡᠷᠯᠢᠭ᠂ ᠣᠯᠠᠨ ᠨᠡᠢ᠌ᠲᠡ ᠵᠢᠨ ᠨᠣᠭᠣ ᠵᠦᠯᠭᠡ᠂ ᠠᠭᠣᠲᠠᠮ ᠲᠠᠯᠠᠪᠠᠢ ᠵᠢᠴᠢ ᠬᠣᠲᠠ ᠵᠢᠨ ᠰᠣᠯᠠ ᠵᠠᠲᠠᠭ᠋ᠠᠢ ᠭᠠᠵᠠᠷ᠎ᠢ ᠵᠣᠬᠢᠰᠲᠠᠢ ᠠᠰᠢᠬᠯᠠᠨ ᠰᠡᠯᠡᠬᠦᠴᠡᠯ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠪᠠᠢ᠌ᠭᠣᠯᠣᠨ᠎ᠠ᠃
      ᠨᠦᠭᠡᠴᠡ ᠡᠬᠢ ᠪᠠᠶᠠᠯᠢᠬ᠎ᠢ ᠠᠮᠢᠯᠠᠭᠣᠯᠵᠦ᠂ ᠨᠢᠭᠡᠨᠲᠡ ᠪᠠᠢ᠌ᠭᠣᠯᠣᠬᠰᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠵᠢ ᠠᠰᠢᠬᠯᠠᠨ᠂ ᠬᠠᠮᠢᠶᠠᠷᠬᠣ ᠪᠠ ᠲᠡᠰ ᠲᠡᠪᠰᠢᠬᠦᠯᠬᠦ ᠵᠢ ᠰᠠᠢ᠌ᠲᠣᠷ ᠬᠢᠵᠦ᠂ ᠨᠡᠢ᠌ᠭᠡᠮ᠎ᠤᠨ ᠬᠦᠴᠦᠨ᠎ᠤ ᠣᠲᠣ ᠪᠠᠢ᠌ᠭ᠎ᠠ ᠲᠠᠯᠠᠪᠣᠷ ᠲᠦᠬᠦᠭᠡᠷᠦᠮᠵᠢ ᠵᠢᠨ ᠬᠠᠮᠢᠶᠠᠷᠣᠯᠲᠠ ᠡᠵᠡᠩᠨᠡᠯᠲᠡ᠎ᠳᠤ ᠣᠷᠣᠯᠴᠠᠬᠣ ᠵᠢ ᠵᠣᠷᠢᠬ᠍ᠵᠢᠭᠣᠯᠣᠨ᠎ᠠ᠃ ᠲᠣᠮᠣ ᠬᠡᠯᠪᠡᠷᠢ ᠵᠢᠨ ᠪᠡᠶ᠎ᠡ ᠵᠢᠨ ᠲᠠᠮᠢᠷ᠎ᠤᠨ ᠣᠷᠲᠣᠨ᠎ᠢ ᠰᠦᠢ᠍ᠳᠭᠡᠯ ᠬᠣᠷᠢᠶᠠᠬᠣ ᠦᠭᠡᠢ ᠪᠣᠶᠣ ᠲᠣᠣᠷ᠎ᠠ ᠦᠨ᠎ᠡ᠎ᠪᠠᠷ ᠴᠢᠯᠦᠭᠡᠲᠡᠢ ᠨᠡᠭᠡᠭᠡᠬᠦ ᠲᠦᠷᠦ ᠵᠢᠨ ᠪᠣᠲᠣᠯᠭ᠎ᠠ ᠵᠢ ᠲᠡᠬᠦᠯᠲᠡᠷᠵᠢᠬᠦᠯᠵᠦ᠂ ᠬᠠᠮᠢᠶ᠎ᠠ ᠪᠦᠬᠦᠢ ᠲᠦᠷᠦ ᠵᠢᠨ ᠪᠣᠲᠣᠯᠭ᠎ᠠ ᠵᠢ ᠰᠣᠲᠣᠯᠣᠨ ᠲᠣᠬᠲᠠᠭ᠋ᠠᠵᠦ᠂ ᠲᠣᠮᠲᠠ ᠵᠢᠵᠢᠭ ᠬᠡᠯᠪᠡᠷᠢ ᠵᠢᠨ ᠪᠡᠶ᠎ᠡ ᠵᠢᠨ ᠲᠠᠮᠢᠷ᠎ᠤᠨ ᠣᠷᠲᠣᠨ ᠲᠠᠯᠠᠪᠠᠢ ᠵᠢ ᠰᠦᠢ᠍ᠳᠭᠡᠯ ᠬᠣᠷᠢᠶᠠᠬᠣ ᠦᠭᠡᠢ ᠪᠣᠶᠣ   ᠬᠢᠮᠲᠠ ᠦᠨ᠎ᠡ᠎ᠪᠠᠷ ᠴᠢᠯᠦᠭᠡᠲᠡᠢ ᠨᠡᠭᠡᠭᠡᠬᠦ ᠵᠢ ᠵᠣᠷᠢᠬ᠍ᠵᠢᠭᠣᠯᠣᠨ᠎ᠠ᠃ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠠᠯᠠᠪᠣᠷ ᠲᠦᠬᠦᠭᠡᠷᠦᠮᠵᠢ ᠪᠠ ᠴᠢᠯᠦᠭᠡᠲᠡᠢ ᠨᠡᠭᠡᠭᠡᠬᠦ ᠨᠦᠬᠦᠴᠡᠯ᠎ᠳᠤ ᠨᠡᠢ᠌ᠴᠡᠬᠦ ᠠᠵᠦ ᠠᠬᠣᠢ᠌ᠯᠠᠯ ᠠᠵᠢᠯ ᠦᠢ᠍ᠯᠡᠰ᠎ᠤᠨ ᠨᠢᠭᠡᠴᠡ᠂ ᠰᠣᠷᠭ᠋ᠠᠭᠣᠯᠢ ᠵᠢᠨ ᠪᠡᠶ᠎ᠡ ᠵᠢᠨ   ᠲᠠᠮᠢᠷ ᠎ᠤᠨ   ᠲᠠᠯᠠᠪᠣᠷ   ᠲᠦᠬᠦᠭᠡᠷᠦᠮᠵᠢ ᠵᠢ   ᠨᠡᠢ᠌ᠭᠡᠮ ᠎ᠳᠤ   ᠬᠠᠨᠲᠣᠭᠣᠯᠣᠨ   ᠴᠢᠯᠦᠭᠡᠲᠡᠢ   ᠨᠡᠭᠡᠭᠡᠬᠦ ᠵᠢ ᠪᠠᠲᠣᠯᠠᠨ᠎ᠠ᠃
      (ᠲᠣᠯᠣᠭ᠎ᠠ)   ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠡᠰᠢᠲᠦ ᠴᠢᠲᠠᠪᠬᠢ ᠵᠢ ᠪᠠᠲᠠᠷᠠᠭᠣᠯᠣᠨ᠂ ᠶᠡᠬᠡ ᠲᠠᠯ᠎ᠠ᠎ᠳᠤ ᠦᠢ᠍ᠯᠡᠴᠢᠯᠡᠵᠦ᠂ ᠬᠠᠷᠢᠯᠴᠠᠨ ᠠᠬᠢᠭᠣᠯᠵᠦ ᠬᠠᠮᠲᠣ᠎ᠪᠠᠷ ᠲᠠᠪᠰᠢᠬᠰᠠᠨ ᠬᠦᠭᠵᠢᠯᠲᠡ ᠵᠢᠨ ᠪᠠᠢ᠌ᠷᠢᠰᠢᠯ᠎ᠢ ᠪᠦᠷᠢᠯᠲᠦᠬᠦᠯᠦᠨ᠎ᠡ᠃ 《ᠡᠷᠡᠬᠦᠯ ᠴᠢᠬᠢᠷᠠᠬ ᠲᠣᠮᠲᠠᠲᠣ ᠣᠯᠣᠰ 2030》 ᠵᠡᠷᠭᠡ ᠶᠡᠷᠦᠩᠭᠡᠢ ᠬᠦᠭᠵᠢᠯᠲᠡ ᠵᠢᠨ ᠪᠠᠢ᠌ᠯᠲᠣᠬᠣ ᠪᠣᠲᠣᠯᠭ᠎ᠠ ᠵᠢᠴᠢ ᠰᠢᠨᠵᠢᠯᠡᠭᠡ ᠮᠡᠷᠭᠡᠵᠢᠯ᠂ ᠰᠣᠷᠭ᠋ᠠᠨ ᠬᠦᠮᠦᠵᠢᠯ᠂ ᠰᠣᠶᠣᠯ᠂ ᠡᠷᠡᠬᠦᠯ ᠬᠠᠮᠠᠭ᠋ᠠᠯᠠᠯ᠂ ᠨᠠᠰᠣᠵᠢᠯ᠂ ᠵᠡᠮᠲᠡᠭᠴᠦᠳ᠎ᠢ ᠲᠡᠮᠵᠢᠬᠦ ᠵᠡᠷᠭᠡ ᠦᠢ᠍ᠯᠡᠰ᠎ᠤᠨ ᠬᠦᠭᠵᠢᠯᠲᠡ᠎ᠲᠠᠢ ᠣᠶᠠᠯᠲᠣᠭᠣᠯᠣᠨ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠴᠢᠬᠣᠯᠠ ᠶᠡᠬᠡ ᠲᠦᠷᠦᠯ ᠵᠦᠢ᠍ᠯ᠎ᠤᠨ ᠢᠨᠵᠧᠨᠧᠷᠢᠩ᠎ᠢ ᠨᠢᠭᠡᠲᠦᠯᠲᠡᠢ ᠲᠦᠯᠦᠪᠵᠢᠬᠦᠯᠦᠨ ᠰᠣᠲᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢᠨ ᠬᠡᠪ ᠴᠢᠨᠠᠷ᠎ᠤᠨ ᠰᠣᠷᠭ᠋ᠠᠨ ᠬᠦᠮᠦᠵᠢᠯ᠎ᠢ ᠠᠬᠢᠭᠣᠯᠬᠣ᠂ ᠰᠣᠶᠣᠯ᠎ᠤᠨ ᠴᠡᠴᠡᠭᠯᠡᠨ ᠬᠦᠭᠵᠢᠯᠲᠡ᠂ ᠨᠡᠢ᠌ᠭᠡᠮ᠎ᠤᠨ ᠠᠭᠣᠰᠬᠠᠯ᠂ ᠠᠷᠠᠳ᠎ᠤᠨ ᠠᠮᠢᠲᠣᠷᠠᠯ᠎ᠢ ᠰᠠᠢ᠌ᠵᠢᠷᠠᠭᠣᠯᠬᠣ᠂ ᠦᠨᠳᠦᠰᠦᠲᠡᠨ᠎ᠤ ᠪᠦᠯᠬᠦᠮᠲᠡᠯ᠂ ᠪᠡᠶ᠎ᠡ ᠴᠢᠬᠢᠷᠠᠬ᠍ᠵᠢᠭᠣᠯᠬᠣ ᠬᠡᠷᠡᠭᠯᠡᠬᠡ ᠪᠠ ᠣᠯᠠᠨ ᠨᠡᠢ᠌ᠲᠡ᠎ᠪᠠᠷ ᠵᠶ᠋ᠠᠨ ᠦᠢ᠍ᠯᠡᠰ ᠪᠣᠰᠬᠠᠬᠣ᠂ ᠣᠯᠠᠨ ᠨᠡᠢ᠌ᠲᠡ᠎ᠪᠠᠷ ᠵᠶ᠋ᠠᠨ ᠰᠢᠨ᠎ᠡ ᠵᠢ ᠡᠬᠦᠳᠬᠦ ᠵᠡᠷᠭᠡ ᠲᠠᠯ᠎ᠠ ᠵᠢᠨ ᠢᠲᠡᠪᠬᠢᠲᠡᠢ ᠦᠢ᠍ᠯᠡᠲᠦᠯ᠎ᠢ ᠪᠠᠲᠠᠷᠠᠭᠣᠯᠣᠨ᠎ᠠ᠃
      ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢᠨ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠢ ᠬᠦᠭᠵᠢᠬᠦᠯᠬᠦ᠎ᠳᠠᠬᠢ ᠠᠬᠢᠭᠣᠯᠬᠣ ᠦᠢ᠍ᠯᠡᠲᠦᠯ᠎ᠢ ᠬᠦᠢ᠍ᠴᠡᠳ ᠪᠠᠲᠠᠷᠠᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ᠎ᠲᠠᠢ   ᠬᠤᠯᠪᠤᠭ᠎ᠠ ᠪᠦᠬᠦᠢ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠂ ᠪᠡᠶ ᠎ᠡ ᠵᠢᠨ ᠲᠠᠮᠢᠷ᠎ᠤᠨ ᠣᠷᠣᠯᠲᠣᠭ᠋ᠠᠨ ᠲᠣᠬᠯᠠᠯᠲᠠ ᠵᠢᠨ ᠬᠦᠲᠡᠯᠭᠡᠭᠡᠨ᠂ ᠪᠡᠶ᠎ᠡ ᠵᠢᠨ ᠲᠠᠮᠢᠷ᠎ᠤᠨ ᠣᠷᠲᠣᠨ ᠲᠠᠯᠠᠪᠠᠢ ᠵᠢᠨ ᠦᠢ᠍ᠯᠡᠴᠢᠯᠡᠭᠡ᠂ ᠪᠡᠶ᠎ᠡ ᠵᠢᠨ ᠲᠠᠮᠢᠷ᠎ᠤᠨ ᠪᠣᠯᠪᠠᠰᠣᠷᠠᠯ ᠪᠠ ᠬᠦᠮᠦᠵᠢᠯ᠂ ᠪᠡᠶ᠎ᠡ ᠵᠢᠨ ᠲᠠᠮᠢᠷ᠎ᠤᠨ ᠬᠡᠷᠡᠭᠯᠡᠬᠦᠨ ᠬᠢᠭᠡᠳ ᠬᠠᠮᠢᠶ᠎ᠠ ᠪᠦᠬᠦᠢ ᠪᠦᠲᠦᠭᠡᠭᠲᠡᠬᠦᠨ᠎ᠢ ᠦᠢ᠍ᠯᠡᠳᠬᠦ ᠪᠠ ᠪᠣᠷᠣᠯᠠᠭᠣᠯᠬᠣ ᠵᠡᠷᠭᠡ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠬᠡᠪᠴᠢᠶ᠎ᠠ ᠵᠢ ᠦᠷᠭᠡᠳᠭᠡᠵᠦ᠂ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠳᠠᠬᠢ ᠪᠡᠶ᠎ᠡ ᠴᠢᠬᠢᠷᠠᠬ᠍ᠵᠢᠭᠣᠯᠬᠣ ᠦᠢ᠍ᠯᠡᠴᠢᠯᠡᠭᠡᠨ᠎ᠤ ᠦᠢ᠍ᠯᠡᠰ᠎ᠤᠨ ᠬᠠᠷᠢᠴᠠᠯ᠎ᠢ ᠲᠠᠰᠣᠷᠠᠯᠲᠠ ᠦᠭᠡᠢ ᠨᠡᠮᠡᠭᠲᠡᠬᠦᠯᠦᠨ᠎ᠡ᠃ ᠪᠡᠶ᠎ᠡ ᠴᠢᠬᠢᠷᠠᠬ᠍ᠵᠢᠭᠣᠯᠬᠣ ᠮᠡᠲᠡᠭᠡ ᠵᠠᠩᠬᠢ ᠵᠢᠨ ᠲᠦᠪᠯᠡᠷᠡᠯ᠂ ᠣᠶᠣᠨᠲᠣ ᠪᠡᠶ ᠎ᠡ ᠴᠢᠬᠢᠷᠠᠬ᠍ᠵᠢᠭᠣᠯᠬᠣ ᠬᠠᠲᠠᠭᠣ ᠲᠣᠨᠣᠬ᠂ ᠪᠡᠶ᠎ᠡ ᠴᠢᠬᠢᠷᠠᠬ᠍ᠵᠢᠭᠣᠯᠬᠣ ᠰᠦᠯᠵᠢᠶᠡᠨ ᠲᠡᠭᠡᠷᠡᠬᠢ ᠬᠦᠮᠦᠵᠢᠯ ᠪᠣᠯᠪᠠᠰᠣᠷᠠᠯ ᠵᠡᠷᠭᠡ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠢᠨ᠎ᠡ ᠠᠵᠢᠯ ᠲᠦᠷᠦᠯ᠎ᠢ ᠬᠦᠭᠵᠢᠬᠦᠯᠬᠦ ᠵᠢ ᠵᠣᠷᠢᠬ᠍ᠵᠢᠭᠣᠯᠣᠨ᠎ᠠ᠃ 《ᠢᠨᠲ᠋ᠧᠷ ᠰᠦᠯᠵᠢᠶ᠎ᠠ +》 ᠵᠡᠷᠭᠡ ᠮᠡᠷᠭᠡᠵᠢᠯ᠎ᠢ ᠠᠰᠢᠬᠯᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠦᠲᠦᠭᠡᠭᠲᠡᠬᠦᠨ ᠦᠢ᠍ᠯᠡᠳᠬᠦ ᠬᠦᠷᠢᠶ᠎ᠡ ᠴᠠᠷᠠᠭ᠎ᠠ ᠪᠣᠯᠣᠨ ᠬᠡᠷᠡᠭᠯᠡᠭᠡ ᠵᠢᠨ ᠵᠠᠬ᠎ᠠ ᠲᠡᠯᠭᠡᠬᠦᠷ᠎ᠢ ᠦᠷᠭᠡᠳᠭᠡᠵᠦ᠂ ᠪᠡᠶ᠎ᠡ ᠵᠢᠨ   ᠲᠠᠮᠢᠷ᠎ᠤᠨ ᠬᠡᠷᠡᠭᠯᠡᠭᠡ ᠵᠢᠨ ᠰᠠᠭᠣᠭ᠋ᠠᠯᠢ ᠠᠷᠠᠳ᠎ᠤᠨ ᠬᠡᠷᠡᠭᠯᠡᠭᠡ ᠵᠢᠨ ᠵᠠᠷᠣᠯᠭ᠎ᠠ᠎ᠳᠠᠬᠢ ᠬᠠᠷᠢᠴᠠᠯ᠎ᠢ ᠢᠲᠡᠭ ᠢᠲᠡᠭ ᠵᠶ᠋ᠠᠷ ᠨᠡᠮᠡᠭᠲᠡᠬᠦᠯᠦᠨ᠎ᠡ᠃
      (ᠨᠠᠢ᠍ᠮᠠ)   ᠤᠯᠠᠨ ᠤᠯᠤᠰ᠎ᠤᠨ ᠣᠯᠠᠨ ᠲᠦᠮᠡᠨ᠎ᠤ ᠪᠡᠶ᠎ᠡ ᠵᠢᠨ ᠲᠠᠮᠢᠷ᠎ᠤᠨ ᠰᠣᠯᠢᠯᠴᠠᠭ᠎ᠠ ᠵᠢ ᠦᠷᠭᠡᠳᠭᠡᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠴᠢᠯᠦᠭᠡᠲᠡᠢ ᠨᠡᠭᠡᠭᠡᠵᠦ ᠬᠦᠭᠵᠢᠬᠦᠯᠬᠦ ᠵᠢ ᠬᠦᠲᠦᠯᠦᠨ ᠵᠢᠯᠣᠭᠣᠲᠣᠨ᠎ᠠ᠃ 《ᠣᠷᠢᠵᠦ   ᠠᠪᠴᠢᠷᠠᠬᠤ᠂ ᠭᠠᠲᠠᠬᠰᠢ ᠭᠠᠷᠴᠦ ᠶᠠᠪᠣᠬᠣ》 ᠵᠢ ᠪᠠᠷᠢᠮᠲᠠᠯᠠᠨ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠨᠣᠯ᠂ ᠲᠦᠷᠦᠯ ᠵᠦᠢ᠍ᠯ᠂ ᠴᠢᠲᠠᠪᠣᠷᠢᠲᠠᠨ᠂   ᠲᠦᠬᠦᠭᠡᠷᠦᠮᠵᠢ ᠵᠡᠷᠭᠡ ᠣᠯᠠᠨ ᠣᠯᠣᠰ᠎ᠤᠨ ᠰᠣᠯᠢᠯᠴᠠᠭ᠎ᠠ ᠵᠢᠨ ᠵᠠᠮ ᠰᠣᠪᠠᠬ᠎ᠢ ᠦᠷᠭᠡᠳᠭᠡᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠨᠡᠩ ᠲᠡᠭᠡᠲᠦ ᠲᠡᠰ ᠲᠠᠪᠬᠣᠷᠭ᠎ᠠ ᠲᠡᠰᠢ ᠬᠦᠭᠵᠢᠬᠦ ᠵᠢ ᠠᠬᠢᠭᠣᠯᠣᠨ᠎ᠠ᠃
      ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠣᠯᠣᠰ᠎ᠤᠨ ᠰᠣᠯᠢᠯᠴᠠᠭ᠎ᠠ ᠵᠢᠨ ᠲᠠᠪᠴᠠᠩ ᠪᠠᠢ᠌ᠭᠣᠯᠵᠦ᠂ ᠣᠯᠠᠨ ᠣᠯᠣᠰ᠎ᠤᠨ ᠬᠣᠭᠣᠷᠣᠨᠲᠣᠬᠢ ᠬᠣᠷᠰᠢᠯ ᠰᠣᠯᠢᠯᠴᠠᠭ᠎ᠠ ᠵᠢ ᠴᠢᠩᠭ᠋ᠠᠷᠠᠭᠣᠯᠣᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠶᠠᠪᠣᠴᠠ᠎ᠳᠠᠬᠢ ᠲᠣᠮᠲᠠᠲᠣ ᠣᠯᠣᠰ᠎ᠤᠨ ᠣᠢ᠌ᠯᠠᠭ᠋ᠠᠬᠲᠠᠬᠣᠨ᠂ ᠲᠣᠮᠲᠠᠲᠣ ᠣᠯᠣᠰ᠎ᠤᠨ ᠦᠯᠢᠭᠡᠷ᠂ ᠲᠣᠮᠲᠠᠲᠣ ᠣᠯᠣᠰ᠎ᠤᠨ ᠬᠦᠮᠦᠰ᠂ ᠲᠣᠮᠲᠠᠲᠣ ᠣᠯᠣᠰ᠎ᠤᠨ ᠪᠠᠷᠢᠮᠵᠢᠶ᠎ᠠ᠂ ᠲᠣᠮᠲᠠᠲᠣ ᠣᠯᠣᠰ᠎ᠤᠨ ᠦᠢ᠍ᠯᠡᠳᠬᠦᠨ᠎ᠢ ᠣᠬᠠᠭᠣᠯᠣᠨ ᠲᠡᠯᠭᠡᠷᠡᠬᠦᠯᠵᠦ᠂ ᠲᠣᠮᠲᠠᠲᠣ ᠣᠯᠣᠰ᠎ᠤᠨ ᠲᠠᠭᠣ ᠬᠣᠭᠣᠯᠠᠢ ᠵᠢ ᠲᠠᠮᠵᠢᠭᠣᠯᠵᠦ᠂ ᠣᠯᠠᠨ ᠣᠯᠣᠰ᠎ᠲᠠᠬᠢ ᠨᠦᠯᠦᠭᠡᠯᠡᠬᠦ ᠬᠦᠴᠦᠨ᠎ᠢ ᠲᠡᠭᠡᠭᠰᠢᠯᠡᠬᠦᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠣᠮᠲᠠᠲᠣ ᠣᠯᠣᠰ᠎ᠤᠨ ᠰᠣᠶᠣᠯ᠎ᠢ ᠲᠡᠯᠭᠡᠷᠡᠬᠦᠯᠵᠦ᠂ ᠣᠯᠣᠰ᠎ᠤᠨ ᠲᠦᠷᠢ ᠲᠦᠷᠬᠦ ᠵᠢ ᠲᠡᠭᠡᠭᠰᠢᠯᠡᠬᠦᠯᠬᠦ ᠣᠯᠣᠰ᠎ᠤᠨ ᠵᠦᠭᠡᠯᠡᠨ ᠪᠣᠲᠠᠲᠣ ᠬᠦᠴᠦᠨ᠎ᠢ ᠴᠢᠩᠭ᠋ᠠᠷᠠᠭᠣᠯᠬᠣ ᠵᠡᠷᠭᠡ ᠲᠠᠯ᠎ᠠ ᠵᠢᠨ ᠣᠨᠴᠠᠭ᠋ᠠᠢ ᠦᠢ᠍ᠯᠡᠲᠦᠯ᠎ᠢ ᠬᠦᠢ᠍ᠴᠡᠳ ᠪᠠᠲᠠᠷᠠᠭᠣᠯᠣᠨ᠎ᠠ᠃
     (ᠶᠢᠰᠦ) ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠭᠵᠢᠯᠲᠡ ᠵᠢᠨ ᠭᠣᠣᠯᠲᠠᠯᠭ᠎ᠠ ᠵᠢ ᠴᠢᠩᠭ᠋ᠠᠷᠠᠭᠣᠯᠵᠦ᠂ ᠦᠨᠳᠦᠰᠦᠨ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠵᠢ   ᠲᠡᠩᠴᠡᠭᠦᠷᠢᠰᠢᠬᠦᠯᠬᠦ ᠪᠠ ᠭᠣᠣᠯᠲᠠᠯᠠᠭ᠎ᠠ᠎ᠲᠠᠢ ᠬᠦᠮᠦᠰ᠂ ᠲᠦᠷᠦᠯ ᠵᠦᠢ᠍ᠯ᠎ᠤᠨ ᠬᠦᠭᠵᠢᠯᠲᠡ ᠵᠢ ᠬᠦᠴᠦᠯᠡᠨ ᠠᠬᠢᠭᠣᠯᠣᠨ᠎ᠠ᠃ ᠦᠨᠳᠦᠰᠦᠨ ᠣᠯᠠᠨ ᠨᠡᠢ᠌ᠢ᠍ᠲᠡ ᠵᠢᠨ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠵᠢ ᠬᠠᠣᠯᠢ ᠶᠣᠰᠣᠭ᠋ᠠᠷ ᠪᠠᠲᠣᠯᠠᠵᠦ᠂ ᠦᠨᠳᠦᠰᠦᠨ ᠣᠯᠠᠨ ᠨᠡᠢ᠌ᠢ᠍ᠲᠡ ᠵᠢᠨ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠵᠢ ᠬᠦᠲᠡᠭᠡ ᠲᠣᠰᠬᠣᠨ ᠲᠡᠰᠢ ᠦᠷᠬᠦᠯᠵᠢᠯᠡᠬᠦ ᠵᠢ ᠠᠬᠢᠭᠣᠯᠣᠨ᠂ ᠰᠢᠶᠠᠩ ᠪᠠᠯᠭ᠋ᠠᠰᠣ᠂ ᠬᠦᠲᠡᠭᠡ ᠲᠣᠰᠬᠣᠨ ᠨᠡᠢ᠌ᠭᠡᠮ ᠲᠣᠭᠣᠷᠢᠬ ᠵᠶ᠋ᠠᠷ ᠭᠣᠣᠯᠲᠠᠯᠭ᠎ᠠ ᠪᠣᠯᠭ᠋ᠠᠨ ᠦᠨᠳᠦᠰᠦᠨ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠵᠢᠨ ᠲᠡᠩᠴᠡᠬᠦᠷᠢᠰᠢᠯ᠎ᠢ ᠠᠬᠢᠭᠣᠯᠣᠨ᠎ᠠ᠃ ᠨᠡᠢ᠌ᠲᠡᠮ ᠢᠪᠡᠭᠡᠬᠦ ᠴᠢᠨᠠᠷᠲᠠᠢ᠂ ᠰᠠᠭᠣᠷᠢ ᠵᠢ ᠪᠠᠲᠣᠯᠠᠬᠣ᠂ ᠦᠷᠬᠦᠯᠵᠢᠯᠡᠨ ᠬᠦᠭᠵᠢᠬᠦ᠂ ᠲᠣᠬᠠᠢ ᠵᠢᠨ   ᠭᠠᠵᠠᠷ᠎ᠲᠤᠨᠢ ᠲᠣᠬᠢᠷᠠᠬᠰᠠᠨ ᠵᠠᠷᠴᠢᠮ᠎ᠢ ᠪᠠᠷᠢᠮᠲᠠᠯᠠᠵᠦ᠂ ᠬᠣᠪᠢᠰᠭ᠋ᠠᠯ᠎ᠤᠨ ᠰᠠᠭᠣᠷᠢᠨ ᠭᠠᠵᠠᠷ᠂ ᠦᠨᠳᠦᠰᠦᠲᠡᠨ᠎ᠤ ᠭᠠᠵᠠᠷ ᠣᠷᠣᠨ᠂ ᠬᠢᠯᠢ ᠬᠢᠵᠠᠭ᠋ᠠᠷ ᠣᠷᠣᠨ᠂ ᠶᠠᠲᠠᠭᠣ ᠬᠦᠴᠢᠷᠲᠡᠢ ᠭᠠᠵᠠᠷ ᠣᠷᠣᠨ᠎ᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠢ ᠬᠦᠭᠵᠢᠬᠦᠯᠬᠦ ᠵᠢ   ᠭᠤᠤᠯᠲᠠᠯᠭ᠎ᠠ᠎ᠲᠠᠢ ᠲᠡᠮᠵᠢᠨ᠎ᠠ᠃
      ᠵᠠᠯᠠᠭᠣᠴᠣᠳ ᠪᠠᠭ᠋ᠠᠴᠣᠳ᠎ᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢᠨ ᠭᠣᠣᠯᠲᠠᠯᠭ᠎ᠠ᠎ᠲᠠᠢ ᠬᠦᠮᠦᠰ ᠪᠣᠯᠭ᠋ᠠᠵᠣ᠂ ᠵᠠᠯᠠᠭᠣᠴᠣᠳ ᠪᠠᠭ᠋ᠠᠴᠣᠳ᠎ᠤᠨ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠢ ᠲᠦᠭᠡᠮᠡᠯᠵᠢᠬᠦᠯᠦᠨ᠂ ᠵᠠᠯᠠᠭᠣᠴᠣᠳ ᠪᠠᠭ᠋ᠠᠴᠣᠳ᠎ᠤᠨ ᠪᠡᠶ᠎ᠡ ᠮᠠᠬᠠᠪᠣᠳ᠎ᠤᠨ ᠬᠡᠪ ᠴᠢᠨᠠᠷ᠎ᠢ ᠲᠡᠭᠡᠭᠰᠢᠯᠡᠬᠦᠯᠦᠨ᠎ᠡ᠃ ᠰᠣᠷᠭ᠋ᠠᠭᠣᠯᠢ ᠵᠢᠨ ᠪᠡᠶ ᠎ᠡ ᠵᠢᠨ ᠲᠠᠮᠢᠷ᠎ᠤᠨ ᠬᠦᠮᠦᠵᠢᠯ᠎ᠢ ᠴᠢᠩᠭ᠋ᠠᠳᠬᠠᠵᠦ᠂ ᠵᠠᠯᠠᠭᠣᠴᠣᠳ ᠪᠠᠭ᠋ᠠᠴᠣᠳ᠎ᠤᠨ ᠪᠡᠶ᠎ᠡ ᠵᠢᠨ ᠲᠠᠮᠢᠷ᠎ᠤᠨ ᠬᠡᠪ ᠪᠣᠯᠪᠠᠰᠣᠷᠠᠯ᠎ᠢ ᠲᠡᠭᠡᠭᠰᠢᠯᠡᠬᠦᠯᠬᠦ ᠪᠠ ᠡᠷᠡᠬᠦᠯ ᠴᠢᠬᠢᠷᠠᠬ ᠠᠵᠢᠯᠯᠠᠭ᠎ᠠ ᠵᠢᠨ ᠬᠡᠯᠪᠡᠷᠢ ᠬᠦᠮᠦᠵᠢᠬᠦᠯᠬᠦ ᠵᠢ ᠰᠣᠷᠭ᠋ᠠᠭᠣᠯᠢ ᠵᠢᠨ ᠰᠣᠷᠭ᠋ᠠᠨ ᠬᠦᠮᠦᠵᠢᠯ᠎ᠤᠨ ᠴᠢᠬᠣᠯᠠ ᠠᠭᠣᠯᠭ᠎ᠠ ᠪᠣᠯᠭ᠋ᠠᠵᠦ᠂ ᠰᠣᠷᠣᠬ᠍ᠴᠢᠳ᠎ᠤᠨ ᠰᠣᠷᠭ᠋ᠠᠭᠣᠯᠢ᠎ᠳᠠᠬᠢ ᠪᠡᠶ᠎ᠡ ᠵᠢᠨ ᠲᠠᠮᠢᠷ᠎ᠤᠨ ᠲᠠᠯᠠᠪᠣᠷ ᠪᠣᠯᠣᠨ ᠪᠡᠶ᠎ᠡ ᠪᠣᠯᠪᠠᠰᠣᠷᠠᠬᠣ ᠴᠠᠬ᠎ᠢ ᠪᠠᠲᠣᠯᠠᠵᠦ᠂ ᠰᠣᠷᠣᠬ᠍ᠴᠢᠳ᠎ᠤᠨ ᠪᠡᠶ ᠎ᠡ ᠮᠠᠬᠠᠪᠣᠳ᠎ᠤᠨ ᠡᠷᠡᠬᠦᠯ ᠮᠡᠨᠲᠦ ᠵᠢᠨ ᠲᠦᠪᠰᠢᠨ᠎ᠢ ᠠᠵᠢᠯ᠎ᠤᠨ ᠦᠷ᠎ᠡ ᠪᠦᠲᠦᠮᠵᠢ ᠵᠢ ᠰᠢᠯᠭ᠋ᠠᠨ ᠦᠨᠡᠯᠡᠬᠦ ᠲᠣᠬᠲᠠᠯᠴᠠᠭ᠎ᠠ᠎ᠳᠤ ᠣᠷᠣᠭᠣᠯᠵᠦ᠂ ᠰᠣᠷᠭ᠋ᠠᠭᠣᠯᠢ ᠵᠢᠨ ᠪᠡᠶ᠎ᠡ ᠵᠢᠨ ᠲᠠᠮᠢᠷ᠎ᠤᠨ ᠠᠵᠢᠯ᠎ᠤᠨ ᠪᠦᠲᠦᠮᠵᠢ ᠵᠢ ᠬᠢᠨᠡᠨ ᠦᠨᠡᠯᠡᠬᠦ ᠪᠠ ᠵᠠᠰᠠᠬ ᠵᠠᠬᠢᠷᠭ᠋ᠠᠨ᠎ᠤ ᠬᠠᠷᠢᠭᠣᠴᠠᠯᠭ᠎ᠠ ᠨᠡᠬᠡᠮᠵᠢᠯᠡᠬᠦ ᠵᠢ ᠴᠢᠩᠭ᠋ᠠᠳᠬᠠᠨ᠎ᠠ᠃ ᠵᠠᠯᠠᠭᠣᠴᠣᠳ ᠪᠠᠭ᠋ᠠᠴᠣᠳ᠎ᠤᠨ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠢ ᠠᠬᠢᠭᠣᠯᠬᠣ ᠲᠦᠯᠦᠪᠯᠡᠭᠡ ᠵᠢ ᠪᠦᠬᠦ ᠲᠠᠯ᠎ᠠ᠎ᠪᠠᠷ ᠬᠡᠷᠡᠭᠵᠢᠬᠦᠯᠵᠦ 《ᠵᠠᠯᠠᠭᠣᠴᠣᠳ ᠪᠠᠭ᠋ᠠᠴᠣᠳ᠎ᠤᠨ ᠨᠡᠷᠡᠨ ᠬᠡᠷᠡᠯᠲᠦ ᠪᠡᠶ᠎ᠡ ᠵᠢᠨ ᠲᠠᠮᠢᠷ᠎ᠤᠨ ᠣᠷᠣᠯᠲᠣᠭ᠋ᠠᠨ》 ᠵᠡᠷᠭᠡ ᠵᠠᠯᠠᠭᠣᠴᠣᠳ ᠪᠠᠭ᠋ᠠᠴᠣᠳ᠎ᠤᠨ ᠪᠡᠶ᠎ᠡ ᠵᠢᠨ ᠲᠠᠮᠢᠷ᠎ᠤᠨ ᠨᠡᠷᠡᠲᠦ ᠬᠦᠲᠡᠯᠭᠡᠭᠡᠨ᠎ᠤ ᠵᠢᠱ᠌ᠢᠶ᠎ᠠ   ᠦᠵᠡᠬᠦᠯᠦᠨ ᠬᠦᠲᠦᠯᠦᠨ ᠵᠢᠯᠣᠭᠣᠳᠬᠣ ᠦᠢ᠍ᠯᠡᠲᠦᠯ᠎ᠢ ᠢᠲᠡᠪᠬᠢᠲᠡᠢ ᠪᠠᠲᠠᠷᠠᠭᠣᠯᠣᠨ᠂ ᠵᠠᠯᠠᠭᠣᠴᠣᠳ ᠪᠠᠭ᠋ᠠᠴᠣᠳ᠎ᠢ ᠪᠡᠶ᠎ᠡ ᠮᠠᠬᠠᠪᠣᠳ᠎ᠤᠨ ᠬᠡᠪ ᠴᠢᠨᠠᠷ ᠵᠶ᠋ᠠᠨ ᠲᠡᠭᠡᠭᠰᠢᠯᠡᠬᠦᠯᠵᠦ᠂ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠣᠷ᠎ᠠ ᠮᠡᠷᠭᠡᠰᠢᠯ᠎ᠢ ᠡᠵᠡᠮᠰᠢᠨ᠂ ᠪᠡᠶ᠎ᠡ ᠪᠣᠯᠪᠰᠣᠷᠠᠬᠣ ᠲᠣᠷ᠎ᠠ ᠰᠣᠨᠢᠷᠬᠠᠯ᠎ᠢ ᠬᠦᠮᠦᠵᠢᠬᠦᠯᠵᠦ᠂ ᠨᠠᠰᠣᠨ ᠲᠣᠷᠰᠢᠲᠠ ᠪᠡᠶ᠎ᠡ ᠪᠣᠯᠪᠠᠰᠣᠷᠠᠬᠣ ᠰᠠᠢ᠌ᠨ ᠰᠠᠢ᠌ᠬᠠᠨ ᠲᠠᠳᠬᠠᠯ᠎ᠲᠠᠢ ᠪᠣᠯᠭ᠋ᠠᠨ᠎ᠠ᠃ ᠨᠠᠰᠣᠲᠠᠢ᠌ᠴᠣᠳ᠎ᠤᠨ ᠣᠷᠣᠰᠢᠨ ᠠᠮᠢᠲᠣᠷᠠᠬᠣ᠎ᠳᠤ ᠲᠠᠭ᠋ᠠᠲᠠᠢ ᠣᠷᠴᠢᠨ ᠲᠣᠭᠣᠷᠢᠨ᠎ᠤ ᠪᠠᠢ᠌ᠭᠣᠯᠣᠯᠲᠠ ᠵᠢ ᠠᠬᠢᠭᠣᠯᠵᠦ᠂ ᠨᠡᠢ᠌ᠲᠡ ᠵᠢᠨ ᠠᠰᠠᠷᠠᠮᠵᠢ ᠵᠢᠨ ᠴᠢᠨᠠᠷᠲᠠᠢ ᠨᠠᠰᠣᠲᠠᠢ᠌ᠴᠣᠳ᠎ᠤᠨ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠵᠢ ᠨᠢᠭᠡᠲᠦᠯᠲᠡᠢ ᠲᠦᠯᠦᠪᠵᠢᠬᠦᠯᠦᠨ ᠪᠠᠢ᠌ᠭᠣᠯᠵᠦ᠂ ᠨᠡᠢ᠌ᠭᠡᠮ ᠲᠣᠭᠣᠷᠢᠬ᠎ᠤᠨ ᠨᠠᠰᠣᠵᠢᠯ᠎ᠤᠨ ᠦᠢ᠍ᠯᠡᠴᠢᠯᠡᠭᠡᠨ᠎ᠤ ᠲᠦᠬᠦᠭᠡᠷᠦᠮᠵᠢ ᠪᠣᠯᠣᠨ ᠨᠡᠢ᠌ᠭᠡᠮ ᠲᠣᠭᠣᠷᠢᠬ᠎ᠤᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠴᠢᠲᠠᠪᠬᠢ ᠵᠢᠨ ᠣᠶᠠᠯᠲᠣᠯ᠎ᠢ ᠴᠢᠩᠭ᠋ᠠᠳᠬᠠᠵᠦ᠂ ᠠᠰᠢᠬᠯᠠᠯᠲᠠ ᠵᠢᠨ ᠨᠣᠷᠮ᠎ᠠ ᠵᠢ ᠲᠡᠭᠡᠭᠰᠢᠯᠡᠬᠦᠯᠵᠦ᠂᠂ ᠨᠡᠢ᠌ᠭᠡᠮ ᠲᠣᠭᠣᠷᠢᠬ᠎ᠠᠴᠠ ᠣᠯᠠᠨ ᠨᠡᠢ᠌ᠲᠡ ᠵᠢᠨ ᠦᠢ᠍ᠯᠡᠴᠢᠯᠡᠭᠡᠨ᠎ᠤ ᠲᠦᠬᠦᠭᠡᠷᠦᠮᠵᠢ ᠪᠣᠯᠣᠨ ᠨᠡᠢ᠌ᠭᠡᠮ᠎ᠤᠨ ᠲᠠᠯᠠᠪᠣᠷ᠎ᠢ ᠠᠰᠢᠬᠯᠠᠨ ᠨᠠᠰᠣᠲᠠᠢ᠌ᠴᠣᠳ᠎ᠲᠤ ᠲᠣᠬᠢᠷᠠᠬᠣ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠵᠣᠬᠢᠶᠠᠨ ᠪᠠᠢ᠌ᠭᠣᠯᠣᠨ ᠦᠷᠨᠢᠬᠦᠯᠬᠦ ᠵᠢ ᠲᠡᠮᠵᠢᠵᠦ᠂ ᠨᠠᠰᠣᠲᠠᠢ᠌ᠴᠣᠳ᠎ᠤᠨ ᠪᠡᠶ᠎ᠡ ᠴᠢᠬᠢᠷᠠᠬ᠍ᠵᠢᠭᠣᠯᠬᠣ᠎ᠳᠤ ᠰᠢᠨᠵᠢᠯᠡᠬᠦ ᠣᠬᠠᠭ᠋ᠠᠨᠴᠢ ᠵᠢᠯᠣᠭᠣᠲᠣᠯᠭ᠎ᠠ ᠬᠠᠩᠭ᠋ᠠᠨ᠎ᠠ᠃ ᠣᠯᠣᠰ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠡᠮᠲᠡᠭᠴᠦᠳ᠎ᠢ ᠲᠣᠰᠠᠯᠠᠬᠣ ᠢᠨᠵᠧᠨᠧᠷᠢᠩ᠎ᠢ ᠲᠡᠮᠵᠢᠬᠦ ᠬᠦᠴᠦᠯᠡᠴᠡ᠎ᠪᠠᠨ ᠣᠯᠠᠮ ᠴᠢᠩᠭ᠋ᠠᠷᠠᠭᠣᠯᠵᠦ᠂ ᠬᠠᠷᠠᠭ᠋ᠠᠯᠵᠠᠯ᠎ᠤᠨ ᠲᠦᠷᠦ ᠵᠢᠨ ᠪᠣᠲᠣᠯᠭ᠎ᠠ ᠠᠪᠴᠦ᠂ ᠵᠡᠮᠲᠡᠭᠴᠦᠳ᠎ᠤᠨ ᠡᠷᠡᠬᠦᠯᠵᠢᠯ᠎ᠤᠨ ᠪᠡᠶ᠎ᠡ ᠵᠢᠨ ᠲᠠᠮᠢᠷ ᠪᠠ ᠪᠡᠶ᠎ᠡ ᠴᠢᠬᠢᠷᠠᠬ᠍ᠵᠢᠭᠣᠯᠬᠣ ᠪᠡᠶ᠎ᠡ ᠵᠢᠨ ᠲᠠᠮᠢᠷ᠎ᠢ ᠦᠷᠭᠡᠨ ᠵᠶ᠋ᠠᠷ ᠦᠷᠨᠢᠬᠦᠯᠬᠦ ᠵᠢ ᠠᠬᠢᠭᠣᠯᠣᠨ᠎ᠠ᠃ ᠠᠵᠢᠯᠲᠠᠨ᠂ ᠲᠠᠷᠢᠶᠠᠴᠢᠳ᠂ ᠡᠮᠡᠭᠲᠡᠢ᠌ᠴᠣᠳ᠂ ᠬᠡᠦᠬᠡᠳ᠎ᠤᠨ ᠪᠠᠶ᠎ᠠ ᠵᠢᠨ ᠲᠠᠮᠢᠷ᠎ᠢ ᠦᠷᠨᠢᠬᠦᠯᠵᠦ᠂ ᠭᠠᠲᠠᠨ᠎ᠠ᠎ᠠᠴᠠ ᠢᠷᠡᠭᠰᠡᠨ ᠬᠦᠯᠦᠰᠦᠨ ᠠᠵᠢᠯᠴᠢᠳ᠎ᠤᠨ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠵᠢ ᠬᠠᠷᠢᠶ᠎ᠠ ᠭᠠᠵᠠᠷ᠎ᠤᠨ ᠬᠠᠩᠭ᠋ᠠᠯᠭ᠎ᠠ ᠬᠡᠷᠡᠭᠯᠡᠭᠡ ᠵᠢᠨ ᠲᠣᠬᠲᠠᠯᠴᠠᠭ᠎ᠠ᠎ᠳᠤ ᠣᠷᠣᠭᠣᠯᠬᠣ ᠵᠢ ᠠᠬᠢᠭᠣᠯᠣᠨ᠎ᠠ᠃ ᠨᠡᠢ᠌ᠭᠡᠮ ᠲᠣᠭᠣᠷᠢᠬ᠎ᠤᠨ ᠡᠷᠡᠬᠦᠯᠵᠢᠯ᠎ᠤᠨ ᠠᠵᠢᠯᠲᠠᠳ ᠵᠡᠷᠭᠡ ᠣᠨᠴᠠᠭ᠋ᠠᠢ ᠬᠦᠮᠦᠰ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠴᠢᠯᠡᠭᠡ ᠵᠢᠨ ᠬᠠᠩᠭ᠋ᠠᠯᠭ᠎ᠠ ᠬᠡᠷᠡᠭᠯᠡᠭᠡ ᠵᠢ ᠲᠦᠷᠭᠡᠳᠭᠡᠵᠦ᠂ ᠲᠡᠲᠡᠨᠡᠷ᠎ᠲᠤ ᠨᠡᠩ ᠣᠯᠠᠨ ᠨᠡᠢ᠌ᠭᠡᠮ᠎ᠤᠨ ᠬᠠᠢ᠌ᠢ᠍ᠷ᠎ᠠ ᠬᠠᠯᠠᠮᠵᠢ ᠬᠦᠷᠲᠡᠭᠡᠨ᠂ ᠨᠡᠢ᠌ᠭᠡᠮ᠎ᠳᠤ ᠠᠭᠣᠰᠬᠣ ᠲᠠᠯ᠎ᠠ ᠵᠢᠨ ᠬᠦᠷᠲᠡᠭᠡᠮᠵᠢ ᠪᠣᠯᠣᠨ ᠬᠠᠨᠣᠮᠵᠢ ᠵᠢ ᠴᠢᠩᠭ᠋ᠠᠷᠠᠭᠣᠯᠣᠨ᠎ᠠ᠃
      ᠬᠦᠯ ᠪᠦᠮᠪᠦᠭᠡ ᠵᠢᠨ ᠬᠦᠲᠡᠯᠭᠡᠭᠡᠨ ᠪᠣᠯᠣᠨ ᠮᠦᠰᠦ ᠴᠠᠰᠣᠨ᠎ᠤ ᠬᠦᠲᠡᠯᠭᠡᠭᠡᠨ᠎ᠢ ᠲᠦᠷᠭᠡᠳᠭᠡᠨ ᠠᠬᠢᠭᠣᠯᠣᠨ᠎ᠠ᠃ ᠬᠦᠯ ᠪᠦᠮᠪᠦᠭᠡ ᠵᠢᠨ ᠲᠠᠯᠠᠪᠣᠷ᠎ᠤᠨ ᠬᠠᠩᠭ᠋ᠠᠯᠭ᠎ᠠ ᠬᠡᠷᠡᠭᠯᠡᠭᠡ ᠵᠢ ᠶᠡᠬᠡᠰᠭᠡᠵᠦ᠂ ᠬᠦᠯ ᠪᠦᠮᠪᠦᠭᠡ ᠵᠢᠨ ᠲᠠᠯᠠᠪᠣᠷ᠎ᠤᠨ ᠪᠠᠢ᠌ᠭᠣᠯᠣᠯᠲᠠ ᠵᠢ ᠬᠣᠲᠠ ᠪᠠᠯᠭ᠋ᠠᠰᠣᠵᠢᠯᠲᠠ ᠪᠠ ᠰᠢᠨ᠎ᠡ ᠬᠦᠲᠡᠬᠡ ᠲᠣᠰᠬᠣᠨ᠎ᠤ ᠪᠠᠢ᠌ᠭᠣᠯᠣᠯᠲᠠ ᠵᠢᠨ ᠶᠡᠷᠦᠩᠬᠡᠢ ᠲᠦᠯᠦᠪᠵᠢᠬᠦᠯᠭᠡ᠎ᠳᠤ ᠣᠷᠣᠭᠣᠯᠵᠦ᠂ ᠲᠣᠬᠠᠢ ᠵᠢᠨ ᠭᠠᠵᠠᠷ᠎ᠤᠨ ᠪᠠᠢ᠌ᠳᠠᠯ᠎ᠳᠠᠭᠠᠨ ᠲᠣᠬᠢᠷᠠᠭᠣᠯᠣᠨ ᠨᠡᠢ᠌ᠢ᠍ᠭᠡᠮ᠎ᠤᠨ ᠬᠦᠴᠦᠨ ᠵᠶ᠋ᠠᠷ ᠪᠠᠭ᠎ᠠ ᠬᠡᠯᠪᠡᠷᠢ ᠵᠢᠨ᠂ ᠣᠯᠠᠨ ᠶᠠᠩᠵᠣᠲᠦ ᠬᠦᠯ ᠪᠦᠮᠪᠦᠭᠡ ᠵᠢᠨ ᠲᠠᠯᠠᠪᠣᠷ ᠪᠠᠢ᠌ᠭᠣᠯᠣᠨ᠎ᠠ᠃ ᠰᠣᠷᠭ᠋ᠠᠭᠣᠯᠢ ᠵᠢᠨ ᠬᠦᠷᠢᠶᠡᠨ᠎ᠤ ᠬᠦᠯ ᠪᠦᠮᠪᠦᠭᠡ ᠵᠢᠨ ᠬᠦᠲᠡᠯᠭᠡᠭᠡᠨ᠎ᠢ ᠦᠷᠭᠡᠨ ᠵᠶ᠋ᠠᠷ ᠦᠷᠨᠢᠬᠦᠯᠵᠦ᠂ ᠪᠠᠢ᠌ᠩᠭᠣᠵᠢᠬᠰᠠᠨ᠂ ᠬᠦᠨᠲᠡᠯᠡᠨ ᠭᠣᠯᠲᠣ ᠨᠡᠪᠲᠡᠷᠡᠭᠰᠡᠨ ᠶᠡᠬᠡ ᠰᠣᠷᠭ᠋ᠠᠭᠣᠯᠢ᠂ ᠦᠨᠳᠦᠷ ᠲᠣᠮᠲᠠᠲᠣ᠂ ᠠᠩᠬ᠎ᠠ ᠲᠣᠮᠲᠠᠲᠣ᠂ ᠪᠠᠭ᠎ᠠ ᠰᠣᠷᠭ᠋ᠠᠭᠣᠯᠢ ᠲᠦᠷᠪᠡᠨ ᠱᠠᠲᠣᠨ᠎ᠤ ᠬᠦᠯ ᠪᠦᠮᠪᠦᠭᠡ ᠵᠢᠨ ᠣᠷᠣᠯᠲᠣᠭ᠋ᠠᠨ᠎ᠤ ᠲᠣᠬᠲᠠᠯᠴᠠᠭ᠎ᠠ ᠵᠢ ᠴᠢᠷᠮᠠᠢ᠌ᠨ ᠲᠡᠬᠦᠯᠲᠡᠷᠵᠢᠬᠦᠯᠦᠨ᠎ᠡ᠃ ᠠᠵᠢᠯ ᠲᠦᠷᠦᠯ᠂ ᠨᠡᠢ᠌ᠭᠡᠮ ᠲᠣᠭᠣᠷᠢᠬ᠂ ᠠᠵᠦ ᠠᠬᠣᠢ᠌ᠯᠠᠯ᠂ ᠴᠡᠷᠢᠭ ᠠᠩᠬᠢ᠂ ᠵᠡᠮᠲᠡᠭᠴᠦᠳ᠂ ᠢᠲᠡᠷ ᠨᠠᠰᠣᠲᠠᠢ᠌ᠴᠣᠳ᠂   ᠲᠠᠪᠣᠨ ᠬᠦᠮᠦᠨ᠎ᠤ ᠲᠦᠷᠢᠮᠲᠦ᠂ ᠡᠯᠡᠰᠦᠨ ᠲᠠᠩ᠎ᠤᠨ ᠬᠦᠯ ᠪᠦᠮᠪᠦᠭᠡ ᠵᠡᠷᠭᠡ ᠣᠯᠠᠨ ᠬᠡᠯᠪᠡᠷᠢ ᠶᠡᠩᠵᠦ ᠵᠢᠨ ᠠᠷᠠᠳ᠎ᠤᠨ ᠲᠣᠮᠲᠠᠬᠢ ᠬᠦᠯ ᠪᠦᠮᠪᠦᠭᠡ ᠵᠢᠨ ᠬᠦᠲᠡᠯᠭᠡᠭᠡᠨ᠎ᠢ ᠢᠲᠡᠪᠬᠢᠲᠡᠢ ᠦᠷᠨᠢᠬᠦᠯᠵᠦ᠂ ᠣᠯᠠᠨ ᠲᠡᠰ ᠱᠠᠲᠣ ᠵᠢᠨ ᠬᠦᠯ ᠪᠦᠮᠪᠦᠭᠡ ᠵᠢᠨ ᠣᠷᠣᠯᠲᠣᠭ᠋ᠠᠨ ᠡᠷᠬᠢᠯᠡᠨ᠂ ᠬᠦᠯ ᠪᠦᠮᠪᠦᠭᠡ ᠵᠢᠨ   ᠬᠦᠮᠦᠨ ᠠᠮᠠ ᠵᠢᠨ ᠬᠡᠪᠴᠢᠶ᠎ᠠ ᠵᠢ ᠲᠠᠰᠣᠷᠠᠯᠲᠠ ᠦᠭᠡᠢ ᠦᠷᠭᠡᠳᠭᠡᠵᠦ᠂ ᠬᠦᠯ ᠪᠦᠮᠪᠦᠭᠡ ᠵᠢᠨ ᠦᠷᠨᠢᠨ ᠬᠦᠭᠵᠢᠬᠦ ᠵᠢ ᠠᠬᠢᠭᠣᠯᠣᠨ᠎ᠠ᠃ ᠮᠦᠰᠦ ᠴᠠᠰᠣᠨ᠎ᠤ ᠬᠦᠲᠡᠯᠭᠡᠭᠡᠨ᠎ᠢ ᠶᠡᠬᠡ᠎ᠪᠠᠷ ᠠᠬᠢᠭᠣᠯᠣᠨ ᠲᠡᠯᠭᠡᠷᠡᠬᠦᠯᠵᠦ᠂ 2022 ᠤᠨ᠎ᠤ ᠡᠪᠦᠯ᠎ᠤᠨ ᠣᠯᠠᠷᠢᠯ᠎ᠤᠨ ᠣᠯᠢᠮᠫᠢᠺ ᠪᠣᠯᠣᠨ ᠡᠪᠦᠯ᠎ᠤᠨ ᠣᠯᠠᠷᠢᠯ᠎ᠤᠨ ᠵᠡᠮᠲᠡᠭᠴᠦᠳ᠎ᠤᠨ ᠣᠯᠢᠮᠫᠢᠺ᠎ᠤᠨ ᠴᠣᠬᠯᠠᠭ᠋ᠠᠨ᠎ᠢ ᠪᠡᠯᠡᠳᠭᠡᠵᠦ ᠡᠷᠬᠢᠯᠡᠬᠦ᠎ᠪᠠᠷ ᠠᠵᠠ ᠲᠣᠬᠢᠶᠠᠯ ᠪᠣᠯᠭ᠋ᠠᠨ᠂ ᠣᠯᠠᠨ ᠲᠦᠮᠡᠨ᠎ᠤ ᠡᠪᠦᠯ᠎ᠤᠨ ᠣᠯᠠᠷᠢᠯ᠎ᠤᠨ ᠬᠦᠲᠡᠯᠭᠡᠭᠡᠨ᠎ᠢ ᠲᠡᠯᠭᠡᠷᠡᠬᠦᠯᠦᠨ ᠲᠦᠭᠡᠮᠡᠯᠵᠢᠬᠦᠯᠬᠦ ᠲᠦᠯᠦᠪᠯᠡᠭᠡ ᠵᠢ ᠬᠡᠷᠡᠭᠵᠢᠬᠦᠯᠦᠨ᠎ᠡ᠃ ᠡᠯ᠎ᠡ ᠭᠠᠵᠠᠷ ᠣᠷᠣᠨ᠎ᠤ ᠣᠯᠠᠨ ᠴᠢᠲᠠᠪᠬᠢᠲᠣ ᠮᠦᠰᠦᠨ ᠲᠠᠯᠠᠪᠣᠷ ᠪᠣᠯᠣᠨ ᠴᠠᠰᠣᠨ ᠲᠠᠯᠠᠪᠣᠷ ᠪᠠᠢ᠌ᠭᠣᠯᠬᠣ ᠪᠠ ᠵᠠᠰᠠᠨ ᠪᠠᠢ᠌ᠭᠣᠯᠬᠣ ᠵᠢ ᠲᠡᠮᠵᠢᠵᠦ᠂ ᠨᠡᠢ᠌ᠢ᠍ᠭᠡᠮ᠎ᠤᠨ ᠬᠦᠴᠦᠨ᠎ᠤ ᠮᠦᠰᠦ ᠴᠠᠰᠣᠨ᠎ᠤ ᠬᠦᠲᠡᠯᠭᠡᠭᠡᠨ᠎ᠤ ᠬᠦᠷᠢᠶ᠎ᠡ ᠴᠠᠷᠠᠭ᠎ᠠ᠎ᠳᠤ ᠣᠷᠣᠬᠣ ᠵᠢ ᠬᠦᠲᠦᠯᠦᠨ ᠵᠢᠯᠣᠭᠣᠳᠴᠦ᠂ ᠮᠦᠰᠦᠨ ᠴᠠᠰᠣᠨ᠎ᠤ ᠬᠦᠲᠡᠯᠭᠡᠭᠡᠨ᠎ᠤ ᠦᠵᠡᠮᠵᠢ ᠵᠢᠨ ᠣᠷᠣᠨ᠂ ᠬᠣᠲᠠᠯᠲᠣᠭ᠎ᠠ ᠲᠡᠯᠭᠡᠬᠦᠷ᠂ ᠨᠡᠢ᠌ᠭᠡᠮ ᠲᠣᠭᠣᠷᠢᠬ᠂ ᠰᠣᠷᠭ᠋ᠠᠭᠣᠯᠢ᠎ᠳᠤ ᠣᠷᠣᠬᠣ ᠵᠢ ᠠᠬᠢᠭᠣᠯᠵᠦ᠂ ᠣᠷᠠᠨ ᠲᠠᠰᠢᠯᠲᠠ᠂ ᠮᠦᠰᠦᠨ ᠪᠦᠯᠪᠦᠭᠡ᠂ ᠦᠨᠳᠦᠷ ᠠᠭᠣᠯᠠ ᠵᠢᠨ ᠴᠠᠰᠣ ᠭᠣᠯᠭᠣᠯᠲᠠ ᠵᠡᠷᠭᠡ ᠵᠣᠬᠢᠬᠣ ᠬᠡᠮᠵᠢᠶᠡᠨ᠎ᠤ ᠣᠯᠠᠨ ᠲᠦᠮᠡᠨᠴᠢ ᠰᠠᠭᠣᠷᠢ᠎ᠲᠠᠢ ᠮᠦᠰᠦ ᠴᠠᠰᠣᠨ᠎ᠤ ᠪᠡᠶ᠎ᠡ ᠴᠢᠬᠢᠷᠠᠬ᠍ᠵᠢᠭᠣᠯᠬᠣ ᠰᠡᠯᠡᠬᠦᠴᠡᠯ᠎ᠤᠨ ᠲᠦᠷᠦᠯ ᠵᠦᠢ᠍ᠯ᠎ᠢ ᠲᠡᠮᠵᠢᠵᠦ᠂ ᠨᠡᠷᠡᠲᠦ ᠲᠡᠮᠲᠡᠭᠲᠦ ᠮᠦᠰᠦ ᠴᠠᠰᠣᠨ᠎ᠤ ᠬᠦᠲᠡᠯᠭᠡᠭᠡᠨ᠎ᠤ ᠺᠯᠦᠢ᠌ᠪ᠂ ᠮᠦᠰᠦ ᠴᠠᠰᠣᠨ᠎ᠤ ᠬᠦᠲᠡᠯᠭᠡᠭᠡᠨ᠎ᠤ ᠰᠣᠷᠭ᠋ᠠᠭᠣᠯᠢ ᠪᠣᠯᠣᠨ ᠦᠵᠡᠮᠦᠷᠢ ᠵᠢᠨ   ᠴᠢᠨᠠᠷ ᠴᠢᠩᠭ᠎ᠠ᠂ ᠣᠯᠠᠨ ᠲᠦᠮᠡᠨ ᠣᠷᠣᠯᠴᠠᠬᠣ ᠨᠣᠷᠮ᠎ᠠ ᠦᠨᠳᠦᠷ ᠲᠦᠷᠦᠯ ᠲᠡᠮᠲᠡᠭᠲᠦ ᠣᠷᠣᠯᠲᠣᠭ᠋ᠠᠨ᠎ᠤ ᠠᠵᠢᠯᠯᠠᠭ᠎ᠠ ᠵᠢ ᠡᠬᠦᠳᠦᠨ᠎ᠡ᠃ ᠮᠦᠰᠦ ᠴᠠᠰᠣᠨ᠎ᠤ ᠲᠦᠬᠦᠭᠡᠷᠦᠮᠵᠢ ᠪᠣᠯᠣᠨ ᠪᠡᠶ ᠎ᠡ ᠵᠢᠨ ᠲᠠᠮᠢᠷ᠎ᠤᠨ ᠬᠦᠲᠡᠯᠭᠡᠭᠡᠨ᠎ᠤ ᠲᠣᠨᠣᠬᠯᠠᠯ᠎ᠤᠨ ᠠᠵᠦ ᠦᠢ᠍ᠯᠡᠰ᠎ᠢ ᠢᠲᠡᠪᠬᠢᠲᠡᠢ ᠪᠣᠢ᠌ᠵᠢᠭᠣᠯᠵᠦ᠂ ᠲᠡᠬᠦᠨ᠎ᠤ ᠬᠦᠭᠵᠢᠨ ᠪᠣᠵᠠᠭ᠋ᠠᠢ᠌ᠷᠠᠬᠣ ᠵᠢ ᠠᠬᠢᠭᠣᠯᠣᠨ᠎ᠠ᠃ ᠡᠯ᠎ᠠ ᠭᠠᠵᠠᠷ ᠣᠷᠣᠨ ᠲᠣᠬᠠᠢ ᠵᠢᠨ ᠭᠠᠵᠠᠷ᠎ᠤᠨ ᠬᠦᠮᠦᠨ ᠪᠠᠢ᠌ᠭ᠋ᠠᠯᠢ ᠨᠡᠢ᠌ᠭᠡᠮ᠎ᠤᠨ ᠡᠬᠢ ᠪᠠᠶᠠᠯᠢᠬ᠎ᠲᠠᠭᠠᠨ ᠲᠦᠰᠢᠭᠯᠡᠨ ᠣᠯᠠᠨ ᠶᠠᠩᠵᠦ ᠬᠡᠯᠪᠡᠷᠢ ᠪᠦᠬᠦᠢ ᠮᠦᠰᠦ ᠴᠠᠰᠣᠨ᠎ᠤ ᠬᠦᠲᠡᠯᠭᠡᠭᠡᠨ ᠦᠷᠨᠢᠬᠦᠯᠬᠦ ᠵᠢ ᠵᠣᠷᠢᠬ᠍ᠵᠢᠭᠣᠯᠵᠦ᠂ 3 ᠳ᠋ᠦᠩᠰᠢᠭᠣᠷ ᠬᠦᠮᠦᠨ ᠮᠦᠰᠦ ᠴᠠᠰᠣᠨ᠎ᠤ ᠬᠦᠲᠡᠯᠭᠡᠭᠡᠨ᠎ᠳᠤ ᠣᠷᠣᠯᠴᠠᠬᠣ ᠵᠢ ᠪᠡᠶᠡᠯᠡᠬᠦᠯᠦᠨ  ᠂ ᠮᠦᠰᠦ ᠴᠠᠰᠣᠨ᠎ᠤ ᠬᠦᠲᠡᠯᠭᠡᠭᠡᠨ᠎ᠤ ᠣᠯᠠᠨ ᠲᠦᠮᠡᠨᠴᠢ ᠰᠠᠭᠣᠷᠢ ᠵᠢ ᠣᠯᠠᠮ ᠪᠠᠲᠣᠳᠬᠠᠨ᠎ᠠ᠃
      ᠭᠣᠷᠪᠠ᠂ ᠪᠠᠲᠣᠯᠠᠭ᠎ᠠ ᠵᠢᠨ ᠠᠷᠭ᠎ᠠ ᠬᠡᠮᠵᠢᠶ᠎ᠠ
     (ᠠᠷᠪᠠ) ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ᠎ᠤᠨ ᠪᠠᠢ᠌ᠭᠣᠯᠣᠮᠵᠢ ᠵᠢ ᠲᠡᠬᠦᠯᠲᠡᠷᠵᠢᠬᠦᠯᠦᠨ᠎ᠡ᠃ ᠵᠠᠰᠠᠬ᠎ᠤᠨ ᠣᠷᠲᠣᠨ ᠭᠣᠣᠯᠯᠠᠨ ᠣᠲᠣᠷᠢᠳᠬᠣ᠂ ᠰᠠᠯᠠᠭ᠎ᠠ ᠮᠦᠴᠢᠷ ᠬᠠᠮᠵᠢᠯᠴᠠᠬᠣ᠂ ᠪᠦᠬᠦ ᠨᠡᠢ᠌ᠭᠡᠮ ᠵᠶ᠋ᠠᠷ ᠵᠶ᠋ᠠᠨ ᠣᠷᠣᠯᠴᠠᠬᠣ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠣᠬᠢᠶᠠᠨ ᠪᠠᠢ᠌ᠭᠣᠯᠣᠯᠲᠠ ᠵᠢᠨ ᠪᠦᠲᠦᠴᠡ ᠵᠢ ᠴᠢᠩᠭ᠋ᠠᠳᠬᠠᠬᠣ᠎ᠪᠠᠷ ᠲᠠᠮᠵᠢᠭᠣᠯᠣᠨ᠂ ᠡᠯ᠎ᠠ ᠠᠵᠢᠯ ᠲᠦᠷᠦᠯ᠎ᠤᠨ ᠢᠯᠭᠣᠮ ᠣᠷᠣᠬᠰᠢᠲᠠᠢ ᠶᠠᠪᠣᠬᠲᠠᠬᠣ ᠵᠢ ᠠᠬᠢᠭᠣᠯᠣᠨ᠎ᠠ᠃ ᠵᠠᠰᠠᠬ᠎ᠤᠨ ᠣᠷᠲᠣᠨ᠎ᠠᠴᠠ ᠰᠢᠨᠵᠢᠯᠡᠬᠦ ᠣᠬᠠᠭ᠋ᠠᠨᠴᠢ᠎ᠪᠠᠷ ᠨᠢᠭᠡᠲᠦᠯᠲᠡᠢ ᠲᠦᠯᠦᠪᠵᠢᠬᠦᠯᠦᠨ᠂ ᠵᠣᠬᠢᠰᠲᠠᠢ ᠪᠠᠢ᠌ᠷᠢᠯᠠᠭᠣᠯᠬᠣ ᠵᠠᠷᠴᠢᠮ ᠶᠣᠰᠣᠭ᠋ᠠᠷ᠂ ᠬᠣᠷᠸ᠎ᠠ ᠲᠣᠬᠢᠷᠠᠭᠣᠯᠣᠯᠲᠠ᠂   ᠲᠦᠷᠦ ᠵᠢᠨ ᠪᠣᠲᠣᠯᠭ᠎ᠠ ᠲᠣᠬᠲᠠᠭ᠋ᠠᠬᠣ᠂ ᠡᠬᠢ ᠪᠠᠶᠠᠯᠢᠬ᠎ᠢ ᠨᠡᠢ᠌ᠳᠭᠡᠨ ᠬᠣᠪᠢᠶᠠᠷᠢᠯᠠᠬᠣ᠂ ᠠᠵᠢᠯ᠎ᠳᠤ   ᠬᠢᠨᠠᠯᠲᠠ ᠲᠠᠯᠪᠢᠨ ᠦᠨᠡᠯᠡᠬᠦ ᠪᠠ ᠰᠠᠯᠠᠭ᠎ᠠ ᠮᠦᠴᠢᠷ ᠠᠯᠣᠰᠯᠠᠬᠰᠠᠨ ᠬᠣᠯᠪᠣᠭ᠋ᠠᠯᠠᠯ᠎ᠢ ᠵᠣᠬᠢᠴᠠᠭᠣᠯᠬᠣ ᠵᠢ ᠰᠠᠢ᠌ᠲᠣᠷ ᠬᠢᠨ᠎ᠡ; ᠡᠯ᠎ᠠ ᠬᠣᠯᠪᠣᠬᠲᠠᠯ ᠪᠦᠬᠦᠢ ᠰᠠᠯᠠᠭ᠎ᠠ ᠮᠦᠴᠢᠷ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ ᠪᠣᠯᠣᠨ ᠣᠲᠣᠬᠠᠨ᠎ᠤ ᠲᠦᠷᠦ ᠵᠢᠨ ᠪᠣᠲᠣᠯᠭ᠎ᠠ᠂ ᠬᠠᠷᠠᠯᠲᠠ᠂ ᠡᠬᠦᠷᠭᠡ ᠵᠢ ᠬᠠᠷᠢᠯᠴᠠᠨ ᠣᠶᠠᠯᠲᠣᠭᠣᠯᠣᠨ ᠠᠪᠴᠠᠯᠲᠣᠭᠣᠯᠵᠦ᠂ ᠡᠷᠭᠡ ᠡᠬᠦᠷᠭᠡ ᠵᠢᠨ ᠬᠣᠪᠢᠶᠠᠷᠢᠯᠠᠯ ᠶᠣᠰᠣᠭ᠋ᠠᠷ ᠠᠵᠢᠯ᠎ᠤᠨ ᠲᠦᠯᠦᠪᠵᠢᠬᠦᠯᠭᠡ ᠲᠣᠬᠲᠠᠭ᠋ᠠᠨ᠂ ᠡᠬᠦᠷᠭᠡ ᠵᠢ ᠨᠠᠢ᠌ᠲᠠᠪᠣᠷᠢᠵᠢᠭᠣᠯᠣᠨ᠎ᠠ; ᠣᠶᠣᠨ᠎ᠤ ᠬᠦᠮᠦᠷᠭᠡ᠎ᠨᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ᠎ᠲᠠᠢ ᠬᠣᠯᠪᠣᠭ᠎ᠠ ᠪᠦᠬᠦᠢ ᠴᠢᠬᠣᠯᠠ ᠠᠵᠢᠯ᠂ ᠬᠦᠨᠲᠦ ᠴᠢᠬᠣᠯᠠ ᠲᠦᠷᠦᠯ ᠵᠦᠢ᠍ᠯ᠎ᠳᠤ ᠠᠰᠠᠭᠣᠨ ᠯᠠᠪᠯᠠᠭ᠎ᠠ ᠵᠢᠨ ᠦᠢ᠍ᠯᠡᠴᠢᠯᠡᠭᠡ ᠬᠠᠩᠭ᠋ᠠᠵᠦ ᠲᠡᠭᠡᠲᠦ ᠲᠡᠰ᠎ᠤᠨ ᠵᠢᠷᠣᠬ ᠲᠦᠯᠦᠪᠯᠡᠭᠡ ᠪᠣᠯᠣᠨ ᠠᠵᠢᠯ᠎ᠤᠨ ᠨᠠᠢ᠌ᠲᠠᠪᠣᠷᠢᠵᠢᠭᠣᠯᠣᠯᠲᠠ᠎ᠳᠤ ᠦᠢ᠍ᠯᠡᠲᠦᠯ ᠵᠶ᠋ᠠᠨ ᠪᠠᠲᠠᠷᠠᠭᠣᠯᠵᠦ ᠪᠣᠯᠣᠨ᠎ᠠ; ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ᠎ᠨᠢ ᠡᠳᠦᠷ ᠲᠣᠲᠣᠮ᠎ᠤᠨ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠢ ᠬᠦᠲᠦᠯᠦᠨ ᠵᠢᠯᠣᠭᠣᠳᠬᠣ᠂ ᠪᠣᠯᠪᠠᠰᠣᠷᠠᠯ᠂ ᠵᠣᠬᠢᠶᠠᠨ ᠪᠠᠢ᠌ᠭᠣᠯᠬᠣ ᠪᠠ ᠪᠡᠶ᠎ᠡ ᠵᠢᠨ ᠲᠠᠮᠢᠷ᠎ᠤᠨ ᠣᠷᠣᠯᠲᠣᠭ᠋ᠠᠨ᠎ᠢ ᠡᠷᠬᠢᠯᠡᠬᠦ ᠵᠡᠷᠭᠡ ᠲᠠᠯ᠎ᠠ᠎ᠪᠠᠷ ᠦᠢ᠍ᠯᠡᠲᠦᠯ ᠵᠶ᠋ᠠᠨ ᠪᠠᠲᠠᠷᠠᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠲᠣᠬᠲᠠᠯᠴᠠᠭ᠎ᠠ ᠵᠢᠨ ᠪᠠᠢ᠌ᠭᠣᠯᠣᠯᠲᠠ᠎ᠳᠤ ᠢᠲᠡᠪᠬᠢᠲᠡᠢ ᠣᠷᠣᠯᠴᠠᠨ᠎ᠠ᠃ ᠡᠷᠡᠬᠦᠯ ᠴᠢᠬᠢᠷᠠᠬ ᠵᠶ᠋ᠠᠷ   ᠭᠤᠤᠯ ᠰᠡᠲᠦᠪ ᠪᠣᠯᠭ᠋ᠠᠵᠦ᠂ ᠦᠨᠳᠦᠰᠦᠨ ᠱᠠᠲᠣᠨ᠎ᠤ ᠰᠣᠷᠲᠠᠯ ᠣᠬᠠᠭᠣᠯᠭ᠎ᠠ᠂ ᠡᠷᠡᠬᠦᠯ ᠬᠠᠮᠠᠭ᠋ᠠᠯᠠᠯ ᠲᠦᠯᠦᠪᠯᠡᠭᠡᠲᠦ ᠦᠷᠡᠵᠢᠯ᠂ ᠰᠣᠶᠣᠯ᠂ ᠰᠣᠷᠭ᠋ᠠᠨ ᠬᠦᠮᠦᠵᠢᠯ᠂ ᠠᠷᠠᠳ᠎ᠤᠨ ᠶᠠᠪᠣᠲᠠᠯ᠂ ᠨᠠᠰᠣᠵᠢᠯ᠂ ᠵᠡᠮᠲᠡᠭᠴᠦᠳ᠎ᠤᠨ ᠬᠣᠯᠪᠣᠭ᠎ᠠ᠂ ᠵᠣᠭ᠋ᠠᠴᠠᠯ ᠵᠡᠷᠭᠡ ᠰᠠᠯᠠᠭ᠎ᠠ ᠮᠦᠴᠢᠷ᠎ᠤᠨ ᠠᠵᠢᠯ᠎ᠢ ᠨᠡᠢ᠌ᠳᠭᠡᠵᠦ᠂ ᠵᠡᠭᠡᠯᠢ ᠭᠣᠲᠣᠮᠵᠢ᠂ ᠰᠢᠶᠠᠩ ᠪᠠᠯᠭ᠋ᠠᠰᠣ ᠵᠢᠨ ᠲᠠᠪᠬᠣᠷᠭ᠎ᠠ᠎ᠳᠤ ᠡᠷᠡᠬᠦᠯ ᠮᠡᠨᠲᠦ ᠵᠢ ᠠᠬᠢᠭᠣᠯᠬᠣ ᠦᠢ᠍ᠯᠡᠴᠢᠯᠡᠭᠡᠨ᠎ᠤ ᠲᠦᠪ ᠪᠠᠢ᠌ᠭᠣᠯᠬᠣ ᠵᠢ ᠬᠠᠢ᠌ᠨ ᠰᠦᠪᠡᠭᠴᠢᠯᠡᠨ᠎ᠡ᠃
      (ᠠᠷᠪᠠᠨ ᠨᠢᠭᠡ)  ᠪᠡᠯᠡ ᠣᠷᠣᠭᠣᠯᠣᠯᠲᠠ ᠪᠣᠯᠣᠨ ᠪᠠᠲᠣᠯᠠᠭ᠎ᠠ᠎ᠪᠠᠨ ᠨᠡᠮᠡᠭᠲᠡᠬᠦᠯᠦᠨ᠎ᠡ᠃ ᠣᠯᠠᠨ ᠡᠰᠢᠲᠦ ᠪᠡᠯᠡ ᠮᠦᠩᠬᠦ ᠬᠣᠷᠠᠮᠲᠣᠭᠣᠯᠬᠣ ᠲᠣᠬᠲᠠᠴᠠ ᠵᠢ ᠪᠠᠢ᠌ᠭᠣᠯᠣᠨ᠂ ᠪᠡᠯᠡ ᠣᠷᠣᠭᠣᠯᠵᠦ ᠪᠡᠯᠡ ᠬᠣᠷᠠᠮᠲᠣᠭᠣᠯᠬᠣ ᠵᠢᠯᠣᠭᠣᠳᠬᠣ ᠲᠦᠷᠦ ᠵᠢᠨ ᠪᠣᠲᠣᠯᠭ᠎ᠠ ᠵᠢ ᠰᠢᠯᠢᠲᠡᠭᠵᠢᠬᠦᠯᠦᠨ᠂ ᠡᠳ᠋᠎ᠤᠨ ᠵᠠᠰᠠᠬ᠎ᠤᠨ ᠭᠠᠢ᠌ᠯᠢ ᠵᠡᠷᠭᠡ ᠡᠯ᠎ᠡ ᠵᠦᠢ᠍ᠯ᠎ᠤᠨ ᠬᠠᠷᠠᠭ᠋ᠠᠯᠵᠠᠯ᠎ᠤᠨ ᠲᠦᠷᠦ ᠵᠢᠨ ᠪᠣᠲᠣᠯᠭ᠎ᠠ ᠵᠢ ᠠᠬᠢᠭᠣᠯᠵᠦ ᠨᠠᠢ᠌ᠲᠠᠪᠣᠷᠢᠵᠢᠭᠣᠯᠣᠨ᠎ᠠ᠃ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠵᠠᠰᠠᠬ᠎ᠤᠨ ᠣᠷᠲᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠠᠵᠢᠯ᠎ᠤᠨ ᠬᠣᠯᠪᠣᠬᠲᠠᠯ ᠪᠦᠬᠦᠢ ᠵᠠᠷᠣᠲᠠᠯ᠎ᠢ ᠡᠳ᠋᠎ᠤᠨ ᠵᠠᠰᠠᠬ᠎ᠤᠨ ᠲᠦᠰᠦᠪ᠎ᠲᠤ ᠣᠷᠣᠭᠣᠯᠬᠣ ᠵᠢᠨ ᠬᠠᠮᠲᠣ ᠣᠯᠣᠰ ᠠᠷᠠᠳ᠎ᠤᠨ ᠠᠵᠦ ᠠᠬᠣᠢ ᠵᠢᠨ ᠬᠦᠭᠵᠢᠯᠲᠡ ᠵᠢ ᠲᠠᠭ᠋ᠠᠯᠲᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠡᠯᠡ ᠣᠷᠣᠭᠣᠯᠣᠯᠲᠠ᠎ᠪᠠᠨ ᠠᠭ᠋ᠠᠵᠢᠮ ᠵᠶ᠋ᠠᠷ ᠨᠡᠮᠡᠭᠲᠡᠬᠦᠯᠦᠨ᠎ᠡ᠃ ᠵᠣᠬᠢᠬᠣ ᠬᠠᠷᠢᠴᠠᠯ ᠪᠦᠬᠦᠢ ᠯᠣᠲ᠋ᠧᠧᠷᠢ ᠵᠢᠨ ᠨᠡᠢ᠌ᠲᠡ ᠵᠢᠨ ᠠᠰᠠᠷᠠᠮᠵᠢ ᠵᠢᠨ ᠮᠦᠩᠬᠦ ᠵᠡᠷᠭᠡ ᠡᠳ᠋᠎ᠤᠨ ᠵᠠᠰᠠᠬ᠎ᠤᠨ ᠪᠡᠯᠡ ᠮᠦᠩᠬᠦ ᠲᠣᠬᠢᠷᠠᠭᠣᠯᠵᠦ᠂ ᠪᠡᠶ᠎ᠡ ᠵᠢᠨ ᠲᠠᠮᠢᠷ᠎ᠤᠨ ᠲᠠᠯᠠᠪᠣᠷ᠎ᠤᠨ ᠲᠦᠬᠦᠭᠡᠷᠦᠮᠵᠢ ᠪᠠᠢ᠌ᠭᠣᠯᠬᠣ ᠲᠣᠰᠬᠠᠢ ᠲᠦᠷᠦᠯ᠎ᠤᠨ ᠪᠡᠯᠡ ᠣᠷᠣᠭᠣᠯᠣᠯᠲᠠ ᠵᠢᠨ ᠰᠠᠭᠣᠷᠢ ᠮᠦᠩᠬᠦ ᠭᠠᠷᠭ᠋ᠠᠬᠣ ᠪᠠ ᠵᠠᠰᠠᠬ᠎ᠤᠨ ᠣᠷᠲᠣᠨ᠎ᠠᠴᠠ ᠦᠢ᠍ᠯᠡᠴᠢᠯᠡᠭᠡ ᠵᠢ ᠬᠣᠲᠠᠯᠲᠣᠨ ᠠᠪᠬᠣ ᠵᠡᠷᠭᠡ ᠬᠡᠯᠪᠡᠷᠢ᠎ᠪᠠᠷ ᠲᠠᠮᠵᠢᠭᠣᠯᠣᠨ ᠨᠡᠢ᠌ᠭᠡᠮ᠎ᠤᠨ ᠬᠦᠴᠦᠨ᠎ᠤ ᠪᠡᠯᠡ ᠣᠷᠣᠭᠣᠯᠣᠯᠲᠠ ᠬᠢᠵᠦ ᠪᠡᠶ᠎ᠡ ᠵᠢᠨ ᠲᠠᠮᠢᠷ᠎ᠤᠨ ᠲᠠᠯᠠᠪᠣᠷ ᠲᠦᠬᠦᠭᠡᠷᠦᠮᠵᠢ ᠪᠠᠢ᠌ᠭᠣᠯᠬᠣ ᠵᠢ ᠵᠣᠷᠢᠬ᠍ᠵᠢᠭᠣᠯᠵᠦ᠂ ᠣᠯᠠᠨ ᠲᠦᠮᠡᠨ᠎ᠤ ᠪᠡᠶ᠎ᠡ ᠴᠢᠬᠢᠷᠠᠬ᠍ᠵᠢᠭᠣᠯᠬᠣ ᠬᠡᠷᠡᠭᠯᠡᠭᠡ ᠵᠢ ᠲᠡᠮᠵᠢᠨ᠎ᠡ᠃ ᠵᠠᠰᠠᠬ᠎ᠤᠨ ᠣᠷᠲᠣᠨ᠎ᠠᠴᠠ ᠦᠢ᠍ᠯᠡᠴᠢᠯᠡᠭᠡ ᠵᠢ ᠬᠣᠲᠠᠯᠲᠣᠨ ᠠᠪᠣᠬᠰᠠᠨ ᠶᠡᠷᠦᠩᠭᠡᠢ ᠱᠠᠭ᠋ᠠᠷᠲᠠᠯᠭ᠎ᠠ ᠪᠣᠯᠣᠨ ᠬᠠᠮᠢᠶ᠎ᠠ ᠪᠦᠬᠦᠢ ᠲᠣᠬᠲᠠᠭ᠋ᠠᠯ᠎ᠢ ᠦᠨᠳᠦᠰᠦᠯᠡᠵᠦ᠂   ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡ ᠵᠢ ᠬᠣᠲᠠᠯᠲᠣᠨ ᠠᠪᠣᠬᠰᠠᠨ   ᠭᠠᠷᠴᠠᠭ ᠠᠷᠭ᠎ᠠ ᠬᠡᠮᠵᠢᠶ᠎ᠡ ᠪᠣᠯᠣᠨ ᠬᠡᠷᠡᠭᠵᠢᠬᠦᠯᠬᠦ ᠨᠠᠷᠢᠨ ᠲᠦᠷᠢᠮ ᠲᠣᠬᠲᠠᠭ᠋ᠠᠵᠦ᠂ ᠦᠨᠳᠦᠰᠦᠨ ᠱᠠᠲᠣᠨ᠎ᠤ ᠪᠡᠶ᠎ᠡ ᠴᠢᠬᠢᠷᠠᠬ᠍ᠵᠢᠭᠣᠯᠬᠣ ᠵᠣᠬᠢᠶᠠᠨ ᠪᠠᠢ᠌ᠭᠣᠯᠣᠯᠲᠠ ᠪᠣᠯᠣᠨ ᠪᠡᠶ᠎ᠡ ᠴᠢᠬᠢᠷᠠᠬ᠍ᠵᠢᠭᠣᠯᠬᠣ ᠣᠷᠣᠯᠲᠣᠭ᠋ᠠᠨ ᠵᠡᠷᠭᠡ ᠵᠢ ᠬᠣᠲᠠᠯᠲᠣᠨ ᠠᠪᠬᠣ ᠬᠠᠷᠢᠴᠠᠯ᠎ᠢ ᠨᠡᠮᠡᠭᠲᠡᠬᠦᠯᠦᠨ᠎ᠡ᠃ ᠲᠦᠪ᠎ᠠᠴᠠ ᠰᠢᠯᠵᠢᠬᠦᠯᠦᠨ ᠦᠭᠬᠦ ᠬᠡᠯᠪᠡᠷᠢ ᠵᠢ ᠲᠡᠬᠦᠯᠲᠡᠷᠵᠢᠬᠦᠯᠵᠦ᠂ ᠣᠷᠣᠨ ᠨᠣᠲᠣᠬ᠎ᠤᠨ ᠵᠠᠰᠠᠬ᠎ᠤᠨ ᠣᠷᠲᠣᠨ᠎ᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ᠎ᠳᠠᠬᠢ ᠡᠳ᠋᠎ᠤᠨ ᠵᠠᠰᠠᠬ᠎ᠤᠨ ᠪᠡᠯᠡ ᠣᠷᠣᠭᠣᠯᠣᠯᠲᠠ ᠵᠢ ᠵᠣᠷᠢᠬ᠍ᠵᠢᠭᠣᠯᠣᠨ ᠬᠦᠲᠦᠯᠦᠨ ᠵᠢᠯᠣᠭᠣᠲᠣᠨ᠎ᠠ᠃ ᠨᠡᠢ᠌ᠲᠡ ᠵᠢᠨ ᠠᠰᠠᠷᠠᠮᠵᠢ ᠵᠢᠨ ᠴᠢᠨᠠᠷᠲᠠᠢ ᠭᠠᠢ᠌ᠯᠢ᠎ᠠᠴᠠ ᠡᠮᠦᠨ᠎ᠡ   ᠪᠡᠯᠡᠭᠯᠡᠵᠦ ᠬᠦᠷᠭᠡᠭᠰᠡᠨ᠎ᠢ ᠬᠠᠰᠣᠵᠦ ᠬᠡᠯᠲᠦᠷᠢᠬᠦᠯᠬᠦ ᠲᠦᠷᠦ ᠵᠢᠨ ᠪᠣᠲᠣᠯᠭ᠎ᠠ ᠵᠢ ᠨᠠᠢ᠌ᠲᠠᠪᠣᠷᠢᠵᠢᠭᠣᠯᠵᠦ᠂ ᠠᠷᠠᠳ ᠣᠯᠠᠨ᠎ᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠲᠤ ᠬᠠᠨᠳᠢᠪᠯᠠᠵᠦ ᠲᠣᠰᠠᠯᠠᠬᠣ ᠵᠢ ᠵᠢᠯᠣᠭᠣᠲᠣᠨ᠎ᠠ᠃ ᠨᠡᠢ᠌ᠭᠡᠮ᠎ᠤᠨ ᠬᠦᠴᠦᠨ᠎ᠤ ᠨᠠᠢ᠌ᠲᠠ ᠵᠢᠨ ᠠᠰᠠᠷᠠᠮᠵᠢ ᠵᠢᠨ ᠴᠢᠨᠠᠷᠲᠠᠢ ᠵᠣᠬᠢᠶᠠᠨ ᠪᠠᠢ᠌ᠭᠣᠯᠣᠯᠲᠠ ᠪᠣᠯᠣᠨ ᠡᠰᠡᠬᠦᠯ᠎ᠠ ᠰᠢᠶᠠᠨ᠎ᠤ ᠱᠠᠲᠣᠨ᠎ᠠᠴᠠ ᠲᠡᠭᠡᠭᠰᠢᠬᠢ ᠠᠷᠠᠳ᠎ᠤᠨ ᠵᠠᠰᠠᠬ᠎ᠤᠨ ᠣᠷᠲᠣᠨ ᠪᠣᠯᠣᠨ ᠲᠡᠬᠦᠨ᠎ᠤ ᠰᠠᠯᠠᠭ᠎ᠠ ᠮᠦᠴᠢᠷ ᠵᠶ᠋ᠠᠷ ᠲᠠᠮᠵᠢᠭᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠲᠤ ᠬᠠᠨᠳᠢᠪᠯᠠᠬᠰᠠᠨ ᠨᠡᠢ᠌ᠲᠡ ᠵᠢᠨ ᠠᠰᠠᠷᠠᠮᠵᠢ ᠵᠢᠨ ᠴᠢᠨᠠᠷᠲᠠᠢ ᠬᠠᠨᠳᠢᠪ᠎ᠤᠨ ᠭᠠᠢ᠌ᠯᠢ ᠵᠢᠨ ᠬᠠᠣᠯᠢ ᠵᠢᠨ ᠲᠣᠬᠲᠠᠭ᠋ᠠᠯ᠎ᠳᠤ ᠨᠡᠢ᠌ᠢ᠍ᠴᠡᠬᠦ ᠬᠡᠰᠡᠭ᠎ᠢ ᠠᠵᠦ ᠠᠬᠣᠢ᠌ᠯᠠᠯ᠎ᠤᠨ ᠠᠰᠢᠬ ᠣᠯᠵᠠᠪᠣᠷᠢ ᠵᠢᠨ ᠭᠠᠢ᠌ᠯᠢ ᠪᠣᠯᠣᠨ ᠬᠣᠪᠢ ᠬᠦᠮᠦᠨ᠎ᠤ ᠠᠰᠢᠬ ᠣᠯᠵᠠᠪᠣᠷᠢ ᠵᠢᠨ ᠭᠠᠢ᠌ᠯᠢ ᠵᠢ ᠪᠣᠲᠣᠬᠣ ᠦᠶᠡᠰ ᠲᠡᠬᠦᠨ᠎ᠤ ᠲᠣᠰᠢᠶᠠᠬᠣ ᠶᠣᠰᠣᠲᠠᠢ ᠭᠠᠢ᠌ᠢ᠍ᠯᠢ ᠵᠢᠨ ᠬᠡᠰᠡᠭ᠎ᠠᠴᠠ ᠬᠠᠰᠣᠨ᠎ᠠ᠃
      (ᠠᠷᠪᠠᠨ ᠬᠣᠶᠠᠷ) ᠪᠦᠬᠦ ᠠᠷᠠᠳ᠎ᠤᠨ ᠪᠡᠶ ᠎ᠡ ᠴᠢᠬᠢᠷᠠᠬ᠍ᠵᠢᠭᠣᠯᠬᠣ ᠰᠢᠯᠭ᠋ᠠᠨ ᠦᠨᠡᠯᠡᠬᠦ ᠲᠣᠬᠲᠠᠴᠠᠯᠭ᠎ᠠ ᠪᠠᠢ᠌ᠭᠣᠯᠣᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠠᠮᠢᠶ᠎ᠠ ᠪᠦᠬᠦᠢ ᠲᠦᠷᠢᠮᠵᠢᠯ ᠪᠣᠯᠣᠨ ᠰᠢᠯᠭ᠋ᠠᠨ ᠦᠨᠡᠯᠡᠬᠦ ᠪᠠᠷᠢᠮᠵᠢᠶ᠎ᠠ ᠲᠣᠬᠲᠠᠭ᠋ᠠᠵᠦ᠂ ᠵᠠᠰᠠᠬ᠎ᠤᠨ ᠣᠷᠲᠣᠨ᠂ ᠨᠡᠢ᠌ᠭᠡᠮ᠂ ᠲᠣᠰᠬᠠᠢ ᠮᠡᠷᠭᠡᠵᠢᠯᠲᠡᠨ ᠵᠡᠷᠭᠡ ᠣᠯᠠᠨ ᠲᠠᠯ᠎ᠠ ᠵᠢᠨ ᠬᠦᠴᠦᠨ ᠬᠠᠮᠲᠣᠷᠠᠨ ᠵᠣᠬᠢᠶᠠᠨ ᠪᠠᠢ᠌ᠭᠣᠯᠣᠬᠰᠠᠨ ᠠᠵᠢᠯ᠎ᠤᠨ ᠲᠠᠪᠴᠠᠩ᠎ᠢ ᠪᠠᠢ᠌ᠭᠣᠯᠵᠦ᠂ ᠣᠯᠠᠨ ᠲᠡᠰ ᠲᠠᠪᠬᠣᠷᠭ᠎ᠠ᠂   ᠤᠯᠠᠨ ᠭᠣᠣᠯ ᠴᠣᠬ᠍ᠴᠠ᠂ ᠣᠯᠠᠨ ᠪᠠᠢ᠌ᠷᠢ ᠬᠠᠷᠠᠭ᠋ᠠᠰᠣ ᠵᠢᠨ ᠠᠷᠭ᠎ᠠ ᠬᠡᠯᠡᠪᠷᠢ᠎ᠪᠠᠷ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠭᠵᠢᠯᠲᠡ ᠵᠢᠨ ᠲᠦᠪᠰᠢᠨ᠎ᠳᠤ ᠪᠣᠰᠣᠭ᠎ᠠ ᠴᠣᠬ᠍ᠴᠠᠵᠢᠬᠰᠠᠨ ᠰᠢᠯᠭ᠋ᠠᠨ ᠦᠨᠡᠯᠡᠯᠲᠡ ᠬᠢᠵᠦ᠂ ᠡᠯ᠎ᠡ ᠲᠦᠷᠦᠯ᠎ᠤᠨ ᠵᠠᠭᠣᠴᠢᠯᠠᠭᠣᠷ᠎ᠤᠨ ᠬᠢᠨᠠᠯᠲᠠ ᠲᠠᠯᠪᠢᠬᠣ ᠦᠢ᠍ᠯᠡᠲᠦᠯ᠎ᠢ ᠭᠣᠣᠯ ᠪᠠᠲᠠᠷᠠᠭᠣᠯᠣᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠢᠯᠭ᠋ᠠᠨ ᠦᠨᠡᠯᠡᠬᠦ ᠬᠦᠢ᠍ᠴᠡᠳᠭᠡᠯ ᠲᠣᠭ᠎ᠠ ᠵᠢ ᠣᠶᠣᠨ᠎ᠤ ᠪᠣᠯᠪᠠᠰᠣᠨ᠎ᠤ ᠪᠠᠢ᠌ᠭᠣᠯᠣᠯᠲᠠ ᠵᠢᠴᠢ ᠪᠦᠬᠦ ᠣᠯᠣᠰ᠎ᠤᠨ ᠪᠣᠯᠪᠠᠰᠣᠨ ᠬᠣᠲᠠ᠂ ᠪᠣᠯᠪᠠᠰᠣᠨ ᠲᠣᠰᠬᠣᠨ ᠪᠠᠯᠭ᠋ᠠᠰᠣ᠂ ᠪᠣᠯᠪᠠᠰᠣᠨ ᠨᠢᠭᠡᠴᠡ᠂ ᠪᠣᠯᠪᠠᠰᠣᠨ ᠭᠡᠷ ᠪᠦᠯᠢ ᠪᠣᠯᠣᠨ ᠪᠣᠯᠪᠠᠰᠣᠨ ᠰᠣᠷᠭ᠋ᠠᠭᠣᠯᠢ ᠵᠢ ᠡᠬᠦᠲᠦᠨ ᠪᠠᠢ᠌ᠭᠣᠯᠬᠣ ᠠᠵᠢᠯᠯᠠᠭ᠎ᠠ ᠵᠢᠨ ᠠᠭᠣᠯᠭ᠎ᠠ ᠪᠣᠯᠭ᠋ᠠᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ   ᠨᠡᠢ᠌ᠲᠡ ᠵᠢᠨ ᠦᠢ᠍ᠯᠡᠴᠢᠯᠡᠭᠡ ᠵᠢᠨ ᠬᠠᠮᠢᠶ᠎ᠠ ᠪᠦᠬᠦᠢ ᠠᠭᠣᠯᠭ᠎ᠠ ᠵᠢ ᠣᠯᠣᠰ᠎ᠤᠨ ᠦᠨᠳᠦᠰᠦᠨ ᠣᠯᠠᠨ ᠨᠡᠢ᠌ᠲᠡ ᠵᠢᠨ ᠦᠢ᠍ᠯᠡᠴᠢᠯᠡᠭᠡ ᠪᠣᠯᠣᠨ ᠣᠲᠣ ᠦᠶ᠎ᠡ ᠵᠢᠨ ᠣᠯᠠᠨ ᠨᠡᠢ᠌ᠲᠡ ᠵᠢᠨ ᠰᠣᠶᠣᠯ ᠦᠢ᠍ᠯᠡᠴᠢᠯᠡᠭᠡ ᠵᠢᠨ ᠲᠣᠬᠲᠠᠯᠴᠠᠭ᠎ᠠ᠎ᠳᠤ ᠣᠷᠣᠭᠣᠯᠣᠨ᠎ᠠ᠃ ᠪᠦᠬᠦ ᠠᠷᠠᠳ᠎ᠤᠨ ᠪᠡᠶ᠎ᠡ   ᠴᠢᠬᠢᠷᠠᠭᠵᠢᠭᠤᠯᠬᠤ ᠬᠦᠭᠵᠢᠯᠲᠡ ᠵᠢᠨ ᠭᠣᠣᠯᠯᠠᠬᠣ ᠬᠦᠢ᠍ᠴᠡᠳᠭᠡᠯ ᠲᠣᠭ᠎ᠠ᠂ ᠰᠢᠯᠭ᠋ᠠᠨ ᠦᠨᠡᠯᠡᠬᠦ ᠪᠠᠷᠢᠮᠵᠢᠶ᠎ᠠ ᠪᠣᠯᠣᠨ ᠬᠢᠨᠠᠨ ᠬᠡᠮᠵᠢᠬᠦ ᠠᠷᠭ᠎ᠠ ᠵᠢ ᠴᠢᠨᠠᠬᠰᠢᠲᠠ ᠲᠣᠲᠣᠷᠬᠠᠢ᠌ᠯᠠᠵᠦ᠂ ᠡᠯ᠎ᠠ ᠭᠠᠵᠠᠷ ᠣᠷᠣᠨ᠎ᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠭᠵᠢᠯᠲᠡ ᠵᠢᠨ ᠬᠢᠷᠢ ᠲᠦᠪᠰᠢᠨ᠎ᠢ ᠬᠡᠮᠵᠢᠶᠡᠯᠡᠬᠦ᠎ᠳᠤ ᠰᠢᠨᠵᠢᠯᠡᠬᠦ ᠣᠬᠠᠭ᠋ᠠᠨᠴᠢ ᠦᠨᠳᠦᠰᠦᠯᠡᠯ ᠬᠠᠩᠭ᠋ᠠᠨ᠎ᠠ᠃ ᠪᠦᠬᠦ ᠣᠯᠣᠰ᠎ᠤᠨ ᠪᠦᠬᠦ ᠠᠷᠠᠳ᠎ᠤᠨ ᠪᠡᠶ᠎ᠡ ᠴᠢᠬᠢᠷᠠᠭᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠲᠣᠬᠲᠠᠯᠴᠠᠭ᠎ᠠ ᠵᠢ ᠪᠠᠢ᠌ᠭᠣᠯᠬᠣ ᠵᠢᠯᠣᠭᠣᠳᠬᠣ ᠪᠠᠷᠢᠮᠵᠢᠶ᠎ᠠ ᠭᠠᠷᠭ᠋ᠠᠵᠦ᠂ ᠡᠯ᠎ᠠ ᠭᠠᠵᠠᠷ ᠣᠷᠣᠨ ᠪᠣᠲᠠᠲᠣ ᠪᠠᠢ᠌ᠲᠠᠯ᠎ᠲᠠᠢ᠎ᠪᠠᠨ ᠣᠶᠠᠯᠲᠣᠭᠣᠯᠵᠦ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠲᠣᠬᠲᠠᠯᠴᠠᠭ᠎ᠠ ᠵᠢᠨ ᠣᠷᠣᠨ ᠨᠣᠲᠣᠬ᠎ᠤᠨ ᠪᠠᠷᠢᠮᠵᠢᠶ᠎ᠠ ᠲᠣᠬᠲᠠᠭ᠋ᠠᠬᠣ ᠵᠢ ᠵᠣᠷᠢᠬ᠍ᠵᠢᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠨᠳᠦᠰᠦᠨ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠲᠡᠩᠴᠡᠬᠦᠷᠢᠰᠢᠯᠲᠠ᠂ ᠪᠠᠷᠢᠮᠵᠢᠶᠠᠵᠢᠯᠲᠠ ᠵᠢ ᠠᠬᠢᠭᠣᠯᠣᠨ᠎ᠠ᠃ ᠡᠯ᠎ᠠ ᠭᠠᠵᠠᠷ ᠣᠷᠣᠨ ᠦᠪᠡᠷᠮᠢᠴᠡ ᠡᠬᠢ ᠪᠠᠶᠠᠯᠢᠬ᠎ᠲᠠᠭᠠᠨ ᠲᠦᠰᠢᠭᠯᠡᠵᠦ᠂ ᠪᠡᠶ᠎ᠡ ᠵᠢᠨ ᠲᠠᠮᠢᠷ᠎ᠤᠨ ᠣᠨᠴᠠᠯᠢᠬᠲᠣ ᠬᠣᠲᠠ᠂ ᠪᠡᠶ᠎ᠡ ᠵᠢᠨ ᠲᠠᠮᠢᠷ᠎ᠢ ᠠᠮᠢᠲᠣᠷᠠᠯ᠎ᠳᠤ ᠣᠢ᠌ᠷᠠᠲᠣᠭᠣᠯᠣᠬᠰᠠᠨ ᠵᠡᠭᠡᠯᠢ ᠭᠣᠲᠣᠮᠵᠢ (ᠰᠢᠶᠠᠩ ᠪᠠᠯᠭ᠋ᠠᠰᠣ) ᠪᠣᠯᠣᠨ ᠪᠡᠶ᠎ᠡ ᠵᠢᠨ ᠲᠠᠮᠢᠷ᠎ᠢ ᠠᠮᠢᠲᠣᠷᠠᠯ᠎ᠳᠤ ᠣᠢ᠌ᠷᠠᠲᠣᠭᠣᠯᠣᠬᠰᠠᠨ ᠨᠡᠢ᠌ᠭᠡᠮ ᠲᠣᠭᠣᠷᠢᠬ (ᠲᠣᠰᠬᠣᠨ) ᠡᠬᠦᠲᠦᠨ ᠪᠠᠢ᠌ᠭᠣᠯᠬᠣ ᠵᠢ ᠵᠣᠷᠢᠬ᠍ᠵᠢᠭᠣᠯᠣᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠣᠭ᠎ᠠ ᠪᠦᠷᠢᠳᠭᠡᠯ᠎ᠤᠨ ᠲᠦᠷᠢᠮ᠎ᠢ ᠦᠷᠬᠦᠯᠵᠢᠯᠡᠨ ᠲᠡᠬᠦᠯᠲᠡᠷᠵᠢᠬᠦᠯᠵᠦ᠂ ᠪᠡᠶ᠎ᠡ ᠵᠢᠨ ᠲᠠᠮᠢᠷ᠎ᠤᠨ ᠲᠠᠯᠠᠪᠣᠷ᠎ᠤᠨ ᠨᠡᠢ᠌ᠲᠡᠮ ᠪᠠᠢ᠌ᠴᠠᠭ᠋ᠠᠯᠲᠠ᠂ ᠠᠷᠠᠳ ᠢᠷᠭᠡᠳ᠎ᠤᠨ ᠪᠠᠶ᠎ᠠ ᠮᠠᠬᠠᠪᠣᠳ᠎ᠤᠨ ᠴᠢᠨᠠᠷ ᠴᠢᠨᠰᠠᠭ᠎ᠠ ᠵᠢᠨ ᠬᠡᠮᠵᠢᠯᠲᠡ ᠵᠢᠴᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠪᠠᠢ᠌ᠲᠠᠯ᠎ᠤᠨ ᠪᠠᠢ᠌ᠴᠠᠭ᠋ᠠᠯᠲᠠ ᠵᠢᠨ ᠲᠣᠭ᠎ᠠ ᠪᠠᠷᠢᠮᠲᠠ ᠵᠢᠨ ᠵᠠᠲᠠᠯᠣᠯᠲᠠ ᠵᠢ ᠰᠠᠢ᠌ᠲᠣᠷ ᠬᠢᠵᠦ᠂ ᠡᠷᠡᠬᠦᠯ ᠬᠠᠮᠠᠭ᠋ᠠᠯᠠᠯ᠂ ᠲᠦᠯᠦᠪᠯᠡᠭᠡᠲᠦ ᠦᠷᠡᠵᠢᠯ᠎ᠤᠨ ᠰᠠᠯᠠᠭ᠎ᠠ ᠮᠦᠴᠢᠷ᠎ᠤᠨ ᠰᠢᠮ᠎ᠡ ᠲᠡᠵᠢᠭᠡᠯ ᠬᠢᠭᠡᠳ ᠣᠲᠠᠭ᠋ᠠᠨ ᠴᠢᠨᠠᠷᠲᠠᠢ ᠡᠪᠡᠳᠴᠢᠨ᠎ᠤ ᠪᠠᠢ᠌ᠲᠠᠯ᠎ᠤᠨ ᠪᠠᠢ᠌ᠴᠠᠭ᠋ᠠᠯᠲᠠ ᠵᠡᠷᠭᠡ᠎ᠲᠠᠢ ᠣᠶᠠᠯᠲᠣᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠢᠨᠵᠢᠯᠡᠬᠦ ᠣᠬᠠᠭ᠋ᠠᠨᠴᠢ ᠰᠢᠢ᠍ᠳᠪᠦᠷᠢᠲᠦ ᠪᠣᠲᠣᠯᠭ᠎ᠠ ᠵᠢ ᠠᠬᠢᠭᠣᠯᠣᠨ᠎ᠠ᠃
      (ᠠᠷᠪᠠᠨ ᠭᠣᠷᠪᠠ) ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠣᠷᠮᠠᠰᠢᠭᠣᠯᠬᠣ ᠲᠣᠬᠲᠠᠴᠠ ᠵᠢᠨ ᠰᠢᠨ᠎ᠡ ᠵᠢ ᠡᠬᠦᠲᠦᠨ᠎ᠡ᠃ ᠴᠠᠬ ᠦᠶ᠎ᠡ ᠵᠢᠨ ᠬᠦᠭᠵᠢᠯᠲᠡ ᠵᠢᠨ ᠬᠡᠷᠡᠭᠴᠡᠭᠡ᠎ᠳᠤ ᠵᠣᠬᠢᠴᠠᠬᠰᠠᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠷᠮᠠᠰᠢᠭᠣᠯᠬᠣ ᠲᠠᠪᠴᠠᠩ ᠪᠠᠢ᠌ᠭᠣᠯᠵᠦ᠂ ᠣᠷᠮᠠᠰᠢᠭᠣᠯᠬᠣ ᠬᠦᠷᠢᠶ᠎ᠡ ᠴᠠᠷᠠᠭ᠎ᠠ ᠵᠢ ᠦᠷᠭᠡᠳᠭᠡᠨ᠂ ᠬᠣᠲᠠ ᠬᠦᠲᠡᠭᠡ ᠵᠢᠨ ᠦᠨᠳᠦᠰᠦᠨ ᠱᠠᠲᠣᠨ᠎ᠤ ᠨᠢᠭᠡᠴᠡ ᠪᠣᠯᠣᠨ ᠬᠣᠪᠢ ᠬᠦᠮᠦᠨ᠎ᠤ ᠢᠲᠡᠪᠬᠢᠵᠢᠯ᠎ᠢ ᠪᠦᠲᠦᠮᠵᠢᠲᠡᠢ ᠲᠠᠢ᠌ᠴᠢᠯᠠᠨ᠂ ᠨᠡᠢ᠌ᠲᠡᠯᠢᠭ ᠵᠢᠱ᠌ᠢᠶ᠎ᠠ ᠵᠢᠨ ᠲᠠᠢ᠌ᠴᠢᠯᠠᠨ ᠲᠠᠭ᠋ᠠᠭᠣᠯᠬᠣ ᠦᠢ᠍ᠯᠡᠲᠦᠯ᠎ᠢ ᠪᠠᠲᠠᠷᠠᠭᠣᠯᠣᠨ᠎ᠠ᠃ 《ᠣᠯᠣᠰ᠎ᠤᠨ ᠪᠡᠶ᠎ᠡ ᠵᠢᠨ ᠲᠠᠮᠢᠷ ᠪᠣᠯᠪᠠᠰᠣᠷᠠᠬᠣ ᠪᠠᠷᠢᠮᠵᠢᠶ᠎ᠠ》 ᠵᠢ ᠲᠡᠯᠭᠡᠷᠡᠬᠦᠯᠦᠨ ᠲᠦᠭᠡᠮᠡᠯᠵᠢᠬᠦᠯᠵᠦ᠂ ᠪᠡᠶ᠎ᠡ ᠵᠢᠨ ᠲᠠᠮᠢᠷ ᠪᠣᠯᠪᠠᠰᠣᠷᠠᠬᠣ ᠪᠠᠷᠢᠮᠵᠢᠶ ᠎ᠠ ᠵᠢᠨ ᠦᠨᠡᠮᠯᠡᠯ᠂ ᠱᠠᠩᠨᠠᠯ᠎ᠤᠨ ᠲᠡᠮᠲᠡᠭ᠎ᠢ ᠲᠠᠷᠬᠠᠭ᠋ᠠᠵᠦ᠂ ᠨᠦᠬᠦᠴᠡᠯ ᠪᠦᠬᠦᠢ ᠭᠠᠵᠠᠷ ᠣᠷᠣᠨ ᠲᠣᠬᠲᠠᠬᠰᠠᠨ ᠬᠦᠮᠦᠰ ᠪᠣᠶᠣ ᠲᠣᠬᠲᠠᠬᠰᠠᠨ ᠬᠣᠭᠣᠴᠠᠭ᠋ᠠᠨ᠎ᠳᠤ ᠪᠡᠶ᠎ᠡ ᠵᠢᠨ ᠲᠠᠮᠢᠷ᠎ᠤᠨ ᠬᠡᠷᠡᠭᠯᠡᠭᠡ ᠵᠢᠨ ᠲᠡᠮᠲᠡᠭ᠎ᠢ ᠲᠣᠷᠰᠢᠨ ᠲᠠᠷᠬᠠᠭ᠋ᠠᠬᠣ ᠵᠡᠷᠭᠡ ᠠᠷᠭ᠎ᠠ ᠬᠡᠯᠪᠡᠷᠢ᠎ᠪᠠᠷ ᠲᠠᠮᠵᠢᠭᠣᠯᠨ᠂ ᠣᠯᠠᠨ ᠵᠠᠮ ᠰᠣᠪᠠᠬ᠂ ᠵᠠᠬ᠎ᠠ ᠲᠡᠯᠭᠡᠬᠦᠷᠴᠢᠯᠡᠭᠰᠡᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠷᠮᠠᠰᠢᠭᠣᠯᠬᠣ ᠲᠣᠬᠲᠠᠴᠠ ᠵᠢ ᠪᠠᠢ᠌ᠭᠣᠯᠣᠨ᠎ᠠ᠃ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠ᠂ ᠪᠡᠶ᠎ᠡ ᠶᠢᠨ ᠲᠠᠮᠢᠷ᠎ᠤᠨ ᠣᠷᠲᠣᠨ ᠲᠠᠯᠠᠪᠠᠢ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠷᠦᠯ ᠲᠡᠮᠲᠡᠭᠲᠦ ᠣᠷᠣᠯᠲᠣᠭ᠋ᠠᠨ ᠪᠠ ᠬᠦᠲᠡᠯᠭᠡᠭᠡᠨ ᠵᠡᠷᠭᠡ ᠵᠢᠨ ᠨᠡᠷᠡᠢ᠌ᠲᠦᠯ᠂ ᠲᠡᠮᠲᠡᠭ ᠵᠡᠷᠭᠡ ᠬᠡᠯᠪᠡᠷᠢᠬᠦᠢ ᠡᠳ᠋ ᠬᠦᠷᠦᠩᠭᠡ ᠵᠢ ᠨᠡᠭᠡᠭᠡᠨ ᠬᠦᠭᠵᠢᠬᠦᠯᠬᠦ ᠪᠠ ᠠᠰᠢᠬᠯᠠᠬᠣ ᠵᠢ ᠵᠣᠷᠢᠬ᠍ᠵᠢᠭᠣᠯᠵᠦ᠂ ᠰᠢᠨᠵᠢᠯᠡᠭᠡ ᠮᠡᠷᠭᠡᠵᠢᠯ᠎ᠤᠨ ᠠᠭᠣᠯᠣᠬᠲᠠᠴᠠ ᠦᠨᠳᠦᠷ᠂ ᠪᠡᠶ᠎ᠡ᠎ᠪᠠᠨ ᠲᠠᠭ᠋ᠠᠭ᠋ᠠᠬᠰᠠᠨ ᠮᠡᠲᠡᠯᠭᠡ ᠵᠢᠨ ᠦᠮᠴᠢᠯᠡᠯ᠎ᠤᠨ ᠡᠷᠬᠡ ᠪᠦᠬᠦᠢ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠦᠲᠦᠭᠡᠭᠲᠡᠬᠦᠨ ᠰᠣᠲᠣᠯᠣᠨ ᠦᠢ᠍ᠯᠡᠳᠬᠦ ᠵᠢ ᠬᠦᠲᠦᠯᠦᠨ ᠵᠢᠯᠣᠭᠣᠳᠴᠦ᠂ ᠦᠢ᠍ᠯᠡᠳᠬᠦᠨ᠎ᠤ ᠨᠡᠮᠡᠯᠲᠡ ᠦᠷᠲᠡᠭ᠎ᠢ ᠲᠡᠭᠡᠭᠰᠢᠯᠡᠬᠦᠯᠦᠨ᠎ᠡ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠲᠡᠮᠵᠢᠨ ᠣᠷᠣᠯᠴᠠᠬᠣ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢ ᠬᠡᠷᠡᠭᠵᠢᠬᠦᠯᠬᠦ ᠶᠠᠪᠣᠴᠠ᠎ᠳᠤ ᠲᠣᠪᠣᠢ᠌ᠮ᠎ᠠ ᠬᠣᠪᠢ ᠨᠡᠮᠡᠷᠢ ᠦᠵᠡᠬᠦᠯᠦᠭᠰᠡᠨ ᠵᠣᠬᠢᠶᠠᠨ ᠪᠠᠢ᠌ᠭᠣᠯᠣᠯᠲᠠ ᠵᠢᠨ ᠪᠠᠢ᠌ᠭᠣᠯᠣᠮᠵᠢ ᠪᠣᠯᠣᠨ ᠬᠣᠪᠢ ᠬᠦᠮᠦᠨ᠎ᠢ ᠬᠦᠬᠢᠬᠦᠯᠦᠨ ᠱᠠᠩᠨᠠᠨ᠎ᠠ᠃
      (ᠠᠷᠪᠠᠨ ᠲᠦᠷᠪᠡ) ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠢᠨᠵᠢᠯᠡᠭᠡ ᠮᠡᠷᠭᠡᠵᠢᠯ᠎ᠤᠨ ᠰᠢᠨ᠎ᠡ ᠵᠢ ᠡᠬᠦᠳᠬᠦ ᠵᠢ ᠴᠢᠩᠭ᠋ᠠᠳᠬᠠᠨ᠎ᠠ᠃ ᠪᠡᠶ᠎ᠡ ᠵᠢᠨ ᠲᠠᠮᠢᠷ᠎ᠤᠨ ᠬᠦᠲᠡᠯᠭᠡᠭᠡᠨ ᠵᠶ᠋ᠠᠷ ᠡᠷᠡᠬᠦᠯ ᠮᠡᠨᠲᠦ ᠵᠢ ᠠᠬᠢᠭᠣᠯᠬᠣ ᠰᠢᠨᠵᠢᠯᠡᠭᠡ ᠮᠡᠷᠭᠡᠵᠢᠯ᠎ᠤᠨ ᠠᠵᠢᠯᠯᠠᠭ᠎ᠠ ᠵᠢᠨ ᠲᠦᠯᠦᠪᠯᠡᠭᠡ ᠲᠣᠬᠲᠠᠭ᠋ᠠᠨ ᠬᠡᠷᠡᠭᠵᠢᠬᠦᠯᠵᠦ᠂ 《ᠪᠡᠶ ᠎ᠡ ᠵᠢᠨ ᠲᠠᠮᠢᠷ᠎ᠤᠨ ᠬᠦᠲᠡᠯᠭᠡᠭᠡᠨ ᠪᠣᠯ ᠰᠠᠢ᠌ᠢ᠍ᠨ ᠡᠮᠴᠢ》 ᠵᠡᠷᠭᠡ ᠣᠢ᠌ᠯᠠᠭ᠋ᠠᠬᠲᠠᠬᠣᠨ᠎ᠢ ᠦᠷᠭᠡᠨ ᠵᠶ᠋ᠠᠷ ᠣᠬᠠᠭᠣᠯᠵᠦ᠂ ᠪᠦᠬᠦ ᠠᠷᠠᠳ᠎ᠤᠨ ᠪᠡᠶ ᠎ᠡ ᠴᠢᠬᠢᠷᠠᠬ᠍ᠵᠢᠭᠣᠯᠬᠣ ᠠᠷᠭ᠎ᠠ ᠬᠡᠮᠵᠢᠶ᠎ᠡ ᠪᠣᠯᠣᠨ ᠠᠷᠭ᠎ᠠ ᠬᠡᠷᠡᠭᠯᠡᠬᠦᠷ᠎ᠤᠨ ᠰᠢᠨᠵᠢᠯᠡᠭᠡ ᠮᠡᠷᠭᠡᠵᠢᠯ᠎ᠤᠨ   ᠠᠭᠤᠯᠬᠤᠨ᠎ᠢ ᠲᠡᠭᠡᠭᠰᠢᠯᠡᠬᠦᠯᠦᠨ᠎ᠡ᠃ ᠠᠷᠠᠳ ᠢᠷᠭᠡᠳ᠎ᠤᠨ ᠪᠡᠶ᠎ᠡ ᠮᠠᠬᠠᠪᠣᠳ᠎ᠢ ᠬᠢᠨᠠᠨ ᠬᠡᠮᠵᠢᠬᠦ ᠠᠵᠢᠯ ᠦᠷᠨᠢᠬᠦᠯᠵᠦ᠂ ᠠᠷᠠᠳ ᠢᠷᠭᠡᠳ᠎ᠤᠨ ᠪᠡᠶ᠎ᠡ ᠮᠠᠬᠠᠪᠣᠳ᠎ᠤᠨ ᠡᠷᠡᠬᠦᠯ ᠮᠡᠨᠲᠦ ᠵᠢ ᠬᠡᠮᠵᠢᠬᠦ ᠲᠣᠮᠣ ᠳ᠋ᠠᠢ᠌ᠲ᠋ᠠ ᠵᠢ ᠰᠣᠲᠣᠯᠣᠨ ᠨᠡᠭᠡᠭᠡᠵᠦ᠂ ᠪᠡᠶ᠎ᠡ ᠴᠢᠬᠢᠷᠠᠬ᠍ᠵᠢᠭᠣᠯᠬᠣ ᠵᠢᠯᠣᠭᠣᠳᠬᠣ ᠲᠦᠰᠦᠯ᠂ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠵᠣᠷ ᠬᠦᠮᠦᠷᠭᠡ ᠪᠠ ᠲᠣᠮᠲᠠᠲᠣ ᠣᠯᠣᠰ᠎ᠤᠨ ᠬᠦᠮᠦᠨ᠎ᠤ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ᠎ᠤ ᠵᠦᠭᠯᠡᠬᠦᠷ᠎ᠢ ᠰᠣᠲᠣᠯᠣᠨ ᠲᠣᠬᠲᠠᠭ᠋ᠠᠵᠦ ᠲᠦᠭᠡᠮᠡᠯᠵᠢᠬᠦᠯᠦᠨ ᠲᠡᠯᠭᠡᠷᠡᠬᠦᠯᠵᠦ᠂ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠠᠶᠣᠯ ᠲᠦᠭᠰᠢᠬᠦᠷᠢ ᠵᠢ ᠰᠢᠯᠭ᠋ᠠᠨ ᠦᠨᠡᠯᠡᠬᠦ ᠠᠵᠢᠯ ᠦᠷᠨᠢᠬᠦᠯᠵᠦ᠂ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠵᠢᠯᠣᠭᠣᠲᠣᠮᠵᠢ ᠵᠢ ᠶᠡᠬᠡᠪᠡᠷ ᠦᠷᠨᠢᠬᠦᠯᠵᠦ᠂ ᠣᠯᠠᠨ ᠲᠦᠮᠡᠨ᠎ᠤ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠣᠬᠠᠮᠰᠠᠷ᠂ ᠬᠡᠪ ᠪᠣᠯᠪᠠᠰᠣᠷᠠᠯ ᠪᠣᠯᠣᠨ ᠪᠡᠶ ᠎ᠡ ᠴᠢᠬᠢᠷᠠᠬ᠍ᠵᠢᠭᠣᠯᠬᠣ ᠴᠢᠲᠠᠪᠣᠷᠢ ᠲᠦᠪᠰᠢᠨ᠎ᠢ ᠲᠡᠭᠡᠭᠰᠢᠯᠡᠬᠦᠯᠦᠨ᠎ᠡ᠃ ᠨᠡᠬᠦᠲᠡᠯ ᠰᠦᠯᠵᠢᠶ᠎ᠠ᠂ ᠡᠬᠦᠯᠡᠨ ᠪᠣᠲᠣᠯᠲᠠ᠂ ᠲᠣᠮᠣ ᠳ᠋ᠠᠢ᠌ᠲ᠋ᠠ᠂   ᠪᠠᠷᠠᠭ᠋ᠠᠨ᠎ᠤ ᠬᠦᠢ᠍ᠯᠭᠡᠭᠡ ᠵᠢᠨ ᠰᠦᠯᠵᠢᠶ᠎ᠠ ᠵᠡᠷᠭᠡ ᠣᠲᠣ ᠦᠶ᠎ᠡ ᠵᠢᠨ ᠮᠡᠳᠡᠭᠡ ᠵᠠᠩᠬᠢ ᠵᠢᠨ ᠮᠡᠷᠭᠡᠵᠢᠯ᠎ᠤᠨ   ᠠᠷᠭ᠎ᠠ ᠬᠡᠷᠡᠭᠯᠡᠬᠦᠷ ᠪᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠬᠠᠷᠢᠯᠴᠠᠨ ᠣᠶᠠᠯᠲᠣᠭᠣᠯᠬᠣ ᠵᠢ ᠲᠦᠯᠬᠢᠨ ᠠᠬᠢᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠠᠮᠢᠶᠠᠷᠣᠯᠲᠠ ᠵᠢᠨ ᠡᠬᠢ ᠪᠠᠶᠠᠯᠢᠬ᠎ᠤᠨ ᠬᠦᠮᠦᠷᠭᠡ᠂ ᠦᠢ᠍ᠯᠡᠴᠢᠯᠡᠭᠡ ᠵᠢᠨ ᠡᠬᠢ ᠪᠠᠶᠠᠯᠢᠬ᠎ᠤᠨ ᠬᠦᠮᠦᠷᠭᠡ ᠪᠠ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠰᠣᠷᠠᠬ ᠵᠠᠩᠬᠢ ᠵᠢᠨ ᠲᠠᠪᠴᠠᠩ ᠪᠠᠢ᠌ᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠴᠢᠯᠡᠭᠡ ᠵᠢ ᠨᠡᠩ ᠲᠦᠬᠦᠮ ᠠᠪᠰᠠᠷ᠂ ᠦᠨᠳᠦᠷ ᠪᠦᠲᠦᠮᠵᠢᠲᠡᠢ᠂ ᠵᠦᠪ ᠣᠨᠣᠪᠴᠢᠲᠠᠢ ᠪᠣᠯᠭ᠋ᠠᠨ᠎ᠠ᠃ ᠲᠣᠮᠣ ᠳ᠋ᠠᠢ᠌ᠲ᠋ᠠ ᠵᠢᠨ ᠮᠡᠷᠭᠡᠵᠢᠯ᠎ᠢ ᠠᠰᠢᠬᠯᠠᠨ ᠪᠠᠢ᠌ᠩᠭᠣ ᠪᠡᠶ᠎ᠡ ᠵᠢᠨ ᠲᠠᠮᠢᠷ᠎ᠤᠨ ᠪᠣᠯᠪᠠᠰᠣᠷᠠᠯ᠎ᠳᠤ ᠣᠷᠣᠯᠴᠠᠬᠣ ᠬᠦᠮᠦᠨ᠎ᠤ ᠲᠣᠭ᠎ᠠ᠂ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠠᠰᠢᠬᠯᠠᠮᠵᠢ ᠵᠡᠷᠭᠡ ᠵᠢ ᠴᠠᠬ ᠲᠣᠬᠠᠢ᠎ᠳᠤᠨᠢ ᠵᠠᠲᠠᠯᠵᠦ᠂   ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠦᠷ᠎ᠡ ᠪᠦᠲᠦᠮᠵᠢ᠎ᠳᠤ ᠶᠡᠷᠦᠩᠭᠡᠢ᠌ᠯᠡᠭᠰᠡᠨ ᠦᠨᠡᠯᠡᠯᠲᠡ ᠬᠢᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ   ᠵᠢᠯᠤᠭᠤᠲᠤᠯᠭ᠎ᠠ ᠵᠢᠨ ᠲᠦᠪᠰᠢᠨ ᠪᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠵᠢ ᠬᠢᠨᠠᠨ ᠬᠠᠮᠢᠶᠠᠷᠬᠣ ᠦᠷ᠎ᠡ ᠪᠦᠲᠦᠮᠵᠢ᠎ᠪᠠᠨ ᠲᠡᠭᠡᠭᠰᠢᠯᠡᠬᠦᠯᠦᠨ᠎ᠡ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠠᠯᠠᠪᠣᠷ ᠲᠦᠬᠦᠭᠡᠷᠦᠮᠵᠢ ᠵᠢᠨ ᠰᠢᠨ᠎ᠡ ᠵᠢ ᠡᠬᠦᠳᠬᠦ ᠵᠢ ᠠᠬᠢᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠠᠯᠠᠪᠣᠷ ᠲᠦᠬᠦᠭᠡᠷᠦᠮᠵᠢ ᠵᠢᠨ ᠲᠡᠰ ᠲᠡᠪᠰᠢᠬᠦᠯᠵᠦ ᠰᠣᠯᠢᠬᠣ ᠵᠢ ᠲᠦᠷᠭᠡᠳᠭᠡᠨ᠂ ᠣᠯᠠᠨ ᠲᠦᠮᠡᠨ᠎ᠳᠤ ᠨᠡᠩ ᠲᠦᠬᠦᠮ᠂ ᠰᠢᠨᠵᠢᠯᠡᠬᠦ ᠣᠬᠠᠭ᠋ᠠᠨᠴᠢ᠂ ᠠᠮᠣᠷ ᠲᠦᠪᠰᠢᠨ᠂ ᠠᠮᠢᠲᠣᠯᠢᠬ᠂ ᠰᠠᠭ᠋ᠠᠳ ᠦᠭᠡᠢ ᠪᠡᠶ᠎ᠡ ᠴᠢᠬᠢᠷᠠᠬ᠍ᠵᠢᠭᠣᠯᠬᠣ ᠲᠠᠯᠠᠪᠣᠷ ᠲᠦᠬᠦᠭᠡᠷᠦᠮᠵᠢ ᠬᠠᠩᠭ᠋ᠠᠨ᠎ᠠ᠃ ᠪᠡᠶ᠎ᠡ ᠵᠢᠨ ᠲᠠᠮᠢᠷ᠎ᠤᠨ ᠬᠡᠷᠡᠭᠯᠡᠭᠡᠨ᠎ᠤ ᠡᠳ᠋ ᠦᠢ᠍ᠯᠡᠳᠬᠦ ᠦᠢ᠍ᠯᠡᠰ᠎ᠤᠨ ᠰᠢᠨ᠎ᠡ ᠵᠢ ᠡᠬᠦᠳᠦᠨ ᠬᠦᠭᠵᠢᠬᠦ ᠵᠢ ᠢᠲᠡᠪᠬᠢᠲᠡᠢ ᠲᠡᠮᠵᠢᠵᠦ᠂ ᠰᠢᠨ᠎ᠡ ᠮᠡᠷᠭᠡᠵᠢᠯ᠂ ᠰᠢᠨ᠎ᠡ ᠮᠡᠲ᠋ᠧᠷᠢᠶᠠᠯ᠂ ᠰᠢᠨ᠎ᠡ ᠭᠠᠷ ᠣᠷᠠᠯᠠᠯ᠎ᠢ ᠬᠡᠷᠡᠭᠯᠡᠨ᠂ ᠦᠢ᠍ᠯᠡᠳᠬᠦᠨ᠎ᠤ ᠰᠢᠨᠵᠢᠯᠡᠭᠡ ᠮᠡᠷᠭᠡᠵᠢᠯ᠎ᠤᠨ ᠠᠭᠣᠯᠬᠣᠨ᠎ᠢ ᠲᠡᠭᠡᠭᠰᠢᠯᠡᠬᠦᠯᠵᠦ᠂ ᠦᠢ᠍ᠯᠡᠳᠬᠦᠨ᠎ᠤ ᠲᠦᠷᠦᠯ ᠵᠦᠢ᠍ᠯ᠎ᠢ ᠨᠡᠮᠡᠭᠲᠡᠬᠦᠯᠵᠦ᠂   ᠪᠡᠶ᠎ᠡ ᠵᠢᠨ ᠲᠠᠮᠢᠷ᠎ᠤᠨ ᠬᠡᠷᠡᠭᠯᠡᠭᠡᠨ᠎ᠤ ᠡᠳ᠋᠎ᠤᠨ ᠴᠢᠨᠠᠷ   ᠴᠢᠨᠰᠠᠭ᠎ᠠ ᠵᠢᠨ ᠲᠦᠪᠰᠢᠨ ᠪᠣᠯᠣᠨ ᠲᠦᠷᠦᠯ ᠲᠡᠮᠲᠡᠭ᠎ᠤᠨ ᠨᠦᠯᠦᠭᠡᠯᠡᠬᠦ ᠬᠦᠴᠦᠨ᠎ᠢ ᠲᠡᠭᠡᠭᠰᠢᠯᠡᠬᠦᠯᠦᠨ᠎ᠠ᠃ ᠠᠵᠦ ᠠᠬᠣᠢ᠌ᠯᠠᠯ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠢᠨᠵᠢᠯᠡᠭᠡ ᠮᠡᠷᠭᠡᠵᠢᠯ᠎ᠤᠨ ᠰᠢᠨ᠎ᠡ ᠵᠢ ᠡᠬᠦᠳᠬᠦ ᠲᠠᠪᠴᠠᠩ ᠪᠣᠯᠣᠨ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠵᠢᠯᠣᠭᠣᠳᠬᠣ ᠲᠠᠪᠴᠠᠩ᠎ᠤᠨ ᠪᠠᠢ᠌ᠭᠣᠯᠣᠯᠲᠠ᠎ᠳᠤ ᠣᠷᠣᠯᠴᠠᠬᠣ ᠵᠢ ᠵᠣᠷᠢᠬ᠍ᠵᠢᠭᠣᠯᠵᠣ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠰᠢᠨᠵᠢᠯᠡᠬᠦ ᠣᠬᠠᠭ᠋ᠠᠨ᠎ᠤ ᠰᠣᠲᠣᠯᠭ᠋ᠠᠨ ᠪᠠ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠵᠢᠯᠣᠭᠣᠲᠣᠯᠭ᠎ᠠ ᠎ᠪᠠᠨ ᠴᠢᠩᠭ᠋ᠠᠳᠬᠠᠨ᠎ᠠ᠃
      (ᠠᠷᠪᠠᠨ ᠲᠠᠪᠣ) ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠴᠢᠲᠠᠪᠣᠷᠢᠲᠠᠨ᠎ᠤ ᠡᠩᠨᠡᠭᠡ ᠵᠢᠨ ᠪᠠᠢ᠌ᠭᠣᠯᠣᠯᠲᠠ ᠵᠢ ᠴᠢᠩᠭ᠋ᠠᠳᠬᠠᠨ᠎ᠠ᠃ ᠰᠢᠨ᠎ᠡ ᠮᠠᠶᠢᠬ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠴᠢᠲᠠᠪᠣᠷᠢᠲᠠᠨ᠎ᠤ ᠦᠵᠡᠯᠲᠡ ᠵᠢ ᠪᠣᠢ ᠪᠣᠯᠭ᠋ᠠᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠲᠣᠮᠲᠠᠬᠢ ᠴᠢᠲᠠᠪᠣᠷᠢᠲᠠᠨ᠎ᠤ ᠰᠠᠭᠣᠷᠢ ᠵᠢᠨ ᠴᠢᠨᠠᠷᠲᠠᠢ᠂ ᠣᠷᠢᠳᠴᠢᠯᠡᠨ ᠵᠢᠯᠣᠭᠣᠳᠬᠣ ᠴᠢᠨᠠᠷᠲᠠᠢ ᠦᠢ᠍ᠯᠡᠲᠦᠯ᠎ᠢ ᠪᠠᠲᠠᠷᠠᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠭᠵᠢᠯᠲᠡ ᠵᠢᠨ ᠬᠡᠷᠡᠭᠴᠡᠭᠡ᠎ᠳᠤ ᠵᠣᠬᠢᠴᠠᠬᠰᠠᠨ ᠵᠣᠬᠢᠶᠠᠨ ᠪᠠᠢ᠌ᠭᠣᠯᠣᠯᠲᠠ᠂ ᠬᠠᠮᠢᠶᠠᠷᠣᠯᠲᠠ᠂ ᠰᠣᠲᠣᠯᠭ᠋ᠠᠨ ᠪᠠ ᠡᠷᠡᠬᠦᠯ ᠮᠡᠨᠲᠦ ᠵᠢᠨ ᠵᠢᠯᠣᠭᠣᠲᠣᠮᠵᠢ᠂ ᠰᠠᠢ᠌ᠨ ᠲᠤᠷ᠎ᠠ ᠵᠢᠨ ᠦᠢ᠍ᠯᠡᠴᠢᠯᠡᠭᠡ᠂ ᠣᠬᠠᠭᠣᠯᠣᠨ ᠲᠡᠯᠭᠡᠷᠡᠬᠦᠯᠬᠦ ᠵᠡᠷᠭᠡ ᠲᠠᠯ᠎ᠠ ᠵᠢᠨ ᠴᠢᠲᠠᠪᠣᠷᠢᠲᠠᠨ᠎ᠤ ᠡᠩᠨᠡᠭᠡ ᠵᠢ ᠴᠢᠷᠮᠠᠢ᠌ᠨ ᠬᠦᠮᠦᠵᠢᠬᠦᠯᠦᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠴᠢᠲᠠᠪᠣᠷᠢᠲᠠᠨ ᠬᠦᠮᠦᠵᠢᠬᠦᠯᠬᠦ ᠵᠠᠬ᠍ᠪᠣᠷ᠎ᠤᠨ ᠰᠢᠨ᠎ᠡ ᠵᠢ ᠡᠬᠦᠳᠴᠦ᠂ ᠠᠷᠠᠳ᠎ᠤᠨ ᠲᠣᠮᠲᠠᠬᠢ ᠪᠡᠶ᠎ᠡ ᠴᠢᠬᠢᠷᠠᠬ᠍ᠵᠢᠭᠣᠯᠬᠣ ᠬᠣᠰᠢᠭᠣᠴᠢ ᠵᠢᠱ᠌ᠢᠶᠠᠴᠢ ᠬᠦᠮᠦᠨ᠎ᠢ ᠢᠯᠡᠷᠡᠬᠦᠯᠬᠦ ᠪᠠ ᠲᠡᠮᠵᠢᠬᠦ ᠬᠦᠴᠦᠯᠡᠴᠡ᠎ᠪᠠᠨ ᠴᠢᠩᠭ᠋ᠠᠷᠠᠭᠣᠯᠵᠦ᠂ ᠦᠨᠳᠦᠰᠦᠨ ᠱᠠᠲᠣᠨ᠎ᠤ ᠬᠠᠮᠢᠶᠠᠷᠣᠯᠲᠠ ᠵᠢᠨ ᠠᠵᠢᠯᠲᠠᠨ ᠪᠣᠯᠣᠨ ᠠᠵᠢᠯᠲᠠᠨ᠎ᠤ ᠲᠣᠮᠲᠠᠬᠢ ᠲᠠᠭᠣᠷᠢᠶᠠᠯ ᠦᠵᠡᠬᠦᠯᠬᠦ ᠬᠦᠮᠦᠰ᠎ᠢ ᠬᠦᠮᠦᠵᠢᠬᠦᠯᠬᠦ ᠵᠢ ᠴᠢᠬᠣᠯᠠᠴᠢᠯᠠᠨ᠎ᠠ᠃   ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠴᠢᠲᠠᠪᠣᠷᠢᠲᠠᠨ ᠬᠦᠮᠦᠵᠢᠬᠦᠯᠬᠦ ᠬᠢᠭᠡᠳ ᠶᠡᠷᠦᠩᠭᠡᠢ᠌ᠯᠡᠨ ᠵᠠᠰᠠᠬᠣ᠂ ᠰᠣᠷᠭ᠋ᠠᠨ ᠬᠦᠮᠦᠵᠢᠯ᠂ ᠬᠦᠮᠦᠨ᠎ᠤ ᠬᠦᠴᠦᠨ᠎ᠤ ᠡᠬᠢ ᠪᠠᠶᠠᠯᠢᠬ ᠨᠡᠢ᠌ᠭᠡᠮ᠎ᠤᠨ ᠪᠠᠲᠣᠯᠠᠭ᠎ᠠ᠂ ᠲᠠᠷᠢᠶᠠᠯᠠᠩ᠂ ᠰᠣᠶᠣᠯ᠂ ᠡᠷᠡᠬᠦᠯ ᠬᠠᠮᠠᠭ᠋ᠠᠯᠠᠯ ᠲᠦᠯᠦᠪᠯᠡᠭᠡᠲᠦ ᠦᠷᠡᠵᠢᠯ᠂ ᠠᠵᠢᠯᠴᠢᠨ᠎ᠤ ᠡᠪᠯᠡᠯ᠂ ᠵᠡᠮᠲᠡᠭᠴᠦᠳ᠎ᠤᠨ ᠬᠣᠯᠪᠣᠭ᠎ᠠ ᠵᠡᠷᠭᠡ ᠰᠠᠯᠠᠭ᠎ᠠ ᠮᠦᠴᠢᠷ ᠪᠠ ᠨᠢᠭᠡᠴᠡ ᠵᠢᠨ ᠴᠢᠲᠠᠪᠣᠷᠢᠲᠠᠨ ᠬᠦᠮᠦᠵᠢᠬᠦᠯᠬᠦ ᠪᠣᠯᠪᠠᠰᠣᠷᠠᠯ᠎ᠲᠠᠢ ᠣᠶᠠᠯᠲᠣᠭᠣᠯᠣᠨ ᠠᠪᠴᠠᠯᠲᠣᠭᠣᠯᠵᠦ᠂ ᠡᠯ᠎ᠠ ᠲᠦᠷᠦᠯ᠎ᠤᠨ ᠴᠢᠲᠠᠪᠣᠷᠢᠲᠠᠨ ᠬᠦᠮᠦᠵᠢᠬᠦᠯᠬᠦ ᠵᠠᠮ ᠰᠣᠪᠠᠬ᠎ᠢ ᠰᠢᠯᠣᠭᠣᠳᠬᠠᠨ᠎ᠠ᠃ ᠦᠷᠢᠰᠦᠯᠲᠦᠭᠡᠨ᠎ᠤ ᠪᠡᠶ᠎ᠡ ᠵᠢᠨ ᠲᠠᠮᠢᠷ ᠪᠣᠯᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠴᠢᠲᠠᠪᠣᠷᠢᠲᠠᠨ᠎ᠤ ᠡᠩᠨᠡᠭᠡ ᠵᠢᠨ ᠬᠠᠷᠢᠯᠴᠠᠨ ᠬᠣᠯᠪᠣᠭ᠋ᠠᠯᠠᠵᠦ ᠠᠭᠣᠰᠣᠯᠴᠠᠬᠣ ᠵᠢ ᠠᠬᠢᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠠ ᠰᠣᠷᠭ᠋ᠠᠭᠣᠯᠢ ᠵᠢᠨ ᠪᠡᠶ᠎ᠡ ᠵᠢᠨ ᠲᠠᠮᠢᠷ᠂ ᠦᠷᠢᠰᠦᠯᠲᠦᠭᠡᠨ᠎ᠤ ᠪᠡᠶ᠎ᠡ ᠵᠢᠨ ᠲᠠᠮᠢᠷ᠎ᠤᠨ ᠪᠡᠯᠡᠳᠭᠡᠯ ᠴᠢᠲᠠᠪᠣᠷᠢᠲᠠᠨ ᠬᠦᠮᠦᠵᠢᠬᠦᠯᠬᠦ ᠠᠵᠢᠯ᠎ᠤᠨ ᠰᠠᠢ᠌ᠨ ᠰᠠᠢ᠌ᠬᠠᠨ ᠬᠣᠷᠰᠢᠯ᠎ᠤᠨ ᠪᠠᠢ᠌ᠲᠠᠯ᠎ᠢ ᠪᠦᠷᠢᠯᠲᠦᠬᠦᠯᠵᠦ᠂ ᠡᠯ᠎ᠡ ᠲᠦᠷᠦᠯ᠎ᠤᠨ ᠪᠡᠶ᠎ᠡ ᠵᠢᠨ ᠲᠠᠮᠢᠷ᠎ᠤᠨ ᠴᠢᠲᠠᠪᠣᠷᠢᠲᠠᠨ ᠬᠦᠮᠦᠵᠢᠬᠦᠯᠬᠦ ᠪᠠ ᠴᠢᠲᠠᠪᠣᠷᠢᠲᠠᠨ᠎ᠤ ᠦᠢ᠍ᠯᠡᠲᠦᠯ᠎ᠢ ᠪᠠᠲᠠᠷᠠᠭᠣᠯᠬᠣ᠎ᠳᠤ ᠨᠦᠬᠦᠴᠡᠯ ᠪᠦᠷᠢᠯᠲᠦᠬᠦᠯᠵᠦ ᠦᠭᠬᠦᠨ᠎ᠡ᠃ ᠢᠨᠲ᠋ᠧᠷ ᠰᠦᠯᠵᠢᠶ᠎ᠠ ᠵᠡᠷᠭᠡ ᠰᠢᠨᠵᠢᠯᠡᠭᠡ ᠮᠡᠷᠭᠡᠵᠢᠯ᠎ᠤᠨ ᠠᠷᠭ᠎ᠠ ᠬᠡᠷᠡᠭᠯᠡᠬᠦᠷ᠎ᠤᠨ ᠴᠢᠲᠠᠪᠣᠷᠢᠲᠠᠨ ᠬᠦᠮᠦᠵᠢᠬᠦᠯᠬᠦ ᠶᠠᠪᠣᠴᠠ᠎ᠳᠠᠬᠢ ᠦᠢ᠍ᠯᠡᠲᠦᠯ᠎ᠢ ᠪᠠᠲᠠᠷᠠᠭᠣᠯᠵᠦ᠂ ᠨᠡᠢ᠌ᠭᠡᠮᠴᠢᠯᠡᠭᠰᠡᠨ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠪᠣᠯᠪᠠᠰᠣᠷᠠᠯ᠎ᠤᠨ ᠪᠠᠢ᠌ᠭᠣᠯᠣᠮᠵᠢ ᠵᠢ ᠲᠡᠮᠵᠢᠬᠦ ᠬᠦᠴᠦᠯᠡᠴᠡ᠎ᠪᠠᠨ ᠴᠢᠩᠭ᠋ᠠᠷᠠᠭᠣᠯᠣᠨ᠎ᠠ᠃
      (ᠠᠷᠪᠠᠨ ᠵᠢᠷᠭᠣᠭ᠎ᠠ) ᠬᠠᠣᠯᠢ ᠴᠠᠭ᠋ᠠᠵᠠ ᠲᠦᠷᠦ ᠵᠢᠨ ᠪᠣᠲᠣᠯᠭ᠎ᠠ ᠵᠢᠨ ᠪᠠᠲᠣᠯᠠᠭ᠎ᠠ᠎ᠪᠠᠨ ᠲᠡᠬᠦᠯᠲᠡᠷᠵᠢᠬᠦᠯᠦᠨ᠎ᠡ᠃ 《  ᠪᠦᠬᠦᠲᠡ ᠨᠠᠢ᠌ᠷᠠᠮᠲᠠᠬᠣ ᠲᠣᠮᠲᠠᠲᠣ ᠠᠷᠠᠳ ᠣᠯᠣᠰ᠎ᠤᠨ ᠪᠡᠶ᠎ᠡ ᠵᠢᠨ ᠲᠠᠮᠢᠷ᠎ᠤᠨ ᠬᠠᠣᠯᠢ》   ᠵᠢ ᠵᠠᠰᠠᠪᠣᠷᠢ ᠣᠷᠣᠭᠣᠯᠬᠣ ᠶᠠᠪᠣᠴᠠ᠎ᠳᠤ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ᠎ᠲᠠᠢ ᠬᠠᠮᠢᠶ᠎ᠠ ᠪᠦᠬᠦᠢ ᠠᠭᠣᠯᠭ᠎ᠠ ᠵᠢ ᠣᠯᠠᠮ ᠴᠢᠨᠠᠬᠰᠢᠲᠠ ᠲᠡᠬᠦᠯᠲᠡᠷᠵᠢᠬᠦᠯᠵᠦ᠂ ᠠᠷᠠᠳ ᠢᠷᠭᠡᠳ᠎ᠤᠨ ᠪᠡᠶ᠎ᠡ ᠵᠢᠨ ᠲᠠᠮᠢᠷ ᠪᠡᠶ᠎ᠡ ᠴᠢᠬᠢᠷᠠᠬ᠍ᠵᠢᠭᠣᠯᠬᠣ ᠡᠷᠭᠡ ᠠᠰᠢᠬ᠎ᠢ ᠬᠠᠣᠯᠢ ᠶᠣᠰᠣᠭ᠋ᠠᠷ ᠪᠠᠲᠣᠯᠠᠨᠨ᠎ᠠ᠃ ᠣᠷᠣᠨ ᠨᠣᠲᠣᠬ᠎ᠤᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠠᠣᠯᠢ ᠲᠣᠬᠲᠠᠭ᠋ᠠᠬᠣ ᠵᠢ ᠲᠦᠷᠭᠡᠳᠭᠡᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠣᠯᠣᠨ ᠣᠶᠣᠨ᠎ᠤ ᠪᠣᠯᠪᠠᠰᠣᠨ᠂ ᠨᠡᠢ᠌ᠭᠡᠮ ᠲᠣᠭᠣᠷᠢᠬ᠎ᠤᠨ ᠦᠢ᠍ᠯᠡᠴᠢᠯᠡᠭᠡ᠂ ᠣᠯᠠᠨ ᠨᠡᠢ᠌ᠲᠡ ᠵᠢᠨ ᠰᠣᠶᠣᠯ᠂ ᠡᠷᠡᠬᠦᠯ ᠮᠡᠨᠲᠦ᠂ ᠡᠷᠡᠬᠦᠯ ᠬᠠᠮᠠᠭ᠋ᠠᠯᠠᠯ᠂ ᠵᠣᠭ᠋ᠠᠴᠠᠯ᠂ ᠰᠢᠨᠵᠢᠯᠡᠭᠡ ᠮᠡᠷᠭᠡᠵᠢᠯ᠂ ᠨᠠᠰᠣᠵᠢᠯ᠂ ᠵᠡᠮᠲᠡᠭᠴᠦᠳ᠎ᠢ ᠲᠣᠰᠠᠯᠠᠬᠣ ᠵᠡᠷᠭᠡ ᠬᠠᠮᠢᠶ᠎ᠠ ᠪᠦᠬᠦᠢ ᠲᠦᠷᠢᠮ᠎ᠤᠨ ᠪᠠᠢ᠌ᠭᠣᠯᠣᠯᠲᠠ ᠵᠢ ᠨᠢᠭᠡᠲᠦᠯᠲᠡᠢ ᠲᠦᠯᠦᠪᠵᠢᠬᠦᠯᠦᠨ ᠵᠣᠬᠢᠴᠠᠭᠣᠯᠵᠦ᠂ ᠪᠡᠶ᠎ᠡ ᠴᠢᠬᠢᠷᠠᠬ᠍ᠵᠢᠭᠣᠯᠬᠣ ᠬᠡᠷᠡᠭᠯᠡᠭᠡ ᠵᠢᠨ ᠲᠦᠷᠦ ᠵᠢᠨ ᠪᠣᠲᠣᠯᠭ᠎ᠠ ᠵᠢ ᠲᠡᠬᠦᠯᠲᠡᠷᠵᠢᠬᠦᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠠᠮᠢᠶ᠎ᠠ ᠪᠦᠬᠦᠢ ᠠᠵᠦ ᠦᠢ᠍ᠯᠡᠰ ᠪᠣᠯᠣᠨ ᠬᠡᠷᠡᠭᠯᠡᠭᠡ ᠵᠢᠨ ᠬᠦᠭᠵᠢᠯᠲᠡ ᠵᠢ ᠪᠡᠶ ᠎ᠡ ᠵᠢᠨ ᠲᠠᠮᠢᠷ᠎ᠤᠨ ᠠᠵᠦ ᠦᠢ᠍ᠯᠡᠰ ᠪᠣᠯᠣᠨ ᠪᠣᠰᠣᠳ ᠬᠣᠯᠪᠣᠬᠲᠠᠯ ᠪᠦᠬᠦᠢ ᠠᠵᠦ ᠦᠢ᠍ᠯᠡᠰ᠎ᠤᠨ ᠲᠦᠷᠦ ᠵᠢᠨ ᠪᠣᠲᠣᠯᠭ᠎ᠠ ᠵᠢᠨ ᠲᠣᠬᠲᠠᠯᠴᠠᠭ᠎ᠠ᠎ᠳᠤ ᠣᠷᠣᠭᠣᠯᠣᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠠᠣᠯᠢ ᠬᠡᠷᠡᠭᠵᠢᠬᠦᠯᠬᠦ ᠲᠣᠬᠲᠠᠴᠠ ᠪᠣᠯᠣᠨ ᠬᠠᠣᠯᠢ ᠬᠡᠷᠡᠭᠵᠢᠬᠦᠯᠬᠦ ᠲᠣᠬᠲᠠᠯᠴᠠᠭ᠎ᠠ ᠵᠢ ᠪᠠᠢ᠌ᠭᠣᠯᠣᠨ ᠪᠦᠷᠢᠨᠰᠢᠬᠦᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ᠎ᠳᠠᠬᠢ ᠵᠦᠷᠢᠴᠡᠯ ᠵᠢᠭᠣᠷᠠᠭ᠋ᠠᠨ᠎ᠢ ᠣᠷᠢᠳᠴᠢᠯᠡᠨ ᠰᠡᠷᠭᠡᠢ᠌ᠯᠡᠬᠦ ᠪᠠ ᠡᠶᠡᠲᠡᠬᠦᠯᠬᠦ ᠠᠵᠢᠯ᠎ᠢ ᠰᠠᠢ᠌ᠲᠣᠷ ᠬᠢᠵᠦ᠂ ᠨᠡᠢ᠌ᠢ᠍ᠭᠡᠮ᠎ᠤᠨ ᠡᠬᠢ ᠪᠠᠶᠠᠯᠢᠬ᠎ᠢ ᠠᠰᠢᠬᠯᠠᠨ ᠣᠯᠠᠨ ᠶᠠᠩᠵᠣᠲᠦ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠠᠣᠯᠢ ᠴᠠᠭ᠋ᠠᠵᠠ ᠵᠢᠨ ᠦᠢ᠍ᠯᠡᠴᠢᠯᠡᠭᠡ ᠬᠠᠩᠭ᠋ᠠᠨ᠎ᠠ᠃ ᠲᠦᠯᠦᠪᠵᠢᠬᠦᠯᠭᠡ ᠪᠣᠯᠣᠨ ᠭᠠᠵᠠᠷ ᠰᠢᠷᠣᠢ ᠵᠢᠨ ᠲᠦᠷᠦ ᠵᠢᠨ ᠪᠣᠲᠣᠯᠭ᠎ᠠ ᠵᠢ ᠲᠡᠬᠦᠯᠲᠡᠷᠵᠢᠬᠦᠯᠵᠦ᠂ ᠪᠡᠶ ᠎ᠡ ᠵᠢᠨ ᠲᠠᠮᠢᠷ᠎ᠤᠨ ᠲᠠᠯᠠᠪᠣᠷ ᠲᠦᠬᠦᠭᠡᠷᠦᠮᠵᠢ᠎ᠳᠤ ᠬᠡᠷᠡᠭᠯᠡᠬᠦ ᠭᠠᠵᠠᠷ᠎ᠢ ᠬᠣᠲᠠ ᠬᠦᠲᠡᠭᠡ ᠵᠢᠨ ᠲᠦᠯᠦᠪᠵᠢᠬᠦᠯᠭᠡ᠂ ᠭᠠᠵᠠᠷ ᠰᠢᠷᠣᠢ ᠵᠢ ᠠᠰᠢᠬᠯᠠᠬᠣ ᠶᠡᠷᠦᠩᠭᠡᠢ ᠲᠦᠯᠦᠪᠵᠢᠬᠦᠯᠭᠡ ᠪᠣᠯᠣᠨ ᠵᠢᠯ᠎ᠤᠨ ᠭᠠᠵᠠᠷ ᠰᠢᠷᠣᠢ ᠬᠡᠷᠡᠭᠯᠡᠬᠦ ᠲᠦᠯᠦᠪᠯᠡᠭᠡ᠎ᠳᠤ ᠣᠷᠣᠭᠣᠯᠵᠦ᠂   ᠪᠡᠶ᠎ᠡ ᠵᠢᠨ ᠲᠠᠮᠢᠷ᠎ᠤᠨ ᠬᠡᠷᠡᠭᠯᠡᠭᠡᠨ᠎ᠤ ᠭᠠᠵᠠᠷ᠎ᠢ ᠵᠣᠬᠢᠰᠲᠠᠢ ᠲᠣᠬᠢᠷᠠᠭᠣᠯᠣᠨ᠎ᠠ᠃ ᠲᠠᠭ᠋ᠠᠳᠬᠠᠯ᠎ᠤᠨ ᠪᠠᠢ᠌ᠭᠣᠯᠣᠮᠵᠢ ᠵᠢᠨ ᠪᠦᠬᠦ ᠠᠷᠠᠳ᠎ᠤᠨ ᠪᠡᠶ ᠎ᠡ ᠴᠢᠬᠢᠷᠠᠬ᠍ᠵᠢᠭᠣᠯᠬᠣ᠎ᠲᠠᠢ ᠬᠣᠯᠪᠣᠬᠲᠠᠯ ᠪᠦᠬᠦᠢ ᠲᠠᠭ᠋ᠠᠳᠬᠠᠯ᠎ᠤᠨ ᠪᠦᠲᠦᠭᠡᠭᠲᠡᠬᠦᠨ᠎ᠤ ᠰᠢᠨ᠎ᠡ ᠵᠢ ᠡᠬᠦᠲᠦᠨ ᠰᠣᠲᠣᠯᠣᠨ ᠨᠡᠭᠡᠭᠡᠬᠦ ᠵᠢ ᠵᠣᠷᠢᠬ᠍ᠵᠢᠭᠣᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠦᠲᠡᠯᠭᠡᠭᠡᠨ ᠡᠷᠬᠢᠯᠡᠬᠦ ᠪᠠ ᠣᠷᠣᠯᠴᠠᠬᠣ᠎ᠳᠤ ᠪᠦᠬᠦ ᠲᠠᠯ᠎ᠠ ᠵᠢᠨ ᠠᠮᠣᠷ ᠲᠦᠪᠰᠢᠨ᠎ᠤ ᠪᠠᠲᠣᠯᠠᠭ᠎ᠠ ᠬᠠᠩᠭ᠋ᠠᠨ᠎ᠠ᠃
        ᠲᠦᠷᠪᠡ᠂ ᠵᠣᠬᠢᠶᠠᠨ ᠪᠠᠢ᠌ᠭᠣᠯᠣᠨ ᠬᠡᠷᠡᠭᠵᠢᠬᠦᠯᠬᠦ
      (ᠠᠷᠪᠠᠨ ᠲᠣᠯᠣᠭ᠎ᠠ) ᠵᠣᠬᠢᠶᠠᠨ ᠪᠠᠢ᠌ᠭᠣᠯᠣᠯᠲᠠ ᠵᠢᠨ ᠣᠲᠣᠷᠢᠲᠣᠯᠭ᠎ᠠ ᠪᠠ ᠵᠣᠬᠢᠴᠠᠭᠣᠯᠭ᠎ᠠ᠎ᠪᠠᠨ ᠴᠢᠩᠭ᠋ᠠᠳᠬᠠᠨ᠎ᠠ᠃ ᠡᠯ᠎ᠠ ᠭᠠᠵᠠᠷ ᠣᠷᠣᠨ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠤᠨ ᠵᠣᠬᠢᠶᠠᠨ ᠪᠠᠢ᠌ᠭᠣᠯᠣᠯᠲᠠ ᠵᠢᠨ ᠣᠲᠣᠢ᠌ᠷᠲᠣᠯᠭ᠎ᠠ᠎ᠪᠠᠨ ᠴᠢᠩᠭ᠋ᠠᠳᠬᠠᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠲᠦᠯᠦᠪᠯᠡᠭᠡ ᠵᠢ ᠬᠡᠷᠡᠭᠵᠢᠬᠦᠯᠬᠦ ᠵᠣᠬᠢᠶᠠᠨ ᠪᠠᠢ᠌ᠭᠣᠯᠣᠯᠲᠠ ᠵᠢᠨ ᠣᠲᠣᠷᠢᠲᠣᠨ ᠵᠣᠬᠢᠴᠠᠭᠣᠯᠬᠣ ᠲᠣᠬᠲᠠᠴᠠ ᠵᠢ ᠪᠠᠢ᠌ᠭᠣᠯᠣᠨ ᠲᠡᠬᠦᠯᠲᠡᠷᠵᠢᠬᠦᠯᠵᠦ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠣᠰ᠎ᠤᠨ ᠪᠠᠢ᠌ᠯᠲᠣᠬᠣ ᠪᠣᠲᠣᠯᠭ᠎ᠠ ᠵᠢ ᠬᠦᠨᠵᠡᠭᠡᠢ ᠠᠬᠢᠭᠣᠯᠬᠣ ᠵᠢ ᠪᠠᠲᠣᠯᠠᠨ᠎ᠠ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠲᠣᠬᠲᠠᠯᠴᠠᠭ᠎ᠠ ᠵᠢᠨ ᠪᠠᠢ᠌ᠭᠣᠯᠣᠯᠲᠠ ᠵᠢ ᠴᠢᠬᠣᠯᠠ ᠪᠠᠢ᠌ᠷᠢᠨ᠎ᠳᠤ ᠲᠠᠯᠪᠢᠵᠦ᠂ ᠲᠣᠬᠠᠢ ᠵᠢᠨ ᠭᠠᠵᠠᠷ ᠣᠷᠣᠨ᠎ᠤ ᠣᠯᠣᠰ ᠠᠷᠠᠳ᠎ᠤᠨ ᠠᠵᠦ ᠠᠬᠣᠢ ᠪᠠ ᠨᠡᠢ᠌ᠭᠡᠮ᠎ᠤᠨ ᠬᠦᠭᠵᠢᠯᠲᠡ ᠵᠢᠨ ᠲᠦᠯᠦᠪᠵᠢᠬᠦᠯᠭᠡ ᠵᠢᠴᠢ ᠦᠨᠳᠦᠰᠦᠨ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠬᠦᠭᠵᠢᠯᠲᠡ ᠵᠢᠨ ᠲᠦᠯᠦᠪᠵᠢᠬᠦᠯᠭᠡ᠎ᠳᠤ ᠣᠷᠣᠭᠣᠯᠵᠦ᠂ ᠬᠠᠮᠢᠶ᠎ᠠ ᠪᠦᠬᠦᠢ   ᠭᠤᠤᠯᠲᠠᠯᠭ᠎ᠠ᠎ᠲᠠᠢ ᠠᠵᠢᠯ᠎ᠢ ᠵᠠᠰᠠᠬ᠎ᠤᠨ ᠣᠷᠲᠣᠨ᠎ᠤ ᠵᠢᠯ᠎ᠤᠨ ᠠᠷᠠᠳ᠎ᠤᠨ ᠠᠮᠢᠲᠣᠷᠠᠯ᠎ᠤᠨ ᠪᠣᠲᠠᠲᠣ ᠠᠵᠢᠯ ᠪᠣᠯᠭ᠋ᠠᠨ ᠠᠬᠢᠭᠣᠯᠵᠦ ᠰᠢᠯᠭ᠋ᠠᠨ ᠦᠨᠡᠯᠡᠵᠦ᠂ ᠡᠬᠦᠷᠭᠡ ᠴᠢᠲᠠᠪᠬᠢ ᠲᠡᠬᠦᠯᠲᠡᠷᠵᠢᠭᠰᠡᠨ   ᠶᠡᠷᠦᠩᠬᠡᠢ᠌ᠯᠡᠭᠰᠡᠨ ᠴᠢᠨᠠᠷᠲᠠᠢ ᠦᠨᠳᠦᠰᠦᠨ ᠱᠠᠲᠣᠨ᠎ᠤ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠠᠴᠢᠶᠠᠯᠠᠪᠣᠷᠢ ᠵᠢ ᠪᠠᠢ᠌ᠭᠣᠯᠣᠨ᠎ᠠ᠃
     (ᠠᠷᠪᠠᠨ ᠨᠠᠢ᠍ᠮᠠ) ᠶᠠᠪᠣᠴᠠ᠎ᠳᠤ ᠬᠢᠨᠠᠯᠲᠠ ᠲᠠᠯᠪᠢᠬᠣ ᠪᠠ ᠠᠵᠢᠯ᠎ᠤᠨ ᠪᠦᠲᠦᠮᠵᠢ ᠵᠢ ᠰᠢᠯᠭ᠋ᠠᠨ ᠦᠨᠡᠯᠡᠬᠦ ᠵᠢ ᠴᠢᠩᠭ᠎ᠠ ᠬᠡᠷᠡᠭᠵᠢᠬᠦᠯᠦᠨ᠎ᠡ᠃ ᠰᠢᠶᠠᠨ᠎ᠤ ᠱᠠᠲᠣᠨ᠎ᠠᠴᠠ ᠲᠡᠭᠡᠭᠰᠢᠬᠢ ᠣᠷᠣᠨ ᠨᠣᠲᠣᠬ᠎ᠤᠨ ᠠᠷᠠᠳ᠎ᠤᠨ ᠵᠠᠰᠠᠬ᠎ᠤᠨ ᠣᠷᠲᠣᠨ ᠲᠣᠬᠠᠢ ᠵᠢᠨ ᠭᠠᠵᠠᠷ᠎ᠤᠨ 《ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠬᠡᠷᠡᠭᠵᠢᠬᠦᠯᠬᠦ ᠲᠦᠯᠦᠪᠯᠡᠭᠡ (2016 — 2020)》 ᠵᠢ ᠲᠣᠬᠲᠠᠭ᠋ᠠᠵᠦ᠂ ᠠᠵᠢᠯ᠎ᠤᠨ ᠡᠬᠦᠷᠭᠡ ᠬᠣᠪᠢᠶᠠᠷᠢᠯᠠᠯ ᠪᠣᠯᠣᠨ ᠬᠢᠨᠠᠯᠲᠠ ᠲᠠᠯᠪᠢᠵᠦ ᠪᠠᠢ᠌ᠴᠠᠭ᠋ᠠᠬᠣ ᠠᠵᠢᠯ᠎ᠢ ᠰᠠᠢ᠌ᠲᠣᠷ ᠬᠢᠵᠦ᠂ 2020 ᠤᠨ᠎ᠳᠤ 《ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠵᠢ ᠬᠡᠷᠡᠭᠵᠢᠬᠦᠯᠬᠦ ᠲᠦᠯᠦᠪᠯᠡᠭᠡ (2016 — 2020)》 ᠵᠢ ᠬᠡᠷᠡᠭᠵᠢᠬᠦᠯᠦᠭᠰᠡᠨ ᠪᠠᠢ᠌ᠲᠠᠯ᠎ᠳᠤ ᠪᠦᠬᠦ ᠲᠠᠯ᠎ᠠ ᠵᠢᠨ ᠦᠨᠡᠯᠡᠯᠲᠡ ᠬᠢᠨ᠎ᠡ᠃ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠠᠵᠢᠯ᠎ᠤᠨ ᠪᠦᠲᠦᠮᠵᠢ ᠵᠢ ᠦᠨᠡᠯᠡᠬᠦ ᠬᠦᠢ᠍ᠴᠡᠳᠭᠡᠯ ᠲᠣᠭ᠎ᠠ ᠵᠢᠨ ᠲᠣᠬᠲᠠᠯᠴᠠᠭ᠎ᠠ ᠵᠢ ᠪᠠᠢ᠌ᠭᠣᠯᠵᠦ᠂ ᠲᠣᠬᠲᠠᠬᠰᠠᠨ ᠬᠣᠭᠣᠴᠠᠭ᠎ᠠ᠎ᠲᠠᠢ᠎ᠪᠠᠷ ᠭᠣᠷᠪᠠᠲᠣᠭ᠋ᠠᠷ ᠡᠲᠡᠭᠡᠳ᠎ᠠᠴᠠ ᠦᠨᠡᠯᠡᠬᠦ ᠪᠠ ᠨᠡᠢ᠌ᠭᠡᠮ᠎ᠤᠨ ᠬᠠᠨᠣᠮᠵᠢ ᠵᠢᠨ ᠬᠡᠮᠵᠢᠶ᠎ᠡ ᠵᠢᠨ ᠪᠠᠢ᠌ᠴᠠᠭ᠋ᠠᠯᠲᠠ ᠦᠷᠨᠢᠬᠦᠯᠵᠦ᠂ ᠭᠣᠣᠯᠲᠠᠯᠭ᠎ᠠ᠎ᠲᠠᠢ ᠬᠠᠷᠠᠯᠲᠠ᠂ ᠭᠣᠣᠯᠲᠠᠯᠭ᠋ᠠᠲᠣ ᠲᠦᠷᠦᠯ ᠵᠦᠢ᠍ᠯ᠎ᠤᠨ ᠠᠬᠢᠴᠠ ᠪᠠ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠬᠡᠷᠡᠭᠵᠢᠬᠦᠯᠬᠦ ᠲᠦᠯᠦᠪᠯᠡᠭᠡ ᠵᠢ ᠬᠡᠷᠡᠭᠵᠢᠬᠦᠯᠦᠭᠰᠡᠨ ᠪᠠᠢ᠌ᠲᠠᠯ᠎ᠳᠤ ᠲᠣᠰᠬᠠᠢ ᠲᠦᠷᠦᠯ᠎ᠤᠨ ᠬᠢᠨᠡᠨ ᠦᠨᠡᠯᠡᠯᠲᠡ ᠬᠢᠵᠦ᠂ ᠵᠠᠭᠣᠴᠢᠯᠠᠭᠣᠷ᠎ᠢ ᠪᠠᠬᠲᠠᠭ᠋ᠠᠬᠰᠠᠨ ᠣᠯᠠᠨ ᠲᠠᠯ᠎ᠠ ᠵᠢᠨ ᠬᠢᠨᠠᠯᠲᠠ ᠲᠠᠯᠪᠢᠬᠣ ᠪᠠᠢ᠌ᠭᠣᠯᠣᠮᠵᠢ ᠵᠢ ᠪᠦᠷᠢᠯᠲᠦᠬᠦᠯᠦᠨ᠎ᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ
ᠵᠠᠰᠠᠪᠤᠷᠢ ᠤᠷᠤᠭᠤᠯᠤᠭᠰᠠᠨ ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ
ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ
ᠬᠤᠨᠵᠢᠪᠤᠷᠢᠳᠦ ᠰᠤᠭᠤᠯᠤᠭ᠎ᠠ ᠵᠢᠨ ᠬᠠᠮᠢᠶᠠᠷᠤᠯᠳᠠ ᠵᠢᠨ ᠲᠦᠷᠢᠮ
ᠬᠦᠭᠡᠷᠦᠯᠳᠡ ᠵᠢᠨ ᠡᠮ᠎ᠢ ᠡᠰᠡᠷᠬᠦᠴᠡᠬᠦ ᠳᠦᠷᠢᠮ
 
            