ᠡᠯ᠎ᠠ ᠮᠣᠵᠢ᠂ ᠦᠪᠡᠷᠲᠡᠭᠡᠨ ᠵᠠᠰᠠᠬᠣ ᠣᠷᠣᠨ᠂ ᠰᠢᠭᠣᠳ ᠬᠠᠷᠢᠶ᠎ᠠ ᠬᠣᠲᠠ ᠵᠢᠨ ᠠᠷᠠᠳ᠎ᠤᠨ ᠵᠠᠰᠠᠬ᠎ᠤᠨ ᠣᠷᠲᠣᠨ᠂ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠡᠯ᠎ᠠ ᠶᠠᠮᠣᠨ ᠵᠦᠪᠯᠡᠯ᠂ ᠡᠯ᠎ᠠ ᠰᠢᠭᠣᠳ ᠬᠠᠷᠢᠶ᠎ᠠ ᠪᠠᠢ᠌ᠭᠤᠯᠤᠮᠵᠢ᠄
ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ ᠪᠣᠯ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠴᠢᠬᠣᠯᠠ ᠪᠦᠷᠢᠯᠲᠦᠬᠦᠨ ᠬᠡᠰᠡᠭ ᠮᠦᠨ᠂ ᠲᠡᠷᠡ᠎ᠨᠢ ᠪᠡᠶ᠎ᠡ ᠵᠢᠨ ᠲᠠᠮᠢᠷ᠎ᠤᠨ ᠬᠦᠲᠡᠯᠭᠡᠭᠡᠨ ᠵᠶ᠋ᠠᠷ ᠠᠴᠢᠶᠠᠯᠠᠪᠣᠷᠢ ᠪᠣᠯᠭ᠋ᠠᠵᠤ᠂ ᠪᠡᠶᠡᠴᠢᠯᠡᠨ ᠣᠷᠣᠯᠴᠠᠵᠦ ᠤᠢ᠌ᠯᠠᠭ᠋ᠠᠬᠤ᠎ᠪᠠᠷ ᠭᠣᠣᠯ ᠬᠡᠯᠪᠡᠷᠢ ᠪᠣᠯᠭ᠋ᠠᠵᠦ᠂ ᠪᠡᠶ᠎ᠡ ᠰᠡᠳᠬᠢᠴᠡ ᠵᠢᠨ ᠡᠷᠡᠬᠦᠯ ᠮᠡᠨᠲᠦ ᠵᠢ ᠠᠬᠢᠭᠣᠯᠬᠣ᠎ᠪᠠᠷ ᠬᠠᠷᠠᠯᠲᠠ ᠪᠣᠯᠭ᠋ᠠᠵᠤ᠂ ᠣᠯᠠᠨ ᠲᠦᠮᠡᠨ᠎ᠳᠤ ᠬᠠᠮᠢᠶ᠎ᠠ ᠪᠦᠬᠦᠢ ᠦᠢ᠍ᠯᠡᠳᠬᠦᠨ ᠪᠠ ᠦᠢ᠍ᠯᠡᠴᠢᠯᠡᠭᠡ ᠬᠠᠩᠭ᠋ᠠᠳᠠᠭ ᠠᠵᠦ ᠠᠬᠣᠢ ᠵᠢᠨ ᠰᠢᠷᠢᠰ ᠠᠵᠢᠯᠯᠠᠭ᠎ᠠ ᠪᠠᠢ᠌ᠵᠤ᠂ ᠪᠡᠶ᠎ᠡ ᠴᠢᠬᠢᠷᠠᠬ᠍ᠵᠢᠭᠣᠯᠬᠣ ᠦᠢ᠍ᠯᠡᠴᠢᠯᠡᠭᠡ᠂ ᠲᠣᠨᠣᠬ ᠲᠦᠬᠦᠭᠡᠷᠦᠮᠵᠢ ᠵᠢᠨ ᠪᠠᠢ᠌ᠭᠣᠯᠣᠯᠲᠠ᠂ ᠪᠠᠭ᠋ᠠᠵᠢ ᠲᠣᠨᠣᠬᠯᠠᠯ ᠦᠢ᠍ᠯᠡᠳᠬᠦ ᠵᠡᠷᠭᠡ ᠠᠵᠢᠯ ᠲᠦᠷᠦᠯ᠎ᠢ ᠬᠠᠮᠣᠷᠲᠠᠭ᠃ ᠣᠲᠣᠬᠠᠨ᠎ᠳᠤ᠂ ᠮᠠᠨ᠎ᠤ ᠣᠯᠣᠰ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠡᠶᠡᠯᠡᠬᠦᠯᠬᠦ ᠵᠠᠩᠬᠢᠯᠠᠭ᠎ᠠ ᠵᠢᠨ ᠱᠠᠲᠣᠨ᠎ᠳᠤ ᠣᠷᠣᠵᠣ᠂ ᠠᠷᠠᠳ ᠣᠯᠠᠨ᠎ᠤ ᠣᠯᠠᠨ ᠶᠠᠩᠵᠣᠲᠣ ᠪᠡᠶ᠎ᠡ ᠵᠢᠨ ᠲᠠᠮᠢᠷ᠎ᠤᠨ ᠬᠡᠷᠡᠭᠴᠡᠭᠡ ᠱᠠᠭ᠋ᠠᠷᠲᠠᠯᠭ᠎ᠠ ᠡᠳᠦᠷ ᠲᠣᠲᠣᠮ ᠨᠡᠮᠡᠭᠲᠡᠵᠦ᠂ ᠬᠡᠷᠡᠭᠯᠡᠭᠡ ᠵᠢᠨ ᠬᠡᠯᠪᠡᠷᠢ ᠨᠢ ᠠᠭ᠋ᠠᠵᠢᠮ ᠵᠶ᠋ᠠᠷ ᠪᠣᠲᠠᠲᠣ ᠡᠳ᠋ ᠮᠠᠶᠢᠬ᠎ᠤᠨ ᠬᠡᠷᠡᠭᠯᠡᠭᠡ᠎ᠠᠴᠠ ᠤᠷᠤᠯᠴᠠᠬᠤᠢ ᠮᠠᠶᠢᠬ᠎ᠤᠨ ᠬᠡᠷᠡᠭᠯᠡᠭᠡ ᠲᠡᠰᠢ ᠰᠢᠯᠵᠢᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ ᠲᠤ ᠯᠣᠲᠣ ᠶᠡᠬᠡ ᠬᠦᠭᠵᠢᠯᠲᠡ ᠵᠢᠨ ᠠᠵᠠ ᠲᠣᠬᠢᠶᠠᠯ ᠠᠪᠴᠢᠷᠠᠬᠰᠠᠨ ᠪᠠᠢ᠌ᠨ᠎ᠠ᠃ ᠬᠡᠪᠡᠴᠦ ᠣᠲᠣᠬᠠᠨ᠎ᠳᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠶᠡᠷᠦᠩᠭᠡᠢ ᠬᠡᠪᠴᠢᠶ᠎ᠠ ᠪᠠᠭ᠎ᠠ᠂ ᠠᠵᠦ ᠦᠢ᠍ᠯᠡᠰ᠎ᠤᠨ ᠪᠦᠲᠦᠴᠡ ᠲᠡᠩᠴᠡᠬᠦᠷᠢᠲᠡᠢ ᠪᠣᠰᠣ ᠪᠠᠢ᠌ᠵᠦ᠂ ᠪᠦᠲᠦᠮᠵᠢᠲᠡᠢ ᠬᠠᠩᠭ᠋ᠠᠯᠭ᠎ᠠ ᠬᠡᠷᠡᠭᠯᠡᠭᠡ ᠬᠦᠢ᠍ᠴᠡᠳ ᠦᠭᠡᠢ᠂ ᠣᠯᠠᠨ ᠲᠦᠮᠡᠨ᠎ᠤ ᠬᠡᠷᠡᠭᠯᠡᠭᠡ ᠵᠢᠨ ᠣᠷᠮᠠᠰᠢᠯ ᠲᠣᠣᠷ᠎ᠠ᠂ ᠰᠠᠭᠣᠷᠢ ᠲᠦᠬᠦᠭᠡᠷᠦᠮᠵᠢ ᠵᠢᠨ ᠪᠠᠢ᠌ᠭᠣᠯᠣᠯᠲᠠ ᠬᠣᠴᠣᠷᠣᠩᠭᠣᠢ᠂ ᠪᠠᠭ᠋ᠠᠵᠢ ᠲᠣᠨᠣᠬᠯᠠᠯ᠎ᠤᠨ ᠦᠢ᠍ᠯᠡᠳᠬᠦᠨ ᠬᠣᠴᠣᠷᠣᠩᠭᠣᠢ᠂ ᠪᠠᠢ᠌ᠭᠣᠯᠣᠮᠵᠢ ᠲᠣᠬᠲᠠᠴᠠ ᠠᠮᠢᠲᠣᠯᠢᠬ ᠪᠣᠰᠣ ᠵᠡᠷᠭᠡ ᠠᠰᠠᠭᠣᠲᠠᠯ ᠣᠷᠣᠰᠢᠵᠦ ᠪᠣᠢ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠢ ᠲᠦᠷᠭᠡᠳᠭᠡᠨ ᠬᠦᠭᠵᠢᠬᠦᠯᠬᠦ ᠪᠣᠯ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠢ ᠬᠦᠨᠵᠡᠭᠡᠢ᠌ᠷᠡᠬᠦᠯᠦᠨ ᠬᠦᠭᠵᠢᠬᠦᠯᠬᠦ ᠬᠦᠴᠦᠲᠦ ᠬᠦᠲᠡᠯᠭᠡᠬᠦᠷ ᠪᠤᠯᠠᠬᠤ ᠪᠦᠭᠡᠳ ᠠᠷᠠᠳ ᠢᠷᠭᠡᠳ᠎ᠤᠨ ᠪᠡᠶ᠎ᠡ ᠮᠠᠬᠠᠪᠣᠳ᠎ᠢ ᠰᠠᠢ᠌ᠵᠢᠷᠠᠭᠤᠯᠤᠨ᠂ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠪᠠ ᠠᠷᠠᠳ ᠢᠷᠭᠡᠳ᠎ᠤᠨ ᠡᠷᠡᠬᠦᠯ ᠮᠡᠨᠳᠦ ᠵᠢ ᠬᠦᠨᠵᠡᠭᠡᠢ ᠠᠭᠤᠰᠤᠯᠴᠠᠭᠤᠯᠬᠤ ᠵᠠᠢ᠌ᠯᠠᠰᠢ ᠦᠭᠡᠢ ᠱᠠᠭ᠋ᠠᠷᠲᠠᠯᠭ᠎ᠠ ᠪᠠᠢ᠌ᠵᠦ᠂ 《ᠡᠷᠡᠬᠦᠯ ᠴᠢᠬᠢᠷᠠᠬ ᠲᠣᠮᠲᠠᠲᠣ ᠣᠯᠣᠰ》 ᠢ ᠪᠦᠲᠦᠭᠡᠨ ᠪᠠᠢ᠌ᠭᠤᠯᠬᠤ ᠴᠢᠬᠣᠯᠠ ᠠᠭᠣᠯᠭ᠎ᠠ ᠪᠣᠯᠬᠣ ᠪᠦᠭᠡᠳ ᠬᠡᠷᠡᠭᠯᠡᠬᠡ ᠵᠢᠨ ᠲᠠᠯᠲᠠ ᠬᠦᠴᠦᠨ᠎ᠢ ᠠᠭᠣᠲᠠᠯᠣᠨ ᠪᠠᠲᠠᠷᠠᠭᠣᠯᠵᠦ᠂ ᠠᠷᠠᠳ᠎ᠤᠨ ᠠᠮᠢᠲᠣᠷᠠᠯ᠎ᠢ ᠪᠠᠲᠣᠯᠠᠨ ᠰᠠᠢ᠌ᠵᠢᠷᠠᠭᠣᠯᠵᠦ᠂ ᠠᠵᠦ ᠠᠬᠣᠢ ᠵᠢᠨ ᠰᠢᠨ᠎ᠡ ᠨᠡᠮᠡᠭᠲᠡᠯ ᠴᠡᠭ᠎ᠢ ᠪᠣᠢ ᠪᠣᠯᠭ᠋ᠠᠨ᠂ ᠠᠵᠦ ᠠᠬᠣᠢ ᠵᠢᠨ ᠨᠡᠮᠡᠭᠲᠡᠯ᠎ᠤᠨ ᠰᠢᠨ᠎ᠠ ᠬᠦᠲᠡᠯᠭᠡᠬᠦᠷᠢ ᠴᠢᠩᠭ᠋ᠠᠷᠠᠭᠣᠯᠬᠣ᠎ᠳᠤ ᠴᠢᠬᠣᠯᠠ ᠠᠴᠢ ᠬᠣᠯᠪᠣᠬᠲᠠᠯ᠎ᠲᠠᠢ ᠪᠢᠯᠡ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢ ᠲᠦᠷᠭᠡᠳᠭᠡᠬᠦ ᠵᠢᠨ ᠲᠦᠯᠦᠭᠡ᠂ ᠲᠦᠷᠦ ᠵᠢᠨ ᠶᠠᠪᠣᠲᠠᠯ᠎ᠤᠨ ᠬᠣᠷᠢᠶ᠎ᠠ᠎ᠪᠠᠷ ᠵᠦᠪᠰᠢᠶᠡᠷᠡᠬᠦᠯᠦᠨ ᠲᠣᠣᠷᠠᠬᠢ ᠮᠡᠲᠦ ᠰᠠᠨᠠᠯ ᠲᠣᠷᠠᠳᠪᠠ᠃
ᠨᠢᠭᠡ᠂ ᠶᠡᠷᠦᠩᠭᠡᠢ ᠱᠠᠭ᠋ᠠᠷᠲᠠᠯᠭ᠎ᠠ
(ᠨᠢᠭᠡ) ᠵᠢᠯᠣᠭᠣᠳᠬᠣ ᠦᠵᠡᠯ ᠰᠠᠨᠠᠭ᠎ᠠ; ᠨᠠᠮ᠎ᠤᠨ ᠠᠷᠪᠠᠨ ᠨᠠᠢ᠍ᠮᠠᠳᠤᠭ᠋ᠠᠷ ᠶᠡᠬᠡ ᠬᠣᠷᠠᠯ ᠪᠣᠯᠣᠨ ᠠᠷᠪᠠᠨ ᠨᠠᠢ᠍ᠮᠠᠳᠤᠭ᠋ᠠᠷ ᠬᠣᠭᠣᠴᠠᠭ᠋ᠠᠨ᠎ᠤ ᠭᠣᠷᠪᠠᠲᠣᠭ᠋ᠠᠷ᠂ ᠲᠦᠷᠪᠡᠲᠦᠭᠡᠷ᠂ ᠲᠠᠪᠣᠲᠣᠭ᠋ᠠᠷ ᠪᠦᠬᠦᠲᠡ ᠬᠣᠷᠠᠯ᠎ᠤᠨ ᠵᠣᠷᠢᠬ ᠰᠠᠨᠠᠭ᠎ᠠ ᠵᠢ ᠪᠦᠬᠦ ᠲᠠᠯ᠎ᠠ᠎ᠪᠠᠷ ᠲᠣᠭᠣᠰᠢᠯᠠᠭᠣᠯᠵᠦ᠂ 《ᠲᠦᠷᠪᠡᠨ ᠪᠦᠬᠦ ᠲᠠᠯ᠎ᠠ》 ᠵᠢᠨ ᠪᠠᠢ᠌ᠯᠲᠣᠬᠣ ᠪᠣᠲᠣᠯᠭ᠎ᠠ ᠵᠢᠨ ᠪᠠᠢ᠌ᠷᠢᠯᠠᠭᠣᠯᠣᠯᠲᠠ ᠶᠣᠰᠣᠭ᠋ᠠᠷ᠂ ᠰᠢᠨ᠎ᠡ ᠵᠢ ᠡᠬᠦᠳᠬᠦ᠂ ᠵᠣᠬᠢᠴᠠᠩᠭᠣᠢ᠂ ᠪᠣᠬᠢᠷᠲᠣᠯ ᠦᠭᠡᠢ᠂ ᠨᠡᠭᠡᠭᠡᠯᠲᠡᠲᠦ᠂ ᠬᠠᠮᠲᠣ᠎ᠪᠠᠷ ᠡᠳ᠋ᠯᠡᠬᠦ ᠬᠦᠭᠵᠢᠯᠲᠡ ᠵᠢᠨ ᠣᠢ᠌ᠯᠠᠭ᠋ᠠᠬᠲᠠᠬᠣᠨ᠎ᠢ ᠪᠠᠲᠣ ᠪᠡᠬᠢ ᠪᠣᠢ ᠪᠣᠯᠭ᠋ᠠᠨ ᠲᠣᠭᠣᠰᠢᠯᠠᠭᠣᠯᠣᠨ ᠨᠠᠢ᠌ᠲᠠᠪᠣᠷᠢᠵᠢᠭᠣᠯᠵᠦ᠂ ᠨᠠᠮ᠎ᠤᠨ ᠲᠦᠪ ᠬᠣᠷᠢᠶ᠎ᠠ᠂ ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠰᠢᠢ᠍ᠳᠪᠦᠷᠢᠲᠦ ᠪᠣᠲᠣᠯᠭ᠎ᠠ ᠵᠢᠨ ᠪᠠᠢ᠌ᠷᠢᠯᠠᠭᠣᠯᠣᠯᠲᠠ ᠵᠢ ᠨᠠᠷᠢᠨ ᠬᠢᠨᠠᠮᠠᠭ᠋ᠠᠢ ᠨᠠᠢ᠌ᠲᠠᠪᠣᠷᠢᠵᠢᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠠᠩᠭ᠋ᠠᠯᠭ᠎ᠠ ᠬᠡᠷᠡᠭᠯᠡᠭᠡ ᠵᠢᠨ ᠪᠦᠲᠦᠴᠡ ᠵᠢᠨ ᠴᠢᠨᠠᠷᠲᠠᠢ ᠦᠭᠡᠷᠡᠴᠢᠯᠡᠯᠲᠡ ᠵᠢ ᠠᠬᠢᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢᠨ ᠴᠢᠨᠠᠷ ᠴᠢᠨᠰᠠᠭ᠎ᠠ ᠪᠣᠯᠣᠨ ᠦᠷ᠎ᠡ ᠠᠰᠢᠬ᠎ᠢ ᠲᠡᠭᠡᠭᠰᠢᠯᠡᠬᠦᠯᠵᠦ᠂ ᠡᠯ᠎ᠠ ᠲᠦᠷᠦᠯ᠎ᠤᠨ ᠵᠠᠬ᠎ᠠ ᠲᠡᠯᠭᠡᠬᠦᠷ᠎ᠤᠨ ᠭᠣᠣᠯ ᠴᠣᠬ᠍ᠴᠠ ᠵᠢ ᠪᠣᠢ᠌ᠵᠢᠭᠣᠯᠣᠨ ᠪᠣᠵᠠᠭ᠋ᠠᠢ᠌ᠷᠠᠭᠣᠯᠵᠦ᠂ ᠦᠢ᠍ᠯᠡᠳᠬᠦᠨ ᠬᠢᠭᠡᠳ ᠦᠢ᠍ᠯᠡᠴᠢᠯᠡᠭᠡ ᠵᠢᠨ ᠬᠠᠩᠭ᠋ᠠᠯᠭ᠎ᠠ ᠬᠡᠷᠡᠭᠯᠡᠭᠡ ᠵᠢ ᠪᠡᠶᠠᠯᠢᠬ᠍ᠵᠢᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠪᠦᠬᠦ ᠲᠠᠯ᠎ᠠ᠎ᠪᠠᠷ ᠡᠷᠡᠬᠦᠯ ᠵᠶ᠋ᠠᠷ ᠦᠷᠬᠦᠯᠵᠢᠯᠡᠨ ᠬᠦᠭᠵᠢᠬᠦ ᠵᠢ ᠠᠬᠢᠭᠣᠯᠣᠨ᠂ ᠠᠷᠠᠳ ᠣᠯᠠᠨ᠎ᠤ ᠣᠯᠠᠨ ᠲᠠᠪᠬᠣᠷᠭ᠋ᠠᠲᠣ ᠣᠯᠠᠨ ᠶᠠᠩᠵᠣᠲᠣ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠡᠷᠡᠭᠴᠡᠭᠡ ᠱᠠᠭ᠋ᠠᠷᠲᠠᠯᠭ᠎ᠠ ᠵᠢ ᠲᠠᠰᠣᠷᠠᠯᠲᠠ ᠦᠭᠡᠢ ᠬᠠᠩᠭ᠋ᠠᠵᠦ᠂ ᠵᠣᠯ ᠵᠢᠷᠭ᠋ᠠᠯ᠎ᠤᠨ ᠲᠦᠷᠦᠭᠲᠡᠯ ᠪᠣᠯᠣᠨ ᠬᠦᠷᠲᠡᠮᠵᠢ ᠵᠢᠨ ᠲᠦᠷᠦᠭᠲᠡᠯᠢ ᠲᠡᠭᠡᠭᠰᠢᠯᠡᠬᠦᠯᠵᠦ᠂ ᠠᠵᠦ ᠠᠬᠣᠢ ᠵᠢᠨ ᠬᠦᠭᠵᠢᠯᠲᠡ ᠵᠢᠨ ᠰᠢᠨ᠎ᠡ ᠬᠡᠪᠰᠢᠯ ᠲᠣᠣᠷ᠎ᠠ ᠬᠡᠷᠡᠭᠯᠡᠭᠡ ᠵᠢᠨ ᠱᠠᠭ᠋ᠠᠷᠲᠠᠯᠭ᠎ᠠ ᠵᠢ ᠦᠷᠭᠡᠳᠭᠡᠵᠦ᠂ ᠠᠵᠦ ᠠᠬᠣᠢ ᠵᠢᠨ ᠨᠡᠮᠡᠭᠲᠡᠯ᠎ᠢ ᠲᠦᠷᠭᠡᠳᠭᠡᠬᠦ᠂ ᠠᠵᠦ ᠠᠬᠣᠢ ᠵᠢᠨ ᠨᠡᠮᠡᠭᠲᠡᠯ᠎ᠤᠨ ᠬᠡᠯᠪᠡᠷᠢ ᠵᠢ ᠬᠣᠪᠢᠷᠠᠭᠣᠯᠬᠣ᠎ᠳᠤ ᠬᠦᠴᠦᠲᠦ ᠲᠣᠯᠭ᠋ᠠᠭᠣᠷᠢ ᠪᠣᠯᠣᠨ ᠬᠦᠲᠡᠯᠭᠡᠬᠦ ᠬᠦᠴᠦᠨ ᠬᠠᠩᠭ᠋ᠠᠨ᠎ᠠ᠃
(ᠬᠣᠶᠠᠷ) ᠦᠨᠳᠦᠰᠦᠨ ᠵᠠᠷᠴᠢᠮ;
ᠵᠠᠬ᠎ᠠ ᠲᠡᠯᠭᠡᠬᠦᠷ ᠵᠶ᠋ᠠᠷ ᠭᠣᠣᠯ ᠵᠢᠯᠣᠭᠣᠲᠣᠭᠣᠯᠵᠦ᠂ ᠰᠢᠨ᠎ᠡ ᠵᠢ ᠡᠬᠦᠳᠬᠦ᠎ᠪᠠᠷ ᠬᠦᠭᠵᠢᠯᠲᠡ ᠵᠢᠨ ᠬᠦᠲᠡᠯᠭᠡᠬᠦᠷ ᠪᠣᠯᠭ᠋ᠠᠨ᠎ᠠ᠃ ᠡᠬᠢ ᠪᠠᠶᠠᠯᠢᠬ᠎ᠤᠨ ᠲᠣᠬᠢᠷᠠᠭᠣᠯᠣᠯᠲᠠ ᠲᠣᠮᠲᠠᠬᠢ ᠵᠠᠬ᠎ᠠ ᠲᠡᠯᠭᠡᠬᠦᠷ᠎ᠤᠨ ᠰᠢᠢ᠍ᠳᠪᠦᠷᠢᠯᠡᠬᠦ ᠴᠢᠨᠠᠷᠲᠠᠢ ᠦᠢ᠍ᠯᠡᠳᠦᠯ᠎ᠢ ᠬᠦᠢ᠍ᠴᠡᠳ ᠪᠠᠲᠠᠷᠠᠭᠣᠯᠣᠨ᠂ ᠡᠯ᠎ᠡ ᠲᠦᠷᠦᠯ᠎ᠤᠨ ᠵᠠᠬ᠎ᠠ ᠲᠡᠯᠭᠡᠬᠦᠷ᠎ᠤᠨ ᠭᠣᠣᠯ ᠴᠣᠬ᠍ᠴᠠ ᠵᠢᠨ ᠵᠣᠬᠢᠶᠠᠨ ᠪᠠᠢ᠌ᠭᠣᠯᠣᠯᠲᠠ ᠵᠢᠨ ᠬᠠᠮᠢᠶᠠᠷᠣᠯᠲᠠ᠂ ᠪᠠᠢ᠌ᠭᠣᠯᠣᠯᠲᠠ ᠡᠵᠡᠩᠨᠡᠯᠲᠡ᠂ ᠰᠤᠲᠤᠯᠤᠨ ᠨᠡᠭᠡᠭᠡᠵᠦ ᠦᠢ᠍ᠯᠡᠳᠪᠦᠷᠢᠯᠡᠬᠦ ᠵᠡᠷᠭᠡ ᠡᠯ᠎ᠠ ᠭᠣᠬ᠍ᠴᠣᠭᠠ ᠵᠢᠨ ᠰᠢᠨ᠎ᠠ ᠵᠢ ᠡᠬᠦᠳᠬᠦ ᠣᠢ᠌ᠯᠠᠭ᠋ᠠᠬᠲᠠᠬᠣᠨ ᠪᠠ ᠵᠠᠬ᠍ᠪᠣᠷᠢ ᠬᠦᠲᠦᠯᠦᠨ ᠵᠢᠯᠣᠭᠣᠳᠴᠦ᠂ ᠦᠢ᠍ᠯᠡᠴᠢᠯᠡᠭᠡ ᠵᠢᠨ ᠴᠢᠨᠠᠷ ᠴᠢᠨᠰᠠᠭ᠎ᠠ ᠵᠢ ᠲᠡᠭᠡᠭᠰᠢᠯᠡᠬᠦᠯᠦᠨ᠂ ᠬᠡᠷᠡᠭᠯᠡᠬᠡ ᠵᠢᠨ ᠲᠡᠰ ᠲᠡᠪᠰᠢᠭᠰᠠᠨ ᠱᠠᠭ᠋ᠠᠷᠲᠠᠯᠭ᠎ᠠ ᠵᠢ ᠨᠡᠩ ᠰᠠᠢ᠌ᠲᠣᠷ ᠬᠠᠩᠭ᠋ᠠᠨ᠎ᠠ᠃
ᠡᠬᠦᠷᠭᠡ ᠴᠢᠲᠠᠪᠬᠢ᠎ᠪᠠᠨ ᠬᠣᠪᠢᠷᠠᠭᠣᠯᠣᠨ᠂ ᠣᠷᠴᠢᠨ ᠲᠣᠭᠣᠷᠢᠨ᠎ᠢ ᠰᠢᠯᠢᠲᠡᠭᠵᠢᠬᠦᠯᠦᠨ᠎ᠡ᠃ ᠵᠠᠰᠠᠬ᠎ᠢ ᠴᠣᠮᠬᠠᠳᠬᠠᠨ ᠡᠷᠭᠡ ᠵᠢ ᠲᠣᠷᠣᠬᠰᠢ ᠲᠠᠯᠪᠢᠬᠣ᠂ ᠬᠠᠮᠢᠶᠠᠷᠬᠣ ᠪᠠ ᠲᠠᠯᠪᠢᠬᠣ ᠵᠢ ᠣᠶᠠᠯᠲᠣᠭᠣᠯᠬᠣ ᠵᠢ ᠬᠦᠴᠦᠲᠡᠢ ᠠᠬᠢᠭᠣᠯᠣᠨ᠂ ᠦᠢ᠍ᠯᠡᠴᠢᠯᠡᠭᠡ ᠵᠢᠨ ᠦᠭᠡᠷᠡᠴᠢᠯᠡᠯᠲᠡ ᠵᠢ ᠰᠢᠯᠢᠲᠡᠭᠵᠢᠬᠦᠯᠵᠦ᠂ ᠨᠡᠢ᠌ᠭᠡᠮ᠎ᠤᠨ ᠬᠦᠷᠦᠩᠭᠡ ᠵᠢᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠪᠡᠯᠡ ᠣᠷᠣᠭᠣᠯᠬᠣ 《 ᠬᠡᠪᠡᠷᠡᠭ》 《ᠲᠦᠪᠡᠭ》 《 ᠮᠠᠲᠠᠭ》 ᠵᠡᠷᠭᠡ ᠠᠰᠠᠭᠣᠲᠠᠯ᠎ᠢ ᠬᠦᠴᠦᠯᠡᠨ ᠰᠢᠢ᠍ᠳᠪᠦᠷᠢᠯᠡᠨ᠎ᠡ; ᠨᠢᠭᠡᠲᠦᠯᠲᠡᠢ ᠲᠦᠯᠦᠪᠵᠢᠬᠦᠯᠬᠦ᠂ ᠲᠦᠷᠦ ᠵᠢᠨ ᠪᠣᠲᠣᠯᠭ᠎ᠠ᠎ᠪᠠᠷ ᠲᠡᠳᠬᠦᠬᠦ᠂ ᠪᠠᠷᠢᠮᠵᠢᠶᠠᠵᠢᠭᠣᠯᠣᠨ ᠬᠦᠲᠦᠯᠦᠨ ᠵᠢᠯᠣᠭᠣᠳᠬᠣ ᠵᠢ ᠴᠢᠩᠭ᠋ᠠᠳᠬᠠᠵᠦ᠂ ᠬᠡᠷᠡᠭᠯᠡᠭᠡ ᠵᠢᠨ ᠣᠷᠴᠢᠨ ᠲᠣᠭᠣᠷᠢᠨ᠎ᠢ ᠰᠠᠢ᠌ᠵᠢᠷᠠᠭᠣᠯᠵᠦ᠂ ᠡᠷᠡᠬᠦᠯ ᠬᠡᠷᠡᠭᠯᠡᠬᠡ ᠵᠢᠨ ᠣᠢ᠌ᠯᠠᠭ᠋ᠠᠬᠲᠠᠬᠣᠨ᠎ᠢ ᠪᠣᠢ ᠪᠣᠯᠭ᠋ᠠᠵᠦ᠂ ᠡᠯ᠎ᠡ ᠲᠦᠷᠦᠯ᠎ᠤᠨ ᠬᠠᠮᠲᠣ ᠨᠢᠭᠡᠴᠡ ᠵᠢ ᠰᠠᠢ᠌ᠨ ᠲᠣᠷ᠎ᠠ᠎ᠠᠴᠠ᠎ᠪᠠᠨ᠂ ᠨᠦᠬᠦᠴᠡᠯ᠎ᠲᠠᠢ᠎ᠪᠠᠷ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠣᠷᠣᠯᠴᠠᠭᠣᠯᠣᠨ᠎ᠠ᠃
ᠲᠦᠷᠦᠯ ᠬᠣᠪᠢᠶᠠᠨ ᠠᠬᠢᠭᠣᠯᠵᠦ᠂ ᠠᠭᠣᠰᠣᠯᠴᠠᠭᠣᠯᠣᠨ ᠬᠦᠭᠵᠢᠬᠦᠯᠦᠨ᠎ᠡ᠃ ᠲᠦᠷᠦᠯ ᠠᠩᠬᠢᠯᠠᠨ ᠲᠠᠪᠬᠣᠷᠭ᠎ᠠ ᠬᠣᠪᠢᠶᠠᠨ ᠠᠲᠠᠯᠢ ᠪᠣᠰᠣ᠎ᠪᠠᠷ ᠬᠠᠨᠲᠣᠵᠦ᠂ ᠣᠯᠠᠨ ᠲᠦᠮᠡᠨ᠎ᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠨᠳᠦᠰᠦᠨ ᠱᠠᠭ᠋ᠠᠷᠲᠠᠯᠭ᠎ᠠ ᠵᠢ ᠪᠠᠲᠣᠯᠠᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠣᠯᠠᠨ ᠡᠰᠢᠲᠦ ᠬᠦᠭᠵᠢᠯᠲᠡ ᠵᠢ ᠠᠬᠢᠭᠣᠯᠣᠨ᠎ᠠ; ᠠᠵᠦ ᠦᠢ᠍ᠯᠡᠰ᠎ᠤᠨ ᠬᠦᠭᠵᠢᠯᠲᠡ ᠵᠢᠨ ᠵᠢᠮ᠎ᠡ ᠶᠣᠰᠣ ᠵᠢ ᠵᠢᠷᠣᠮᠯᠠᠨ᠂ ᠪᠦᠬᠦ ᠲᠠᠯ᠎ᠠ᠎ᠠᠴᠠ ᠡᠬᠦᠰᠦᠨ ᠠᠵᠦ ᠦᠢ᠍ᠯᠡᠰ᠎ᠤᠨ ᠡᠯ᠎ᠠ ᠲᠦᠷᠦᠯ ᠵᠦᠢ᠍ᠯ᠎ᠤᠨ ᠪᠦᠬᠦ ᠲᠠᠯ᠎ᠠ ᠵᠢᠨ ᠬᠦᠭᠵᠢᠯᠲᠡ ᠵᠢ ᠠᠬᠢᠭᠣᠯᠣᠨ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ ᠬᠢᠭᠡᠳ ᠪᠦᠬᠦ ᠠᠷᠠᠳ᠎ᠤᠨ ᠪᠡᠶ᠎ᠡ ᠴᠢᠬᠢᠷᠠᠬ᠍ᠵᠢᠭᠣᠯᠬᠣ ᠦᠢ᠍ᠯᠡᠰ᠎ᠢ ᠨᠢᠭᠡᠲᠦᠯᠲᠡᠢ ᠲᠦᠯᠦᠪᠵᠢᠬᠦᠯᠦᠨ ᠵᠣᠬᠢᠴᠠᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ ᠬᠢᠭᠡᠳ ᠵᠣᠭ᠋ᠠᠴᠠᠯ᠂ ᠡᠷᠡᠬᠦᠯ ᠮᠡᠨᠲᠦ ᠵᠡᠷᠭᠡ ᠠᠵᠦ ᠦᠢ᠍ᠯᠡᠰ᠎ᠤᠨ ᠠᠭᠣᠰᠣᠯᠴᠠᠨ ᠬᠣᠷᠰᠢᠯᠴᠠᠬᠣ ᠵᠢ ᠠᠬᠢᠭᠣᠯᠣᠨ᠎ᠠ᠃
ᠭᠣᠣᠯᠲᠠᠯᠭ᠎ᠠ᠎ᠲᠠᠢ ᠰᠢᠪᠲᠣᠯᠵᠦ᠂ ᠪᠣᠲᠠᠲᠣ ᠠᠰᠢᠬ᠎ᠢ ᠡᠷᠬᠢᠮᠯᠡᠨ᠎ᠡ᠃ 《ᠨᠢᠭᠡ ᠪᠦᠰᠡ ᠨᠢᠭᠡ ᠵᠠᠮ》᠎ᠤᠨ ᠪᠠᠢ᠌ᠭᠣᠯᠣᠯᠲᠠ᠂ ᠪᠡᠭᠡᠵᠢᠩ ᠲᠢᠶᠠᠨᠵᠢᠨ ᠾᠧᠪᠸᠢ ᠵᠢᠨ ᠵᠣᠬᠢᠴᠠᠩᠭᠣᠢ ᠬᠦᠭᠵᠢᠯᠲᠡ᠂ ᠬᠦᠬᠡᠮᠦᠢ᠍ᠷᠡᠨ᠎ᠤ ᠠᠵᠦ ᠠᠬᠣᠢ ᠵᠢᠨ ᠪᠦᠰᠡ ᠵᠢᠨ ᠭᠣᠷᠪᠠᠨ ᠶᠡᠬᠡ ᠪᠠᠢ᠌ᠯᠲᠣᠬᠣ ᠪᠣᠲᠣᠯᠭ᠎ᠠ ᠵᠢᠨ ᠲᠣᠭᠣᠷᠢᠨ᠎ᠳᠤ᠂ ᠰᠢᠨ᠎ᠡ ᠮᠡᠶᠢᠬᠤᠨ ᠬᠣᠲᠠ ᠪᠠᠯᠭ᠋ᠠᠰᠣᠵᠢᠯᠲᠠ ᠵᠢᠨ ᠪᠠᠢ᠌ᠭᠣᠯᠣᠯᠲᠠ᠂ ᠨᠡᠢ᠌ᠭᠡᠮ ᠵᠢᠷᠣᠮ᠎ᠤᠨ ᠰᠢᠨ᠎ᠡ ᠬᠦᠲᠡᠭᠡ ᠲᠣᠰᠬᠣᠨ᠎ᠤ ᠪᠠᠢ᠌ᠭᠣᠯᠣᠯᠲᠠ᠂ ᠣᠨᠢᠨ ᠲᠡᠭᠡᠷ᠎ᠡ᠎ᠨᠢ ᠶᠠᠲᠠᠭᠣ ᠵᠢ ᠲᠡᠳᠬᠦᠬᠦ᠂ ᠲᠦᠬᠦᠮ ᠪᠦᠲᠦᠴᠡᠲᠦ ᠣᠷᠣᠨ ᠰᠠᠭᠣᠴᠠ ᠵᠢᠨ ᠲᠣᠭᠣᠷᠢᠬ᠎ᠢ ᠦᠭᠡᠷᠡᠴᠢᠯᠡᠨ ᠪᠠᠢ᠌ᠭᠣᠯᠬᠣ ᠵᠡᠷᠭᠡ ᠣᠯᠣᠰ᠎ᠤᠨ ᠬᠦᠨᠲᠦ ᠴᠢᠬᠣᠯᠠ ᠪᠠᠢ᠌ᠷᠢᠯᠠᠭᠣᠯᠣᠯᠲᠠ᠎ᠲᠠᠢ ᠣᠶᠠᠯᠲᠣᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠭᠣᠣᠯᠲᠠᠯᠭ᠎ᠠ᠎ᠲᠠᠢ ᠬᠦᠲᠡᠯᠭᠡᠭᠡᠨ᠎ᠤ ᠲᠦᠷᠦᠯ ᠵᠦᠢ᠍ᠯ ᠪᠣᠯᠣᠨ ᠠᠵᠦ ᠦᠢ᠍ᠯᠡᠰ᠎ᠤᠨ ᠵᠢᠱ᠌ᠢᠶ᠎ᠠ ᠦᠵᠡᠬᠦᠯᠬᠦ ᠰᠠᠭᠣᠷᠢᠨ ᠵᠡᠷᠭᠡ᠎ᠪᠠᠷ ᠲᠦᠰᠢᠭ ᠪᠣᠯᠭ᠋ᠠᠨ᠂ ᠲᠡᠬᠦᠨ᠎ᠤ ᠨᠦᠯᠦᠭᠡᠯᠡᠬᠦ ᠪᠠ ᠲᠠᠢ᠌ᠴᠢᠯᠠᠬᠣ ᠦᠢ᠍ᠯᠡᠲᠦᠯ᠎ᠢ ᠪᠠᠲᠠᠷᠠᠭᠣᠯᠣᠨ᠂ ᠣᠷᠣᠨ ᠪᠦᠰᠡ ᠵᠢᠨ ᠠᠵᠦ ᠠᠬᠣᠢ ᠵᠢᠨ ᠬᠦᠭᠵᠢᠯᠲᠡ ᠪᠣᠯᠣᠨ ᠠᠷᠠᠳ᠎ᠤᠨ ᠠᠮᠢᠲᠣᠷᠠᠯ᠎ᠢ ᠰᠠᠢ᠌ᠵᠢᠷᠠᠭᠣᠯᠬᠣ ᠵᠢ ᠠᠬᠢᠭᠣᠯᠣᠨ᠎ᠠ᠃
(ᠭᠣᠷᠪᠠ) ᠬᠦᠭᠵᠢᠯᠲᠡ ᠵᠢᠨ ᠬᠠᠷᠠᠯᠲᠠ; 2025 ᠤᠨ ᠪᠣᠯᠬᠣ᠎ᠳᠤ᠂ ᠪᠠᠢ᠌ᠷᠢᠰᠢᠯ ᠵᠣᠬᠢᠰᠲᠠᠢ᠂ ᠡᠬᠦᠷᠭᠡ ᠴᠢᠲᠠᠪᠬᠢ ᠪᠦᠷᠢᠨ ᠲᠦᠬᠦᠷ᠂ ᠲᠦᠷᠦᠯ ᠵᠦᠢ᠍ᠯ ᠪᠦᠷᠢᠲᠦᠭᠰᠡᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢᠨ ᠪᠠᠢ᠌ᠷᠢᠰᠢᠯ᠎ᠢ ᠦᠨᠳᠦᠰᠦᠨ᠎ᠳᠡᠭᠡᠨ ᠪᠦᠷᠢᠯᠲᠦᠬᠦᠯᠵᠦ᠂ ᠵᠠᠬ᠎ᠠ ᠲᠡᠯᠭᠡᠬᠦᠷ᠎ᠤᠨ ᠵᠤᠬᠢᠴᠠᠮᠵᠢ ᠣᠯᠠᠮ ᠵᠶ᠋ᠠᠷ ᠲᠡᠬᠦᠯᠲᠡᠷᠵᠢᠵᠦ᠂ ᠬᠡᠷᠡᠭᠯᠡᠬᠡ ᠵᠢᠨ ᠱᠠᠭ᠋ᠠᠷᠲᠠᠯᠭ᠎ᠠ ᠶᠠᠪᠣᠬᠣ ᠲᠣᠲᠣᠮ ᠦᠨᠳᠦᠷᠵᠢᠵᠦ᠂ ᠠᠵᠦ ᠦᠢ᠍ᠯᠡᠰ᠎ᠤᠨ ᠣᠷᠴᠢᠨ ᠲᠣᠭᠣᠷᠢᠨ ᠲᠠᠰᠣᠷᠠᠯᠲᠠ ᠦᠭᠡᠢ ᠰᠢᠯᠢᠲᠡᠭᠵᠢᠵᠦ᠂ ᠠᠵᠦ ᠦᠢ᠍ᠯᠡᠰ᠎ᠤᠨ ᠪᠦᠲᠦᠴᠡ ᠣᠯᠠᠮ ᠵᠶ᠋ᠠᠷ ᠵᠣᠬᠢᠰᠲᠠᠢ ᠪᠣᠯᠵᠦ᠂ ᠦᠢ᠍ᠯᠡᠳᠬᠦᠨ ᠪᠣᠯᠣᠨ ᠦᠢ᠍ᠯᠡᠴᠢᠯᠡᠭᠡ ᠵᠢᠨ ᠬᠠᠩᠭ᠋ᠠᠯᠭ᠎ᠠ ᠬᠡᠷᠡᠭᠯᠡᠭᠡ ᠡᠯᠪᠡᠭᠵᠢᠵᠦ᠂ ᠦᠢ᠍ᠯᠡᠴᠢᠯᠡᠭᠡᠨ᠎ᠤ ᠴᠢᠨᠠᠷ ᠪᠠ ᠲᠦᠪᠰᠢᠨ ᠮᠡᠲᠡᠭᠲᠡᠮ᠎ᠡ ᠲᠡᠭᠡᠭᠰᠢᠯᠡᠵᠦ᠂ ᠦᠭᠡᠷ᠎ᠡ ᠪᠣᠰᠣᠳ ᠠᠵᠦ ᠦᠢ᠍ᠯᠡᠰ᠎ᠯᠦᠭᠡ ᠠᠭᠣᠰᠣᠯᠴᠠᠨ ᠬᠦᠭᠵᠢᠬᠦ᠎ᠨᠢ ᠨᠡᠩ ᠨᠢᠬᠲᠠᠷᠠᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠶᠡᠷᠦᠩᠭᠡᠢ ᠬᠡᠪᠴᠢᠶᠠᠵᠢᠯ 3 ᠲᠦᠮᠡᠨ ᠳ᠋ᠦᠩᠰᠢᠭᠣᠷ ᠲᠦᠬᠦᠷᠢᠭ᠎ᠲᠤ ᠬᠦᠷᠬᠦ ᠪᠣᠯᠣᠨ᠎ᠠ᠃
ᠬᠣᠶᠠᠷ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠢ᠍ᠯᠡᠴᠢᠯᠡᠭᠡᠨ᠎ᠤ ᠰᠢᠰᠲ᠋ᠧᠮ᠎ᠢ ᠲᠡᠬᠦᠯᠲᠡᠷᠵᠢᠬᠦᠯᠦᠨ᠎ᠡ
(ᠲᠦᠷᠪᠡ) ᠡᠳᠦᠷ ᠲᠣᠲᠣᠮ᠎ᠤᠨ ᠪᠡᠶ᠎ᠡ ᠴᠢᠬᠢᠷᠠᠬ᠍ᠵᠢᠭᠣᠯᠬᠣ ᠵᠢ ᠲᠦᠭᠡᠮᠡᠯᠵᠢᠬᠦᠯᠦᠨ᠎ᠡ᠃ ᠣᠯᠠᠨ ᠲᠦᠮᠡᠨ᠎ᠤ ᠦᠷᠭᠡᠨ ᠵᠶ᠋ᠠᠷ ᠣᠷᠣᠯᠴᠠᠬᠣ᠎ᠳᠤ ᠲᠣᠬᠢᠷᠠᠬᠣ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠢ ᠲᠡᠯᠭᠡᠷᠡᠬᠦᠯᠵᠦ᠂ ᠬᠦᠯ ᠪᠦᠮᠪᠦᠭᠡ᠂ ᠰᠠᠬᠰᠣᠨ ᠪᠦᠮᠪᠦᠭᠡ᠂ ᠠᠯᠠᠭ᠋ᠠᠲᠠᠬᠣ ᠪᠦᠮᠪᠦᠭᠡ᠂ ᠫᠢᠩᠫᠤᠩ ᠪᠦᠮᠪᠦᠭᠡ᠂ ᠦᠲᠦᠨ ᠪᠦᠮᠪᠦᠭᠡ᠂ ᠲᠣᠣᠷ ᠪᠦᠮᠪᠦᠭᠡ᠂ ᠣᠰᠣᠨ᠎ᠳᠤ ᠣᠮᠪᠠᠬᠣ᠂ ᠠᠯᠬᠣᠬᠣ᠂ ᠬᠦᠶᠦᠬᠦ᠂ ᠲᠣᠭᠣᠢ ᠣᠨᠣᠬᠣ᠂ ᠰᠢᠲᠠᠷ᠎ᠠ᠂ ᠰᠢᠷᠡᠭᠡᠨ ᠪᠦᠮᠪᠦᠭᠡ᠂ ᠵᠢᠭ᠋ᠠᠰᠣ ᠬᠦᠬᠢᠲᠡᠬᠦ ᠂ ᠪᠡᠶ᠎ᠡ ᠵᠢᠨ ᠲᠠᠮᠢᠷ᠎ᠤᠨ ᠪᠦᠵᠢᠭ᠂ ᠠᠭᠣᠲᠠᠮ ᠲᠠᠯᠠᠪᠠᠢ ᠵᠢᠨ ᠪᠦᠵᠢᠭ ᠵᠡᠷᠭᠡ ᠨᠡᠢ᠌ᠲᠡᠮ᠎ᠤᠨ ᠴᠢᠨᠠᠷᠲᠠᠢ᠂ ᠣᠯᠠᠨ ᠵᠶ᠋ᠠᠷ ᠵᠶ᠋ᠠᠨ ᠠᠩᠬᠠᠷᠲᠠᠬ᠂ ᠵᠠᠬ᠎ᠠ ᠲᠡᠯᠭᠡᠬᠦᠷ᠎ᠤᠨ ᠣᠷᠣᠨ ᠵᠠᠢ ᠶᠡᠬᠡᠲᠡᠢ ᠬᠦᠲᠡᠯᠭᠡᠭᠡᠨ᠎ᠤ ᠲᠦᠷᠦᠯ ᠵᠦᠢ᠍ᠯ᠎ᠢ ᠲᠦᠷᠭᠡᠳᠭᠡᠨ ᠬᠦᠭᠵᠢᠬᠦᠯᠵᠦ᠂ ᠣᠯᠠᠨ ᠨᠡᠢ᠌ᠲᠡ ᠵᠢᠨ ᠦᠢ᠍ᠯᠡᠴᠢᠯᠡᠭᠡ ᠵᠢᠨ ᠬᠠᠩᠭ᠋ᠠᠯᠭ᠎ᠠ ᠬᠡᠷᠡᠭᠴᠡᠭᠡ ᠵᠢ ᠪᠠᠲᠣᠯᠠᠵᠦ᠂ ᠣᠯᠠᠨ ᠲᠠᠯ᠎ᠠ ᠵᠢᠨ ᠣᠷᠣᠯᠴᠠᠯᠭ᠎ᠠ ᠵᠢ ᠬᠦᠲᠦᠯᠦᠨ ᠵᠢᠯᠣᠭᠣᠲᠣᠨ᠎ᠠ᠃
(ᠲᠠᠪᠣ) ᠭᠡᠭᠡᠷ᠎ᠡ ᠭᠠᠲᠠᠨᠠᠬᠢ ᠬᠦᠲᠡᠯᠭᠡᠭᠡᠨ᠎ᠢ ᠬᠦᠭᠵᠢᠬᠦᠯᠦᠨ᠎ᠡ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠭᠣᠣᠯᠲᠠᠯᠭ᠎ᠠ᠎ᠲᠠᠢ ᠬᠦᠲᠡᠯᠭᠡᠭᠡᠨ᠎ᠤ ᠲᠦᠷᠦᠯ ᠵᠣᠢ᠌ᠯ᠎ᠤᠨ ᠭᠠᠷᠴᠠᠬ ᠲᠣᠬᠲᠠᠭ᠋ᠠᠵᠣ᠂ ᠭᠡᠭᠡᠷ᠎ᠡ ᠭᠠᠲᠠᠨᠠᠬᠢ ᠬᠦᠲᠡᠯᠭᠡᠭᠡᠨ ᠵᠶ᠋ᠠᠷ ᠭᠣᠣᠯᠲᠠᠯᠭ᠎ᠠ ᠪᠣᠯᠭ᠋ᠠᠵᠦ᠂ ᠰᠢᠷᠢᠰ ᠲᠦᠯᠦᠪᠵᠢᠬᠦᠯᠭᠡ ᠵᠢ ᠰᠣᠲᠣᠯᠣᠨ ᠲᠣᠬᠲᠠᠭ᠋ᠠᠵᠦ᠂ ᠬᠡᠷᠡᠭᠯᠡᠭᠡ ᠵᠢᠨ ᠵᠢᠯᠣᠭᠣᠲᠣᠮᠵᠢ ᠵᠢᠨ ᠴᠢᠨᠠᠷᠲᠠᠢ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠢ ᠬᠦᠭᠵᠢᠬᠦᠯᠬᠦ ᠵᠢ ᠲᠡᠮᠵᠢᠨ᠎ᠡ᠃
— ᠮᠦᠰᠦ ᠴᠠᠰᠣᠨ᠎ᠤ ᠬᠦᠲᠡᠯᠭᠡᠭᠡᠨ; 2022 ᠤᠨ᠎ᠤ ᠡᠪᠦᠯ᠎ᠤᠨ ᠣᠯᠠᠷᠢᠯ᠎ᠤᠨ ᠣᠯᠢᠮᠫᠢᠺ᠎ᠤᠨ ᠲᠠᠮᠢᠷ᠎ᠤᠨ ᠴᠣᠬᠯᠠᠭ᠋ᠠᠨᠢ ᠡᠷᠬᠢᠯᠡᠬᠦ᠎ᠪᠠᠷ ᠠᠵᠠ ᠲᠣᠬᠢᠶᠠᠯ ᠪᠣᠯᠭ᠋ᠠᠨ 《ᠭᠣᠷᠪᠠᠨ ᠳ᠋ᠦᠩᠰᠢᠭᠣᠷ ᠬᠦᠮᠦᠨ ᠮᠦᠰᠦ ᠴᠠᠰᠣᠨ᠎ᠤ ᠬᠦᠲᠡᠯᠭᠡᠭᠡᠨ᠎ᠳᠤ ᠣᠷᠣᠯᠴᠠᠬᠣ》᠎ᠪᠠᠷ ᠬᠦᠭᠵᠢᠯᠲᠡ ᠵᠢᠨ ᠬᠠᠷᠠᠯᠲᠠ ᠪᠣᠯᠭ᠋ᠠᠵᠦ᠂ ᠵᠡᠬᠦᠨ ᠬᠣᠢ᠌ᠲᠣ ᠣᠷᠣᠨ᠂ ᠣᠮᠠᠷᠠᠲᠣ ᠣᠷᠣᠨ᠂ ᠪᠠᠷᠠᠭᠣᠨ ᠬᠣᠢ᠌ᠲᠣ ᠣᠷᠣᠨ᠎ᠢ ᠲᠠᠢ᠌ᠴᠢᠯᠠᠨ ᠲᠠᠭ᠋ᠠᠭᠣᠯᠵᠦ᠂ ᠠᠷᠠᠳ ᠣᠯᠠᠨ᠎ᠤ ᠴᠠᠰᠣᠨ᠎ᠳᠤ ᠭᠣᠯᠭᠣᠬᠣ᠂ ᠮᠦᠰᠦᠨ᠎ᠳᠤ ᠭᠣᠯᠭᠣᠬᠣ᠂ ᠮᠦᠰᠦᠨ ᠪᠦᠮᠪᠦᠭᠡ ᠵᠡᠷᠭᠡ᠎ᠪᠠᠷ ᠭᠣᠣᠯᠲᠠᠯᠭ᠎ᠠ ᠪᠣᠯᠭ᠋ᠠᠨ᠂ 《ᠡᠮᠦᠨᠡᠲᠦ᠎ᠳᠤ ᠬᠦᠭᠵᠢᠬᠦᠯᠦᠨ ᠪᠠᠷᠠᠭᠣᠨᠰᠢ ᠦᠷᠭᠡᠳᠭᠡᠬᠦ》 ᠵᠢ ᠬᠦᠨᠵᠡᠭᠡᠢ ᠬᠡᠷᠡᠭᠵᠢᠬᠦᠯᠦᠨ᠂ ᠮᠦᠰᠦ ᠴᠠᠰᠣᠨ᠎ᠤ ᠬᠦᠲᠡᠯᠭᠡᠭᠡᠨ᠎ᠤ ᠲᠦᠬᠦᠭᠡᠷᠦᠮᠵᠢ ᠵᠢᠨ ᠪᠠᠢ᠌ᠭᠣᠯᠣᠯᠲᠠ ᠵᠢ ᠠᠬᠢᠭᠣᠯᠵᠦ᠂ ᠮᠦᠰᠦ ᠴᠠᠰᠣᠨ᠎ᠤ ᠬᠦᠲᠡᠯᠭᠡᠭᠡᠨ᠎ᠤ ᠲᠦᠭᠡᠮᠡᠯᠵᠢᠯᠲᠡ ᠪᠣᠯᠣᠨ ᠠᠵᠦ ᠦᠢ᠍ᠯᠡᠰ᠎ᠤᠨ ᠬᠦᠭᠵᠢᠯᠲᠡ ᠵᠢᠨ ᠲᠦᠪᠰᠢᠨ᠎ᠢ ᠪᠦᠬᠦ ᠲᠠᠯ᠎ᠠ᠎ᠪᠠᠷ ᠲᠡᠭᠡᠭᠰᠢᠯᠡᠬᠦᠯᠦᠨ᠎ᠡ᠃
— ᠠᠭᠣᠯᠠᠷᠬᠠᠬ ᠭᠠᠵᠠᠷ᠎ᠤᠨ ᠬᠡᠭᠡᠷ᠎ᠡ ᠭᠠᠲᠠᠨᠠᠬᠢ ᠬᠦᠲᠡᠯᠭᠡᠭᠡᠨ; ᠠᠭᠣᠯᠠ ᠠᠪᠠᠷᠢᠬᠣ᠂ ᠬᠠᠲᠠᠨ᠎ᠳᠤ ᠮᠠᠴᠣᠬᠣ᠂ ᠶᠠᠪᠠᠭ᠋ᠠᠨ ᠠᠯᠬᠣᠬᠣ᠂ ᠬᠡᠭᠡᠷ᠎ᠡ ᠬᠣᠨᠣᠬᠣ᠂ ᠪᠡᠶ᠎ᠡ ᠵᠢᠨ ᠲᠠᠮᠢᠷ᠎ᠤᠨ ᠰᠣᠷᠢᠯᠲᠠ ᠵᠡᠷᠭᠡ ᠠᠭᠣᠯᠠᠷᠬᠠᠬ ᠭᠠᠵᠠᠷ᠎ᠤᠨ ᠬᠡᠭᠡᠷ᠎ᠡ ᠭᠠᠲᠠᠨᠠᠬᠢ ᠬᠦᠲᠡᠯᠭᠡᠭᠡᠨ᠎ᠤ ᠲᠦᠷᠦᠯ ᠵᠦᠢ᠍ᠯ᠎ᠢ ᠲᠡᠯᠭᠡᠷᠡᠬᠦᠯᠵᠦ᠂ ᠠᠭᠣᠯᠠᠷᠬᠠᠬ ᠭᠠᠵᠠᠷ᠎ᠤᠨ ᠬᠡᠭᠡᠷ᠎ᠡ ᠭᠠᠲᠠᠨᠠᠬᠢ ᠬᠦᠲᠡᠯᠭᠡᠭᠡᠨ᠎ᠤ ᠲᠦᠬᠦᠭᠡᠷᠦᠮᠵᠢ ᠵᠢᠨ ᠲᠣᠬᠲᠠᠯᠴᠠᠭ᠎ᠠ ᠵᠢᠨ ᠪᠠᠢ᠌ᠭᠣᠯᠣᠯᠲᠠ ᠵᠢ ᠠᠬᠢᠭᠣᠯᠵᠦ᠂ 《ᠭᠣᠷᠪᠠᠨ ᠭᠣᠯᠲᠣ ᠭᠣᠷᠪᠠᠨ ᠬᠦᠨᠲᠡᠯᠡᠨ》 (ᠲᠠᠢ ᠬᠠᠩ ᠱᠠᠨ ᠠᠭᠣᠯᠠ ᠵᠢᠴᠢ ᠪᠡᠭᠡᠵᠢᠩ ᠬᠠᠩᠵᠧᠦ ᠵᠢᠨ ᠶᠡᠬᠡ ᠲᠠᠲᠠᠮᠠᠯ ᠭᠣᠣᠯ᠂ ᠰᠢ ᠠᠨ᠎ᠠᠴᠠ ᠴᠧᠩᠳᠦ᠋᠂ ᠬᠦᠬᠡᠨᠠᠭᠣᠷ ᠲᠦᠪᠡᠳ ᠬᠦᠷᠬᠦ ᠵᠠᠰᠠᠮᠠᠯ ᠵᠠᠮ᠂ ᠲᠣᠷᠭ᠋ᠠᠨ᠎ᠤ ᠵᠠᠮ᠂ 318 ᠣᠯᠣᠰ᠎ᠤᠨ ᠵᠠᠰᠠᠮᠠᠯ ᠵᠠᠮ᠂ ᠬᠦᠬᠡᠮᠦᠢ᠍ᠷᠡᠨ᠎ᠤ ᠣᠷᠣᠰᠬᠠᠯ ᠲᠠᠭ᠋ᠠᠣ ᠱᠣᠭᠣᠮ) ᠠᠭᠣᠯᠠᠷᠬᠠᠬ ᠭᠠᠵᠠᠷ᠎ᠤᠨ ᠬᠡᠭᠡᠷ᠎ᠡ ᠭᠠᠲᠠᠨᠠᠬᠢ ᠬᠦᠲᠡᠯᠭᠡᠭᠡᠨ᠎ᠤ ᠪᠠᠢ᠌ᠷᠢᠰᠢᠯ᠎ᠢ ᠪᠦᠷᠢᠯᠲᠦᠬᠦᠯᠵᠦ᠂ ᠠᠭᠣᠯᠠᠷᠬᠠᠬ ᠭᠠᠵᠠᠷ᠎ᠤᠨ ᠬᠡᠭᠡᠷ᠎ᠡ ᠭᠠᠲᠠᠨᠠᠬᠢ ᠬᠦᠲᠡᠯᠭᠡᠭᠡᠨ ᠣᠷᠣᠯᠲᠣᠭ᠋ᠠᠨ᠎ᠢ ᠵᠣᠬᠢᠶᠠᠨ ᠪᠠᠢ᠌ᠭᠣᠯᠬᠣ ᠰᠢᠰᠲ᠋ᠧᠮ᠎ᠢ ᠲᠡᠬᠦᠯᠲᠡᠷᠵᠢᠬᠦᠯᠵᠦ᠂ ᠬᠡᠭᠡᠷ᠎ᠡ ᠭᠠᠲᠠᠨᠠᠬᠢ ᠬᠦᠲᠡᠯᠭᠡᠭᠡᠨ᠎ᠤ ᠵᠢᠯᠣᠭᠣᠲᠣᠬ᠍ᠴᠢ ᠵᠢᠨ ᠡᠩᠨᠡᠭᠡ ᠵᠢᠨ ᠪᠠᠢ᠌ᠭᠣᠯᠣᠯᠲᠠ ᠵᠢ ᠴᠢᠩᠭ᠋ᠠᠳᠬᠠᠵᠦ᠂ ᠬᠡᠭᠡᠷ᠎ᠡ ᠭᠠᠲᠠᠨᠠᠬᠢ ᠬᠦᠲᠡᠯᠭᠡᠭᠡᠨ᠎ᠤ ᠠᠮᠣᠷ ᠲᠦᠪᠰᠢᠨ ᠪᠠ ᠪᠠᠴᠢᠮ ᠠᠪᠣᠷᠠᠬᠣ ᠲᠣᠬᠲᠠᠯᠴᠠᠭ᠎ᠠ ᠵᠢ ᠲᠡᠬᠦᠯᠲᠡᠷᠵᠢᠬᠦᠯᠦᠨ᠎ᠠ᠃
— ᠣᠰᠣᠨ ᠲᠡᠭᠡᠷᠡᠬᠢ ᠬᠦᠲᠡᠯᠭᠡᠭᠡᠨ; ᠨᠡᠢ᠌ᠲᠡ ᠵᠢᠨ ᠣᠩᠭᠣᠴᠠ ᠵᠢᠨ ᠭᠠᠷᠠᠮ᠎ᠤᠨ ᠪᠠᠢ᠌ᠭᠣᠯᠣᠯᠲᠠ ᠪᠣᠯᠣᠨ ᠺᠯᠦ᠋ᠪ᠎ᠤᠨ ᠬᠦᠭᠵᠢᠯᠲᠡ ᠵᠢ ᠠᠬᠢᠭᠣᠯᠵᠦ᠂ ᠲᠠᠷᠪᠠᠭᠣᠯᠲᠣ ᠣᠩᠭᠣᠴᠠ᠂ ᠣᠷᠣᠯᠲᠣᠭ᠋ᠠᠨ᠎ᠤ ᠵᠠᠪᠢ᠂ ᠰᠡᠯᠢᠬᠦᠷ ᠲᠣᠯᠣᠮ ᠣᠩᠭᠣᠴᠠ᠂ ᠮᠣᠲ᠋ᠣᠷᠲᠣ ᠵᠠᠪᠢ᠂ ᠣᠰᠣᠨ᠎ᠳᠤ ᠱᠣᠮᠪᠠᠬᠣ᠂ ᠰᠡᠯᠢᠬᠦ᠂ ᠬᠦᠪᠦᠬᠦ ᠵᠡᠷᠭᠡ ᠣᠰᠣᠨ ᠲᠡᠭᠡᠷᠡᠬᠢ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠢ ᠢᠲᠡᠪᠬᠢᠲᠡᠢ ᠬᠦᠭᠵᠢᠬᠦᠯᠵᠦ᠂ ᠣᠰᠣᠨ ᠲᠡᠭᠡᠷᠡᠬᠢ ᠬᠦᠲᠡᠯᠭᠡᠭᠡᠨ᠎ᠤ ᠰᠢᠯᠢᠲᠡᠭ ᠣᠷᠣᠯᠲᠣᠭ᠋ᠠᠨ᠎ᠢ ᠲᠡᠭᠡᠭᠰᠢᠯᠡᠬᠦᠯᠬᠦ ᠲᠦᠯᠦᠪᠯᠡᠭᠡ ᠬᠡᠷᠡᠭᠵᠢᠬᠦᠯᠦᠨ᠂ ᠣᠰᠣᠨ᠎ᠤ ᠪᠦᠰᠡ ᠵᠢᠨ ᠡᠬᠢ ᠪᠠᠶᠠᠯᠢᠬ᠎ᠲᠠᠭᠠᠨ ᠲᠦᠰᠢᠭᠯᠡᠨ 《ᠬᠤᠶᠠᠷ ᠮᠦᠷᠡᠨ ᠬᠣᠶᠠᠷ ᠲᠠᠩᠬᠢᠰ》 (ᠬᠦᠬᠡᠮᠦᠢ᠍ᠷᠡᠨ᠂ ᠵᠦᠵᠢᠶᠠᠩ ᠮᠦᠷᠡᠨ᠂ ᠪᠦᠧᠧᠬᠠᠢ ᠲᠠᠩᠬᠢᠰ᠂ ᠲᠣᠷᠣᠨᠠᠲᠣ ᠲᠠᠩᠬᠢᠰ)᠎ᠤᠨ ᠣᠰᠣᠨ ᠲᠡᠭᠡᠷᠡᠬᠢ ᠬᠦᠲᠡᠯᠭᠡᠭᠡᠨ᠎ᠤ ᠠᠵᠦ ᠦᠢ᠍ᠯᠡᠰ ᠲᠦᠪᠯᠡᠷᠡᠭᠰᠡᠨ ᠪᠦᠰᠡ ᠵᠢ ᠠᠬᠢᠭᠣᠯᠣᠨ ᠪᠠᠢ᠌ᠭᠣᠯᠣᠨ᠎ᠠ᠃
— ᠮᠣᠲ᠋ᠣᠷ ᠮᠠᠰᠢᠨ ᠲᠡᠷᠭᠡ ᠵᠢᠨ ᠬᠦᠲᠡᠯᠭᠡᠭᠡᠨ; ᠮᠠᠰᠢᠨ ᠲᠡᠷᠭᠡ᠎ᠪᠠᠷ ᠬᠡᠭᠡᠷ᠎ᠡ ᠬᠣᠨᠣᠬᠣ ᠬᠣᠸᠠᠷᠠᠨ ᠪᠣᠯᠣᠨ ᠲᠣᠮᠲᠠ ᠪᠠᠭ᠎ᠠ ᠬᠡᠯᠪᠡᠷᠢ ᠵᠢᠨ ᠮᠠᠰᠢᠨ ᠲᠡᠷᠭᠡ ᠣᠷᠣᠯᠲᠣᠬᠣ ᠲᠠᠯᠠᠪᠣᠷ᠎ᠤᠨ ᠪᠠᠢ᠌ᠭᠣᠯᠣᠯᠲᠠ ᠵᠢ ᠠᠬᠢᠭᠣᠯᠵᠦ᠂ ᠪᠠᠢ᠌ᠭ᠋ᠠᠯᠢ ᠬᠦᠮᠦᠨ ᠨᠡᠢ᠌ᠢ᠍ᠭᠡᠮ᠎ᠤᠨ ᠣᠨᠴᠠᠯᠢᠬᠲᠣ ᠡᠬᠢ ᠪᠠᠶᠠᠯᠢᠬ ᠵᠶ᠋ᠠᠨ ᠠᠰᠢᠬᠯᠠᠨ᠂ ᠲᠡᠰᠭᠡᠯ ᠣᠷᠣᠯᠲᠣᠭ᠋ᠠᠨ᠂ ᠬᠡᠭᠡᠷᠡᠯᠡᠬᠦ ᠣᠷᠣᠯᠲᠣᠭ᠋ᠠᠨ᠂ ᠲᠦᠪᠯᠡᠷᠡᠭᠰᠡᠨ ᠣᠷᠣᠯᠲᠣᠭ᠋ᠠᠨ ᠵᠡᠷᠭᠡ ᠣᠷᠣᠯᠲᠣᠭ᠋ᠠᠨ᠎ᠤ ᠲᠦᠷᠦᠯ ᠵᠦᠢ᠍ᠯ᠎ᠢ ᠡᠷᠬᠢᠯᠡᠵᠦ᠂ ᠭᠡᠷ ᠪᠦᠯᠢ᠎ᠪᠠᠷ ᠵᠶ᠋ᠠᠨ ᠬᠡᠭᠡᠷ᠎ᠡ ᠬᠣᠨᠣᠬᠣ᠂ ᠵᠠᠯᠠᠭᠣᠴᠣᠳ ᠪᠠᠭ᠋ᠠᠴᠣᠳ᠎ᠤᠨ ᠬᠣᠸᠠᠷᠠᠨ᠂ ᠭᠣᠣᠯ ᠰᠡᠲᠦᠪᠲᠦ ᠠᠶᠠᠯᠠᠯ ᠵᠡᠷᠭᠡ ᠠᠵᠢᠯᠯᠠᠭ᠎ᠠ ᠵᠢ ᠵᠣᠬᠢᠶᠠᠨ ᠪᠠᠢ᠌ᠭᠣᠯᠵᠦ᠂ ᠣᠷᠣᠯᠲᠣᠭ᠋ᠠᠨ ᠬᠦᠲᠡᠯᠭᠡᠭᠡᠨ ᠵᠣᠬᠢᠶᠠᠨ ᠪᠠᠢ᠌ᠭᠣᠯᠬᠣ ᠲᠣᠬᠲᠠᠯᠴᠠᠭ᠎ᠠ ᠵᠢ ᠲᠠᠰᠣᠷᠠᠯᠲᠠ ᠦᠭᠡᠢ ᠲᠡᠬᠦᠯᠲᠡᠷᠵᠢᠬᠦᠯᠵᠦ᠂ 《ᠭᠣᠷᠪᠠᠨ ᠲᠣᠭᠣᠷᠢᠬ ᠭᠣᠷᠪᠠᠨ ᠱᠣᠭᠣᠮ》 (ᠪᠡᠭᠡᠵᠢᠩ ᠲᠢᠶᠠᠨᠵᠢᠨ ᠾᠧᠪᠧᠢ᠂ ᠬᠦᠬᠡᠮᠦᠢ᠍ᠷᠡᠨ᠎ᠤ ᠭᠣᠷᠪᠠᠯᠵᠢᠨ ᠬᠣᠢ᠌ᠬ᠂ ᠲᠡᠯᠭᠡᠷᠡᠩᠬᠦᠢ ᠣᠳᠬ᠎ᠠ ᠵᠢᠨ ᠵᠦᠵᠢᠶᠠᠩ ᠮᠦᠷᠡᠨ᠎ᠤ ᠭᠣᠷᠪᠠᠯᠵᠢᠨ ᠬᠣᠢ᠌ᠬ᠂ ᠪᠡᠭᠡᠵᠢᠩ᠎ᠠᠴᠠ ᠱᠧᠨᠵᠧᠨ ᠬᠦᠷᠬᠦ᠂ ᠪᠡᠭᠡᠵᠢᠩ᠎ᠠᠴᠠ ᠦᠷᠦᠮᠴᠢ ᠬᠦᠷᠬᠦ᠂ ᠨᠠᠨᠨᠢᠩ᠎ᠠᠴᠠ ᡀᠠᠰᠠ ᠬᠦᠷᠬᠦ) ᠤᠨ ᠮᠠᠰᠢᠨ ᠲᠡᠷᠭᠡ᠎ᠪᠠᠷ ᠦᠪᠡᠰᠦᠪᠡᠨ ᠠᠶᠠᠯᠠᠬᠣ ᠵᠠᠮ ᠱᠣᠭᠣᠮ ᠪᠣᠯᠣᠨ ᠬᠣᠸᠠᠷᠠᠨᠤ ᠲᠣᠣᠷ ᠰᠦᠯᠵᠢᠶ᠎ᠠ ᠵᠢ ᠡᠬᠦᠳᠦᠨ ᠪᠠᠢ᠌ᠭᠣᠯᠣᠨ᠎ᠠ᠃
— ᠠᠭ᠋ᠠᠷ ᠠᠶᠠᠯᠠᠯ᠎ᠤᠨ ᠬᠦᠲᠡᠯᠭᠡᠭᠡᠨ; ᠠᠭ᠋ᠠᠷ ᠠᠶᠠᠯᠠᠯ᠎ᠤᠨ ᠡᠬᠢ ᠪᠠᠶᠠᠯᠢᠬ᠎ᠢ ᠨᠠᠢ᠌ᠳᠭᠡᠵᠦ᠂ ᠬᠠᠮᠢᠶᠠᠷᠣᠯᠲᠠ ᠵᠢᠨ ᠦᠭᠡᠷᠡᠴᠢᠯᠡᠯᠲᠡ ᠵᠢ ᠬᠦᠨᠵᠡᠭᠡᠢ᠌ᠷᠡᠬᠦᠯᠵᠦ 《200 ᠺᠢᠯᠦᠮᠧᠲᠷ᠎ᠤᠨ ᠠᠭ᠋ᠠᠷ ᠠᠶᠠᠯᠠᠯ᠎ᠤᠨ ᠪᠡᠶ᠎ᠡ ᠵᠢᠨ ᠲᠠᠮᠢᠷ᠎ᠤᠨ ᠨᠢᠰᠣᠯᠲᠠ ᠵᠢᠨ ᠲᠣᠭᠣᠷᠢᠬ》᠎ᠢ ᠵᠣᠬᠢᠰᠲᠠᠢ ᠪᠠᠢ᠌ᠷᠢᠰᠢᠭᠣᠯᠵᠦ᠂ ᠠᠭ᠋ᠠᠷ ᠠᠶᠠᠯᠠᠯ᠎ᠤᠨ ᠨᠢᠰᠣᠯᠲᠠ ᠵᠢᠨ ᠰᠠᠭᠣᠷᠢᠨ ᠪᠣᠯᠣᠨ ᠺᠯᠦ᠋ᠪ᠎ᠤᠨ ᠬᠦᠭᠵᠢᠯᠲᠡ ᠵᠢ ᠠᠬᠢᠭᠣᠯᠵᠦ᠂ ᠬᠦᠲᠡᠯᠭᠡᠭᠡᠨ᠎ᠤ ᠨᠢᠰᠭᠡᠯ᠂ ᠬᠡᠢ᠌ᠲᠦ ᠪᠦᠮᠪᠦᠭᠡ᠂ ᠨᠢᠰᠭᠡᠯ᠎ᠠᠴᠠ ᠰᠢᠬᠦᠷ ᠵᠶ᠋ᠠᠷ ᠪᠠᠭᠣᠬᠣ᠂ ᠬᠦᠩᠭᠡᠨ ᠵᠢᠵᠢᠭ ᠬᠡᠯᠪᠡᠷᠢ ᠵᠢᠨ ᠬᠦᠮᠦᠨ ᠦᠭᠡᠢ ᠨᠢᠰᠦᠬᠦᠷ᠂ ᠠᠭ᠋ᠠᠷ ᠠᠶᠠᠯᠠᠯ᠎ᠤᠨ ᠬᠡᠪ ᠵᠠᠬ᠍ᠪᠣᠷ ᠵᠡᠷᠭᠡ ᠠᠭ᠋ᠠᠷ ᠠᠶᠠᠯᠠᠯ᠎ᠤᠨ ᠬᠦᠲᠡᠯᠭᠡᠭᠡᠨ᠎ᠤ ᠲᠦᠷᠦᠯ ᠵᠦᠢ᠍ᠯ᠎ᠢ ᠲᠡᠯᠭᠡᠷᠡᠬᠦᠯᠵᠦ᠂ ᠣᠯᠠᠨ ᠲᠦᠮᠡᠨ᠎ᠤ ᠬᠡᠷᠡᠭᠯᠡᠬᠡ᠎ᠪᠠᠷ ᠭᠣᠣᠯ ᠪᠣᠯᠭ᠋ᠠᠬᠰᠠᠨ ᠠᠭ᠋ᠠᠷ ᠠᠶᠠᠯᠠᠯ᠎ᠤᠨ ᠪᠡᠶ᠎ᠡ ᠵᠢᠨ ᠲᠠᠮᠢᠷ᠎ᠤᠨ ᠦᠢ᠍ᠯᠡᠳᠬᠦᠨ ᠪᠠ ᠦᠢ᠍ᠯᠡᠴᠢᠯᠡᠭᠡ ᠵᠢᠨ ᠬᠠᠩᠭ᠋ᠠᠯᠭ᠎ᠠ ᠬᠡᠷᠡᠭᠯᠡᠭᠡ ᠵᠢᠨ ᠲᠣᠬᠲᠠᠯᠴᠠᠭ᠎ᠠ ᠵᠢ ᠪᠠᠢ᠌ᠭᠣᠯᠣᠨ᠎ᠠ᠃
(ᠵᠢᠷᠭᠣᠭ᠎ᠠ) ᠣᠨᠴᠠᠯᠢᠬᠲᠣ ᠲᠠᠮᠢᠷ᠎ᠤᠨ ᠬᠦᠲᠡᠯᠭᠡᠭᠡᠨ᠎ᠢ ᠬᠦᠭᠵᠢᠬᠦᠯᠦᠨ᠎ᠡ; ᠲᠣᠢ᠌ᠯᠰᠢᠷᠠᠯ ᠬᠦᠲᠡᠯᠭᠡᠭᠡᠨ᠂ ᠡᠯᠧᠺᠲᠷᠣᠨ ᠮᠦᠷᠦᠢ᠌ᠴᠡᠭᠡᠨ᠂ ᠰᠡᠯᠡᠮ᠎ᠡ ᠵᠢᠨ ᠮᠦᠷᠦᠢ᠌ᠴᠡᠭᠡᠨ᠂ ᠮᠣᠷᠢᠨ ᠮᠡᠷᠭᠡᠵᠢᠯ᠂ ᠭᠣᠯᠹ ᠪᠦᠮᠪᠦᠭᠡ ᠵᠡᠷᠭᠡ ᠮᠣᠳ᠋ ᠬᠦᠲᠡᠯᠭᠡᠭᠡᠨ᠎ᠤ ᠲᠦᠷᠦᠯ ᠵᠦᠢ᠍ᠯ᠎ᠤᠨ ᠡᠷᠡᠬᠦᠯ ᠵᠶ᠋ᠠᠷ ᠬᠦᠭᠵᠢᠬᠦ ᠵᠢ ᠠᠬᠢᠭᠣᠯᠵᠦ᠂ ᠬᠣᠯᠪᠣᠬᠲᠠᠯ ᠪᠦᠬᠦᠢ ᠲᠣᠰᠬᠠᠢ ᠮᠡᠷᠭᠡᠵᠢᠯ᠎ᠤᠨ ᠪᠣᠯᠪᠠᠰᠣᠷᠠᠯ᠎ᠤᠨ ᠵᠠᠬ᠎ᠠ ᠲᠡᠯᠭᠡᠬᠦᠷ᠎ᠢ ᠪᠣᠢ᠌ᠵᠢᠭᠣᠯᠣᠨ᠎ᠠ᠃ ᠦᠱ᠌ᠦ᠂ ᠯᠣᠣᠲᠣ ᠣᠩᠭᠣᠴᠠ᠂ ᠯᠣᠣ ᠲᠤᠬᠠᠯᠠᠨ ᠠᠷᠰᠯᠠᠨ ᠪᠦᠵᠢᠭᠯᠡᠬᠦ ᠵᠡᠷᠭᠡ ᠠᠷᠠᠳ᠎ᠤᠨ ᠲᠣᠮᠲᠠᠬᠢ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠢ ᠬᠦᠭᠵᠢᠬᠦᠯᠵᠦ᠂ ᠦᠨᠳᠦᠰᠦᠲᠡᠨ᠎ᠤ ᠣᠯᠠᠮᠵᠢᠯᠠᠯᠲᠣ ᠪᠡᠶ᠎ᠡ ᠵᠢᠨ ᠲᠠᠮᠢᠷ᠎ᠤᠨ ᠲᠦᠷᠦᠯ ᠵᠦᠢ᠍ᠯ᠎ᠢ ᠣᠯᠠᠮᠵᠢᠯᠠᠨ ᠬᠦᠭᠵᠢᠬᠦᠯᠵᠦ᠂ ᠪᠡᠶ᠎ᠡ ᠵᠢᠨ ᠲᠠᠮᠢᠷ᠎ᠤᠨ ᠲᠦᠷᠦᠯ᠎ᠤᠨ ᠪᠣᠲᠠᠰ᠎ᠤᠨ ᠪᠣᠰᠣ ᠰᠣᠶᠣᠯ᠎ᠤᠨ ᠦᠪ᠎ᠤᠨ ᠬᠠᠮᠠᠭ᠋ᠠᠯᠠᠯᠲᠠ ᠪᠠ ᠬᠦᠭᠵᠢᠯᠲᠡ ᠵᠢ ᠴᠢᠩᠭ᠋ᠠᠳᠬᠠᠨ᠎ᠠ᠃ ᠬᠣᠯᠪᠣᠬᠲᠠᠯ ᠪᠦᠬᠦᠢ ᠪᠡᠶ᠎ᠡ ᠵᠢᠨ ᠲᠠᠮᠢᠷ᠎ᠤᠨ ᠪᠦᠲᠦᠭᠡᠯᠴᠢ ᠠᠵᠢᠯᠯᠠᠭ᠎ᠠ ᠵᠢ ᠲᠡᠮᠵᠢᠵᠦ᠂ ᠮᠣᠳ᠋ ᠬᠦᠲᠡᠯᠭᠡᠭᠡᠨ ᠵᠶ᠋ᠠᠷ ᠭᠣᠣᠯ ᠰᠡᠲᠦᠪ ᠪᠣᠯᠭ᠋ᠠᠬᠰᠠᠨ ᠣᠯᠠᠨ ᠲᠦᠮᠡᠨᠴᠢ ᠴᠢᠨᠠᠷᠲᠠᠢ ᠠᠵᠢᠯᠯᠠᠭ᠎ᠠ ᠡᠷᠬᠢᠯᠡᠬᠦ ᠵᠢ ᠵᠣᠷᠢᠬ᠍ᠵᠢᠭᠣᠯᠣᠨ᠎ᠠ᠃
(ᠲᠣᠯᠣᠭ᠎ᠠ) ᠠᠵᠦ ᠦᠢ᠍ᠯᠡᠰ᠎ᠤᠨ ᠬᠣᠷᠰᠢᠯ ᠠᠭᠣᠰᠣᠯᠴᠠᠯ᠎ᠢ ᠠᠬᠢᠭᠣᠯᠣᠨ᠎ᠠ; ᠪᠡᠶ᠎ᠡ ᠵᠢᠨ ᠲᠠᠮᠢᠷ᠎ᠤᠨ ᠵᠣᠭ᠋ᠠᠴᠠᠯᠢ ᠶᠡᠬᠡᠪᠡᠷ ᠬᠦᠭᠵᠢᠬᠦᠯᠵᠦ᠂ ᠪᠡᠶ᠎ᠡ ᠵᠢᠨ ᠲᠠᠮᠢᠷ᠎ᠤᠨ ᠵᠣᠭ᠋ᠠᠴᠠᠯ᠎ᠤᠨ ᠬᠦᠭᠵᠢᠯᠲᠡ ᠵᠢᠨ ᠬᠦᠲᠦᠯᠪᠦᠷᠢ ᠲᠣᠬᠲᠠᠭ᠋ᠠᠵᠦ᠂ ᠪᠡᠶ᠎ᠡ ᠵᠢᠨ ᠲᠠᠮᠢᠷ᠎ᠤᠨ ᠵᠣᠭ᠋ᠠᠴᠠᠯ᠎ᠤᠨ ᠰᠤᠲᠤᠨ ᠵᠢᠱ᠌ᠢᠶ᠎ᠡ ᠦᠵᠡᠬᠦᠯᠬᠦ ᠢᠨᠵᠧᠨᠧᠷᠢᠩ᠎ᠢ ᠬᠡᠷᠡᠭᠵᠢᠬᠦᠯᠦᠨ᠂ ᠣᠯᠣᠰ᠎ᠤᠨ ᠪᠡᠶ᠎ᠡ ᠵᠢᠨ ᠲᠠᠮᠢᠷ᠎ᠤᠨ ᠵᠣᠭ᠋ᠠᠴᠠᠯ᠎ᠤᠨ ᠭᠣᠣᠯᠲᠠᠯᠭ᠋ᠠᠲᠣ ᠲᠦᠷᠦᠯ ᠵᠦᠢ᠍ᠯ᠎ᠤᠨ ᠴᠠᠲᠢᠭᠢ ᠨᠠᠢ᠌ᠷᠠᠭᠣᠯᠣᠨ ᠵᠣᠬᠢᠶᠠᠨ᠎ᠠ᠃ ᠨᠦᠬᠦᠴᠡᠯ᠎ᠳᠤ ᠨᠡᠢ᠌ᠴᠡᠬᠦ ᠵᠣᠭ᠋ᠠᠴᠠᠯ᠎ᠤᠨ ᠦᠵᠡᠮᠵᠢ ᠵᠢᠨ ᠣᠷᠣᠨ᠎ᠤ ᠪᠡᠶ᠎ᠡ ᠵᠢᠨ ᠲᠠᠮᠢᠷ᠎ᠤᠨ ᠵᠣᠭ᠋ᠠᠴᠠᠯ᠎ᠤᠨ ᠲᠦᠷᠦᠯ ᠵᠦᠢ᠍ᠯ ᠵᠶ᠋ᠠᠨ ᠦᠷᠭᠡᠳᠭᠡᠬᠦ ᠵᠢ ᠲᠡᠮᠵᠢᠨ ᠵᠢᠯᠣᠭᠣᠳᠴᠦ᠂ ᠣᠯᠣᠰ᠎ᠤᠨ ᠲᠣᠲᠣᠭ᠋ᠠᠲᠣ ᠵᠢᠨ ᠵᠣᠭ᠋ᠠᠴᠠᠯ᠎ᠤᠨ ᠬᠣᠷᠢᠶ᠎ᠠ ᠵᠢᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ ᠪᠣᠯᠣᠨ ᠪᠡᠶ ᠡ ᠵᠢᠨ ᠲᠠᠮᠢᠷ᠎ᠤᠨ ᠣᠷᠣᠯᠲᠣᠭ᠋ᠠᠨ᠎ᠤ ᠠᠵᠢᠯᠯᠠᠭ᠎ᠠ᠎ᠲᠠᠢ ᠣᠶᠠᠯᠲᠣᠭᠣᠯᠣᠨ ᠵᠣᠭ᠋ᠠᠴᠠᠯ᠎ᠤᠨ ᠦᠢ᠍ᠯᠡᠳᠬᠦᠨ ᠪᠠ ᠵᠠᠮ ᠱᠣᠭᠣᠮ ᠵᠢᠷᠣᠵᠦ ᠲᠦᠯᠦᠪᠯᠡᠨ ᠨᠡᠭᠡᠭᠡᠬᠦ ᠵᠢ ᠵᠣᠷᠢᠬ᠍ᠵᠢᠭᠣᠯᠣᠨ᠎ᠠ᠃ 《ᠪᠡᠶ᠎ᠡ ᠵᠢᠨ ᠲᠠᠮᠢᠷ ᠪᠠ ᠡᠮᠨᠡᠯᠭᠡ ᠵᠢ ᠣᠶᠠᠯᠲᠣᠭᠣᠯᠬᠣ》 ᠵᠢ ᠠᠬᠢᠭᠣᠯᠵᠦ᠂ ᠰᠢᠨᠵᠢᠯᠡᠬᠦ ᠣᠬᠠᠭ᠋ᠠᠨᠴᠢ᠎ᠪᠠᠷ ᠪᠡᠶ᠎ᠡ ᠴᠢᠬᠢᠷᠠᠬ᠍ᠵᠢᠭᠣᠯᠬᠣ ᠵᠢᠯᠣᠭᠣᠲᠣᠯᠭ᠎ᠠ᠎ᠪᠠᠨ ᠴᠢᠩᠭ᠋ᠠᠳᠬᠠᠵᠦ᠂ ᠠᠮᠢ ᠨᠠᠰᠣᠨ᠎ᠤ ᠪᠦᠬᠦ ᠦᠶᠡᠯᠡᠯ᠎ᠤᠨ ᠬᠣᠭᠣᠴᠠᠭ᠎ᠠ ᠵᠢ ᠬᠠᠮᠣᠷᠣᠬᠰᠠᠨ ᠬᠦᠲᠡᠯᠭᠡᠭᠡᠨ᠎ᠤ ᠡᠷᠡᠬᠦᠯ ᠦᠢ᠍ᠯᠡᠴᠢᠯᠡᠭᠡ ᠵᠢ ᠢᠲᠡᠪᠬᠢᠲᠡᠢ ᠲᠡᠯᠭᠡᠷᠡᠬᠦᠯᠦᠨ ᠲᠦᠭᠡᠮᠡᠯᠵᠢᠬᠦᠯᠵᠦ᠂ ᠬᠦᠲᠡᠯᠭᠡᠭᠡᠨ᠎ᠤ ᠠᠨᠠᠭ᠋ᠠᠬᠤ ᠣᠬᠠᠭ᠋ᠠᠨ ᠪᠠ ᠡᠷᠡᠬᠦᠯᠵᠢᠯ᠎ᠤᠨ ᠠᠨᠠᠭ᠋ᠠᠬᠣ ᠣᠬᠠᠭ᠋ᠠᠨ᠎ᠢ ᠬᠦᠭᠵᠢᠬᠦᠯᠦᠨ᠂ ᠬᠦᠲᠡᠯᠭᠡᠭᠡᠨ ᠡᠷᠡᠬᠦᠯᠵᠢᠯ ᠵᠡᠷᠭᠡ᠎ᠳᠤ ᠦᠵᠡᠬᠦᠯᠬᠦ ᠬᠢᠲᠡᠳ ᠡᠮ ᠡᠮᠨᠡᠯᠭᠡ ᠵᠢᠨ ᠣᠨᠴᠠᠯᠢᠬᠲᠣ ᠦᠢ᠍ᠯᠡᠲᠦᠯ᠎ᠢ ᠪᠠᠲᠠᠷᠠᠭᠣᠯᠣᠨ᠎ᠠ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ ᠬᠢᠭᠡᠳ ᠰᠣᠶᠣᠯ᠂ ᠨᠠᠰᠣᠵᠢᠯ᠂ ᠰᠣᠷᠭ᠋ᠠᠨ ᠬᠦᠮᠦᠵᠢᠯ᠂ ᠡᠷᠡᠬᠦᠯ ᠮᠡᠨᠲᠦ᠂ ᠲᠠᠷᠢᠶᠠᠯᠠᠩ᠂ ᠣᠢ ᠰᠢᠭᠣᠢ᠂ ᠣᠰᠣᠨ ᠠᠰᠢᠬᠯᠠᠯᠲᠠ᠂ ᠨᠡᠢ᠌ᠲᠡᠮ ᠬᠡᠷᠡᠭᠯᠡᠭᠡᠨ᠎ᠤ ᠠᠭ᠋ᠠᠷ ᠠᠶᠠᠯᠠᠯ᠂ ᠵᠠᠮ ᠲᠡᠭᠡᠭᠡᠪᠦᠷᠢ ᠵᠡᠷᠭᠡ ᠠᠵᠦ ᠦᠢ᠍ᠯᠡᠰ᠎ᠯᠦᠭᠡ ᠵᠢᠨ ᠠᠭᠣᠰᠣᠯᠴᠠᠯ ᠬᠦᠭᠵᠢᠯᠲᠡ ᠵᠢ ᠠᠬᠢᠭᠣᠯᠣᠨ᠎ᠠ᠃
( ᠨᠠᠢ᠍ᠮᠠ) 《ᠢᠨᠲ᠋ᠧᠷ ᠰᠦᠯᠵᠢᠶ᠎ᠠ + ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ》᠎ᠢ ᠠᠬᠢᠭᠣᠯᠣᠨ᠎ᠠ; ᠨᠡᠬᠦᠲᠡᠯ ᠰᠦᠯᠵᠢᠶ᠎ᠠ᠂ ᠳ᠋ᠠᠢ᠌ᠲ᠋ᠠ᠂ ᠡᠬᠦᠯᠡᠨ ᠪᠣᠲᠣᠯᠲᠠ ᠵᠡᠷᠭᠡ ᠮᠡᠷᠭᠡᠵᠢᠯ ᠳᠤ ᠲᠣᠯᠭ᠋ᠠᠭᠣᠷᠢᠯᠠᠬᠰᠠᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠢ᠍ᠯᠡᠴᠢᠯᠡᠭᠡ ᠨᠡᠭᠡᠭᠡᠬᠦ ᠵᠢ ᠵᠣᠷᠢᠬ᠍ᠵᠢᠭᠣᠯᠵᠦ᠂ ᠣᠯᠠᠮᠵᠢᠯᠠᠯᠲᠣ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠠᠬᠣᠢ᠌ᠯᠠᠯ᠎ᠤᠨ ᠪᠣᠷᠣᠯᠠᠭᠣᠯᠭ᠎ᠠ ᠵᠢᠨ ᠬᠦᠲᠦᠴᠢᠠᠴᠠᠪᠠᠨ ᠦᠢ᠍ᠯᠡᠴᠢᠯᠡᠭᠡ ᠵᠢᠨ ᠬᠦᠲᠦᠴᠢ ᠲᠡᠰᠢ ᠰᠢᠯᠵᠢᠬᠦ ᠵᠢ ᠠᠬᠢᠭᠣᠯᠵᠦ᠂ ᠣᠷᠲᠣᠨ ᠲᠠᠯᠠᠪᠠᠢ ᠵᠢ ᠣᠷᠢᠳᠴᠢᠯᠠᠨ ᠲᠣᠬᠲᠠᠬᠣ᠂ ᠪᠡᠶ᠎ᠡ ᠴᠢᠬᠢᠷᠠᠬ᠍ᠵᠢᠭᠣᠯᠬᠣ ᠵᠢᠯᠣᠭᠣᠲᠣᠮᠵᠢ᠂ ᠬᠦᠲᠡᠯᠭᠡᠭᠡᠨ᠎ᠤ ᠵᠠᠲᠠᠯᠣᠯᠲᠠ᠂ ᠪᠡᠶ᠎ᠡ ᠮᠠᠬᠠᠪᠣᠳ᠎ᠤᠨ ᠪᠠᠢ᠌ᠴᠠᠭ᠋ᠠᠯᠲᠠ᠂ ᠬᠣᠷᠰᠢᠯ ᠰᠣᠯᠢᠯᠴᠠᠭ᠎ᠠ᠂ ᠣᠷᠣᠯᠲᠣᠭ᠋ᠠᠨ᠎ᠳᠤ ᠣᠷᠣᠯᠴᠠᠬᠣ ᠵᠡᠷᠭᠡ ᠶᠡᠷᠦᠩᠬᠡᠢ᠌ᠯᠡᠭᠰᠡᠨ ᠦᠢ᠍ᠯᠡᠴᠢᠯᠡᠭᠡᠨ᠎ᠤ ᠲᠦᠪᠰᠢᠨ ᠵᠶ᠋ᠠᠨ ᠲᠡᠭᠡᠭᠰᠢᠯᠡᠬᠦᠯᠦᠨ᠎ᠡ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠰᠦᠯᠵᠢᠶᠡᠨ ᠲᠡᠭᠡᠷᠡᠬᠢ ᠲᠡᠪᠴᠠᠩᠲᠣ ᠠᠵᠦ ᠠᠬᠣᠢ᠌ᠢ᠍ᠯᠠᠯ᠎ᠤᠨ ᠬᠦᠭᠵᠢᠨ ᠪᠣᠵᠠᠭ᠋ᠠᠢ᠌ᠷᠠᠬᠣ ᠵᠢ ᠢᠲᠡᠪᠬᠢᠲᠡᠢ ᠲᠦᠯᠬᠢᠨ ᠠᠬᠢᠭᠣᠯᠵᠦ᠂ ᠲᠡᠭᠡᠷ᠎ᠡ ᠲᠣᠣᠷ᠎ᠠ ᠭᠣᠭᠴᠣᠭ᠋ᠠᠨ᠎ᠤ ᠠᠵᠦ ᠠᠬᠣᠢ᠌ᠢ᠍ᠯᠠᠯ᠎ᠤᠨ ᠡᠬᠢ ᠪᠠᠶᠠᠯᠢᠬ᠎ᠢ ᠨᠡᠢ᠌ᠳᠭᠡᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠰᠢᠨ᠎ᠠ ᠠᠮᠢ ᠠᠬᠣᠢ ᠵᠢᠨ ᠲᠣᠭᠣᠷᠢᠬ᠎ᠢ ᠪᠦᠷᠢᠯᠲᠦᠬᠦᠯᠦᠨ᠎ᠠ᠃
ᠭᠣᠷᠪᠠ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠵᠠᠬ᠎ᠠ ᠲᠡᠯᠭᠡᠬᠦᠷ᠎ᠤᠨ ᠭᠣᠣᠯ ᠴᠣᠬ᠍ᠴᠠ ᠵᠢ ᠬᠦᠮᠦᠵᠢᠬᠦᠯᠦᠨ᠎ᠠ
(ᠶᠢᠰᠦ) ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠠᠬᠣᠢ᠌ᠯᠠᠯ᠎ᠤᠨ ᠬᠦᠭᠵᠢᠯᠲᠡ ᠵᠢ ᠲᠡᠮᠵᠢᠨ᠎ᠡ; ᠪᠡᠶ᠎ᠡ᠎ᠪᠠᠨ ᠲᠠᠭ᠋ᠠᠭᠭ᠋ᠠᠬᠰᠠᠨ ᠲᠦᠷᠦᠯ ᠲᠡᠮᠲᠡᠭ᠎ᠲᠠᠢ᠂ ᠰᠢᠨ᠎ᠠ ᠵᠢ ᠡᠬᠦᠳᠬᠦ ᠴᠢᠲᠠᠪᠣᠷᠢ ᠪᠠ ᠦᠷᠢᠰᠦᠯᠲᠦᠭᠡᠨ᠎ᠤ ᠪᠣᠲᠠᠲᠣ ᠬᠦᠴᠦᠨ ᠪᠦᠬᠦᠢ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠣᠯᠭ᠋ᠠᠭᠣᠷᠢᠯᠠᠬᠣ ᠠᠵᠦ ᠠᠬᠣᠢ᠌ᠢ᠍ᠯᠠᠯ᠎ᠤᠨ ᠬᠦᠭᠵᠢᠨ ᠪᠣᠵᠠᠭ᠋ᠠᠢ᠌ᠷᠠᠬᠣ ᠵᠢ ᠵᠣᠷᠢᠬ᠍ᠵᠢᠭᠣᠯᠵᠦ᠂ ᠬᠠᠮᠢᠶᠠᠷᠣᠯᠲᠠ ᠵᠢ ᠭᠠᠲᠠᠬᠰᠢ ᠭᠠᠷᠭ᠋ᠠᠬᠣ᠂ ᠬᠡᠯᠬᠢᠶ᠎ᠡ ᠡᠵᠡᠩᠨᠡᠯᠲᠡ ᠵᠡᠷᠭᠡ ᠬᠡᠯᠪᠡᠷᠢ᠎ᠪᠠᠷ ᠲᠠᠮᠵᠢᠭᠣᠯᠣᠨ᠂ ᠭᠣᠣᠯᠯᠠᠬᠣ ᠦᠷᠢᠰᠦᠯᠬᠦ ᠬᠦᠴᠦᠨ ᠵᠶ᠋ᠠᠨ ᠣᠯᠠᠮ ᠨᠢᠭᠡ ᠠᠯᠬᠣᠮ ᠲᠡᠭᠡᠭᠰᠢᠯᠡᠬᠦᠯᠵᠦ᠂ ᠠᠵᠦ ᠦᠢ᠍ᠯᠡᠰ᠎ᠤᠨ ᠬᠡᠯᠬᠢᠶ᠎ᠡ ᠪᠣᠯᠣᠨ ᠠᠰᠢᠬ ᠬᠣᠨᠵᠢᠪᠣᠷᠢ ᠵᠢᠨ ᠬᠡᠯᠬᠢᠶ᠎ᠡ ᠵᠢ ᠣᠷᠲᠣᠳᠬᠠᠨ᠂ ᠨᠦᠬᠦᠴᠡᠯ ᠪᠦᠷᠢᠲᠦᠭᠰᠡᠨ ᠠᠵᠦ ᠠᠬᠣᠢ᠌ᠯᠠᠯ᠎ᠤᠨ 《ᠭᠠᠲᠠᠬᠰᠢ ᠭᠠᠷᠴᠦ ᠶᠠᠪᠣᠬᠣ》 ᠵᠢ ᠲᠡᠮᠵᠢᠵᠦ᠂ ᠣᠯᠠᠨ ᠣᠯᠣᠰ᠎ᠤᠨ ᠦᠷᠢᠰᠦᠯᠲᠦᠬᠦ ᠬᠦᠴᠦᠨ ᠪᠠ ᠨᠦᠯᠦᠭᠡᠯᠡᠬᠦ ᠬᠦᠴᠦᠨ ᠪᠦᠬᠦᠢ ᠲᠠᠭ᠋ᠠᠭᠣᠯᠣᠬ᠍ᠴᠢ ᠠᠵᠦ ᠠᠬᠣᠢ᠌ᠯᠠᠯ᠎ᠤᠨ ᠪᠦᠯᠦᠭᠯᠡᠯ᠎ᠢ ᠬᠦᠮᠦᠵᠢᠬᠦᠯᠦᠨ᠎ᠡ᠃ ᠠᠵᠦ ᠠᠬᠣᠢ᠌ᠢ᠍ᠯᠠᠯ᠎ᠤᠨ ᠪᠤᠰᠤᠭ᠎ᠠ᠂ ᠨᠠᠷᠢᠯᠢᠬ᠂ ᠲᠣᠰᠬᠠᠢ᠌ᠵᠢᠬᠰᠠᠨ ᠬᠦᠭᠵᠢᠯᠲᠡ ᠪᠠᠨ ᠪᠡᠶᠡᠯᠡᠬᠦᠯᠬᠦ ᠵᠢ ᠲᠡᠮᠵᠢᠵᠦ᠂ ᠡᠯ᠎ᠠ ᠲᠦᠷᠦᠯ᠎ᠤᠨ ᠲᠣᠮᠲᠠ ᠵᠢᠵᠢᠭ ᠪᠢᠴᠢᠯ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠠᠬᠣᠢ᠌ᠯᠠᠯ᠂ ᠬᠦᠲᠡᠯᠭᠡᠭᠡᠨ᠎ᠤ ᠺᠯᠦ᠋ᠪ᠎ᠤᠨ 《ᠲᠣᠰᠬᠠᠢ ᠰᠢᠯᠢᠲᠡᠭ ᠣᠨᠴᠠᠯᠢᠬᠲᠣ ᠰᠢᠨ᠎ᠡ》 ᠴᠢᠭᠯᠡᠯ ᠵᠶ᠋ᠠᠷ ᠬᠦᠭᠵᠢᠬᠦ ᠵᠢ ᠵᠣᠷᠢᠬ᠍ᠵᠢᠭᠣᠯᠵᠦ᠂ ᠣᠨᠴᠠᠯᠢᠬᠲᠣ ᠡᠵᠡᠩᠨᠡᠯᠲᠡ᠂ ᠣᠨᠴᠠᠯᠢᠬᠲᠣ ᠦᠢ᠍ᠯᠡᠳᠬᠦᠨ ᠪᠠ ᠣᠨᠴᠠᠯᠢᠬᠲᠣ ᠦᠢ᠍ᠯᠡᠴᠢᠯᠡᠭᠡ ᠵᠢ ᠴᠢᠩᠭ᠋ᠠᠳᠬᠠᠨ᠎ᠠ᠃ ᠣᠯᠠᠨ ᠲᠡᠰ ᠲᠠᠪᠬᠣᠷᠭ᠎ᠠ ᠵᠢᠨ ᠬᠦᠷᠦᠩᠭᠡ ᠵᠢᠨ ᠵᠠᠬ᠎ᠠ ᠲᠡᠯᠭᠡᠬᠦᠷ᠎ᠤᠨ ᠦᠢ᠍ᠯᠡᠲᠦᠯ᠎ᠢ ᠪᠠᠲᠠᠷᠠᠭᠣᠯᠣᠨ᠂ ᠨᠦᠬᠦᠴᠡᠯ᠎ᠳᠤ ᠨᠡᠢ᠌ᠴᠡᠬᠦ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠠᠬᠣᠢ᠌ᠯᠠᠯ᠎ᠤᠨ ᠰᠲ᠋ᠣᠺ᠎ᠤᠨ ᠵᠠᠬ᠎ᠠ᠎ᠳᠤ ᠭᠠᠷᠬᠣ ᠵᠢ ᠲᠡᠮᠵᠢᠵᠦ᠂ ᠦᠨᠡᠲᠦ ᠲᠡᠮᠲᠡᠭᠲᠦ ᠵᠢᠨ ᠵᠠᠬ ᠠ ᠲᠡᠯᠭᠡᠬᠦᠷ᠎ᠤᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠠᠬᠣᠢ᠌ᠯᠠᠯ᠎ᠳᠤ ᠦᠵᠡᠬᠦᠯᠬᠦ ᠲᠡᠮᠵᠢᠯᠭᠡ ᠵᠢᠨ ᠬᠦᠴᠦᠯᠡᠴᠡ ᠵᠢ ᠴᠢᠩᠭ᠋ᠠᠷᠠᠭᠣᠯᠣᠨ᠎ᠠ᠃ ᠪᠠᠷᠢᠴᠠᠭ᠋ᠠᠨ᠎ᠤ ᠡᠳ᠋ ᠬᠣᠬᠰᠢᠯᠢ ᠲᠠᠩᠰᠠᠯᠠᠬᠣ ᠲᠦᠷᠢᠮ᠎ᠢ ᠲᠡᠬᠦᠯᠲᠡᠷᠵᠢᠬᠦᠯᠵᠦ᠂ ᠮᠦᠩᠬᠦᠨ ᠬᠦᠢ᠍ᠯᠭᠡᠭᠡᠨ᠎ᠤ ᠪᠠᠢ᠌ᠭᠣᠯᠣᠮᠵᠢ ᠵᠢᠨ ᠲᠦᠭᠰᠢᠬᠦᠷᠢ ᠵᠢ ᠡᠵᠡᠮᠲᠡᠵᠦ ᠪᠣᠯᠬᠣ ᠣᠷᠢᠲᠠᠯ ᠨᠦᠬᠦᠴᠡᠯ ᠲᠣᠣᠷ᠎ᠠ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠠᠬᠣᠢ᠌ᠯᠠᠯ᠎ᠤᠨ ᠵᠢᠭᠡᠯᠡᠯᠭᠡ ᠵᠢᠨ ᠪᠠᠷᠢᠴᠠᠭ᠋ᠠᠨ᠎ᠤ ᠡᠳ᠋᠎ᠤᠨ ᠲᠦᠷᠦᠯ ᠵᠦᠢ᠍ᠯ ᠪᠣᠯᠣᠨ ᠬᠦᠷᠢᠶ᠎ᠡ ᠬᠡᠪᠴᠢᠶ᠎ᠠ ᠵᠢ ᠦᠷᠭᠡᠳᠭᠡᠬᠦ ᠵᠢ ᠵᠣᠷᠢᠬ᠍ᠵᠢᠭᠣᠯᠣᠨ᠎ᠠ᠃
(ᠠᠷᠪᠠ) ᠦᠢ᠍ᠯᠡᠰ ᠪᠣᠰᠬᠠᠵᠦ ᠰᠢᠨ᠎ᠠ ᠵᠢ ᠡᠬᠦᠳᠬᠦ ᠵᠢ ᠵᠣᠷᠢᠬ᠍ᠵᠢᠭᠣᠯᠣᠨ᠎ᠠ; ᠲᠠᠮᠢᠷᠴᠢᠳ᠎ᠤᠨ ᠦᠢ᠍ᠯᠡᠰ ᠪᠣᠰᠬᠠᠬᠣ ᠵᠢ ᠲᠡᠮᠵᠢᠬᠦ ᠰᠠᠭᠣᠷᠢ ᠮᠦᠩᠬᠦ ᠵᠢ ᠬᠦᠢ᠍ᠴᠡᠳ ᠠᠰᠢᠬᠯᠠᠨ᠂ ᠠᠵᠢᠯ᠎ᠠᠴᠠ᠎ᠪᠠᠨ ᠰᠢᠯᠵᠢᠭᠰᠡᠨ ᠲᠠᠮᠢᠷᠴᠢᠳ᠎ᠤᠨ ᠦᠢ᠍ᠯᠡᠰ ᠪᠣᠰᠬᠠᠵᠦ ᠰᠢᠨ᠎ᠠ ᠵᠢ ᠡᠬᠦᠳᠴᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠣᠷᠣᠯᠴᠠᠬᠣ ᠵᠢ ᠵᠣᠷᠢᠬ᠍ᠵᠢᠭᠣᠯᠣᠨ᠎ᠠ᠃ ᠬᠣᠲᠠᠯᠲᠣᠭ᠋ᠠᠨ᠎ᠤ ᠦᠢ᠍ᠯᠡᠰ᠎ᠤᠨ ᠲᠦᠷᠢᠮ᠎ᠤᠨ ᠦᠭᠡᠷᠡᠴᠢᠯᠡᠯᠲᠡ ᠵᠢ ᠬᠦᠴᠦᠯᠡᠨ ᠠᠬᠢᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠰᠢᠯᠢᠲᠡᠭ ᠰᠠᠢ᠌ᠢ᠍ᠨ ᠣᠷᠴᠢᠨ᠎ᠢ ᠪᠣᠢ ᠪᠣᠯᠭ᠋ᠠᠨ᠎ᠠ᠃ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠰᠢᠨ᠎ᠡ ᠵᠢ ᠡᠬᠦᠳᠴᠦ ᠦᠢ᠍ᠯᠡᠰ ᠪᠣᠰᠬᠠᠬᠣ ᠰᠣᠷᠭ᠋ᠠᠨ ᠬᠦᠮᠦᠵᠢᠯ᠎ᠤᠨ ᠦᠢ᠍ᠯᠡᠴᠢᠯᠡᠭᠡᠨ᠎ᠤ ᠲᠠᠪᠴᠠᠩ᠎ᠤᠨ ᠪᠠᠢ᠌ᠭᠣᠯᠣᠯᠲᠠ ᠵᠢ ᠦᠷᠨᠢᠬᠦᠯᠵᠦ᠂ ᠠᠵᠦ ᠠᠬᠣᠢ᠌ᠢ᠍ᠯᠠᠯ᠂ ᠶᠡᠬᠡ ᠲᠡᠭᠡᠲᠦ ᠰᠣᠷᠭ᠋ᠠᠭᠣᠯᠢ ᠪᠣᠯᠣᠨ ᠮᠦᠩᠬᠦᠨ ᠬᠦᠢ᠍ᠯᠭᠡᠭᠡᠨ᠎ᠤ ᠪᠠᠢ᠌ᠭᠣᠯᠣᠮᠵᠢ ᠵᠢ ᠬᠠᠪᠰᠣᠷᠣᠨ ᠪᠦᠲᠦᠮᠵᠢᠲᠡᠢ ᠪᠦᠬᠦᠢ ᠬᠠᠮᠲᠣᠷᠠᠯᠴᠠᠭ᠎ᠠ ᠦᠷᠨᠢᠬᠦᠯᠦᠨ᠎ᠡ᠃ ᠡᠯ᠎ᠡ ᠭᠠᠵᠠᠷ ᠣᠷᠣᠨ᠎ᠤ᠎ᠬᠢᠨ᠎ᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ ᠪᠣᠢ᠌ᠵᠢᠭᠣᠯᠬᠣ ᠲᠠᠪᠴᠠᠩ ᠪᠠᠢ᠌ᠭᠣᠯᠬᠣ ᠵᠢ ᠵᠣᠷᠢᠬ᠍ᠵᠢᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠦᠷᠢᠶ᠎ᠡ ᠴᠠᠷᠠᠭ᠎ᠠ ᠵᠢᠨ ᠨᠡᠢ᠌ᠲᠡ ᠣᠯᠠᠨ ᠵᠶ᠋ᠠᠷ ᠵᠶ᠋ᠠᠨ ᠦᠢ᠍ᠯᠡᠰ ᠪᠣᠰᠬᠠᠵᠦ ᠰᠢᠨ᠎ᠡ ᠵᠢ ᠡᠬᠦᠳᠬᠦ᠎ᠳᠤ ᠲᠡᠮᠵᠢᠯᠭᠡ ᠬᠠᠩᠭ᠋ᠠᠨ᠎ᠠ᠃
(ᠠᠷᠪᠠᠨ ᠨᠢᠭᠡ) ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢ ᠪᠣᠵᠠᠭ᠋ᠠᠢ᠌ᠷᠠᠭᠣᠯᠣᠨᠠ; ᠪᠡᠶ᠎ᠡ ᠵᠢᠨ ᠲᠠᠮᠢᠷ᠎ᠤᠨ ᠲᠦᠷᠦᠯ᠎ᠤᠨ ᠨᠡᠢ᠌ᠭᠡᠮ᠎ᠤᠨ ᠪᠦᠯᠬᠦᠮ᠂ ᠰᠠᠭᠣᠷᠢ ᠮᠦᠩᠬᠦ ᠵᠢᠨ ᠨᠡᠢ᠌ᠭᠡᠮᠯᠢᠭ᠂ ᠠᠷᠠᠳ᠎ᠠᠴᠠ ᠡᠷᠬᠢᠯᠡᠭᠰᠡᠨ ᠠᠵᠦ ᠠᠬᠣᠢ᠌ᠢ᠍ᠯᠠᠯ᠎ᠤᠨ ᠪᠣᠰᠣ ᠨᠢᠭᠡᠴᠡ ᠵᠡᠷᠭᠡ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠬᠦᠭᠵᠢᠯᠲᠡ ᠵᠢ ᠠᠬᠢᠭᠣᠯᠵᠦ᠂ ᠲᠡᠲᠡᠨᠡᠷ᠎ᠤᠨ ᠲᠣᠰ ᠪᠡᠶ᠎ᠡ ᠵᠢᠨ ᠪᠠᠢ᠌ᠭᠣᠯᠣᠯᠲᠠ ᠵᠢ ᠲᠡᠮᠵᠢᠵᠦ᠂ ᠲᠣᠲᠣᠭ᠋ᠠᠲᠣ ᠵᠠᠰᠠᠯᠲᠠ ᠵᠢᠨ ᠪᠦᠲᠦᠴᠡ᠎ᠪᠠᠨ ᠪᠦᠷᠢᠨᠰᠢᠬᠦᠯᠦᠨ᠂ ᠦᠢ᠍ᠯᠡᠴᠢᠯᠡᠭᠡ ᠵᠢᠨ ᠴᠢᠲᠠᠪᠬᠢ ᠵᠢ ᠴᠢᠩᠭ᠋ᠠᠷᠠᠭᠣᠯᠣᠨ᠎ᠠ᠃ ᠬᠣᠲᠠ ᠪᠠᠯᠭ᠋ᠠᠰᠣ ᠨᠡᠢ᠌ᠭᠡᠮ ᠲᠣᠭᠣᠷᠢᠬ᠎ᠲᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠢᠯᠯᠠᠭ᠎ᠠ ᠦᠷᠨᠢᠬᠦᠯᠵᠦ ᠪᠦᠬᠦᠢ ᠨᠡᠢ᠌ᠭᠡᠮ ᠲᠣᠭᠣᠷᠢᠬ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠪᠠᠷᠢᠮᠵᠢᠶ᠎ᠠ ᠴᠢᠬᠢ ᠲᠣᠣᠷ᠎ᠠ ᠲᠠᠯᠪᠢᠵᠦ᠂ ᠲᠦᠷᠦᠯ ᠬᠣᠪᠢᠶᠠᠨ ᠵᠢᠯᠣᠭᠣᠳᠬᠣ ᠪᠠ ᠲᠣᠬᠠᠢ᠌ᠯᠠᠬᠰᠠᠨ ᠠᠵᠢᠯ᠎ᠤᠨ ᠵᠢᠯᠣᠭᠣᠲᠣᠯᠭ᠎ᠠ ᠵᠢ ᠴᠢᠩᠭ᠋ᠠᠳᠬᠠᠨ᠎ᠠ᠃ ᠡᠯ᠎ᠠ ᠲᠦᠷᠦᠯ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠵᠠᠰᠠᠬ᠎ᠤᠨ ᠣᠷᠲᠣᠨ᠎ᠤ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠵᠢᠨ ᠡᠬᠦᠷᠭᠡ ᠴᠢᠲᠠᠪᠬᠢ ᠵᠢ ᠲᠠᠭ᠋ᠠᠭ᠋ᠠᠨ ᠠᠪᠬᠣ ᠵᠢ ᠵᠣᠷᠢᠬ᠍ᠵᠢᠭᠣᠯᠣᠨ᠎ᠠ᠃ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠢᠨ ᠠᠵᠢᠯᠯᠠᠭ᠎ᠠ ᠵᠣᠬᠢᠶᠠᠨ ᠪᠠᠢ᠌ᠭᠣᠯᠬᠣ᠂ ᠠᠭᠣᠷ ᠠᠮᠢᠰᠬᠣᠯ᠎ᠢ ᠪᠣᠢ ᠪᠣᠯᠭ᠋ᠠᠬᠣ᠂ ᠬᠡᠷᠡᠭᠯᠡᠭᠴᠢᠳ᠎ᠲᠤ ᠦᠢ᠍ᠯᠡᠴᠢᠯᠡᠬᠦ ᠵᠡᠷᠭᠡ ᠲᠠᠯ᠎ᠠ ᠵᠢᠨ ᠢᠲᠡᠪᠬᠢᠲᠡᠢ ᠦᠢ᠍ᠯᠡᠲᠦᠯ᠎ᠢ ᠪᠠᠲᠠᠷᠠᠭᠣᠯᠣᠨ᠎ᠠ᠃
ᠲᠦᠷᠪᠡ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠪᠦᠲᠦᠴᠡ ᠪᠣᠯᠣᠨ ᠪᠠᠢ᠌ᠷᠢᠰᠢᠯ᠎ᠢ ᠰᠢᠯᠢᠲᠡᠭᠵᠢᠬᠦᠯᠦᠨ᠎ᠡ
(ᠠᠷᠪᠠᠨ ᠬᠣᠶᠠᠷ) ᠠᠵᠦ ᠦᠢ᠍ᠯᠡᠰ᠎ᠤᠨ ᠪᠦᠲᠦᠴᠡ ᠵᠢ ᠰᠠᠢ᠌ᠵᠢᠷᠠᠭᠣᠯᠣᠨ᠎ᠠ; ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠢ᠍ᠯᠡᠴᠢᠯᠡᠭᠡᠨ᠎ᠤ ᠦᠢ᠍ᠯᠡᠰ᠂ ᠪᠠᠭ᠋ᠠᠵᠢ ᠲᠣᠨᠣᠬᠯᠠᠯ ᠦᠢ᠍ᠯᠡᠳᠬᠦ ᠵᠢᠴᠢ ᠬᠠᠮᠢᠶ᠎ᠠ ᠪᠦᠬᠦᠢ ᠠᠵᠦ ᠦᠢ᠍ᠯᠡᠰ᠎ᠤᠨ ᠪᠦᠲᠦᠴᠡ ᠵᠢ ᠰᠢᠯᠢᠲᠡᠭᠵᠢᠬᠦᠯᠦᠨ᠂ ᠦᠢ᠍ᠯᠡᠴᠢᠯᠡᠭᠡᠨ᠎ᠤ ᠦᠢ᠍ᠯᠡᠰ᠎ᠤᠨ ᠬᠣᠪᠢ ᠵᠢᠨ ᠵᠢᠩ᠎ᠢ ᠴᠢᠷᠮᠠᠢ᠌ᠨ ᠲᠡᠭᠡᠭᠰᠢᠯᠡᠬᠦᠯᠦᠨ᠎ᠡ᠃ ᠪᠡᠶ᠎ᠡ ᠴᠢᠬᠢᠷᠠᠬ᠍ᠵᠢᠭᠣᠯᠬᠣ ᠦᠢ᠍ᠯᠡᠴᠢᠯᠡᠭᠡᠨ᠎ᠤ ᠰᠣᠲᠣᠨ ᠢᠨᠵᠧᠨᠧᠷᠢᠩ᠎ᠢ ᠬᠡᠷᠡᠭᠵᠢᠬᠦᠯᠵᠦ᠂ ᠨᠢᠭᠡ ᠪᠦᠯᠦᠭ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠰᠢᠯᠢᠲᠡᠭ ᠺᠯᠦ᠋ᠪ᠂ ᠣᠷᠲᠣᠨ ᠲᠠᠯᠠᠪᠠᠢ ᠪᠠ ᠲᠠᠶᠠᠭ᠋ᠠᠷ᠎ᠲᠤ ᠲᠠᠭᠣᠷᠢᠰᠣᠬᠰᠠᠨ ᠠᠵᠢᠯᠯᠠᠭ᠎ᠠ ᠵᠢ ᠪᠣᠢ ᠪᠣᠯᠭ᠋ᠠᠨ᠎ᠠ᠃ ᠡᠯ᠎ᠠ ᠱᠠᠲᠣᠨ᠎ᠤ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠰᠠᠭᠣᠷᠢᠨᠤ ᠪᠠᠢ᠌ᠭᠣᠯᠣᠯᠲᠠ᠎ᠲᠠᠢ ᠣᠶᠠᠯᠲᠣᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ ᠵᠶ᠋ᠠᠷ ᠭᠣᠣᠯ ᠪᠣᠯᠭ᠋ᠠᠬᠰᠠᠨ ᠨᠢᠭᠡ ᠪᠦᠯᠦᠭ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠵᠢᠱ᠌ᠢᠶ᠎ᠠ ᠦᠵᠡᠬᠦᠯᠬᠦ ᠰᠠᠭᠣᠷᠢᠨ᠂ ᠨᠢᠭᠡᠴᠡ ᠪᠠ ᠲᠦᠷᠦᠯ ᠵᠦᠢ᠍ᠯ᠎ᠢ ᠬᠦᠮᠦᠵᠢᠬᠦᠯᠦᠨ᠎ᠡ᠃ ᠬᠦᠨᠳᠦ ᠴᠢᠬᠣᠯᠠ ᠪᠡᠶ᠎ᠡ ᠵᠢᠨ ᠲᠠᠮᠢᠷ ᠵᠣᠭ᠋ᠠᠴᠠᠯ᠎ᠤᠨ ᠲᠦᠷᠦᠯ ᠵᠦᠢ᠍ᠯ᠎ᠤᠨ ᠬᠦᠲᠦᠯᠦᠨ ᠲᠠᠭ᠋ᠠᠭᠣᠯᠬᠣ ᠦᠢ᠍ᠯᠡᠲᠦᠯ᠎ᠢ ᠪᠠᠲᠠᠷᠠᠭᠣᠯᠵᠦ᠂ ᠨᠢᠭᠡ ᠪᠦᠯᠦᠭ ᠪᠡᠶ᠎ᠡ ᠵᠢᠨ ᠲᠠᠮᠢᠷ ᠵᠣᠭ᠋ᠠᠴᠠᠯ᠎ᠤᠨ ᠵᠢᠱ᠌ᠢᠶ᠎ᠠ ᠦᠵᠡᠬᠦᠯᠬᠦ ᠰᠠᠭᠣᠷᠢ᠎ᠨᠢ ᠬᠦᠭᠵᠢᠬᠦᠯᠦᠨ᠎ᠡ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠢ᠍ᠯᠡᠴᠢᠯᠡᠭᠡ ᠠᠷᠠᠯᠵᠢᠶ᠎ᠠ ᠵᠢᠨ ᠬᠦᠷᠢᠶ᠎ᠠ ᠴᠠᠷᠠᠭ᠎ᠠ ᠵᠢ ᠲᠡᠯᠡᠵᠦ᠂ ᠴᠢᠯᠦᠭᠡᠲᠦ ᠠᠷᠠᠯᠵᠢᠶᠠᠨ᠎ᠤ ᠲᠣᠷᠰᠢᠯᠲᠠ ᠵᠢᠨ ᠣᠷᠣᠨ᠎ᠳᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠲᠦᠷᠦ ᠵᠢᠨ ᠪᠣᠲᠣᠯᠭ᠎ᠠ ᠵᠢᠨ ᠲᠣᠷᠰᠢᠯᠲᠠ ᠵᠢᠨ ᠴᠢᠬ ᠭᠠᠷᠭ᠋ᠠᠬᠣ ᠵᠢ ᠬᠠᠢ᠌ᠨ ᠰᠦᠪᠡᠭᠴᠢᠯᠡᠵᠦ᠂ ᠣᠷᠣᠨ ᠨᠣᠲᠣᠬᠤᠨᠬᠢᠨᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ ᠵᠶ᠋ᠠᠷ ᠣᠨᠴᠠᠯᠢᠬ ᠪᠣᠯᠭ᠋ᠠᠬᠰᠠᠨ ᠨᠢᠭᠡ ᠪᠦᠯᠦᠭ ᠦᠢ᠍ᠯᠡᠴᠢᠯᠡᠭᠡ ᠠᠷᠠᠯᠵᠢᠶ᠎ᠠ ᠵᠢᠨ ᠵᠢᠱ᠌ᠢᠶ᠎ᠠ ᠦᠵᠡᠬᠦᠯᠬᠦ ᠲᠣᠭᠣᠷᠢᠬ᠎ᠢ ᠢᠲᠡᠪᠬᠢᠲᠡᠢ ᠪᠣᠢ᠌ᠵᠢᠭᠣᠯᠬᠣ ᠵᠢ ᠵᠣᠷᠢᠬ᠍ᠵᠢᠭᠣᠯᠣᠨ᠎ᠠ᠃
(ᠠᠷᠪᠠᠨ ᠭᠣᠷᠪᠠ) ᠣᠷᠣᠨ ᠨᠣᠲᠣᠬ᠎ᠤᠨ ᠣᠨᠴᠠᠯᠢᠬ᠎ᠢ ᠲᠣᠪᠣᠢ᠌ᠯᠭ᠋ᠠᠨᠠ᠃ ᠠᠭᠣᠯᠠ ᠣᠰᠣᠨ᠎ᠤ ᠬᠦᠲᠡᠯᠭᠡᠭᠡᠨ᠎ᠤ ᠡᠬᠢ ᠪᠠᠶᠠᠯᠢᠬ᠎ᠤᠨ ᠪᠠᠢ᠌ᠴᠠᠭ᠋ᠠᠯᠲᠠ᠂ ᠦᠨᠳᠦᠰᠦᠲᠡᠨ᠎ᠤ ᠣᠯᠠᠮᠵᠢᠯᠠᠯᠲᠣ ᠪᠡᠶ᠎ᠡ ᠵᠢᠨ ᠲᠠᠮᠢᠷ᠎ᠤᠨ ᠡᠬᠢ ᠪᠠᠶᠠᠯᠢᠬ᠎ᠤᠨ ᠪᠠᠢ᠌ᠴᠠᠭ᠋ᠠᠯᠲᠠ ᠵᠢ ᠵᠣᠬᠢᠶᠠᠨ ᠪᠠᠢ᠌ᠭᠣᠯᠣᠨ ᠦᠷᠨᠢᠬᠦᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠪᠠᠢ᠌ᠭ᠋ᠠᠯᠢ᠂ ᠬᠦᠮᠦᠨ ᠨᠡᠢ᠌ᠭᠡᠮ᠎ᠤᠨ ᠰᠠᠭᠣᠷᠢ ᠨᠦᠬᠦᠴᠡᠯ᠎ᠢ ᠲᠣᠲᠣᠯᠠᠨᠠ᠃ ᠡᠯ᠎ᠠ ᠭᠠᠵᠠᠷ ᠣᠷᠣᠨ᠎ᠤ᠎ᠬᠢᠨ ᠲᠣᠬᠠᠢ ᠵᠢᠨ ᠭᠠᠵᠠᠷ᠎ᠤᠨ ᠪᠠᠢ᠌ᠳᠠᠯ᠎ᠳᠠᠭᠠᠨ ᠲᠣᠬᠢᠷᠠᠭᠣᠯᠣᠨ ᠵᠣᠬᠢᠰᠲᠠᠢ ᠪᠠᠢ᠌ᠷᠢᠯᠠᠭᠣᠯᠵᠦ᠂ ᠰᠣᠯᠪᠢᠴᠠᠭᠣᠯᠣᠨ ᠬᠦᠭᠵᠢᠬᠦᠯᠵᠦ᠂ ᠪᠠᠢ᠌ᠭ᠋ᠠᠯᠢ ᠵᠢᠨ ᠡᠬᠢ ᠪᠠᠶᠠᠯᠢᠬ ᠪᠣᠯᠣᠨ ᠠᠮᠢ ᠠᠬᠣᠢ ᠵᠢᠨ ᠡᠬᠢ ᠪᠠᠶᠠᠯᠢᠬ᠎ᠢ ᠬᠠᠮᠠᠭ᠋ᠠᠯᠠᠬᠰᠠᠨ ᠰᠠᠭᠣᠷᠢᠨ ᠲᠡᠭᠡᠷ᠎ᠡ᠂ ᠮᠦᠰᠦ ᠴᠠᠰᠣ᠂ ᠣᠢ ᠰᠢᠭᠣᠢ᠂ ᠨᠠᠭᠣᠷ ᠪᠦᠷᠢᠲᠦ᠂ ᠭᠣᠣᠯ ᠮᠦᠷᠡᠨ᠂ ᠨᠣᠭᠣ ᠭᠠᠵᠠᠷ᠂ ᠠᠭᠣᠯᠠᠷᠬᠠᠬ ᠭᠠᠵᠠᠷ᠂ ᠲᠠᠯ᠎ᠠ ᠨᠣᠲᠣᠬ᠂ ᠭᠣᠪᠢ᠂ ᠡᠯᠡᠰᠦᠷᠭᠡᠭ ᠭᠠᠵᠠᠷ ᠪᠠ ᠲᠠᠯᠠᠢ ᠲᠠᠭ᠋ᠠᠣ ᠵᠡᠷᠭᠡ ᠦᠪᠡᠷᠮᠢᠴᠡ ᠪᠠᠢ᠌ᠭ᠋ᠠᠯᠢ ᠵᠢᠨ ᠡᠬᠢ ᠪᠠᠶᠠᠯᠢᠬ ᠪᠣᠯᠣᠨ ᠣᠯᠠᠮᠵᠢᠯᠠᠯᠲᠣ ᠪᠡᠶ᠎ᠡ ᠵᠢᠨ ᠲᠠᠮᠢᠷ᠎ᠤᠨ ᠬᠦᠮᠦᠨ ᠨᠡᠢ᠌ᠭᠡᠮ᠎ᠤᠨ ᠡᠬᠢ ᠪᠠᠶᠠᠯᠢᠬ᠎ᠢ ᠬᠦᠢ᠍ᠴᠡᠳ ᠠᠰᠢᠬᠯᠠᠵᠦ᠂ ᠦᠪᠡᠷᠮᠢᠴᠡ ᠣᠨᠴᠠᠯᠢᠬ ᠪᠦᠬᠦᠢ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠪᠯᠡᠷᠡᠭᠰᠡᠨ ᠣᠷᠣᠨ ᠪᠠ ᠠᠵᠦ ᠦᠢ᠍ᠯᠡᠰ᠎ᠤᠨ ᠪᠦᠰᠡ ᠵᠢ ᠪᠠᠢ᠌ᠭᠣᠯᠣᠨ᠎ᠠ᠃ ᠡᠬᠢ ᠪᠠᠶᠠᠯᠢᠬ ᠣᠢ᠌ᠷᠠᠯᠴᠠᠭ᠎ᠠ᠂ ᠠᠵᠦ ᠦᠢ᠍ᠯᠡᠰ ᠬᠠᠷᠢᠯᠴᠠᠨ ᠨᠦᠬᠦᠪᠦᠷᠢᠯᠡᠭᠰᠡᠨ᠂ ᠬᠠᠩᠭ᠋ᠠᠯᠭ᠎ᠠ ᠱᠠᠭ᠋ᠠᠷᠲᠠᠯᠭ᠎ᠠ ᠵᠣᠯᠭ᠋ᠠᠯᠴᠠᠬᠰᠠᠨ ᠪᠦᠰᠡ ᠲᠣᠭᠣᠷᠢᠬ᠎ᠤᠨ ᠬᠣᠯᠪᠣᠯᠴᠠᠨ ᠬᠦᠭᠵᠢᠬᠦ ᠵᠢ ᠢᠲᠡᠪᠬᠢᠲᠡᠢ ᠠᠬᠢᠭᠣᠯᠵᠦ᠂ ᠵᠡᠬᠦᠨ᠂ ᠲᠣᠮᠲᠠ᠂ ᠪᠠᠷᠠᠭᠣᠨ ᠬᠡᠰᠡᠭ᠎ᠤᠨ ᠡᠶᠡᠷᠬᠦ ᠬᠣᠷᠰᠢᠯ᠎ᠤᠨ ᠬᠦᠭᠵᠢᠯᠲᠡ ᠵᠢᠨ ᠪᠠᠢ᠌ᠷᠢᠰᠢᠯ᠎ᠢ ᠪᠦᠷᠢᠯᠲᠦᠬᠦᠯᠦᠨ᠎ᠡ᠃
ᠲᠠᠪᠣ᠂ ᠪᠡᠶ᠎ᠡ ᠴᠢᠬᠢᠷᠠᠬ᠍ᠵᠢᠭᠤᠯᠬᠤ ᠰᠡᠯᠡᠬᠦᠯᠤᠨ ᠲᠦᠬᠦᠭᠡᠷᠦᠮᠵᠢ ᠵᠢᠨ ᠪᠠᠢ᠌ᠭᠣᠯᠣᠯᠲᠠ ᠵᠢ ᠴᠢᠩᠭ᠋ᠠᠳᠬᠠᠨ᠎ᠠ
(ᠠᠷᠪᠠᠨ ᠲᠦᠷᠪᠡ) ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠰᠠᠭᠣᠷᠢ ᠲᠦᠬᠦᠭᠡᠷᠦᠮᠵᠢ ᠵᠢᠨ ᠲᠤᠤᠷ᠎ᠢ ᠲᠡᠬᠦᠯᠲᠡᠷᠵᠢᠬᠦᠯᠦᠨ᠎ᠡ᠃ ᠬᠣᠲᠠ ᠵᠢᠨ ᠣᠷᠣᠨ ᠰᠠᠭᠣᠴᠠ ᠵᠢᠨ ᠲᠣᠭᠣᠷᠢᠬ᠎ᠤᠨ ᠲᠦᠯᠦᠪᠵᠢᠬᠦᠯᠭᠡ ᠵᠢᠷᠣᠬ ᠲᠦᠯᠦᠪᠯᠡᠭᠡ ᠵᠡᠷᠭᠡ ᠪᠠᠷᠢᠮᠵᠢᠶ᠎ᠠ ᠲᠦᠷᠢᠮᠵᠢᠯ᠎ᠤᠨ ᠬᠣᠯᠪᠣᠬᠲᠠᠯ ᠪᠦᠬᠦᠢ ᠢᠵᠢ ᠪᠦᠷᠢᠲᠦᠭᠰᠡᠨ ᠪᠡᠶ᠎ᠡ ᠴᠢᠬᠢᠷᠠᠬ᠍ᠵᠢᠭᠣᠯᠬᠣ ᠲᠦᠬᠦᠭᠡᠷᠦᠮᠵᠢ ᠵᠢᠨ ᠱᠠᠭ᠋ᠠᠷᠲᠠᠯᠭ᠎ᠠ ᠵᠢ ᠴᠢᠩᠭ᠎ᠠ ᠬᠡᠷᠡᠭᠵᠢᠬᠦᠯᠦᠨ᠂ ᠢᠵᠢᠯ ᠠᠯᠬᠣᠮ ᠵᠶ᠋ᠠᠷ ᠵᠢᠷᠣᠵᠦ ᠲᠦᠯᠦᠪᠯᠡᠨ᠂ ᠪᠠᠷᠢᠯᠭ᠎ᠠ ᠡᠬᠢᠯᠡᠬᠦ ᠪᠠ ᠪᠡᠯᠡ ᠣᠷᠣᠭᠣᠯᠬᠣ ᠵᠢ ᠪᠡᠶᠡᠯᠡᠬᠦᠯᠦᠨ᠎ᠡ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠤᠨ ᠣᠷᠣᠨ ᠵᠠᠢ ᠵᠢᠨ ᠪᠠᠢ᠌ᠷᠢᠰᠢᠯ᠎ᠢ ᠰᠢᠨᠵᠢᠯᠡᠬᠦ ᠣᠬᠠᠭ᠋ᠠᠨᠴᠢ᠎ᠪᠠᠷ ᠲᠦᠯᠦᠪᠵᠢᠬᠦᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠬᠦᠭᠡᠷᠦᠮᠵᠢ᠎ᠳᠤ ᠬᠡᠷᠡᠭᠯᠡᠬᠦ ᠭᠠᠵᠠᠷ ᠪᠣᠯᠣᠨ ᠢᠵᠢ ᠪᠦᠷᠢᠲᠦᠭᠰᠡᠨ ᠲᠦᠬᠦᠭᠡᠷᠦᠮᠵᠢ ᠪᠠᠢ᠌ᠭᠣᠯᠬᠣ ᠬᠠᠷᠢᠴᠠᠯ᠎ᠢ ᠵᠣᠬᠢᠰᠲᠠᠢ ᠨᠡᠮᠡᠭᠲᠡᠬᠦᠯᠵᠦ᠂ ᠴᠡᠴᠡᠷᠯᠢᠭ᠎ᠤᠨ ᠵᠦᠯᠭᠡ᠂ ᠬᠣᠲᠠ ᠵᠢᠨ ᠠᠲᠠᠷ ᠭᠠᠵᠠᠷ᠂ ᠪᠠᠷᠢᠯᠭ᠎ᠠ ᠵᠢᠨ ᠲᠡᠭᠡᠪᠦᠷ᠂ ᠭᠠᠵᠠᠷ ᠲᠣᠣᠷᠠᠬᠢ ᠦᠷᠦᠭᠡ ᠵᠡᠷᠭᠡ ᠵᠢ ᠬᠦᠢ᠍ᠴᠡᠳ ᠵᠣᠬᠢᠰᠲᠠᠢ ᠠᠰᠢᠬᠯᠠᠨ᠂ ᠠᠷᠠᠳ᠎ᠲᠤ ᠠᠰᠢᠬᠲᠠᠢ ᠠᠷᠠᠳ᠎ᠲᠤ ᠲᠤᠰᠠᠲᠠᠢ ᠨᠢᠭᠡ ᠪᠦᠯᠦᠭ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠬᠦᠭᠡᠷᠦᠮᠵᠢ ᠵᠢ ᠭᠣᠣᠯᠲᠠᠯᠭ᠎ᠠ᠎ᠲᠠᠢ ᠪᠠᠢ᠌ᠭᠣᠯᠵᠦ᠂ ᠬᠣᠲᠠ ᠵᠢᠨ 15 ᠮᠢᠨᠦ᠋ᠲ᠎ᠤᠨ ᠪᠠᠶ᠎ᠠ ᠴᠢᠬᠢᠷᠠᠬ᠍ᠵᠢᠭᠣᠯᠬᠣ ᠴᠠᠭ᠋ᠠᠷᠢᠭ᠎ᠢ ᠪᠦᠷᠢᠯᠲᠦᠬᠦᠯᠦᠨ᠎ᠡ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠬᠦᠭᠡᠷᠦᠮᠵᠢ ᠬᠢᠭᠡᠳ ᠣᠷᠣᠨ ᠰᠠᠭᠣᠴᠠ᠂ ᠰᠣᠶᠣᠯ᠂ ᠬᠣᠲᠠᠯᠲᠣᠭ᠎ᠠ᠂ ᠵᠣᠭᠠ ᠴᠡᠩᠭᠡᠯ ᠵᠡᠷᠭᠡ ᠵᠢ ᠶᠡᠷᠦᠩᠭᠡᠢ᠌ᠯᠡᠨ ᠨᠡᠭᠡᠭᠡᠨ ᠬᠦᠭᠵᠢᠬᠦᠯᠬᠦ ᠵᠢ ᠵᠣᠷᠢᠬ᠍ᠵᠢᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠢ᠍ᠯᠡᠴᠢᠯᠡᠭᠡ ᠵᠢᠨ ᠶᠡᠷᠦᠩᠭᠡᠢ᠌ᠯᠡᠭᠰᠨᠨ ᠴᠣᠬ᠍ᠴᠠ ᠵᠢ ᠪᠠᠢ᠌ᠭᠣᠯᠣᠨ᠎ᠠ᠃
(ᠠᠷᠪᠠᠨ ᠲᠠᠪᠣ) ᠪᠡᠯᠡᠨ ᠪᠠᠢ᠌ᠭ᠎ᠠ ᠪᠡᠶ᠎ᠡ ᠵᠢᠨ ᠲᠠᠮᠢᠷ᠎ᠤᠨ ᠣᠷᠲᠣᠨ ᠲᠠᠯᠠᠪᠠᠢ ᠵᠢᠨ ᠡᠬᠢ ᠪᠠᠶᠠᠯᠢᠬ᠎ᠢ ᠠᠮᠢᠲᠣᠯᠢᠬ ᠠᠰᠢᠬᠯᠠᠨ᠎ᠠ; ᠠᠵᠦ ᠠᠬᠣᠢ᠌ᠯᠠᠯ ᠠᠵᠢᠯ ᠦᠢ᠍ᠯᠡᠰ᠎ᠤᠨ ᠨᠢᠭᠡᠴᠡ ᠵᠡᠷᠭᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠨᠡᠢ᠌ᠭᠡᠮ᠎ᠳᠤ ᠨᠡᠭᠡᠭᠡᠨ ᠠᠰᠢᠬᠯᠠᠭᠣᠯᠬᠣ ᠵᠢ ᠲᠦᠷᠭᠡᠳᠭᠡᠨ ᠠᠬᠢᠭᠣᠯᠣᠨ᠎ᠠ᠃ ᠨᠦᠬᠦᠴᠡᠯ ᠪᠦᠬᠦᠢ ᠰᠣᠷᠭ᠋ᠠᠭᠣᠯᠢ ᠵᠢᠨ ᠪᠡᠶ᠎ᠡ ᠵᠢᠨ ᠲᠠᠮᠢᠷ᠎ᠤᠨ ᠣᠷᠲᠣᠨ ᠲᠠᠯᠠᠪᠠᠢ ᠲᠦᠬᠦᠭᠡᠷᠦᠮᠵᠢ ᠵᠢ ᠬᠢᠴᠢᠶᠡᠯ᠎ᠤᠨ ᠵᠠᠪᠰᠠᠷᠯᠠᠭ᠎ᠠ ᠪᠠ ᠪᠠᠶᠠᠷ ᠲᠣᠷᠠᠰᠬᠠᠯ᠎ᠤᠨ ᠡᠳᠦᠷ᠎ᠲᠤ ᠲᠣᠰ ᠰᠣᠷᠭ᠋ᠠᠭᠣᠯᠢ ᠵᠢᠨ ᠵᠶ᠋ᠠᠨ ᠰᠣᠷᠣᠬ᠍ᠴᠢ ᠪᠣᠯᠣᠨ ᠣᠯᠠᠨ ᠲᠦᠮᠡᠨ᠎ᠳᠤ ᠡᠮᠬᠢ ᠲᠠᠷᠠᠭ᠎ᠠ᠎ᠲᠠᠢ᠎ᠪᠠᠷ ᠨᠡᠭᠡᠭᠡᠨ ᠠᠰᠢᠬᠯᠠᠭᠣᠯᠬᠣ ᠵᠢ ᠠᠬᠢᠭᠣᠯᠣᠨ᠎ᠠ᠃ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠰᠦᠢ᠍ᠳᠭᠡᠯ ᠬᠣᠷᠢᠶᠠᠬᠣ ᠦᠭᠡᠢ ᠪᠣᠶᠣ ᠵᠣᠬᠢᠰᠲᠠᠢ ᠰᠦᠢ᠍ᠳᠭᠡᠯ ᠬᠣᠷᠢᠶᠠᠵᠦ ᠭᠠᠲᠠᠬᠰᠢ ᠨᠡᠭᠡᠭᠡᠬᠦ ᠵᠡᠷᠭᠡ ᠠᠷᠭ᠎ᠠ ᠬᠡᠮᠵᠢᠶ᠎ᠡ᠎ᠪᠠᠷ ᠲᠠᠮᠵᠢᠭᠣᠯᠣᠨ ᠬᠠᠩᠭ᠋ᠠᠯᠭ᠎ᠠ ᠬᠡᠷᠡᠭᠴᠡᠭᠡ ᠵᠢ ᠨᠡᠮᠡᠭᠲᠡᠬᠦᠯᠵᠦ᠂ ᠪᠡᠶ᠎ᠡ ᠴᠢᠬᠢᠷᠠᠬ᠍ᠵᠢᠭᠣᠯᠬᠣ ᠦᠨᠳᠦᠰᠦᠨ ᠱᠠᠭ᠋ᠠᠷᠲᠠᠯᠭ᠎ᠠ ᠵᠢ ᠬᠠᠩᠭ᠋ᠠᠨ᠎ᠠ᠃ ᠬᠠᠮᠢᠶᠠᠷᠣᠯᠲᠠ ᠡᠵᠡᠩᠨᠡᠯᠲᠡ ᠵᠢ ᠰᠠᠯᠭ᠋ᠠᠬᠰᠠᠨ᠂ ᠨᠡᠢ᠌ᠲᠡ᠎ᠠᠴᠠ ᠪᠠᠢ᠌ᠭᠣᠯᠵᠦ ᠠᠷᠠᠳ᠎ᠠᠴᠠ ᠡᠵᠡᠩᠨᠡᠬᠦ ᠵᠡᠷᠭᠡ ᠵᠠᠬ᠍ᠪᠣᠷ ᠵᠶ᠋ᠠᠷ᠂ ᠵᠠᠬ᠎ᠠ ᠲᠡᠯᠭᠡᠬᠦᠷᠴᠢᠯᠡᠭᠰᠡᠨ ᠬᠣᠲᠠᠯᠲᠣᠭ᠋ᠠᠨ᠎ᠤ ᠠᠵᠢᠯᠯᠠᠭ᠎ᠠ ᠵᠢ ᠠᠬᠢᠭᠣᠯᠵᠦ᠂ ᠣᠯᠠᠨ ᠲᠡᠰ ᠲᠠᠪᠬᠣᠷᠭ᠋ᠠᠲᠣ ᠪᠡᠶ᠎ᠡ ᠴᠢᠬᠢᠷᠠᠬ᠍ᠵᠢᠭᠣᠯᠬᠣ ᠬᠡᠷᠡᠭᠯᠡᠭᠡ ᠵᠢᠨ ᠱᠠᠭ᠋ᠠᠷᠲᠠᠯᠭ᠎ᠠ ᠵᠢ ᠬᠠᠩᠭ᠋ᠠᠨ᠎ᠠ᠃ ᠡᠯ᠎ᠠ ᠲᠦᠷᠦᠯ᠎ᠤᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠠᠯᠠᠪᠠᠢ᠎ᠳᠠᠬᠢ ᠣᠰᠣ᠂ ᠴᠠᠬᠢᠯᠭ᠋ᠠᠨ᠂ ᠪᠠᠢ᠌ᠭ᠋ᠠᠯᠢ ᠵᠢᠨ ᠰᠢᠲᠠᠮᠠᠬᠠᠢ ᠬᠡᠢ᠂ ᠲᠣᠯᠠᠭ᠋ᠠᠯᠠᠮᠵᠢ ᠵᠢᠨ ᠦᠨ᠎ᠡ ᠵᠢ ᠡᠩ᠎ᠤᠨ ᠠᠵᠦ ᠦᠢ᠍ᠯᠡᠳᠪᠦᠷᠢ ᠵᠢᠨ ᠪᠠᠷᠢᠮᠵᠢᠶ᠎ᠠ᠎ᠠᠴᠠ ᠦᠨᠳᠦᠷ ᠪᠠᠢ᠌ᠯᠭ᠋ᠠᠬᠣ ᠦᠭᠡᠢ ᠲᠦᠷᠢᠮ᠎ᠢ ᠬᠡᠷᠡᠭᠵᠢᠬᠦᠯᠦᠨ᠎ᠠ᠃ ᠪᠡᠶ᠎ᠡ ᠵᠢᠨ ᠲᠠᠮᠢᠷ᠎ᠤᠨ ᠣᠷᠲᠣᠨ᠎ᠤ ᠭᠡᠷ ᠬᠦᠷᠦᠩᠭᠡ ᠵᠢᠨ ᠭᠠᠢ᠌ᠯᠢ ᠪᠣᠯᠣᠨ ᠬᠣᠲᠠ ᠪᠠᠯᠭ᠋ᠠᠰᠣ ᠵᠢᠨ ᠭᠠᠵᠠᠷ ᠰᠢᠷᠣᠢ ᠬᠡᠷᠡᠭᠯᠡᠬᠦ ᠭᠠᠢ᠌ᠯᠢ ᠵᠢᠨ ᠬᠠᠷᠠᠭ᠋ᠠᠯᠵᠠᠯ᠎ᠤᠨ ᠲᠦᠷᠦ ᠵᠢᠨ ᠪᠣᠲᠣᠯᠭ᠎ᠠ ᠵᠢ ᠨᠠᠢ᠌ᠲᠠᠪᠣᠷᠢᠵᠢᠭᠣᠯᠣᠨ᠎ᠠ᠃
(ᠠᠷᠪᠠᠨ ᠵᠢᠷᠭᠣᠭ᠎ᠠ) ᠣᠨᠴᠠᠯᠢᠬᠲᠣ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠬᠦᠭᠡᠷᠦᠮᠵᠢ ᠵᠢᠨ ᠪᠠᠢ᠌ᠭᠣᠯᠣᠯᠲᠠ ᠵᠢ ᠴᠢᠩᠭ᠋ᠠᠳᠬᠠᠨ᠎ᠠ᠃ ᠣᠶᠣᠨᠲᠣ ᠬᠣᠲᠠ᠂ ᠪᠤᠬᠢᠷᠲᠤᠯ ᠦᠭᠡᠢ ᠠᠶᠠᠯᠠᠯ ᠲᠠᠢ ᠣᠶᠠᠯᠲᠣᠭᠣᠯᠣᠨ᠂ ᠬᠣᠲᠠ ᠵᠢᠨ ᠶᠠᠪᠠᠭ᠋ᠠᠨ ᠵᠠᠮ ᠪᠣᠯᠣᠨ ᠲᠣᠭᠣᠢ ᠲᠡᠷᠭᠡ ᠵᠢᠨ ᠵᠠᠮ ᠬᠠᠷᠢᠯᠴᠠᠭ᠋ᠠᠨ᠎ᠤ ᠲᠣᠬᠲᠠᠯᠴᠠᠭ᠎ᠠ ᠵᠢ ᠲᠦᠯᠦᠪᠵᠢᠬᠦᠯᠦᠨ ᠪᠦᠲᠦᠭᠡᠨ ᠪᠠᠢ᠌ᠭᠣᠯᠣᠨ᠎ᠠ᠃ ᠣᠰᠣ᠂ ᠬᠠᠭᠣᠷᠠᠢ᠂ ᠠᠭ᠋ᠠᠷ᠎ᠤᠨ ᠡᠬᠢ ᠪᠠᠶᠠᠯᠢᠭ᠎ᠢ ᠬᠦᠢ᠍ᠴᠡᠳ ᠠᠭᠣᠲᠠᠯᠣᠨ᠂ ᠣᠯᠣᠰ᠎ᠤᠨ ᠶᠠᠪᠭ᠋ᠠᠨ ᠵᠠᠮ᠎ᠤᠨ ᠰᠢᠰᠲ᠋ᠧᠮ ᠪᠣᠯᠣᠨ ᠲᠣᠭᠣᠢ ᠲᠡᠷᠭᠡ ᠵᠢᠨ ᠵᠠᠮ ᠰᠦᠯᠵᠢᠶ᠎ᠠ ᠵᠢ ᠰᠣᠲᠣᠯᠣᠨ ᠪᠠᠢ᠌ᠭᠣᠯᠵᠦ ᠨᠢᠭᠡ ᠪᠦᠯᠦᠭ ᠠᠭᠣᠯᠠᠷᠬᠠᠬ ᠭᠠᠵᠠᠷ᠎ᠤᠨ ᠭᠡᠭᠡᠷ᠎ᠡ ᠭᠠᠲᠠᠨᠠᠬᠢ ᠬᠣᠸᠠᠷᠠᠨ᠂ ᠶᠠᠪᠠᠭ᠋ᠠᠯᠠᠬᠣ ᠪᠠ ᠲᠣᠭᠣᠢ᠎ᠪᠠᠷ ᠵᠠᠮᠨᠠᠬᠣ ᠦᠢ᠍ᠯᠡᠴᠢᠯᠡᠭᠡᠨ᠎ᠤ ᠦᠷᠲᠡᠭᠡ᠂ ᠦᠪᠡᠰᠦᠪᠡᠨ ᠵᠢᠯᠣᠭᠣᠳᠬᠣ ᠮᠠᠰᠢᠨ᠎ᠤ ᠭᠡᠷ ᠲᠡᠷᠭᠡ᠂ ᠬᠦᠲᠡᠯᠭᠡᠭᠡᠨ᠎ᠤ ᠣᠩᠭᠣᠴᠠ ᠵᠠᠪᠢ ᠵᠢᠨ ᠭᠠᠷᠠᠮ᠂ ᠠᠭ᠋ᠠᠷ ᠠᠶᠠᠯᠠᠯ᠎ᠤᠨ ᠨᠢᠰᠣᠯᠲᠠ ᠵᠢᠨ ᠰᠠᠭᠣᠷᠢᠨ ᠵᠡᠷᠭᠡ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠬᠦᠭᠡᠷᠦᠮᠵᠢ ᠵᠢ ᠭᠣᠣᠯᠲᠠᠯᠭ᠎ᠠ᠎ᠲᠠᠢ ᠪᠦᠲᠦᠭᠡᠨ ᠪᠠᠢ᠌ᠭᠣᠯᠣᠨ᠎ᠠ᠃ ᠵᠣᠭ᠋ᠠᠴᠠᠯ᠎ᠤᠨ ᠦᠵᠡᠮᠵᠢ ᠵᠢᠨ ᠣᠷᠣᠨ᠂ ᠵᠣᠭ᠋ᠠᠴᠠᠯ ᠰᠡᠯᠡᠬᠦᠴᠡᠯ᠎ᠤᠨ ᠣᠷᠣᠨ᠂ ᠬᠦᠲᠡᠭᠡ ᠲᠣᠰᠬᠣᠨ᠎ᠤ ᠵᠣᠭ᠋ᠠᠴᠠᠯ᠎ᠤᠨ ᠣᠷᠣᠨ ᠵᠡᠷᠭᠡ ᠵᠢᠨ ᠲᠤᠰ ᠲᠤᠰ᠎ᠤᠨ ᠣᠨᠴᠠᠯᠢᠬ ᠵᠶ᠋ᠠᠨ ᠦᠨᠳᠦᠰᠦᠯᠡᠵᠦ᠂ ᠣᠨᠴᠠᠯᠢᠬᠲᠣ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠬᠦᠭᠡᠷᠦᠮᠵᠢ ᠪᠠᠢ᠌ᠭᠣᠯᠬᠣ ᠵᠢ ᠵᠣᠷᠢᠬ᠍ᠵᠢᠭᠣᠯᠣᠨ ᠵᠢᠯᠣᠭᠣᠲᠣᠨ᠎ᠠ᠃
ᠵᠢᠷᠭᠣᠭ᠎ᠠ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠪᠠᠭ᠋ᠠᠵᠢ ᠲᠣᠨᠣᠬᠯᠠᠯ ᠰᠣᠲᠣᠯᠣᠨ ᠦᠢ᠍ᠯᠡᠳᠬᠦ ᠴᠢᠲᠠᠪᠣᠷᠢ ᠵᠢ ᠲᠡᠭᠡᠭᠰᠢᠯᠡᠬᠦᠯᠦᠨ᠎ᠡ
(ᠠᠷᠪᠠᠨ ᠲᠣᠯᠣᠭ᠎ᠠ) ᠬᠡᠯᠪᠡᠷᠢ᠎ᠪᠠᠨ ᠬᠣᠪᠢᠷᠠᠭᠣᠯᠣᠨ ᠲᠡᠰ ᠲᠡᠪᠰᠢᠬᠦ ᠵᠢ ᠠᠬᠢᠭᠣᠯᠣᠨ᠎ᠠ; ᠠᠵᠦ ᠠᠬᠣᠢ᠌ᠯᠠᠯ᠂ ᠬᠡᠷᠡᠭᠯᠡᠭᠴᠢᠳ᠎ᠤᠨ ᠨᠢᠭᠡᠴᠡ᠂ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ ᠵᠡᠷᠭᠡ ᠵᠢᠨ ᠠᠵᠢᠯ ᠲᠦᠷᠦᠯ ᠠᠯᠣᠰᠯᠠᠬᠰᠠᠨ ᠠᠵᠦ ᠦᠢ᠍ᠯᠡᠰ᠎ᠤᠨ ᠬᠣᠯᠪᠣᠭ᠎ᠠ ᠪᠠᠢ᠌ᠭᠣᠯᠬᠣ ᠵᠢ ᠲᠡᠮᠵᠢᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠪᠠᠭ᠋ᠠᠵᠢ ᠲᠣᠨᠣᠬᠯᠠᠯ ᠦᠢ᠍ᠯᠡᠳᠬᠦ ᠠᠵᠦ ᠠᠬᠣᠢ᠌ᠯᠠᠯ᠎ᠤᠨ ᠦᠢ᠍ᠯᠡᠴᠢᠯᠡᠭᠡᠨ᠎ᠤ ᠦᠢ᠍ᠯᠡᠰ ᠲᠡᠰᠢ ᠦᠷᠭᠡᠳᠭᠡᠨ ᠬᠦᠭᠵᠢᠬᠦ ᠵᠢ ᠲᠡᠮᠵᠢᠨ᠎ᠠ᠃ ᠠᠵᠦ ᠠᠬᠣᠢ᠌ᠯᠠᠯ᠎ᠤᠨ ᠣᠯᠣᠰ᠎ᠤᠨ ᠭᠠᠲᠠᠨ᠎ᠠ ᠬᠣᠲᠠᠯᠲᠣᠨ ᠠᠪᠬᠣ᠂ ᠪᠡᠯᠡ ᠨᠡᠢ᠌ᠯᠡᠬᠦᠯᠦᠨ ᠬᠠᠮᠲᠣᠷᠠᠨ ᠠᠵᠢᠯᠯᠠᠬᠣ᠂ ᠬᠠᠮᠲᠣᠪᠡᠷ ᠰᠣᠲᠣᠯᠣᠨ ᠨᠡᠭᠡᠭᠡᠬᠦ ᠵᠡᠷᠭᠡ ᠬᠡᠯᠪᠡᠷᠢ᠎ᠪᠠᠷ ᠲᠠᠮᠵᠢᠭᠣᠯᠣᠨ ᠮᠦᠰᠦ ᠴᠠᠰᠣᠨ᠎ᠤ ᠬᠦᠲᠡᠯᠭᠡᠭᠡᠨ᠂ ᠠᠭᠣᠯᠠᠷᠬᠠᠬ ᠭᠠᠵᠠᠷ᠎ᠤᠨ ᠭᠡᠭᠡᠷ᠎ᠡ ᠭᠠᠲᠠᠨᠠᠬᠢ ᠬᠦᠲᠡᠯᠭᠡᠭᠡᠨ᠂ ᠣᠰᠣᠨ ᠲᠡᠭᠡᠷᠡᠬᠢ ᠬᠦᠲᠡᠯᠭᠡᠭᠡᠨ᠂ ᠮᠣᠲ᠋ᠣᠷ ᠮᠠᠰᠢᠨ ᠲᠡᠷᠭᠡ ᠵᠢᠨ ᠬᠦᠲᠡᠯᠭᠡᠭᠡᠨ᠂ ᠠᠭ᠋ᠠᠷ ᠠᠶᠠᠯᠠᠯ᠎ᠤᠨ ᠬᠦᠲᠡᠯᠭᠡᠭᠡᠨ ᠵᠡᠷᠭᠡ ᠪᠠᠭ᠋ᠠᠵᠢ ᠲᠣᠨᠣᠬᠯᠠᠯ ᠦᠢ᠍ᠯᠡᠳᠬᠦ ᠲᠦᠪᠰᠢᠨ ᠵᠶ᠋ᠠᠨ ᠲᠡᠭᠡᠭᠰᠢᠯᠡᠬᠦᠯᠬᠦ ᠵᠢ ᠵᠣᠷᠢᠬ᠍ᠵᠢᠭᠣᠯᠣᠨ᠎ᠠ᠃ ᠣᠯᠠᠮᠵᠢᠯᠠᠯᠲᠣ ᠦᠢ᠍ᠯᠡᠳᠬᠦᠨ᠎ᠤ ᠦᠢ᠍ᠯᠡᠰ᠎ᠤᠨ ᠦᠯᠡᠬᠦᠦ ᠴᠢᠲᠠᠪᠤᠷᠢ ᠪᠠᠨ ᠬᠠᠰᠤᠬᠤ᠎ᠲᠠᠢ ᠣᠶᠠᠯᠲᠣᠭᠣᠯᠵᠦ᠂ ᠠᠵᠦ ᠠᠬᠣᠢ᠌ᠯᠠᠯ᠎ᠤᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠣᠨᠣᠬᠯᠠᠯ ᠦᠢ᠍ᠯᠡᠳᠬᠦ ᠬᠦᠷᠢᠶ᠎ᠡ ᠴᠠᠷᠠᠭ᠎ᠠ ᠲᠡᠰᠢ ᠴᠡᠷᠢᠭᠯᠡᠬᠦ ᠵᠢ ᠬᠦᠲᠦᠯᠦᠨ ᠵᠢᠯᠣᠭᠣᠲᠣᠨ᠎ᠠ᠃
(ᠠᠷᠪᠠᠨ ᠨᠠᠢ᠍ᠮᠠ) ᠪᠡᠶ᠎ᠡ᠎ᠪᠠᠨ ᠲᠠᠭ᠋ᠠᠭ᠋ᠠᠵᠦ ᠰᠢᠨ᠎ᠠ ᠵᠢ ᠡᠬᠦᠳᠬᠦ ᠴᠢᠲᠠᠪᠣᠷᠢ᠎ᠪᠠᠨ ᠲᠡᠭᠡᠭᠰᠢᠯᠡᠬᠦᠯᠦᠨ᠎ᠡ; ᠠᠵᠦ ᠠᠬᠣᠢ᠌ᠯᠠᠯ᠎ᠤᠨ ᠰᠣᠲᠣᠯᠣᠨ ᠨᠡᠭᠡᠭᠡᠵᠦ ᠪᠡᠯᠡ ᠣᠷᠣᠭᠣᠯᠬᠣ ᠵᠢ ᠵᠣᠷᠢᠬ᠍ᠵᠢᠭᠣᠯᠵᠣ᠂ ᠵᠠᠩᠬᠢᠯᠠᠭ᠎ᠠ ᠵᠢᠨ ᠮᠡᠷᠭᠡᠵᠢᠯ ᠪᠣᠯᠣᠨ ᠦᠢ᠍ᠯᠡᠳᠬᠦᠨ᠎ᠤ ᠪᠡᠶ᠎ᠡ᠎ᠪᠠᠨ ᠲᠠᠭ᠋ᠠᠭ᠋ᠠᠵᠦ ᠰᠢᠨ᠎ᠡ ᠵᠢ ᠡᠬᠦᠳᠬᠦ ᠴᠢᠲᠠᠪᠣᠷᠢ ᠵᠢ ᠲᠡᠭᠡᠭᠰᠢᠯᠡᠬᠦᠯᠵᠦ᠂ ᠲᠡᠭᠡᠲᠦ ᠰᠢᠨ᠎ᠡ ᠮᠡᠷᠭᠡᠵᠢᠯ᠎ᠤᠨ ᠠᠵᠦ ᠠᠬᠣᠢ᠌ᠯᠠᠯ᠎ᠢ ᠨᠣᠲᠠᠯᠠᠨ ᠲᠣᠬᠲᠠᠭ᠋ᠠᠬᠣ᠎ᠳᠤ ᠢᠲᠡᠪᠬᠢᠲᠡᠢ ᠣᠷᠣᠯᠴᠠᠨ᠎ᠠ᠃ ᠠᠵᠦ ᠠᠬᠣᠢ᠌ᠯᠠᠯ᠎ᠤᠨ ᠰᠦᠯᠵᠢᠶ᠎ᠠ ᠵᠢᠨ ᠮᠡᠷᠭᠡᠵᠢᠯ᠎ᠢ ᠠᠰᠢᠬᠯᠠᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠪᠡᠷᠮᠢᠴᠡ ᠬᠡᠷᠡᠭᠴᠡᠭᠡ ᠱᠠᠭ᠋ᠠᠷᠲᠠᠯᠭ᠎ᠠ᠎ᠲᠠᠢ ᠠᠪᠴᠠᠯᠲᠣᠬᠣ ᠵᠢ ᠲᠡᠮᠵᠢᠵᠦ᠂ ᠠᠲᠠᠯᠢ ᠪᠣᠰᠣ ᠬᠦᠮᠦᠰ᠂ ᠣᠨᠴᠠᠭ᠋ᠠᠢ᠌ᠢ᠍ᠯᠠᠨ ᠵᠠᠯᠠᠭᠣ ᠪᠠᠭ᠋ᠠᠴᠣᠳ᠂ ᠨᠠᠰᠣᠲᠠᠢ᠌ᠴᠣᠳ᠎ᠤᠨ ᠬᠡᠷᠡᠭᠴᠡᠭᠡ ᠵᠢ ᠦᠨᠳᠦᠰᠦᠯᠡᠨ᠂ ᠣᠯᠠᠨ ᠶᠠᠩᠵᠣᠲᠣ᠂ ᠵᠣᠬᠢᠴᠠᠬᠣ ᠴᠢᠨᠠᠷ ᠵᠶ᠋ᠠᠷ ᠴᠢᠩᠭ᠎ᠠ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠪᠠᠭ᠋ᠠᠵᠢ ᠲᠣᠨᠣᠬᠯᠠᠯᠢ ᠰᠣᠲᠣᠯᠣᠨ ᠨᠡᠭᠡᠭᠡᠨ᠎ᠡ᠃ ᠰᠢᠨ᠎ᠡ ᠮᠠᠶᠢᠬ᠎ᠤᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠪᠠᠭ᠋ᠠᠵᠢ ᠲᠣᠨᠣᠬᠯᠠᠯ᠂ ᠡᠮᠦᠰᠴᠦ ᠵᠡᠬᠦᠬᠦ ᠬᠡᠯᠪᠡᠷᠢ ᠵᠢᠨ ᠬᠦᠲᠡᠯᠭᠡᠭᠡᠨ᠎ᠤ ᠲᠣᠨᠣᠬᠯᠠᠯ᠂ ᠬᠣᠭᠣᠰᠣᠨ ᠪᠣᠲᠠᠲᠣ ᠬᠦᠲᠡᠯᠭᠡᠭᠡᠨ᠎ᠤ ᠲᠣᠨᠣᠬᠯᠠᠯ ᠵᠡᠷᠭᠡ ᠵᠢ ᠰᠣᠲᠣᠯᠣᠨ ᠦᠢ᠍ᠯᠡᠲᠦᠨᠡ᠃ ᠲᠡᠯᠡᠭᠡᠢ ᠵᠢᠨ ᠲᠡᠷᠢᠬᠦᠨ᠎ᠤ ᠠᠵᠦ ᠠᠬᠣᠢ᠌ᠯᠠᠯᠯᠤᠭᠠ ᠬᠠᠮᠲᠣᠷᠠᠨ ᠠᠵᠢᠯᠯᠠᠵᠦ ᠰᠣᠲᠣᠯᠣᠨ ᠨᠡᠭᠡᠭᠡᠬᠦ ᠪᠠᠢ᠌ᠭᠣᠯᠣᠮᠵᠢ ᠪᠠᠢ᠌ᠭᠣᠯᠬᠣ ᠵᠢ ᠵᠣᠷᠢᠬ᠍ᠵᠢᠭᠣᠯᠵᠦ᠂ ᠭᠠᠲᠠᠭ᠋ᠠᠲᠣ ᠣᠯᠣᠰ᠎ᠤᠨ ᠲᠡᠷᠢᠬᠦᠨ᠎ᠤ ᠮᠡᠷᠭᠡᠵᠢᠯ᠎ᠢ ᠰᠢᠩᠭᠡᠭᠡᠨ ᠠᠪᠴᠦ ᠣᠯᠠᠷᠢᠭᠣᠯᠬᠣ᠎ᠪᠠᠨ ᠲᠦᠷᠭᠡᠳᠭᠡᠨ᠎ᠡ᠃
(ᠠᠷᠪᠠ ᠶᠢᠰᠦ) ᠲᠦᠷᠦᠯ ᠲᠡᠮᠲᠡᠭᠲᠦ ᠵᠢᠨ ᠪᠠᠢ᠌ᠭᠣᠯᠣᠯᠲᠠ ᠵᠢ ᠴᠢᠩᠭ᠋ᠠᠳᠬᠠᠨ᠎ᠠ; ᠠᠵᠦ ᠠᠬᠣᠢ᠌ᠯᠠᠯ᠎ᠤᠨ ᠪᠡᠶ᠎ᠡ᠎ᠪᠠᠨ ᠲᠠᠭ᠋ᠠᠭ᠋ᠠᠬᠰᠠᠨ ᠲᠦᠷᠦᠯ ᠲᠡᠮᠲᠡᠭ ᠡᠬᠦᠳᠴᠦ ᠪᠣᠢ᠌ᠵᠢᠭᠣᠯᠬᠣ ᠵᠢ ᠲᠡᠮᠵᠢᠵᠦ᠂ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠪᠠᠭ᠋ᠠᠵᠢ ᠲᠦᠬᠦᠭᠡᠷᠦᠮᠵᠢ ᠵᠢᠨ ᠨᠡᠮᠡᠯᠲᠡ ᠦᠷᠲᠡᠭ ᠪᠠ ᠵᠦᠭᠡᠯᠡᠨ ᠪᠣᠲᠠᠲᠣ ᠬᠦᠴᠦᠨ᠎ᠢ ᠲᠡᠭᠡᠭᠰᠢᠯᠡᠬᠦᠯᠦᠨ᠎ᠡ᠃ ᠠᠵᠦ ᠠᠬᠣᠢ᠌ᠯᠠᠯ ᠬᠢᠭᠡᠳ ᠡᠯ᠎ᠡ ᠱᠠᠲᠣᠨ᠎ᠤ ᠡᠯ᠎ᠡ ᠲᠦᠷᠦᠯ᠎ᠤᠨ ᠬᠦᠲᠡᠯᠭᠡᠭᠡᠨ᠎ᠤ ᠲᠦᠷᠦᠯ ᠵᠦᠢ᠍ᠯ᠎ᠤᠨ ᠨᠡᠢ᠌ᠭᠡᠮᠯᠢᠭ ᠵᠡᠷᠭᠡ ᠪᠡᠶ᠎ᠡ ᠵᠢᠨ ᠲᠠᠮᠢᠷ᠎ᠤᠨ ᠵᠣᠬᠢᠶᠠᠨ ᠪᠠᠢ᠌ᠭᠣᠯᠣᠯᠲᠠᠯᠤᠭᠠ ᠬᠠᠮᠲᠣᠷᠠᠨ ᠠᠵᠢᠯᠯᠠᠬᠣ ᠵᠢ ᠵᠣᠷᠢᠬ᠍ᠵᠢᠭᠣᠯᠵᠦ᠂ ᠣᠷᠣᠯᠲᠣᠭ᠋ᠠᠨ ᠡᠷᠬᠢᠯᠡᠬᠦ ᠵᠡᠷᠭᠡ ᠵᠠᠬ᠍ᠪᠣᠷ ᠵᠶ᠋ᠠᠷ ᠲᠠᠮᠵᠢᠭᠣᠯᠣᠨ᠂ ᠲᠦᠷᠦᠯ ᠲᠡᠮᠲᠡᠭ᠎ᠤᠨ ᠠᠯᠲᠠᠷᠰᠢᠯ᠎ᠢ ᠲᠡᠭᠡᠭᠰᠢᠯᠡᠬᠦᠯᠦᠨ᠎ᠡ᠃ ᠲᠠᠪᠠᠭᠣᠯᠢᠬ ᠬᠦᠴᠦᠨ ᠪᠦᠬᠦᠢ ᠨᠡᠷᠡᠲᠦ ᠠᠵᠦ ᠠᠬᠣᠢ᠌ᠢ᠍ᠯᠠᠯ᠎ᠤᠨ ᠲᠡᠯᠡᠬᠡᠢ᠌ᠵᠢᠭᠰᠡᠨ ᠬᠦᠭᠵᠢᠯᠲᠡ ᠵᠢᠨ ᠪᠠᠢ᠌ᠯᠲᠣᠬᠣ ᠪᠣᠲᠣᠯᠭ᠎ᠠ ᠬᠡᠷᠡᠭᠵᠢᠬᠦᠯᠵᠦ᠂ ᠣᠯᠠᠨ ᠣᠯᠣᠰ᠎ᠤᠨ ᠨᠡᠷ᠎ᠡ ᠨᠦᠯᠦᠭᠡ᠎ᠪᠠᠨ ᠦᠷᠭᠡᠳᠭᠡᠬᠦ ᠵᠢ ᠠᠬᠢᠭᠣᠯᠣᠨ᠎ᠠ᠃
ᠲᠣᠯᠣᠭ᠎ᠠ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠡᠷᠡᠭᠯᠡᠭᠡ ᠵᠢᠨ ᠣᠷᠴᠢᠨ ᠲᠣᠭᠣᠷᠢᠨ᠎ᠢ ᠰᠠᠢ᠌ᠵᠢᠷᠠᠭᠣᠯᠣᠨ᠎ᠠ
(ᠬᠣᠷᠢ) ᠬᠡᠷᠡᠭᠯᠡᠭᠡ ᠵᠢᠨ ᠲᠠᠯᠲᠠ ᠬᠦᠴᠦᠨ᠎ᠢ ᠬᠦᠢ᠍ᠴᠡᠳ ᠠᠭᠣᠲᠠᠯᠣᠨᠠ᠃ ᠡᠯ᠎ᠠ ᠲᠦᠷᠦᠯ᠎ᠤᠨ ᠣᠯᠠᠨ ᠲᠦᠮᠡᠨᠴᠢ ᠴᠢᠨᠠᠷᠲᠠᠢ ᠪᠡᠶ᠎ᠡ ᠵᠢᠨ ᠲᠠᠮᠢᠷ᠎ᠤᠨ ᠠᠵᠢᠯᠯᠠᠭ᠎ᠠ ᠦᠷᠨᠢᠬᠦᠯᠵᠦ᠂ ᠮᠡᠷᠭᠡᠵᠢᠯ᠎ᠤᠨ ᠣᠷᠣᠯᠲᠣᠭ᠋ᠠᠨ᠎ᠤ ᠶᠠᠪᠣᠴᠠ ᠵᠢ ᠵᠣᠬᠢᠰᠲᠠᠢ ᠨᠠᠢ᠌ᠷᠠᠭᠣᠯᠣᠨ ᠲᠣᠬᠲᠠᠭ᠋ᠠᠵᠦ᠂ ᠪᠠᠶᠠᠷ ᠲᠣᠷᠠᠰᠬᠠᠯ᠎ᠤᠨ ᠡᠳᠦᠷ᠎ᠤᠨ ᠪᠡᠶ᠎ᠡ ᠵᠢᠨ ᠲᠠᠮᠢᠷ᠎ᠤᠨ ᠣᠷᠣᠯᠲᠣᠭ᠋ᠠᠨ᠎ᠤ ᠬᠠᠩᠭ᠋ᠠᠯᠭ᠎ᠠ ᠬᠡᠷᠡᠭᠴᠡᠭᠡ ᠵᠢ ᠪᠠᠶᠠᠯᠢᠬ᠍ᠵᠢᠭᠣᠯᠵᠦ᠂ ᠪᠡᠶ᠎ᠡ ᠵᠢᠨ ᠲᠠᠮᠢᠷ᠎ᠤᠨ ᠣᠲᠣᠳ ᠪᠠ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠴᠣᠣᠲᠠᠨᠨᠤᠭᠤᠳᠤᠨ ᠵᠢᠱ᠌ᠢᠶ᠎ᠠ ᠦᠵᠡᠬᠦᠯᠬᠦ ᠦᠢ᠍ᠯᠡᠲᠦᠯ᠎ᠢ ᠪᠠᠲᠠᠷᠠᠭᠣᠯᠣᠨ᠂ ᠣᠯᠠᠨ ᠲᠦᠮᠡᠨ᠎ᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠡᠷᠡᠭᠯᠡᠭᠡ ᠱᠠᠭ᠋ᠠᠷᠲᠠᠯᠭ᠎ᠠ ᠵᠢ ᠬᠦᠭᠵᠢᠭᠡᠨ᠎ᠡ᠃ 《ᠣᠯᠣᠰ᠎ᠤᠨ ᠪᠡᠶ᠎ᠡ ᠵᠢᠨ ᠲᠠᠮᠢᠷ ᠪᠣᠯᠪᠠᠰᠣᠷᠠᠬᠣ ᠪᠠᠷᠢᠮᠵᠢᠶ᠎ᠠ》 ᠂ ᠠᠵᠢᠯ᠎ᠤᠨ ᠴᠢᠯᠦᠭᠡᠨ᠎ᠤ ᠬᠦᠲᠡᠯᠭᠡᠭᠡᠨ᠎ᠤ ᠲᠡᠰ ᠪᠠᠷᠢᠮᠵᠢᠶ᠎ᠠ᠂ ᠠᠵᠢᠯ᠎ᠤᠨ ᠴᠢᠯᠦᠭᠡᠨ᠎ᠤ ᠣᠷᠣᠯᠲᠣᠭ᠋ᠠᠨ᠎ᠤ ᠲᠡᠰ ᠪᠠᠷᠢᠮᠵᠢᠶ᠎ᠠ ᠵᠢ ᠢᠲᠡᠪᠬᠢᠲᠡᠢ ᠲᠡᠯᠭᠡᠷᠡᠬᠦᠯᠦᠨ ᠲᠦᠭᠡᠮᠡᠯᠵᠢᠬᠦᠯᠵᠦ᠂ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠡᠷᠡᠭᠯᠡᠬᠡ ᠵᠢᠨ ᠲᠠᠲᠠᠬᠤ ᠬᠦᠴᠦᠨ᠎ᠢ ᠴᠢᠩᠭ᠋ᠠᠳᠬᠠᠨ᠎ᠠ᠃ ᠪᠡᠶ᠎ᠡ ᠵᠢᠨ ᠲᠠᠮᠢᠷ᠎ᠤᠨ ᠰᠠᠯᠠᠭ᠎ᠠ ᠮᠦᠴᠢᠷ᠂ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠵᠣᠬᠢᠶᠠᠨ ᠪᠠᠢ᠌ᠭᠣᠯᠣᠯᠲᠠ᠂ ᠲᠣᠰᠬᠠᠢ ᠮᠡᠷᠭᠡᠵᠢᠯ᠎ᠤᠨ ᠪᠡᠶ᠎ᠡ ᠵᠢᠨ ᠲᠠᠮᠢᠷ᠎ᠤᠨ ᠪᠣᠯᠪᠠᠰᠣᠷᠠᠯ᠎ᠤᠨ ᠪᠠᠢ᠌ᠭᠣᠯᠣᠮᠵᠢ ᠵᠡᠷᠭᠡ ᠬᠢᠭᠡᠳ ᠡᠯ᠎ᠠ ᠲᠦᠷᠦᠯ᠎ᠤᠨ ᠰᠣᠷᠭ᠋ᠠᠭᠣᠯᠢ᠎ᠨᠤᠭᠤᠳ ᠬᠠᠮᠲᠣᠷᠠᠨ ᠠᠵᠢᠯᠯᠠᠬᠣ ᠵᠢ ᠲᠦᠯᠬᠢᠨ ᠠᠬᠢᠭᠣᠯᠵᠦ᠂ ᠲᠣᠰᠬᠠᠢ ᠮᠡᠷᠭᠡᠵᠢᠯ᠎ᠤᠨ ᠲᠡᠮᠵᠢᠯᠬᠡ ᠬᠠᠩᠭ᠋ᠠᠨ᠂ ᠵᠠᠯᠠᠭᠤᠴᠤᠳ ᠪᠠᠭ᠋ᠠᠴᠣᠳ᠎ᠤᠨ ᠪᠡᠶ᠎ᠡ ᠵᠢᠨ ᠲᠠᠮᠢᠷ᠎ᠤᠨ ᠲᠣᠷ᠎ᠠ ᠰᠤᠨᠢᠷᠬᠠᠯ ᠪᠠ ᠬᠦᠲᠡᠯᠭᠡᠭᠡᠨ᠎ᠤ ᠮᠡᠷᠭᠡᠰᠢᠯ᠎ᠢ ᠬᠦᠮᠦᠵᠢᠬᠦᠯᠦᠨ᠎ᠡ᠃
(ᠬᠣᠷᠢᠨ ᠨᠢᠭᠡ) ᠬᠡᠷᠡᠭᠯᠡᠬᠡ ᠵᠢᠨ ᠲᠦᠷᠦ ᠵᠢᠨ ᠪᠣᠲᠣᠯᠭ᠎ᠠ ᠵᠢ ᠲᠡᠬᠦᠯᠲᠡᠷᠵᠢᠬᠦᠯᠦᠨ᠎ᠡ; ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠠᠬᠣᠢ᠌ᠯᠠᠯ ᠬᠢᠭᠡᠳ ᠮᠦᠩᠬᠦᠨ ᠬᠦᠢ᠍ᠯᠭᠡᠭᠡᠨ᠎ᠤ ᠪᠠᠢ᠌ᠭᠣᠯᠣᠮᠵᠢ ᠵᠢᠨ ᠬᠠᠮᠲᠣᠷᠠᠨ ᠠᠵᠢᠯᠯᠠᠬᠣ ᠵᠢ ᠵᠣᠷᠢᠬ᠍ᠵᠢᠭᠣᠯᠵᠦ᠂ ᠲᠣᠷᠰᠢᠯᠲᠠ ᠵᠢᠨ ᠴᠢᠬ᠎ᠲᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠣᠯᠪᠣᠭ᠋ᠠᠯᠠᠬᠰᠠᠨ ᠪᠠᠩᠬᠢ ᠵᠢᠨ ᠺᠠᠷᠲ ᠲᠠᠷᠬᠠᠭ᠋ᠠᠵᠦ ᠣᠨᠴᠠ ᠬᠠᠷᠠᠭ᠋ᠠᠯᠵᠠᠯ᠎ᠤᠨ ᠬᠣᠲᠠᠯᠲᠣᠭ᠋ᠠᠴᠢᠳᠲᠤ ᠦᠨ᠎ᠡ ᠨᠣᠭᠣᠯᠣᠨ ᠪᠣᠲᠣᠬᠣ ᠵᠢ ᠬᠡᠷᠡᠭᠵᠢᠬᠦᠯᠦᠨ᠎ᠡ᠃ ᠡᠯ᠎ᠠ ᠭᠠᠵᠠᠷ ᠣᠷᠣᠨ᠎ᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠡᠷᠡᠭᠯᠡᠬᠡ ᠵᠢᠨ ᠵᠢᠯᠣᠭᠣᠳᠬᠣ ᠲᠣᠬᠲᠠᠴᠠ ᠵᠢᠨ ᠰᠢᠨ᠎ᠠ ᠵᠢ ᠡᠬᠦᠳᠬᠦ ᠵᠢ ᠲᠡᠮᠵᠢᠨ᠎ᠡ᠃ ᠲᠠᠭ᠋ᠠᠳᠬᠠᠯ᠎ᠤᠨ ᠺᠣᠮᠫᠠᠨᠢ ᠵᠢ ᠬᠦᠲᠦᠯᠦᠨ ᠵᠢᠯᠣᠭᠣᠳᠴᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠦᠲᠡᠯᠡᠭᠡᠨᠤ ᠣᠨᠴᠠᠯᠢᠬ ᠪᠠ ᠠᠲᠠᠯᠢ ᠪᠣᠰᠣ ᠨᠠᠰᠣᠨ᠎ᠤ ᠬᠦᠮᠦᠰ᠎ᠤᠨ ᠪᠡᠶ᠎ᠡ ᠮᠠᠬᠠᠪᠣᠳ᠎ᠤᠨ ᠣᠨᠴᠠᠯᠢᠬ᠎ᠢ ᠦᠨᠳᠦᠰᠦᠯᠡᠵᠦ᠂ ᠣᠷᠣᠯᠲᠣᠭ᠋ᠠᠨ᠎ᠤ ᠲᠠᠯᠠᠪᠠᠢ ᠵᠢᠨ ᠬᠠᠷᠢᠭᠣᠴᠠᠯᠭ᠎ᠠ ᠵᠢᠨ ᠲᠠᠭ᠋ᠠᠳᠬᠠᠯ᠂ ᠬᠦᠲᠡᠯᠭᠡᠭᠡᠨ᠎ᠤ ᠮᠠᠬᠠᠪᠣᠳ᠎ᠤᠨ ᠬᠡᠨᠡᠳᠲᠡ ᠵᠢᠨ ᠰᠢᠷᠬᠠᠲᠣᠯ᠎ᠤᠨ ᠲᠠᠭ᠋ᠠᠳᠬᠠᠯ ᠵᠡᠷᠭᠡ ᠵᠢ ᠰᠣᠲᠣᠯᠣᠨ ᠨᠡᠭᠡᠭᠡᠨ᠎ᠡ᠃ ᠵᠠᠯᠠᠭᠣ ᠪᠠᠭ᠋ᠠᠴᠣᠳ᠎ᠤᠨ ᠪᠡᠶ᠎ᠡ ᠵᠢᠨ ᠲᠠᠮᠢᠷ᠎ᠤᠨ ᠬᠦᠲᠡᠯᠭᠡᠭᠡᠨ᠎ᠤ ᠬᠠᠮᠢᠶ᠎ᠠ ᠪᠦᠬᠦᠢ ᠬᠠᠷᠢᠭᠤᠴᠠᠯᠭ᠋ᠠᠲᠤ ᠲᠠᠭ᠋ᠠᠳᠬᠠᠯ᠎ᠤᠨ ᠬᠦᠭᠵᠢᠯᠲᠡ᠎ᠳᠤ ᠣᠷᠣᠯᠴᠠᠬᠣ ᠵᠢ ᠢᠲᠡᠪᠬᠢᠲᠡᠢ ᠠᠬᠢᠭᠣᠯᠣᠨ᠎ᠠ᠃
(ᠬᠣᠷᠢᠨ ᠬᠣᠶᠠᠷ) ᠬᠡᠷᠡᠭᠯᠡᠭᠡ ᠵᠢᠨ ᠣᠢ᠌ᠯᠠᠭ᠋ᠠᠬᠲᠠᠬᠣᠨ᠎ᠢ ᠬᠦᠲᠦᠯᠦᠨ ᠵᠢᠯᠣᠭᠣᠲᠣᠨ᠎ᠠ; ᠰᠣᠷᠲᠠᠯ ᠣᠬᠠᠭᠣᠯᠭ᠎ᠠ ᠵᠢᠨ ᠬᠦᠴᠦᠯᠡᠴᠡ᠎ᠪᠠᠨ ᠴᠢᠩᠭ᠋ᠠᠷᠠᠭᠣᠯᠵᠦ᠂ ᠰᠢᠨᠵᠢᠯᠡᠬᠦ ᠣᠬᠠᠭ᠋ᠠᠨᠴᠢ ᠪᠡᠶ᠎ᠡ ᠴᠢᠬᠢᠷᠠᠬ᠍ᠵᠢᠭᠣᠯᠬᠣ ᠮᠡᠲᠡᠯᠭᠡ ᠵᠢ ᠲᠦᠭᠡᠮᠡᠯᠵᠢᠬᠦᠯᠦᠨ᠎ᠡ᠃ ᠮᠠᠨ᠎ᠤ ᠣᠯᠣᠰ᠎ᠤᠨ ᠦᠪᠡᠰᠦᠪᠡᠨ ᠵᠣᠬᠢᠶᠠᠨ ᠦᠢ᠍ᠯᠡᠲᠦᠭᠰᠡᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠫᠷᠦᠭᠷᠡᠮᠢ ᠦᠢ᠍ᠯᠡᠳᠴᠦ ᠨᠡᠪᠲᠡᠷᠡᠬᠦᠯᠬᠦ ᠵᠢ ᠵᠣᠷᠢᠬ᠍ᠵᠢᠭᠣᠯᠵᠦ᠂ ᠬᠡᠯᠪᠡᠷᠢ ᠮᠠᠶᠢᠬ ᠣᠯᠠᠨ ᠶᠠᠩᠵᠦ ᠵᠢᠨ ᠪᠡᠶ᠎ᠡ ᠵᠢᠨ ᠲᠠᠮᠢᠷ᠎ᠤᠨ ᠰᠡᠲᠦᠪᠲᠦ ᠣᠳᠬ᠎ᠠ ᠣᠷᠠᠯᠢᠬ᠎ᠤᠨ ᠵᠣᠬᠢᠶᠠᠨ ᠪᠦᠲᠦᠭᠡᠯᠭᠡ ᠵᠢ ᠲᠡᠮᠵᠢᠨ᠎ᠡ᠃ ᠣᠯᠠᠨ ᠵᠠᠭᠣᠴᠢ᠎ᠲᠦ ᠷᠠᠳᠢᠣ᠋ ᠲᠸᠯᠸᠢᠰ᠂ ᠰᠦᠯᠵᠢᠶᠠᠨ᠎ᠤ ᠷᠠᠳᠢᠣ᠋ ᠲᠸᠯᠸᠢᠰ᠂ ᠭᠠᠷ ᠣᠲᠠᠰᠣᠨᠤ ᠬᠡᠷᠡᠭᠯᠡᠭᠡ ᠵᠢᠨ ᠫᠷᠦᠭᠷᠡᠮ (APP) ᠵᠡᠷᠭᠡ ᠪᠡᠶ᠎ᠡ ᠵᠢᠨ ᠲᠠᠮᠢᠷ᠎ᠤᠨ ᠵᠠᠭᠣᠴᠢ ᠵᠢᠨ ᠰᠢᠨ᠎ᠠ ᠲᠦᠷᠦᠯ᠎ᠤᠨ ᠬᠦᠭᠵᠢᠯᠲᠡ ᠵᠢ ᠲᠡᠮᠵᠢᠵᠦ᠂ ᠬᠡᠷᠡᠭᠯᠡᠭᠴᠢᠳ ᠡᠯ᠎ᠡ ᠲᠦᠷᠦᠯ᠎ᠤᠨ ᠨᠡᠢ᠌ᠭᠡᠮ᠎ᠤᠨ ᠬᠠᠷᠢᠯᠴᠠᠭ᠋ᠠᠨ᠎ᠤ ᠲᠠᠪᠴᠠᠩ ᠵᠶ᠋ᠠᠷ ᠬᠠᠷᠢᠯᠴᠠᠨ ᠬᠣᠷᠰᠢᠵᠦ ᠶᠠᠪᠣᠯᠴᠠᠬᠣ ᠵᠢ ᠠᠬᠢᠭᠣᠯᠬᠣ᠂ ᠬᠡᠷᠡᠭᠯᠡᠭᠴᠢᠳ᠎ᠤᠨ ᠪᠡᠶᠡᠴᠢᠯᠡᠨ ᠣᠢ᠌ᠯᠠᠭ᠋ᠠᠯᠲᠠ ᠵᠢ ᠲᠡᠭᠡᠭᠰᠢᠯᠡᠬᠦᠯᠦᠨ᠎ᠡ᠃
ᠨᠠᠢ᠍ᠮᠠ᠂ ᠵᠣᠬᠢᠶᠠᠨ ᠪᠠᠢ᠌ᠭᠣᠯᠣᠨ ᠬᠡᠷᠡᠭᠵᠢᠬᠦᠯᠬᠦ ᠵᠢ ᠴᠢᠩᠭ᠋ᠠᠳᠬᠠᠨ᠎ᠠ
(ᠬᠣᠷᠢᠨ ᠭᠣᠷᠪᠠ) 《ᠲᠠᠯᠪᠢᠬᠣ ᠬᠠᠮᠢᠶᠠᠷᠬᠣ ᠦᠢ᠍ᠯᠡᠴᠢᠯᠡᠬᠦ》 ᠵᠢ ᠦᠷᠬᠦᠯᠵᠢᠯᠡᠨ ᠠᠬᠢᠭᠣᠯᠣᠨ᠎ᠠ; ᠵᠠᠰᠠᠬ᠎ᠤᠨ ᠣᠷᠲᠣᠨ᠎ᠤ ᠡᠬᠦᠷᠭᠡ ᠴᠢᠲᠠᠪᠬᠢ᠎ᠪᠠᠨ ᠬᠣᠪᠢᠷᠠᠭᠣᠯᠬᠣ ᠵᠢ ᠲᠦᠷᠭᠡᠳᠭᠡᠵᠦ᠂ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠢᠯᠯᠠᠭ᠎ᠠ ᠵᠢᠨ ᠬᠣᠯᠪᠣᠬᠲᠠᠯ ᠪᠦᠬᠦᠢ ᠬᠢᠨᠠᠨ ᠵᠦᠪᠰᠢᠶᠡᠷᠡᠬᠦ ᠵᠦᠢ᠍ᠯ᠎ᠢ ᠶᠡᠬᠡ᠎ᠪᠠᠷ ᠪᠠᠭ᠋ᠠᠰᠬᠠᠵᠦ᠂ ᠨᠠᠵᠠᠭ᠋ᠠᠢ ᠲᠠᠯ᠎ᠠ ᠵᠢᠨ ᠨᠠᠷᠢᠨ ᠲᠠᠩᠰᠠ ᠵᠢᠨ ᠬᠠᠮᠢᠶᠠᠷᠣᠯᠲᠠ ᠵᠢ ᠬᠡᠷᠡᠭᠵᠢᠬᠦᠯᠦᠨ᠂ ᠠᠭ᠋ᠠᠷ᠎ᠤᠨ ᠬᠡᠪᠴᠢᠶ᠎ᠠ ᠤᠰᠤᠨ᠎ᠤ ᠬᠡᠪᠴᠢᠶ᠎ᠠ ᠵᠢᠨ ᠨᠡᠭᠡᠭᠡᠯᠲᠡ ᠵᠢ ᠠᠬᠢᠭᠣᠯᠣᠨ᠎ᠠ᠃ ᠪᠡᠶ᠎ᠡ ᠵᠢᠨ ᠲᠠᠮᠢᠷ᠎ᠤᠨ ᠠᠵᠢᠯ ᠲᠦᠷᠦᠯ᠎ᠤᠨ ᠨᠡᠢ᠌ᠭᠡᠮᠯᠢᠭ᠎ᠤᠨ ᠦᠭᠡᠷᠡᠴᠢᠯᠡᠯᠲᠡ ᠵᠢ ᠠᠬᠢᠭᠣᠯᠵᠦ᠂ ᠬᠡᠷᠡᠭ᠎ᠤᠨ ᠲᠣᠮᠲᠠ ᠪᠣᠯᠣᠨ ᠬᠣᠢ᠌ᠨᠠᠬᠢ ᠬᠢᠨᠠᠨ ᠬᠠᠮᠢᠶᠠᠷᠣᠯᠲᠠ ᠵᠢ ᠴᠢᠩᠭ᠋ᠠᠳᠬᠠᠵᠦ᠂ ᠬᠣᠯᠪᠣᠬᠲᠠᠯ ᠪᠦᠬᠦᠢ ᠠᠮᠣᠷ᠎ᠢ ᠬᠠᠮᠠᠭ᠋ᠠᠯᠠᠬᠣ ᠦᠢ᠍ᠯᠡᠴᠢᠯᠡᠭᠡᠨ᠎ᠤ ᠪᠠᠷᠢᠮᠵᠢᠶ᠎ᠠ ᠵᠢ ᠲᠡᠬᠦᠯᠲᠡᠷᠵᠢᠬᠦᠯᠦᠨ᠂ ᠠᠵᠢᠯ ᠲᠦᠷᠦᠯ᠎ᠤᠨ ᠢᠲᠡᠭᠡᠮᠵᠢ ᠵᠢᠨ ᠲᠣᠬᠲᠠᠯᠴᠠᠭ᠎ᠠ ᠵᠢᠨ ᠪᠠᠢ᠌ᠭᠣᠯᠣᠯᠲᠠ ᠵᠢ ᠴᠢᠩᠭ᠋ᠠᠳᠬᠠᠨ᠎ᠠ᠃ ᠵᠠᠰᠠᠬ᠎ᠤᠨ ᠶᠠᠪᠣᠲᠠᠯᠢ ᠨᠡᠢ᠌ᠲᠡᠯᠡᠬᠦ ᠲᠠᠪᠴᠠᠩ᠂ ᠮᠡᠲᠡᠭᠡ ᠵᠠᠩᠬᠢ ᠵᠢ ᠬᠠᠷᠢᠯᠴᠠᠨ ᠰᠣᠯᠢᠯᠴᠠᠬᠣ ᠲᠠᠪᠴᠠᠩ᠂ ᠲᠡᠯᠭᠡᠨ ᠦᠵᠡᠬᠦᠯᠭᠡ ᠵᠢᠨ ᠲᠠᠪᠴᠠᠩ᠂ ᠡᠬᠢ ᠪᠠᠶᠠᠯᠢᠬ ᠰᠣᠯᠢᠯᠴᠠᠬᠣ ᠲᠠᠪᠴᠠᠩ᠎ᠢ ᠲᠡᠬᠦᠯᠲᠡᠷᠵᠢᠬᠦᠯᠦᠨ᠎ᠠ᠃
(ᠬᠣᠷᠢᠨ ᠲᠦᠷᠪᠡ) ᠲᠦᠯᠦᠪᠵᠢᠬᠦᠯᠭᠡ ᠪᠣᠯᠣᠨ ᠭᠠᠵᠠᠷ ᠰᠢᠷᠣᠢ ᠵᠢ ᠠᠰᠢᠬᠯᠠᠬᠣ ᠲᠦᠷᠦ ᠵᠢᠨ ᠪᠣᠲᠣᠯᠭ᠎ᠠ ᠵᠢ ᠰᠢᠯᠢᠲᠡᠭᠵᠢᠬᠦᠯᠦᠨ᠎ᠡ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠬᠡᠷᠡᠭᠯᠡᠬᠦ ᠭᠠᠵᠠᠷ᠎ᠢ ᠡᠵᠡᠮᠲᠡᠬᠦ ᠬᠡᠪᠴᠢᠶ᠎ᠠ᠂ ᠰᠢᠨᠵᠢᠯᠡᠬᠦ ᠣᠬᠠᠭ᠋ᠠᠨᠴᠢ᠎ᠪᠠᠷ ᠪᠠᠢ᠌ᠷᠢ ᠰᠣᠩᠭᠣᠬᠣ ᠵᠢ ᠢᠲᠡᠪᠬᠢᠲᠡᠢ ᠬᠦᠲᠦᠯᠦᠨ ᠵᠢᠯᠣᠭᠣᠳᠴᠦ᠂ ᠬᠣᠯᠪᠣᠬᠲᠠᠯ ᠪᠦᠬᠦᠢ ᠬᠡᠷᠡᠭᠯᠡᠬᠦ ᠭᠠᠵᠠᠷ᠎ᠢ ᠣᠷᠣᠨ ᠨᠣᠲᠣᠬ᠎ᠤᠨ ᠡᠯ᠎ᠠ ᠱᠠᠲᠣᠨ᠎ᠤ ᠭᠠᠵᠠᠷ ᠰᠢᠷᠣᠢ ᠬᠡᠷᠡᠭᠯᠡᠬᠦ ᠶᠡᠷᠦᠩᠭᠡᠢ ᠲᠦᠯᠦᠪᠵᠢᠬᠦᠯᠭᠡ᠎ᠳᠤ ᠬᠠᠮᠣᠷᠣᠨ ᠪᠠᠬᠲᠠᠭ᠋ᠠᠵᠦ ᠵᠣᠬᠢᠰᠲᠠᠢ ᠪᠠᠢ᠌ᠷᠢᠯᠠᠭᠣᠯᠣᠨᠠ᠃ ᠭᠠᠵᠠᠷ ᠰᠢᠷᠣᠢ ᠠᠰᠢᠬᠯᠠᠬᠣ ᠶᠡᠷᠦᠩᠭᠡᠢ ᠲᠦᠯᠦᠪᠵᠢᠬᠦᠯᠭᠡ᠂ ᠬᠣᠲᠠ ᠪᠠᠯᠭ᠋ᠠᠰᠣ ᠵᠢᠨ ᠲᠦᠯᠦᠪᠵᠢᠬᠦᠯᠭᠡ᠂ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠲᠦᠯᠦᠪᠵᠢᠬᠦᠯᠭᠡ᠎ᠳᠤ ᠨᠡᠢ᠌ᠴᠡᠬᠦ ᠬᠠᠮᠢᠶ᠎ᠠ ᠪᠦᠬᠦᠢ ᠲᠦᠯᠦᠪᠵᠢᠬᠦᠯᠭᠡ ᠵᠢ ᠬᠦᠨᠳᠦ ᠴᠢᠬᠣᠯᠠ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠢ ᠠᠯᠢ ᠴᠢᠲᠠᠬᠣᠢ᠌ᠴᠠᠪᠠᠷ ᠬᠠᠮᠠᠭ᠋ᠠᠯᠠᠬᠣ ᠵᠠᠷᠴᠢᠮ ᠶᠣᠰᠣᠭ᠋ᠠᠷ ᠴᠠᠬ ᠲᠣᠬᠠᠢᠳᠤᠨᠢ ᠰᠢᠨ᠎ᠡ᠎ᠪᠠᠷ ᠪᠠᠢ᠌ᠭᠣᠯᠬᠣ ᠭᠠᠵᠠᠷ ᠬᠡᠷᠡᠭᠯᠡᠬᠦ ᠲᠦᠯᠦᠪᠵᠢᠬᠦᠯᠭᠡ ᠵᠢᠨ ᠬᠦᠢ᠍ᠴᠡᠳᠭᠡᠯ ᠲᠣᠭ᠎ᠠ ᠲᠣᠬᠢᠷᠠᠭᠣᠯᠣᠨ᠎ᠠ᠃ ᠬᠣᠪᠠᠬᠠᠢ ᠠᠭᠣᠯᠠ᠂ ᠡᠵᠡᠬᠦᠢ ᠭᠠᠵᠠᠷ ᠵᠢᠴᠢ ᠴᠢᠯᠠᠭᠣᠷᠬᠠᠬ᠂ ᠵᠠᠬ᠎ᠠ ᠬᠢᠵᠠᠭ᠋ᠠᠷ᠎ᠤᠨ ᠠᠷᠠᠯ ᠵᠡᠷᠭᠡ ᠭᠠᠵᠠᠷ ᠰᠢᠷᠣᠢ ᠵᠢ ᠠᠰᠢᠬᠯᠠᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ ᠪᠠᠢ᠌ᠭᠤᠯᠪᠠᠯ᠂ ᠰᠢᠨ᠎ᠡ᠎ᠪᠠᠷ ᠨᠡᠮᠡᠭᠰᠡᠨ ᠪᠠᠷᠢᠯᠭ᠎ᠠ᠎ᠳᠤ ᠬᠡᠷᠡᠭᠯᠡᠬᠦ ᠭᠠᠵᠠᠷ᠎ᠤᠨ ᠲᠦᠯᠦᠪᠯᠡᠭᠡ ᠵᠢᠨ ᠬᠦᠢ᠍ᠴᠡᠳᠭᠡᠯ ᠲᠣᠭ᠎ᠠ ᠣᠷᠢᠲᠠᠪᠠᠷ ᠬᠠᠩᠭ᠋ᠠᠵᠦ᠂ ᠰᠢᠯᠵᠢᠬᠦᠯᠦᠨ ᠬᠣᠲᠠᠯᠲᠣᠬᠣ ᠦᠨ᠎ᠡ ᠵᠢ ᠭᠠᠵᠠᠷ ᠰᠢᠷᠣᠢ ᠣᠯᠣᠬᠰᠠᠨ ᠦᠪᠡᠷ᠎ᠤᠨ ᠦᠷᠲᠡᠭ᠂ ᠭᠠᠵᠠᠷ ᠰᠢᠷᠣᠢ ᠵᠢᠨ ᠡᠮᠦᠨᠡᠬᠢ ᠬᠣᠭᠣᠴᠠᠭ᠋ᠠᠨ᠎ᠤ ᠨᠡᠭᠡᠭᠡᠨ ᠠᠰᠢᠬᠯᠠᠬᠣ ᠦᠪᠡᠷ᠎ᠤᠨ ᠦᠷᠲᠡᠭ ᠪᠣᠯᠣᠨ ᠲᠣᠬᠲᠠᠭ᠋ᠠᠯ ᠶᠣᠰᠣᠭ᠋ᠠᠷ ᠬᠣᠷᠢᠶᠠᠬᠣ ᠬᠠᠮᠢᠶ᠎ᠠ ᠪᠦᠬᠦᠢ ᠰᠦᠢ᠍ᠳᠭᠡᠯ᠎ᠤᠨ ᠨᠡᠢ᠌ᠯᠡᠪᠦᠷᠢ᠎ᠠᠴᠠ ᠪᠠᠭ᠎ᠠ ᠪᠠᠢ᠌ᠯᠭ᠋ᠠᠬᠣ ᠦᠭᠡᠢ ᠵᠠᠷᠴᠢᠮ ᠶᠣᠰᠣᠭ᠋ᠠᠷ ᠲᠣᠬᠲᠠᠭ᠋ᠠᠨ᠎ᠠ᠃ ᠭᠠᠵᠠᠷ ᠰᠢᠷᠣᠢ ᠵᠢ ᠠᠰᠢᠬᠯᠠᠬᠣ ᠶᠡᠷᠦᠩᠬᠡᠢ ᠲᠦᠯᠦᠪᠵᠢᠬᠦᠯᠭᠡ᠎ᠳᠤ ᠲᠣᠬᠲᠠᠭ᠋ᠠᠬᠰᠠᠨ ᠬᠣᠲᠠ ᠪᠣᠯᠣᠨ ᠠᠢ᠌ᠯ ᠲᠣᠰᠬᠣᠨ᠂ ᠬᠣᠲᠠ ᠪᠠᠯᠭ᠋ᠠᠰᠣ ᠵᠢᠨ ᠪᠦᠲᠦᠭᠡᠨ ᠪᠠᠢ᠌ᠭᠣᠯᠣᠯᠲᠠ᠎ᠳᠤ ᠬᠡᠷᠡᠭᠯᠡᠬᠦ ᠭᠠᠵᠠᠷ᠎ᠤᠨ ᠬᠡᠪᠴᠢᠶ᠎ᠠ᠎ᠠᠴᠠ ᠭᠠᠲᠠᠨ᠎ᠠ ᠪᠠᠢ᠌ᠷᠢᠯᠠᠭᠣᠯᠣᠬᠰᠠᠨ ᠬᠦᠨᠳᠦ ᠴᠢᠬᠣᠯᠠ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠢ ᠲᠣᠰᠠᠭ᠋ᠠᠷ ᠪᠠᠢ᠌ᠴᠠ ᠰᠣᠩᠭᠣᠬᠣ ᠲᠦᠷᠦᠯ ᠵᠦᠢ᠍ᠯ᠎ᠤᠨ ᠶᠣᠰᠣᠭ᠋ᠠᠷ ᠭᠠᠵᠠᠷ ᠦᠭᠴᠦ ᠪᠣᠯᠣᠨ᠎ᠠ᠃ ᠣᠲᠣ ᠪᠠᠢ᠌ᠭ᠎ᠠ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠳᠤ ᠬᠡᠷᠡᠭᠯᠡᠬᠦ ᠭᠠᠵᠠᠷ᠂ ᠭᠡᠷ ᠬᠦᠷᠦᠩᠭᠡ ᠵᠢ ᠠᠰᠢᠬᠯᠠᠨ ᠬᠣᠨᠣᠬᠣ ᠪᠠᠢ᠌ᠷᠢ᠂ ᠬᠣᠭᠣᠯᠠᠨ ᠭᠡᠷ᠂ ᠵᠣᠭᠠ ᠴᠡᠩᠭᠡᠯ ᠵᠡᠷᠭᠡ ᠬᠣᠲᠠᠯᠲᠣᠭ᠎ᠠ ᠦᠢ᠍ᠯᠡᠴᠢᠯᠡᠭᠡᠨ᠎ᠤ ᠲᠦᠬᠦᠭᠡᠷᠦᠮᠵᠢ ᠨᠡᠮᠡᠨ ᠪᠠᠢ᠌ᠭᠣᠯᠬᠣ ᠭᠡᠪᠡᠯ᠂ ᠵᠦᠪᠰᠢᠶᠡᠷᠡᠬᠦᠯᠬᠦ᠎ᠪᠠᠷ ᠲᠠᠮᠵᠢᠨ ᠬᠡᠯᠡᠯᠴᠡᠭᠡᠷ᠎ᠤᠨ ᠬᠡᠯᠪᠡᠷᠢ᠎ᠪᠠᠷ ᠭᠠᠵᠠᠷ ᠰᠢᠷᠣᠢ ᠬᠡᠷᠡᠭᠯᠡᠬᠦ ᠭᠠᠷᠲᠠᠮ ᠬᠦᠢ᠍ᠴᠡᠳᠭᠡᠵᠦ ᠪᠣᠯᠣᠨ᠎ᠠ᠃ ᠣᠷᠲᠣ ᠬᠣᠭᠣᠴᠠᠭ᠎ᠠ᠎ᠪᠠᠷ ᠲᠦᠷᠢᠶᠡᠰᠦᠯᠡᠬᠦ᠂ ᠣᠷᠢᠲᠠᠪᠠᠷ ᠲᠦᠷᠢᠶᠡᠰᠦᠯᠡᠵᠦ ᠲᠠᠷᠠᠭ᠎ᠠ᠎ᠨᠢ ᠰᠢᠯᠵᠢᠬᠦᠯᠬᠦ᠂ ᠲᠦᠷᠢᠶᠡᠰᠦᠯᠡᠵᠦ ᠰᠢᠯᠵᠢᠬᠦᠯᠬᠦ ᠵᠢ ᠣᠶᠠᠯᠲᠣᠭᠣᠯᠬᠣ ᠬᠡᠯᠪᠡᠷᠢ᠎ᠪᠠᠷ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠳᠤ ᠬᠡᠷᠡᠭᠯᠡᠬᠦ ᠭᠠᠵᠠᠷ ᠰᠢᠷᠣᠢ ᠬᠠᠩᠭ᠋ᠠᠬᠣ ᠵᠢ ᠵᠣᠷᠢᠬ᠍ᠵᠢᠭᠣᠯᠣᠨ᠎ᠠ᠃ ᠬᠦᠲᠡᠭᠡ ᠲᠣᠰᠬᠣᠨ᠎ᠤ ᠬᠠᠮᠲᠣ ᠵᠢᠨ ᠠᠵᠦ ᠠᠬᠣᠢ ᠵᠢᠨ ᠵᠣᠬᠢᠶᠠᠨ ᠪᠠᠢ᠌ᠭᠣᠯᠣᠯᠲᠠ ᠦᠪᠡᠰᠦᠪᠡᠨ ᠡᠷᠬᠢᠯᠡᠬᠦ ᠪᠣᠶᠣ ᠭᠠᠵᠠᠷ ᠰᠢᠷᠣᠢ ᠬᠡᠷᠡᠭᠯᠡᠬᠦ ᠡᠷᠭᠡ᠎ᠪᠠᠷ ᠵᠶ᠋ᠠᠨ ᠬᠣᠪᠢ ᠣᠷᠣᠬᠣ᠂ ᠬᠣᠯᠪᠣᠭ᠋ᠠᠯᠠᠨ ᠡᠵᠡᠩᠨᠡᠬᠦ ᠵᠡᠷᠭᠡ ᠬᠡᠯᠪᠡᠷᠢ᠎ᠪᠠᠷ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠳᠤ ᠣᠷᠣᠯᠴᠠᠬᠣ ᠵᠢ ᠲᠡᠮᠵᠢᠨ᠎ᠡ᠃
(ᠬᠣᠷᠢᠨ ᠲᠠᠪᠣ) ᠪᠡᠯᠡ ᠣᠷᠣᠭᠣᠯᠬᠣ ᠲᠣᠬᠲᠠᠴᠠ ᠵᠢ ᠲᠡᠬᠦᠯᠲᠡᠷᠵᠢᠬᠦᠯᠦᠨ᠎ᠡ; ᠨᠡᠢ᠌ᠭᠡᠮ᠎ᠤᠨ ᠬᠦᠷᠦᠩᠭᠡ᠎ᠠᠴᠠ ᠪᠡᠯᠡ ᠬᠣᠷᠠᠮᠲᠣᠭᠣᠯᠣᠬᠰᠠᠨ ᠪᠡᠶ᠎ᠡ ᠵᠢᠨ ᠲᠠᠮᠢᠷ᠎ᠤᠨ ᠪᠡᠯᠡ ᠣᠷᠣᠭᠣᠯᠬᠤ ᠰᠠᠭᠣᠷᠢ ᠮᠦᠩᠬᠦ ᠪᠠᠢ᠌ᠭᠣᠯᠬᠣ ᠵᠢ ᠲᠦᠷᠭᠡᠳᠭᠡᠨ ᠠᠬᠢᠭᠣᠯᠵᠦ᠂ ᠨᠡᠢ᠌ᠭᠡᠮ᠎ᠤᠨ ᠬᠦᠴᠦᠨ᠎ᠢ ᠬᠦᠲᠦᠯᠦᠨ ᠵᠢᠯᠣᠭᠣᠳᠴᠦ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠣᠷᠣᠯᠴᠠᠭᠣᠯᠣᠨ᠎ᠠ᠃ ᠨᠡᠢ᠌ᠭᠡᠮ᠎ᠤᠨ ᠬᠦᠷᠦᠩᠭᠡ ᠵᠢᠨ ᠵᠠᠬ᠎ᠠ ᠲᠡᠯᠭᠡᠬᠦᠷᠴᠢᠯᠡᠭᠰᠡᠨ ᠬᠡᠯᠪᠡᠷᠢ᠎ᠪᠠᠷ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢᠨ ᠪᠡᠯᠡ ᠣᠷᠣᠭᠣᠯᠣᠯᠲᠠ ᠵᠢᠨ ᠰᠠᠭᠤᠷᠢ ᠮᠦᠩᠬᠦ ᠪᠠᠢ᠌ᠭᠣᠯᠬᠣ ᠵᠢ ᠲᠡᠮᠵᠢᠨ᠎ᠡ᠃ ᠵᠠᠰᠠᠬ᠎ᠤᠨ ᠣᠷᠲᠣᠨ ᠬᠢᠭᠡᠳ ᠨᠡᠢ᠌ᠭᠡᠮ᠎ᠤᠨ ᠬᠦᠷᠦᠩᠭᠡ ᠬᠠᠮᠲᠣᠷᠠᠨ ᠠᠵᠢᠯᠯᠠᠬᠣ ᠵᠢᠱ᠌ᠢᠶ᠎ᠠ ᠦᠵᠡᠬᠦᠯᠬᠦ ᠵᠢ ᠦᠷᠨᠢᠬᠦᠯᠦᠨ ᠠᠬᠢᠭᠣᠯᠵᠦ᠂ ᠨᠦᠬᠦᠴᠡᠯ᠎ᠳᠤ ᠨᠡᠢ᠌ᠴᠡᠬᠦ ᠲᠦᠷᠦᠯ ᠵᠦᠢ᠍ᠯ᠎ᠨᠢ ᠵᠠᠰᠠᠬ᠎ᠤᠨ ᠣᠷᠲᠣᠨ ᠬᠢᠭᠡᠳ ᠨᠡᠢ᠌ᠭᠡᠮ᠎ᠤᠨ ᠬᠦᠷᠦᠩᠭᠡ ᠬᠠᠮᠲᠣᠷᠠᠵᠦ ᠪᠡᠯᠡ ᠬᠣᠷᠠᠮᠲᠣᠭᠣᠯᠵᠦ ᠲᠡᠳᠬᠦᠬᠦ ᠰᠠᠭᠣᠷᠢ ᠮᠦᠩᠬᠦ ᠵᠢᠨ ᠲᠡᠮᠵᠢᠯᠭᠡ ᠵᠢ ᠭᠣᠶᠣᠴᠢᠯᠠᠨ ᠡᠷᠡᠮᠡᠯᠵᠡᠯᠡᠵᠦ ᠪᠣᠯᠣᠨ᠎ᠠ᠃ ᠵᠠᠰᠠᠬ᠎ᠤᠨ ᠣᠷᠲᠣᠨ ᠣᠯᠠᠨ ᠨᠡᠢ᠌ᠲᠡ ᠵᠢᠨ ᠪᠡᠶ᠎ᠡ ᠵᠢᠨ ᠲᠠᠮᠢᠷ᠎ᠤᠨ ᠦᠢ᠍ᠯᠡᠴᠢᠯᠡᠭᠡ ᠵᠢ ᠬᠣᠲᠠᠯᠲᠣᠨ ᠠᠪᠬᠣ ᠪᠠᠢ᠌ᠭᠣᠯᠣᠮᠵᠢ ᠲᠣᠬᠲᠠᠴᠠ ᠵᠢ ᠴᠢᠨᠠᠬᠰᠢᠲᠠ ᠲᠡᠬᠦᠯᠲᠡᠷᠵᠢᠬᠦᠯᠦᠨ᠎ᠡ᠃ ᠯᠣᠲᠲ᠋ᠧᠷᠢ ᠵᠢᠨ ᠨᠡᠢ᠌ᠲᠡ ᠵᠢᠨ ᠠᠰᠠᠷᠠᠮᠵᠢ ᠵᠢᠨ ᠮᠦᠩᠬᠦ᠎ᠪᠠᠷ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠣᠯᠪᠣᠬᠲᠠᠯ ᠪᠦᠬᠦᠢ ᠲᠦᠷᠦᠯ ᠵᠦᠢ᠍ᠯ᠎ᠳᠤ ᠵᠣᠬᠢᠰᠲᠠᠢ ᠪᠡᠯᠡ ᠮᠦᠩᠬᠦ ᠵᠢᠨ ᠲᠡᠮᠵᠢᠯᠭᠡ ᠦᠵᠡᠬᠦᠯᠦᠨ᠎ᠡ᠃ ᠣᠷᠣᠨ ᠨᠣᠲᠣᠬ᠎ᠤᠨ᠎ᠬᠢᠨ ᠪᠡᠶ᠎ᠡ ᠵᠢᠨ ᠲᠠᠮᠢᠷ᠎ᠤᠨ ᠠᠵᠦ ᠦᠢ᠍ᠯᠡᠰ ᠵᠶ᠋ᠠᠷ ᠲᠠᠮᠵᠢᠭᠣᠯᠣᠨ ᠪᠡᠯᠡ ᠮᠦᠩᠬᠦ ᠵᠢ ᠬᠦᠲᠦᠯᠦᠨ ᠵᠢᠯᠣᠭᠣᠳᠬᠣ ᠵᠡᠷᠭᠡ ᠵᠠᠮ ᠰᠣᠪᠠᠬ ᠵᠶ᠋ᠠᠷ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠬᠦᠴᠦᠨ ᠪᠦᠬᠦᠢ ᠲᠡᠮᠵᠢᠯᠭᠡ ᠦᠵᠡᠬᠦᠯᠬᠦ ᠵᠢ ᠵᠣᠷᠢᠬ᠍ᠵᠢᠭᠣᠯᠣᠨ᠎ᠠ᠃ ᠨᠦᠬᠦᠴᠡᠯ᠎ᠳᠤ ᠨᠡᠢ᠌ᠴᠡᠬᠦ ᠠᠵᠦ ᠠᠬᠣᠢ᠌ᠯᠠᠯ᠎ᠨᠢ ᠠᠵᠦ ᠠᠬᠣᠢ᠌ᠯᠠᠯ᠎ᠤᠨ ᠵᠢᠭᠡᠯᠡᠯᠭᠡ ᠵᠢᠨ ᠲᠡᠮᠲᠡᠭᠲᠦ ᠲᠠᠷᠬᠠᠭ᠋ᠠᠵᠦ᠂ ᠪᠡᠯᠡ ᠮᠦᠩᠬᠦ ᠴᠣᠬᠯᠠᠭᠣᠯᠣᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠲᠦᠷᠦᠯ ᠵᠦᠢ᠍ᠯ᠎ᠤᠨ ᠪᠠᠢ᠌ᠭᠣᠯᠣᠯᠲᠠ ᠳᠤ ᠬᠡᠷᠡᠭᠯᠡᠬᠦ ᠵᠢ ᠵᠣᠷᠢᠬ᠍ᠵᠢᠭᠣᠯᠣᠨ᠎ᠠ᠃
(ᠬᠣᠷᠢᠨ ᠵᠢᠷᠭᠣᠭ᠎ᠠ) ᠴᠢᠲᠠᠪᠣᠷᠢᠲᠠᠨ᠎ᠤ ᠪᠠᠲᠣᠯᠠᠭ᠎ᠠ ᠵᠢ ᠴᠢᠩᠭ᠋ᠠᠳᠬᠠᠨ᠎ᠠ; ᠰᠣᠷᠭ᠋ᠠᠭᠣᠯᠢ ᠬᠢᠭᠡᠳ ᠠᠵᠦ ᠠᠬᠣᠢ᠌ᠯᠠᠯ ᠬᠠᠮᠲᠣᠷᠠᠨ ᠠᠵᠢᠯᠯᠠᠬᠣ ᠵᠢ ᠵᠣᠷᠢᠬ᠍ᠵᠢᠭᠣᠯᠵᠦ᠂ ᠡᠯ᠎ᠠ ᠲᠦᠷᠦᠯ᠎ᠤᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠲᠦᠷᠦᠯ ᠵᠦᠢ᠍ᠯ᠎ᠤᠨ ᠡᠵᠡᠩᠨᠡᠯᠲᠡ ᠣᠬᠠᠭ᠋ᠠᠯᠠᠯ᠂ ᠡᠷᠬᠢᠯᠲᠡ ᠬᠠᠮᠢᠶᠠᠷᠣᠯᠲᠠ᠂ ᠮᠡᠷᠭᠡᠵᠢᠯ ᠵᠢᠯᠣᠭᠣᠲᠣᠯᠭ᠎ᠠ ᠵᠡᠷᠭᠡ ᠬᠡᠷᠡᠭᠯᠡᠬᠡᠨ᠎ᠤ ᠮᠠᠶᠢᠬ᠎ᠤᠨ ᠲᠣᠰᠬᠠᠢ ᠮᠡᠷᠭᠡᠵᠢᠯ᠎ᠤᠨ ᠴᠢᠲᠠᠪᠣᠷᠢᠲᠠᠨ ᠬᠦᠮᠦᠵᠢᠬᠦᠯᠬᠦ ᠵᠢ ᠵᠣᠷᠢᠬ᠍ᠵᠢᠭᠣᠯᠣᠨ᠎ᠠ᠃ ᠲᠣᠬᠠᠢ᠌ᠯᠠᠬᠰᠠᠨ ᠠᠵᠢᠯ᠎ᠤᠨ ᠬᠦᠮᠦᠰ᠎ᠲᠤ ᠠᠵᠢᠯ ᠮᠡᠷᠭᠡᠵᠢᠯ᠎ᠤᠨ ᠪᠣᠯᠪᠠᠰᠣᠷᠠᠯ ᠬᠦᠷᠲᠡᠭᠡᠬᠦ ᠵᠢ ᠴᠢᠩᠭ᠋ᠠᠳᠬᠠᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠭᠠᠵᠠᠷ᠎ᠤᠨ ᠠᠵᠢᠯᠲᠠᠳ᠎ᠤᠨ ᠦᠢ᠍ᠯᠡᠴᠢᠯᠡᠭᠡᠨ᠎ᠤ ᠲᠦᠪᠰᠢᠨ ᠪᠣᠯᠣᠨ ᠲᠣᠰᠬᠠᠢ ᠮᠡᠷᠭᠡᠵᠢᠯ᠎ᠤᠨ ᠪᠣᠯᠪᠠᠰᠣᠷᠠᠯ᠎ᠢ ᠲᠡᠭᠡᠭᠰᠢᠯᠡᠬᠦᠯᠦᠨ᠎ᠡ᠃ ᠪᠡᠶ᠎ᠡ ᠵᠢᠨ ᠲᠠᠮᠢᠷ᠎ᠤᠨ ᠴᠢᠲᠠᠪᠣᠷᠢᠲᠠᠨ ᠬᠦᠮᠦᠵᠢᠬᠦᠯᠵᠦ ᠬᠦᠭᠵᠢᠬᠦᠯᠬᠦ᠂ ᠰᠤᠯᠢᠯᠴᠠᠭ᠎ᠠ ᠲᠤᠬᠢᠷᠠᠭᠤᠯᠤᠯᠲᠠ᠂ ᠤᠷᠮᠠᠰᠢᠭᠤᠯᠤᠨ ᠪᠠᠲᠣᠯᠠᠬᠣ ᠲᠣᠬᠲᠠᠴᠠ ᠵᠢ ᠲᠡᠬᠦᠯᠲᠡᠷᠵᠢᠬᠦᠯᠵᠦ ᠲᠣᠰᠬᠠᠢ ᠮᠡᠷᠭᠡᠵᠢᠯ᠎ᠤᠨ ᠲᠠᠰᠬᠠᠯᠵᠢᠭᠣᠯᠣᠬ᠍ᠴᠢ ᠵᠢᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠣᠷᠣᠯᠴᠠᠬᠣ ᠵᠢ ᠲᠡᠮᠵᠢᠨ᠎ᠡ᠃ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠵᠢᠯᠣᠭᠣᠲᠣᠬ᠍ᠴᠢ ᠵᠢᠨ ᠡᠩᠨᠡᠭᠡ ᠵᠢᠨ ᠪᠠᠢ᠌ᠭᠣᠯᠣᠯᠲᠠ ᠵᠢ ᠴᠢᠩᠭ᠋ᠠᠳᠬᠠᠵᠦ᠂ ᠲᠡᠲᠡᠨᠦᠰ᠎ᠤᠨ ᠣᠯᠠᠨ ᠲᠦᠮᠡᠨ᠎ᠤ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠳᠤ ᠣᠷᠣᠯᠴᠠᠬᠣ ᠦᠢ᠍ᠯᠡᠴᠢᠯᠡᠭᠡ ᠪᠠ ᠣᠲᠣᠷᠢᠲᠣᠨ ᠬᠦᠲᠦᠯᠬᠦ ᠦᠢ᠍ᠯᠡᠲᠦᠯ᠎ᠢ ᠬᠦᠢ᠍ᠴᠡᠳ ᠪᠠᠲᠠᠷᠠᠭᠣᠯᠣᠨ᠎ᠠ᠃ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠴᠢᠲᠠᠪᠣᠷᠢᠲᠠᠨ ᠬᠦᠮᠦᠵᠢᠬᠦᠯᠬᠦ ᠣᠯᠠᠨ ᠣᠯᠣᠰ᠎ᠤᠨ ᠰᠣᠯᠢᠯᠴᠠᠭ᠎ᠠ ᠪᠠ ᠬᠠᠮᠲᠣᠷᠠᠯᠴᠠᠭ᠎ᠠ ᠵᠢ ᠴᠢᠩᠭ᠋ᠠᠳᠬᠠᠨ᠎ᠠ᠃
(ᠬᠣᠷᠢᠨ ᠲᠣᠯᠣᠭ᠎ᠠ) ᠪᠠᠷᠢᠮᠵᠢᠶ᠎ᠠ ᠪᠠ ᠲᠣᠭ᠎ᠠ ᠪᠦᠷᠢᠳᠭᠡᠯ᠎ᠤᠨ ᠲᠦᠷᠢᠮ᠎ᠢ ᠲᠡᠬᠦᠯᠲᠡᠷᠵᠢᠬᠦᠯᠦᠨ᠎ᠡ; ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠪᠠᠷᠢᠮᠵᠢᠶ᠎ᠠ ᠲᠣᠬᠲᠠᠯᠴᠠᠭ᠎ᠠ ᠵᠢᠨ ᠪᠠᠢ᠌ᠭᠣᠯᠣᠯᠲᠠ ᠵᠢ ᠪᠦᠬᠦ ᠲᠠᠯ᠎ᠠ᠎ᠪᠠᠷ ᠠᠬᠢᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠦᠢ᠍ᠯᠡᠴᠢᠯᠡᠭᠡ ᠵᠢᠨ ᠲᠦᠷᠢᠮᠵᠢᠯ ᠪᠣᠯᠣᠨ ᠴᠢᠨᠰᠠᠭ᠎ᠠ ᠵᠢᠨ ᠪᠠᠷᠢᠮᠵᠢᠶ᠎ᠠ ᠲᠣᠬᠲᠠᠭ᠋ᠠᠵᠦ᠂ ᠦᠢ᠍ᠯᠡᠴᠢᠯᠡᠭᠡ ᠬᠠᠩᠭ᠋ᠠᠬᠣ᠂ ᠮᠡᠷᠭᠡᠵᠢᠯ᠎ᠤᠨ ᠪᠣᠯᠪᠠᠰᠣᠷᠠᠯ᠂ ᠠᠵᠢᠯᠯᠠᠭ᠎ᠠ ᠵᠢᠨ ᠬᠠᠮᠢᠶᠠᠷᠣᠯᠲᠠ᠂ ᠲᠦᠬᠦᠭᠡᠷᠦᠮᠵᠢ ᠵᠢᠨ ᠪᠠᠢ᠌ᠭᠣᠯᠣᠯᠲᠠ᠂ ᠪᠠᠭ᠋ᠠᠵᠢ ᠲᠣᠨᠣᠬᠯᠠᠯ ᠦᠢ᠍ᠯᠡᠳᠬᠦ ᠵᠡᠷᠭᠡ ᠲᠠᠯ᠎ᠠ᠎ᠪᠠᠷ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠪᠠᠷᠢᠮᠵᠢᠶᠠᠵᠢᠬᠰᠠᠨ ᠲᠦᠪᠰᠢᠨ ᠵᠶ᠋ᠠᠨ ᠲᠡᠭᠡᠭᠰᠢᠯᠡᠬᠦᠯᠦᠨ᠎ᠡ᠃ ᠠᠵᠦ ᠠᠬᠣᠢ᠌ᠢ᠍ᠯᠠᠯ᠎ᠤᠨ ᠢᠲᠡᠪᠬᠢᠲᠡᠢ᠎ᠪᠠᠷ ᠠᠵᠢᠯ ᠲᠦᠷᠦᠯ ᠪᠠ ᠣᠯᠣᠰ᠎ᠤᠨ ᠪᠠᠷᠢᠮᠵᠢᠶ᠎ᠠ ᠲᠣᠬᠲᠠᠭ᠋ᠠᠬᠣ᠎ᠳᠤ ᠣᠷᠣᠯᠴᠠᠬᠣ ᠵᠢ ᠬᠦᠲᠦᠯᠦᠨ ᠵᠣᠷᠢᠬ᠍ᠵᠢᠭᠣᠯᠣᠨ᠎ᠠ᠃ ᠣᠯᠣᠰ᠎ᠤᠨ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠲᠣᠭ᠎ᠠ ᠪᠦᠷᠢᠳᠭᠡᠯ᠎ᠤᠨ ᠠᠩᠬᠢᠯᠠᠯ ᠵᠶ᠋ᠠᠷ ᠰᠠᠭᠤᠷᠢ ᠪᠣᠯᠭ᠋ᠠᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠲᠣᠭ᠎ᠠ ᠪᠦᠷᠢᠳᠭᠡᠯ᠎ᠤᠨ ᠲᠦᠷᠢᠮ ᠪᠠ ᠵᠢᠭ᠋ᠠᠯᠲᠠ ᠲᠣᠭ᠎ᠠ ᠵᠢᠨ ᠲᠣᠬᠲᠠᠯᠴᠠᠭ᠎ᠠ ᠵᠢ ᠲᠡᠬᠦᠯᠲᠡᠷᠵᠢᠬᠦᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠢᠨᠠᠨ ᠬᠡᠮᠵᠢᠬᠦ ᠲᠣᠬᠲᠠᠴᠠ ᠵᠢ ᠪᠠᠢ᠌ᠭᠣᠯᠣᠨ᠎ᠠ᠃
(ᠬᠣᠷᠢᠨ ᠨᠠᠢ᠍ᠮᠠ) ᠠᠵᠢᠯ᠎ᠤᠨ ᠲᠤᠬᠲᠠᠯᠴᠠᠭ᠎ᠠ ᠵᠢ ᠪᠦᠷᠢᠨᠰᠢᠬᠦᠯᠦᠨ᠎ᠡ᠃ ᠪᠡᠶ᠎ᠡ ᠵᠢᠨ ᠲᠠᠮᠢᠷ᠂ ᠦᠭᠡᠷᠡᠴᠢᠯᠡᠯᠲᠡ ᠬᠦᠭᠵᠢᠯᠲᠡ᠂ ᠵᠣᠭ᠋ᠠᠴᠠᠯ ᠵᠡᠷᠭᠡ ᠣᠯᠠᠨ ᠰᠠᠯᠠᠭ᠎ᠠ ᠮᠦᠴᠢᠷ ᠬᠠᠮᠲᠣᠷᠠᠬᠰᠠᠨ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢᠨ ᠠᠵᠢᠯᠯᠠᠭ᠎ᠠ ᠵᠣᠬᠢᠴᠠᠭᠣᠯᠭᠠ ᠵᠢᠨ ᠲᠤᠬᠲᠠᠯᠴᠠᠭ᠎ᠠ ᠪᠠᠢ᠌ᠭᠣᠯᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢᠨ ᠪᠠᠢ᠌ᠲᠠᠯ᠎ᠢ ᠴᠠᠬ ᠲ᠋ᠣᠬᠠᠢᠳᠤᠨᠢ ᠵᠠᠲᠠᠯᠣᠨ ᠰᠢᠨᠵᠢᠯᠡᠵᠦ᠂ ᠣᠷᠣᠰᠢᠵᠦ ᠪᠠᠢ᠌ᠭ᠎ᠠ ᠠᠰᠠᠭᠣᠲᠠᠯ᠎ᠢ᠎ᠨᠢ ᠰᠢᠢ᠍ᠳᠪᠦᠷᠢᠯᠡᠵᠦ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠲᠤ ᠠᠰᠢᠬ ᠬᠦᠷᠲᠡᠭᠡᠬᠦ ᠰᠣᠶᠣᠯ᠂ ᠵᠣᠭ᠋ᠠᠴᠠᠯ ᠵᠡᠷᠭᠡ ᠬᠣᠯᠪᠣᠬᠲᠠᠯ ᠪᠦᠬᠦᠢ ᠲᠦᠷᠦ ᠵᠢᠨ ᠪᠣᠲᠣᠯᠭ᠎ᠠ ᠵᠢ ᠨᠠᠢ᠌ᠲᠠᠪᠣᠷᠢᠵᠢᠭᠣᠯᠣᠨ᠎ᠠ᠃ ᠡᠯ᠎ᠠ ᠭᠠᠵᠠᠷ ᠣᠷᠣᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢ ᠣᠯᠣᠰ ᠠᠷᠠᠳ᠎ᠤᠨ ᠠᠵᠦ ᠠᠬᠣᠢ ᠪᠠ ᠨᠡᠢ᠌ᠭᠡᠮ᠎ᠤᠨ ᠬᠦᠭᠵᠢᠯᠲᠡ ᠵᠢᠨ ᠲᠦᠯᠦᠪᠵᠢᠬᠦᠯᠭᠡ᠎ᠳᠤ ᠪᠠᠬᠲᠠᠭ᠋ᠠᠵᠦ᠂ ᠨᠦᠬᠦᠴᠡᠯ᠎ᠲᠠᠢ ᠭᠠᠵᠠᠷ ᠣᠷᠣᠨ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠬᠦᠭᠵᠢᠯᠲᠡ ᠵᠢᠨ ᠲᠣᠰᠬᠠᠢ ᠲᠦᠷᠦᠯ᠎ᠤᠨ ᠲᠦᠯᠦᠪᠵᠢᠬᠦᠯᠭᠡ ᠨᠠᠢ᠌ᠷᠠᠭᠣᠯᠬᠣ ᠵᠢ ᠵᠣᠷᠢᠬ᠍ᠵᠢᠭᠣᠯᠣᠨ᠎ᠠ᠃ ᠡᠯ᠎ᠠ ᠱᠠᠲᠣᠨ᠎ᠤ ᠪᠡᠶ᠎ᠡ ᠵᠢᠨ ᠲᠠᠮᠢᠷ᠎ᠤᠨ ᠵᠠᠰᠠᠬ ᠵᠠᠬᠢᠷᠭ᠋ᠠᠨ᠎ᠤ ᠰᠠᠯᠠᠭ᠎ᠠ ᠮᠦᠴᠢᠷ ᠡᠬᠦᠷᠭᠡ ᠴᠢᠲᠠᠪᠬᠢ ᠵᠢᠨ ᠪᠠᠢ᠌ᠭᠣᠯᠣᠯᠲᠠ᠎ᠪᠠᠨ ᠴᠢᠩᠭ᠋ᠠᠳᠬᠠᠵᠦ᠂ ᠪᠡᠶ᠎ᠡ ᠵᠢᠨ ᠲᠠᠮᠢᠷ᠎ᠤᠨ ᠠᠵᠦ ᠦᠢ᠍ᠯᠡᠰ᠎ᠤᠨ ᠠᠵᠢᠯ᠎ᠤᠨ ᠴᠢᠲᠠᠪᠣᠷᠢ᠎ᠪᠠᠨ ᠪᠠᠲᠠᠷᠠᠭᠣᠯᠣᠨ᠂ ᠪᠡᠶ᠎ᠡ ᠴᠢᠬᠢᠷᠠᠬ᠍ᠵᠢᠭᠤᠯᠬᠤ ᠰᠡᠯᠡᠬᠦᠴᠡᠯ᠎ᠤᠨ ᠠᠵᠦ ᠦᠢ᠍ᠯᠡᠰ᠎ᠤᠨ ᠬᠦᠭᠵᠢᠯᠲᠡ ᠵᠢ ᠠᠬᠢᠭᠣᠯᠣᠨ᠎ᠠ᠃
(ᠬᠣᠷᠢ ᠶᠢᠰᠦ) ᠬᠢᠨᠠᠨ ᠪᠠᠢ᠌ᠴᠠᠭ᠋ᠠᠵᠦ ᠨᠠᠢ᠌ᠲᠠᠪᠣᠷᠢᠵᠢᠭᠣᠯᠬᠣ ᠵᠢ ᠴᠢᠩᠭ᠋ᠠᠳᠬᠠᠨ᠎ᠠ᠃ ᠡᠯ᠎ᠠ ᠭᠠᠵᠠᠷ ᠣᠷᠣᠨ᠎ᠤ ᠡᠯ᠎ᠠ ᠬᠣᠯᠪᠣᠬᠲᠠᠯ ᠪᠦᠬᠦᠢ ᠰᠠᠯᠠᠭ᠎ᠠ ᠮᠦᠴᠢᠷ ᠲᠣᠰ ᠰᠠᠨᠠᠯ᠎ᠤᠨ ᠱᠠᠭ᠋ᠠᠷᠲᠠᠯᠭ᠎ᠠ ᠶᠣᠰᠣᠭ᠋ᠠᠷ᠂ ᠪᠣᠲᠠᠲᠣ ᠪᠠᠢ᠌ᠲᠠᠯᠲᠠᠢᠪᠠᠨ ᠣᠶᠠᠯᠲᠣᠭᠣᠯᠵᠦ᠂ ᠪᠣᠲᠠᠲᠠᠢ ᠬᠡᠷᠡᠭᠵᠢᠬᠦᠯᠬᠦ ᠰᠠᠨᠠᠯ ᠪᠣᠯᠣᠨ ᠢᠵᠢ ᠲᠦᠷᠦ ᠵᠢᠨ ᠪᠣᠲᠣᠯᠭ᠎ᠠ ᠵᠢ ᠲᠠᠷᠣᠢ᠌ᠢ᠍ᠬᠠᠨ ᠲᠣᠬᠲᠠᠭ᠋ᠠᠬᠣ ᠬᠡᠷᠡᠭᠲᠡᠢ᠃ ᠪᠡᠶ᠎ᠡ ᠵᠢᠨ ᠲᠠᠮᠢᠷ᠎ᠤᠨ ᠶᠡᠷᠦᠩᠭᠡᠢ ᠲᠣᠪᠴᠢᠶ᠎ᠠ᠂ ᠣᠯᠣᠰ᠎ᠤᠨ ᠬᠦᠭᠵᠢᠬᠦᠯᠦᠯᠲᠡ ᠦᠭᠡᠷᠡᠴᠢᠯᠡᠯᠲᠡ ᠵᠢᠨ ᠵᠦᠪᠯᠡᠯ᠂ ᠣᠯᠣᠰ᠎ᠤᠨ ᠵᠣᠭ᠋ᠠᠴᠠᠯ᠎ᠤᠨ ᠲᠣᠪᠴᠢᠶ᠎ᠠ ᠬᠣᠯᠪᠣᠬᠲᠠᠯ ᠪᠦᠬᠦᠢ ᠰᠠᠯᠠᠭ᠎ᠠ ᠮᠦᠴᠢᠷ᠎ᠲᠠᠢ ᠬᠠᠮᠲᠣᠷᠠᠨ ᠲᠣᠰ ᠰᠠᠨᠠᠯ᠎ᠢ ᠨᠠᠢ᠌ᠲᠠᠪᠣᠷᠢᠵᠢᠭᠣᠯᠣᠬᠰᠠᠨ ᠪᠠᠢ᠌ᠲᠠᠯ᠎ᠤᠨ ᠲᠣᠬᠠᠢ ᠬᠢᠨᠠᠨ ᠪᠠᠢ᠌ᠴᠠᠭ᠋ᠠᠯᠲᠠ ᠪᠠ ᠮᠦᠷᠲᠡᠨ ᠵᠠᠲᠠᠯᠣᠯᠲᠠ ᠬᠢᠵᠦ᠂ ᠬᠦᠨᠳᠦ ᠴᠢᠬᠣᠯᠠ ᠬᠡᠷᠡᠭ᠎ᠢ ᠴᠠᠬ ᠲᠣᠬᠠᠢᠳᠤᠨᠢ ᠲᠦᠷᠦ ᠵᠢᠨ ᠶᠠᠪᠣᠲᠠᠯ᠎ᠤᠨ ᠬᠣᠷᠢᠶ᠎ᠠ᠎ᠳᠤ ᠮᠡᠲᠡᠬᠦᠯᠬᠦ ᠬᠡᠷᠡᠭᠲᠡᠢ᠃
ᠲᠦᠷᠦ ᠵᠢᠨ ᠶᠠᠪᠣᠲᠠᠯ᠎ᠤᠨ ᠬᠣᠷᠢᠶ᠎ᠠ ᠵᠢᠨ ᠠᠯᠪᠠᠨ ᠲᠢᠩᠬᠢᠮ
2018 ᠤᠨ᠎ᠤ 10 ᠰᠠᠷ᠎ᠠ ᠵᠢᠨ 25᠎ᠤ ᠡᠳᠦᠷ
(ᠲᠣᠰ ᠮᠠᠲᠸᠷᠢᠶᠠᠯ᠎ᠢ ᠢᠯᠡ ᠨᠡᠢ᠌ᠲᠡᠯᠡᠨ᠎ᠡ)