ᠵᠠᠰᠠᠪᠤᠷᠢ ᠤᠷᠤᠭᠤᠯᠤᠭᠰᠠᠨ ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ
(2002 ᠤᠨ᠎ᠤ 2 ᠰᠠᠷ᠎ᠠ ᠵᠢᠨ 4᠎ᠤ ᠡᠳᠦᠷ ᠪᠦᠭᠦᠳᠡ ᠨᠠᠢ᠌ᠷᠠᠮᠳᠠᠬᠤ ᠲᠤᠮᠳᠠᠳᠤ ᠠᠷᠠᠳ ᠣᠯᠣᠰ᠎ᠤᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠵᠠᠷᠯᠢᠭ᠎ᠤᠨ 345 ᠳ᠋ᠣᠭ᠋ᠠᠷ ᠲᠤ ᠨᠡᠢ᠌ᠳᠡᠯᠡᠭᠦᠯᠪᠡ
2018 ᠤᠨ᠎ᠤ 6 ᠰᠠᠷ᠎ᠠ ᠵᠢᠨ 28᠎ᠤ ᠡᠳᠦᠷ ᠪᠦᠭᠦᠳᠡ ᠨᠠᠢ᠌ᠷᠠᠮᠳᠠᠬᠤ ᠲᠤᠮᠳᠠᠳᠦ ᠠᠷᠠᠳ ᠤᠯᠤᠰ᠎ᠤᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠵᠠᠷᠯᠢᠭ᠎ᠤᠨ 699 ᠳ᠋ᠣᠭᠡᠷ᠎ᠲᠤ ᠵᠠᠰᠠᠪᠤᠷᠢ ᠤᠷᠤᠭᠤᠯᠪᠠ )
ᠨᠢᠭᠡᠳᠦᠭᠡᠷ ᠵᠤᠷᠪᠤᠰ ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢ ᠴᠢᠩᠭ᠋ᠠᠳᠬᠠᠵᠤ᠂ ᠤᠯᠢᠮᠫᠢᠺ᠎ᠤᠨ ᠪᠡᠯᠬᠡ ᠳᠡᠮᠳᠡᠭ᠎ᠤᠨ ᠡᠷᠬᠡ ᠠᠰᠢᠭ᠎ᠤᠨ ᠬᠦᠮᠦᠨ᠎ᠤ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠵᠤ᠂ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠬᠦᠭᠵᠢᠯᠳᠡ ᠵᠢ ᠠᠬᠢᠭᠤᠯᠬᠤ ᠵᠢᠨ ᠳᠥᠯᠥᠬᠡ ᠳᠤᠰ ᠲᠦᠷᠢᠮ᠎ᠢ ᠳᠤᠭᠳᠠᠭ᠋ᠠᠪᠠ᠃
ᠬᠤᠶᠠᠳᠤᠭ᠋ᠠᠷ ᠵᠤᠷᠪᠤᠰ ᠳᠤᠰ ᠳᠦᠷᠢᠮ᠎ᠳᠤ ᠵᠢᠭ᠋ᠠᠵᠦ ᠪᠠᠢ᠌ᠭ᠎ᠠ ᠤᠯᠢᠮᠫᠢᠺ᠎ᠤᠨ ᠪᠡᠯᠭᠡ ᠲᠡᠮᠳᠡᠭ ᠭᠡᠳᠡᠭ᠎ᠨᠢ᠄ (ᠨᠢᠭᠡ) ᠤᠯᠠᠨ ᠤᠯᠤᠰ᠎ᠤᠨ ᠤᠯᠢᠮᠫᠢᠺ᠎ᠤᠨ ᠵᠦᠪᠯᠡᠯ᠎ᠤᠨ ᠤᠯᠢᠮᠫᠢᠺ᠎ᠤᠨ ᠳᠠᠪᠤᠨ ᠴᠠᠭ᠋ᠠᠷᠢᠭ᠎ᠤᠨ ᠵᠢᠷᠤᠭ ᠳᠦᠰᠦᠪ᠎ᠤᠨ ᠳᠡᠮᠳᠡᠭ᠂ ᠤᠯᠢᠮᠫᠢᠺ᠎ᠤᠨ ᠳᠤᠭ᠂ ᠤᠯᠢᠮᠫᠢᠺ᠎ᠤᠨ ᠰᠣᠷᠭ᠋ᠠᠯ ᠦᠭᠡ᠂ ᠤᠯᠢᠮᠫᠢᠺ᠎ᠤᠨ ᠰᠥᠯᠳᠡ᠂ ᠤᠯᠢᠮᠫᠢᠺ᠎ᠤᠨ ᠳᠠᠭᠤᠤ᠃ (ᠬᠤᠶᠠᠷ) ᠤᠯᠢᠮᠫᠢᠺ᠂ ᠤᠯᠢᠮᠫᠢᠶᠠ᠂ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ ᠵᠢᠴᠢ ᠳᠦᠬᠦᠮᠴᠢᠯᠡᠭᠰᠡᠨ ᠨᠡᠷᠡᠢ᠌ᠳᠥᠯ ᠵᠡᠷᠭᠡ ᠳᠤᠰᠬᠠᠢ ᠨᠡᠷᠡᠢ᠌ᠳᠦᠯ᠃ (ᠭᠤᠷᠪᠠ) ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ᠎ᠤᠨ ᠨᠡᠷᠡᠢ᠌ᠳᠥᠯ᠂ ᠰᠥᠯᠳᠡ᠂ ᠳᠡᠮᠳᠡᠭ᠃ (ᠳᠦᠷᠪᠡ ) ᠲᠤᠮᠳᠠᠳᠤ ᠤᠯᠤᠰ᠎ᠤᠨ ᠬᠢᠯᠢ ᠲᠤᠳᠤᠷ᠎ᠠ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ ᠢ ᠭᠤᠶᠤᠴᠢᠯᠠᠨ ᠡᠷᠬᠢᠯᠡᠬᠦ ᠵᠦᠪᠯᠡᠯ᠎ᠤᠨ ᠨᠡᠷᠡᠢ᠌ᠳᠥᠯ᠂ ᠰᠥᠯᠳᠡ᠂ ᠳᠡᠮᠳᠡᠭ᠃ (ᠳᠠᠪᠤ) ᠲᠤᠮᠳᠠᠳᠤ ᠤᠯᠤᠰ᠎ᠤᠨ ᠬᠢᠯᠢ ᠲᠤᠳᠤᠷ᠎ᠠ ᠡᠷᠬᠢᠯᠡᠨ ᠶᠠᠪᠤᠭᠳᠠᠭᠤᠯᠤᠭᠰᠠᠨ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠨᠡᠷᠡᠢ᠌ᠳᠥᠯ ᠵᠢᠴᠢ ᠲᠦᠭᠦᠮᠴᠢᠯᠡᠭᠰᠡᠨ ᠨᠡᠷᠡᠢ᠌ᠳᠦᠯ ᠂ ᠦᠯᠵᠡᠢ᠌ᠳᠦ ᠠᠮᠢᠳᠠᠨ᠂ ᠳᠠᠭᠤᠤ᠂ ᠭᠠᠯ ᠪᠠᠮᠪᠠᠷ᠎ᠤᠨ ᠭᠡᠯᠪᠡᠷᠢ ᠲᠦᠷᠰᠦ᠂ ᠤᠷᠢᠶ᠎ᠠ᠂ 《 ᠭᠤᠤᠯᠯᠠᠨ ᠡᠷᠬᠢᠯᠡᠭᠰᠡᠨ ᠬᠤᠳᠠ ᠵᠢᠨ ᠨᠡᠷᠡᠢ᠌ᠳᠦᠯ+ ᠡᠷᠬᠢᠯᠡᠭᠰᠡᠨ ᠤᠨ》 ᠵᠡᠷᠭᠡ ᠲᠡᠮᠳᠡᠭ ᠵᠢᠴᠢ ᠵᠤᠬᠢᠶᠠᠨ ᠪᠠᠢ᠌ᠭᠤᠯᠤᠭᠰᠠᠨ ᠪᠠᠢ᠌ᠭᠤᠯᠤᠮᠵᠢ ᠵᠢᠨ ᠨᠡᠷᠡᠢ᠌ᠳᠦᠯ᠂ ᠰᠦᠯᠳᠡ ᠃ (ᠵᠢᠷᠭᠤᠭ᠎ᠠ) 《ᠤᠯᠢᠮᠫᠢᠺ᠎ᠤᠨ ᠳᠤᠩᠬᠠᠭ》 ᠪᠤᠯᠤᠨ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠭᠤᠤᠯᠯᠠᠨ ᠡᠷᠬᠢᠯᠡᠬᠦ ᠬᠤᠳᠠ ᠵᠢᠨ ᠭᠡᠷ᠎ᠡ ᠳᠤ ᠳᠤᠭᠳᠠᠭ᠋ᠠᠭᠰᠠᠨ ᠪᠤᠰᠤᠳ ᠲᠤᠮᠳᠠᠳᠦ ᠤᠯᠤᠰ᠎ᠤᠨ ᠬᠢᠯᠢ ᠲᠤᠳᠤᠷ᠎ᠠ ᠡᠷᠬᠢᠯᠡᠭᠰᠡᠨ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠬᠤᠯᠪᠤᠭᠳᠠᠯ ᠪᠦᠬᠦᠢ ᠪᠡᠯᠭᠡ ᠳᠡᠮᠳᠡᠭ᠃
ᠭᠤᠷᠪᠠᠳᠤᠭ᠋ᠠᠷ ᠵᠤᠷᠪᠤᠰ ᠳᠤᠰ ᠳᠦᠷᠢᠮ᠎ᠳᠠᠬᠢ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ ᠭᠡᠳᠡᠭ᠎ᠨᠢ ᠤᠯᠠᠨ ᠤᠯᠤᠰ᠎ᠤᠨ ᠤᠯᠢᠮᠫᠢᠺ᠎ᠤᠨ ᠵᠦᠪᠯᠡᠯ᠂ ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ ᠪᠤᠯᠤᠨ ᠲᠤᠮᠳᠠᠳᠦ ᠤᠯᠤᠰ᠎ᠤᠨ ᠬᠢᠯᠢ ᠲᠤᠳᠤᠷ᠎ᠠ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠢ ᠲᠠᠭ᠋ᠠᠭ᠋ᠠᠴᠢᠯᠠᠨ ᠡᠷᠬᠢᠯᠡᠬᠦ᠎ᠪᠠᠷ ᠭᠤᠶᠤᠴᠢᠯᠠᠭᠰᠠᠨ ᠪᠠᠢ᠌ᠭᠤᠯᠤᠮᠵᠢ ᠂ ᠲᠤᠮᠳᠠᠳᠦ ᠤᠯᠤᠰ᠎ᠤᠨ ᠬᠢᠯᠢ ᠲᠤᠳᠤᠷ᠎ᠠ ᠡᠷᠬᠢᠯᠡᠭᠰᠡᠨ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠵᠤᠬᠢᠶᠠᠨ ᠪᠠᠢ᠌ᠭᠤᠯᠬᠤ ᠪᠠᠢ᠌ᠭᠤᠯᠤᠮᠵᠢᠢ ᠵᠢᠭ᠋ᠠᠵᠤ ᠪᠠᠢ᠌ᠨ᠎ᠠ᠃
ᠤᠯᠠᠨ ᠤᠯᠤᠰ᠎ᠤᠨ ᠤᠯᠢᠮᠫᠢᠺ᠎ᠤᠨ ᠵᠦᠪᠯᠡᠯ᠂ ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ ᠪᠤᠯᠤᠨ ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ ᠪᠤᠯᠤᠨ ᠲᠤᠮᠳᠠᠳᠦ ᠤᠯᠤᠰ᠎ᠤᠨ ᠬᠢᠯᠢ ᠲᠤᠳᠤᠷ᠎ᠠ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠢ ᠲᠠᠭ᠋ᠠᠭ᠋ᠠᠴᠢᠯᠠᠨ ᠡᠷᠬᠢᠯᠡᠬᠦ᠎ᠪᠠᠷ ᠭᠤᠶᠤᠴᠢᠯᠠᠭᠰᠠᠨ ᠪᠠᠢ᠌ᠭᠤᠯᠤᠮᠵᠢ᠂ ᠲᠤᠮᠳᠠᠳᠦ ᠤᠯᠤᠰ᠎ᠤᠨ ᠬᠢᠯᠢ ᠲᠤᠳᠤᠷ᠎ᠠ ᠡᠷᠬᠢᠯᠡᠭᠰᠡᠨ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠵᠤᠬᠢᠶᠠᠨ ᠪᠠᠢ᠌ᠭᠤᠯᠬᠤ ᠪᠠᠢ᠌ᠭᠤᠯᠤᠮᠵᠢ ᠵᠢᠨ ᠬᠤᠭᠤᠷᠤᠨᠳᠤᠬᠢ ᠡᠷᠬᠡ᠎ᠤᠨ ᠬᠤᠪᠢᠶᠠᠷᠢᠯᠠᠯ ᠢ 《ᠤᠯᠢᠮᠫᠢᠺ᠎ᠤᠨ ᠳᠤᠩᠬᠠᠭ》 ᠪᠤᠯᠤᠨ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠭᠤᠤᠯᠯᠠᠨ ᠡᠷᠬᠢᠯᠡᠬᠦ ᠬᠤᠳᠠ ᠵᠢᠨ ᠭᠡᠷ᠎ᠡ᠎ᠪᠠᠷ ᠳᠤᠭᠳᠠᠭ᠋ᠠᠨ᠎ᠠ᠃
ᠳᠦᠷᠪᠡᠳᠦᠭᠡᠷ ᠵᠤᠷᠪᠤᠰ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠨᠢ ᠳᠤᠰ ᠳᠦᠷᠢᠮ ᠵᠶ᠋ᠡᠷ ᠤᠯᠢᠮᠫᠢᠺ᠎ᠤᠨ ᠪᠡᠯᠭᠡ ᠲᠡᠮᠳᠡᠭ᠎ᠲᠤ ᠳᠤᠰᠬᠠᠢ᠌ᠵᠢᠭᠰᠠᠨ ᠡᠷᠭᠡ ᠡᠳ᠋ᠯᠡᠨ᠎ᠠ᠃ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠤ ᠵᠦᠪᠰᠢᠶᠡᠷᠡᠯ ᠦᠭᠡᠢ᠎ᠪᠠᠷ ᠶᠠᠮᠠᠷᠪᠠ ᠠᠷᠠᠯᠵᠢᠶᠠᠨ᠎ᠤ ᠵᠤᠷᠢᠯᠭ᠎ᠠ ᠪᠠᠷ ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠵᠦ ᠪᠤᠯᠬᠤ ᠦᠭᠡᠢ᠃
ᠳᠠᠪᠤᠳᠤᠭ᠋ᠠᠷ ᠵᠤᠷᠪᠤᠰ ᠳᠤᠰ ᠳᠦᠷᠢᠮ᠎ᠳᠠᠬᠢ ᠠᠷᠠᠯᠵᠢᠶᠠᠨ᠎ᠤ ᠵᠤᠷᠢᠯᠭ᠎ᠠ᠎ᠲᠠᠢ ᠭᠡᠷᠡᠭᠯᠡᠬᠦ ᠭᠡᠳᠡᠭ᠎ᠨᠢ ᠠᠰᠢᠭ ᠤᠷᠤᠯᠭ᠎ᠠ᠎ᠪᠠᠷ ᠵᠤᠷᠢᠯᠭ᠎ᠠ ᠪᠤᠯᠭ᠋ᠠᠵᠤ᠂ ᠳᠤᠤᠷᠡᠬᠢ ᠮᠡᠲᠦ᠎ᠪᠠᠷ ᠤᠯᠢᠮᠫᠢᠺ᠎ᠤᠨ ᠪᠡᠯᠭᠡ ᠲᠡᠮᠳᠡᠭ᠎ᠢ ᠠᠰᠢᠭᠯᠠᠬᠤ ᠵᠢ ᠵᠢᠭ᠋ᠠᠵᠤ ᠪᠤᠢ᠄ (ᠨᠢᠭᠡ) ᠤᠯᠢᠮᠫᠢᠺ᠎ᠤᠨ ᠪᠡᠯᠭᠡ ᠲᠡᠮᠳᠡᠭ᠎ᠢ ᠪᠦᠳᠦᠭᠡᠭᠳᠡᠬᠦᠨ᠂ ᠪᠦᠳᠦᠭᠡᠭᠳᠡᠬᠦᠨ᠎ᠤ ᠪᠤᠭᠤᠳᠠᠯ ᠪᠤᠶᠤ ᠰᠠᠪᠠ ᠵᠢᠴᠢ ᠪᠦᠳᠦᠭᠡᠭᠳᠡᠬᠦᠨ᠎ᠤ ᠠᠷᠠᠯᠵᠢᠶᠠᠨ᠎ᠤ ᠪᠢᠴᠢᠭ ᠮᠠᠲᠸᠷᠢᠶᠠᠯ᠎ᠳᠤ ᠭᠡᠷᠡᠭᠯᠡᠬᠦ᠃ (ᠬᠤᠶᠠᠷ) ᠤᠯᠢᠮᠫᠢᠺ᠎ᠤᠨ ᠪᠡᠯᠭᠡ ᠲᠡᠮᠳᠡᠭ᠎ᠢ ᠦᠢ᠍ᠯᠡᠴᠢᠯᠡᠬᠡᠨ᠎ᠤ ᠳᠥᠷᠥᠯ ᠵᠦᠢ᠍ᠯ᠎ᠳᠤ ᠭᠡᠷᠡᠭᠯᠡᠬᠦ᠃ (ᠭᠤᠷᠪᠠ) ᠤᠯᠢᠮᠫᠢᠺ᠎ᠤᠨ ᠪᠡᠯᠭᠡ ᠲᠡᠮᠳᠡᠭ᠎ᠢ ᠵᠠᠷ ᠰᠤᠷᠳᠠᠯᠴᠢᠯᠠᠭ᠎ᠠ᠂ ᠪᠦᠳᠦᠭᠡᠭᠳᠡᠬᠦᠨ᠎ᠤ ᠦᠵᠡᠰᠬᠦᠯᠡᠩ᠂ ᠡᠵᠡᠩᠨᠡᠯᠳᠡ ᠵᠢᠨ ᠴᠢᠨᠡᠷᠳᠡᠢ ᠳᠤᠭᠯᠠᠯᠳᠠ ᠵᠢᠴᠢ ᠪᠤᠰᠤᠳ ᠠᠷᠠᠯᠵᠢᠶᠠᠨ᠎ᠤ ᠬᠦᠳᠡᠯᠭᠡᠭᠡᠨ᠎ᠳᠤ ᠭᠡᠷᠡᠭᠯᠡᠬᠦ᠃ (ᠳᠦᠷᠪᠡ) ᠤᠯᠢᠮᠫᠢᠺ᠎ᠤᠨ ᠪᠡᠯᠭᠡ ᠲᠡᠮᠳᠡᠭ᠎ᠲᠠᠢ ᠪᠦᠳᠦᠭᠡᠭᠳᠡᠬᠦᠨ᠎ᠢ ᠪᠤᠷᠤᠯᠠᠭᠤᠯᠬᠤ᠂ ᠭᠠᠳᠠᠭ᠋ᠠᠳᠤ᠎ᠠᠴᠠ ᠤᠷᠤᠭᠤᠯᠬᠤ᠂ ᠭᠠᠳᠠᠭ᠋ᠠᠳᠤ᠎ᠳᠤ ᠭᠠᠷᠭ᠋ᠠᠬᠤ᠃ (ᠳᠠᠪᠤ) ᠤᠯᠢᠮᠫᠢᠺ᠎ᠤᠨ ᠪᠡᠯᠭᠡ ᠲᠡᠮᠳᠡᠭ᠎ᠢ ᠦᠢ᠍ᠯᠡᠳᠪᠦᠷᠢᠯᠡᠬᠦ ᠪᠤᠶᠤ ᠪᠤᠷᠤᠯᠠᠭᠤᠯᠬᠤ᠃ (ᠵᠢᠷᠭᠤᠭ᠎ᠠ) ᠪᠤᠰᠤᠳ ᠠᠰᠢᠭ ᠤᠯᠵᠠᠪᠤᠷᠢ ᠵᠢᠨ ᠵᠤᠷᠢᠯᠭ᠎ᠠ᠎ᠪᠠᠷ ᠤᠯᠢᠮᠫᠢᠺ᠎ᠤᠨ ᠪᠡᠯᠭᠡ ᠲᠡᠮᠳᠡᠭ᠎ᠢ ᠬᠡᠷᠡᠭᠯᠡᠬᠦ ᠠᠵᠢᠯᠯᠠᠭ᠎ᠠ᠃
ᠵᠢᠷᠭᠤᠳᠤᠭ᠋ᠠᠷ ᠵᠤᠷᠪᠤᠰ ᠲᠤᠰ ᠲᠦᠷᠢᠮ᠎ᠤᠨ ᠲᠠᠪᠤᠳᠤᠭ᠋ᠠᠷ ᠵᠤᠷᠪᠤᠰ ᠤᠨ ᠲᠤᠭᠳᠠᠭ᠋ᠠᠯ᠎ᠠᠴᠠ ᠭᠠᠳᠠᠨ᠎ᠠ᠂ ᠤᠯᠢᠮᠫᠢᠺ᠎ᠤᠨ ᠲᠠᠮᠢᠷ᠎ᠤᠨ ᠴᠤᠭᠯᠠᠭ᠋ᠠᠨ᠎ᠲᠠᠢ ᠬᠠᠮᠢᠶᠠᠲᠠᠢ ᠡᠯᠸᠮᠸᠨ᠋ᠲ᠎ᠢ ᠠᠰᠢᠭᠯᠠᠨ ᠬᠦᠳᠡᠯᠭᠡᠭᠡᠨ ᠦᠷᠨᠢᠭᠦᠯᠵᠦ᠂ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ ᠲᠠᠢ ᠲᠡᠮᠵᠢᠯᠭᠡ ᠵᠢᠨ ᠪᠤᠶᠤ ᠪᠤᠰᠤᠳ ᠲᠠᠮᠵᠢᠬᠦ ᠬᠠᠷᠢᠯᠴᠠᠭ᠎ᠠ᠎ᠲᠠᠢ ᠭᠡᠵᠤ ᠪᠤᠷᠤᠭᠤ ᠤᠢ᠌ᠯᠠᠭ᠋ᠠᠭᠤᠯᠵᠦ᠂ ᠵᠦᠢ ᠪᠤᠰᠦ᠎ᠪᠠᠷ ᠦᠷᠢᠰᠦᠯᠳᠦᠬᠦ ᠠᠵᠢᠯᠯᠠᠭ᠎ᠠ ᠪᠦᠷᠢᠯᠳᠦᠪᠡᠯ᠂ 《ᠪᠦᠭᠦᠳᠡ ᠨᠠᠢ᠌ᠷᠠᠮᠳᠠᠬᠤ ᠲᠤᠮᠳᠠᠳᠤ ᠠᠷᠠᠳ ᠤᠯᠤᠰ᠎ᠤᠨ ᠵᠦᠢ ᠪᠤᠰᠤ᠎ᠪᠠᠷ ᠦᠷᠢᠰᠦᠯᠳᠦᠬᠦ ᠵᠢ ᠡᠰᠡᠷᠭᠦᠴᠡᠬᠦ ᠬᠠᠦᠯᠢ》᠎ᠤᠨ ᠲᠠᠭ᠋ᠠᠦ ᠰᠢᠢ᠍ᠳᠪᠦᠷᠢᠯᠡᠨ᠎ᠡ᠃
ᠲᠤᠯᠤᠳᠤᠭ᠋ᠠᠷ ᠵᠤᠷᠪᠤᠰ ᠳᠦᠷᠦ ᠵᠢᠨ ᠶᠠᠪᠤᠳᠠᠯ᠎ᠤᠨ ᠬᠤᠷᠢᠶᠠᠨ᠎ᠤ ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠂ ᠮᠡᠳᠡᠯᠭᠡ ᠵᠢᠨ ᠦᠮᠴᠢᠯᠡᠯ᠎ᠤᠨ ᠡᠷᠬᠡ ᠵᠢᠨ ᠰᠠᠯᠠᠭ᠎ᠠ ᠮᠦᠴᠢᠷ᠎ᠠᠴᠠ ᠳᠤᠰ ᠳᠦᠷᠢᠮ᠎ᠤᠨ ᠳᠤᠭᠳᠠᠭ᠋ᠠᠯ᠎ᠢ ᠦᠨᠳᠦᠰᠦᠯᠡᠨ ᠪᠦᠬᠦ ᠤᠯᠤᠰ᠎ᠤᠨ ᠤᠯᠢᠮᠫᠢᠺ᠎ᠤᠨ ᠪᠡᠯᠭᠡ ᠲᠡᠮᠳᠡᠭ᠎ᠢ ᠬᠠᠮᠠᠭ᠋ᠠᠯᠠᠬᠤ ᠠᠵᠢᠯ᠎ᠢ ᠬᠠᠷᠢᠭᠤᠴᠠᠨ᠎ᠠ᠃
ᠰᠢᠶᠠᠨ᠎ᠤ ᠱᠠᠳᠣᠨ᠎ᠠᠴᠠ ᠳᠡᠭᠡᠭᠰᠢᠬᠢ ᠭᠠᠵᠠᠷ ᠤᠷᠤᠨ ᠤ ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠳᠤᠰ ᠳᠦᠷᠢᠮ᠎ᠤᠨ ᠳᠤᠭᠳᠠᠭ᠋ᠠᠯ᠎ᠢ ᠦᠨᠳᠦᠰᠦᠯᠡᠨ᠂ ᠳᠤᠬᠠᠢ ᠵᠢᠨ ᠵᠠᠰᠠᠭ ᠵᠠᠬᠢᠷᠭ᠋ᠠᠨ᠎ᠤ ᠤᠷᠤᠨ ᠨᠤᠳᠤᠭ᠎ᠲᠠᠬᠢ ᠤᠯᠢᠮᠫᠢᠺ᠎ᠤᠨ ᠪᠡᠯᠭᠡ ᠲᠡᠮᠳᠡᠭ᠎ᠢ ᠬᠠᠮᠠᠭ᠋ᠠᠯᠠᠬᠤ ᠠᠵᠢᠯ᠎ᠢ ᠬᠠᠷᠢᠭᠤᠴᠠᠨ᠎ᠠ᠃
ᠨᠠᠢ᠍ᠮᠠᠳᠤᠭ᠋ᠠᠷ ᠵᠤᠷᠪᠤᠰ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠨᠢ ᠤᠯᠢᠮᠫᠢᠺ᠎ᠤᠨ ᠪᠡᠯᠭᠡ ᠲᠡᠮᠳᠡᠭ ᠵᠶ᠋ᠡᠨ ᠳᠦᠷᠦ ᠵᠢᠨ ᠶᠠᠪᠤᠳᠠᠯ᠎ᠤᠨ ᠬᠤᠷᠢᠶᠠᠨ᠎ᠤ ᠮᠡᠳᠡᠯᠭᠡ ᠵᠢᠨ ᠦᠮᠴᠢᠯᠡᠯ᠎ᠤᠨ ᠡᠷᠬᠡ ᠵᠢᠨ ᠰᠠᠯᠠᠭ᠎ᠠ ᠮᠦᠴᠢᠷ ᠲᠤ ᠲᠤᠰᠢᠶᠠᠵᠦ ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠮᠡᠳᠡᠯᠭᠡ ᠵᠢᠨ ᠦᠮᠴᠢᠯᠡᠯ᠎ᠤᠨ ᠡᠷᠬᠡ ᠵᠢᠨ ᠰᠠᠯᠠᠭ᠎ᠠ ᠮᠦᠴᠢᠷ ᠵᠶ᠋ᠡᠷ ᠵᠠᠷᠯᠠᠭᠤᠯᠬᠤ ᠬᠡᠷᠡᠭᠳᠡᠢ᠃
ᠶᠢᠰᠦᠳᠤᠭᠡᠷ ᠵᠤᠷᠪᠤᠰ ᠤᠯᠢᠮᠫᠢᠺ᠎ᠤᠨ ᠪᠡᠯᠬᠡ ᠲᠡᠮᠳᠡᠭ᠎ᠤᠨ ᠬᠦᠴᠦᠨ ᠪᠦᠬᠦᠢ ᠬᠤᠭᠤᠴᠠᠭ᠎ᠠ᠎ᠨᠢ 10 ᠵᠢᠯ᠂ ᠵᠠᠷᠯᠠᠭᠰᠠᠨ ᠡᠳᠦᠷ᠎ᠠᠴᠠ ᠡᠬᠢᠯᠡᠨ ᠪᠤᠳᠤᠨ᠎ᠠ᠃
ᠤᠯᠢᠮᠫᠢᠺ᠎ᠤᠨ ᠪᠡᠯᠭᠡ ᠲᠡᠮᠳᠡᠭ᠎ᠤᠨ ᠡᠷᠭᠡ ᠠᠰᠢᠭ᠎ᠤᠨ ᠬᠦᠮᠦᠨ᠎ᠨᠢ ᠬᠦᠴᠦᠨ ᠪᠦᠬᠦᠢ ᠬᠤᠭᠤᠴᠠᠭ᠎ᠠ ᠲᠠᠭᠤᠰᠬᠤ᠎ᠠᠴᠠ ᠡᠮᠦᠨ᠎ᠡ 12 ᠰᠠᠷ᠎ᠠ ᠵᠢᠨ ᠲᠤᠳᠤᠷ᠎ᠠ ᠵᠠᠯᠭ᠋ᠠᠨ ᠦᠷᠭᠦᠯᠵᠢᠯᠡᠭᠦᠯᠬᠦ ᠭᠠᠷ ᠬᠦᠢ᠍ᠴᠡᠳᠬᠡᠯ ᠵᠶ᠋ᠠᠨ ᠰᠢᠢ᠍ᠳᠪᠦᠷᠢᠯᠡᠵᠦ᠂ ᠤᠳᠠᠭ᠎ᠠ ᠪᠦᠷᠢ ᠵᠠᠯᠭ᠋ᠠᠨ ᠦᠷᠭᠦᠯᠵᠢᠯᠡᠭᠦᠯᠬᠦ ᠬᠦᠴᠦᠨ ᠪᠦᠬᠦᠢ ᠬᠤᠭᠤᠴᠠᠭ᠎ᠠ᠎ᠨᠢ 10 ᠵᠢᠯ ᠪᠠᠢ᠌ᠵᠦ᠂ ᠲᠤᠰ ᠤᠯᠢᠮᠫᠢᠺ᠎ᠤᠨ ᠪᠡᠯᠭᠡ ᠲᠡᠮᠳᠡᠭ᠎ᠤᠨ ᠲᠡᠭᠡᠷ᠎ᠡ ᠤᠳᠠᠭ᠋ᠠᠨ᠎ᠤ ᠬᠦᠴᠦᠨ ᠪᠦᠬᠦᠢ ᠬᠤᠭᠤᠴᠠᠭ᠎ᠠ ᠲᠠᠭᠤᠰᠤᠭᠰᠠᠨ᠎ᠤ ᠲᠠᠷᠠᠭ᠎ᠠ ᠡᠳᠦᠷ᠎ᠠᠴᠠ ᠡᠬᠢᠯᠡᠨ ᠪᠤᠳᠤᠨ᠎ᠠ᠃ ᠲᠦᠷᠦ ᠵᠢᠨ ᠶᠠᠪᠤᠳᠠᠯ᠎ᠤᠨ ᠬᠤᠷᠢᠶᠠᠨ᠎ᠤ ᠮᠡᠳᠡᠯᠭᠡ ᠵᠢᠨ ᠦᠮᠴᠢᠯᠡᠯ᠎ᠤᠨ ᠡᠷᠭᠡ ᠵᠢᠨ ᠰᠠᠯᠠᠭ᠎ᠠ ᠮᠦᠴᠢᠷ᠎ᠠᠴᠠ ᠵᠠᠯᠭ᠋ᠠᠨ ᠦᠷᠭᠦᠯᠵᠢᠯᠡᠭᠦᠯᠦᠭᠰᠡᠨ ᠤᠯᠢᠮᠫᠢᠺ᠎ᠤᠨ ᠪᠡᠯᠭᠡ ᠲᠡᠮᠳᠡᠭ᠎ᠢ ᠵᠠᠷᠯᠠᠬᠤ ᠭᠡᠷᠡᠭᠳᠡᠢ᠃
ᠠᠷᠪᠠᠳᠤᠭ᠋ᠠᠷ ᠵᠤᠷᠪᠤᠰ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠤ ᠵᠦᠪᠰᠢᠶᠡᠷᠡᠯ᠎ᠢ ᠤᠯᠵᠤ ᠠᠷᠠᠯᠵᠢᠶᠠᠨ᠎ᠤ ᠵᠤᠷᠢᠯᠭ᠎ᠠ᠎ᠪᠠᠷ ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠭᠴᠢ᠎ᠨᠢ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠲᠠᠢ ᠭᠡᠷᠡᠭᠯᠡᠬᠦ ᠵᠦᠪᠰᠢᠶᠡᠷᠡᠯ᠎ᠤᠨ ᠭᠡᠷ᠎ᠡ ᠳᠤᠭᠳᠠᠬᠤ ᠬᠡᠷᠡᠭᠳᠡᠢ᠃ ᠤᠯᠢᠮᠫᠢᠺ᠎ᠤᠨ ᠪᠡᠯᠭᠡ ᠲᠡᠮᠳᠡᠭ᠎ᠤᠨ ᠡᠷᠭᠡ ᠠᠰᠢᠭ᠎ᠤᠨ ᠬᠦᠮᠦᠨ᠎ᠨᠢ ᠵᠦᠪᠰᠢᠶᠡᠷᠡᠭᠰᠡᠨ ᠪᠡᠯᠭᠡ ᠲᠡᠮᠳᠡᠭ᠎ᠤᠨ ᠲᠦᠷᠦᠯ ᠵᠦᠢ᠍ᠯ᠂ ᠵᠦᠪᠰᠢᠶᠡᠷᠡᠭᠳᠡᠭᠰᠡᠨ ᠬᠦᠮᠦᠨ᠂ ᠬᠡᠷᠡᠭᠯᠡᠬᠦ ᠵᠢ ᠵᠦᠪᠰᠢᠶᠡᠷᠡᠭᠰᠡᠨ ᠪᠦᠳᠦᠭᠡᠭᠳᠡᠬᠦᠨ ᠪᠤᠶᠤ ᠦᠢ᠍ᠯᠡᠴᠢᠯᠡᠭᠡᠨ᠎ᠤ ᠲᠦᠷᠦᠯ ᠵᠦᠢ᠍ᠯ᠂ ᠬᠤᠭᠤᠴᠠᠭ᠎ᠠ᠂ ᠭᠠᠵᠠᠷ ᠨᠤᠳᠤᠭ᠎ᠤᠨ ᠬᠦᠷᠢᠶ᠎ᠡ ᠬᠡᠪᠴᠢᠶ᠎ᠡ ᠵᠡᠷᠭᠡ ᠮᠡᠳᠡᠭᠡ ᠵᠠᠩᠬᠢ ᠵᠢ ᠴᠠᠭ ᠲᠤᠬᠠᠢᠳᠤᠨᠢ ᠢᠯᠡᠴᠢᠯᠡᠬᠦ ᠭᠡᠷᠡᠭᠳᠡᠢ᠃
ᠵᠦᠪᠰᠢᠶᠡᠷᠡᠭᠳᠡᠭᠰᠡᠨ ᠬᠦᠮᠦᠨ᠎ᠨᠢ ᠬᠡᠷᠡᠭᠯᠡᠬᠦ ᠵᠦᠪᠰᠢᠶᠡᠷᠡᠯ᠎ᠤᠨ ᠭᠡᠷ᠎ᠡ᠎ᠳᠤ ᠳᠤᠭᠳᠠᠭ᠋ᠠᠭᠰᠠᠨ ᠤᠯᠢᠮᠫᠢᠺ᠎ᠤᠨ ᠪᠡᠯᠭᠡ ᠲᠡᠮᠳᠡᠭ᠎ᠤᠨ ᠲᠦᠷᠦᠯ ᠵᠦᠢ᠍ᠯ᠂ ᠬᠡᠷᠡᠭᠯᠡᠬᠦ ᠵᠢ ᠵᠦᠪᠰᠢᠶᠡᠷᠡᠭᠰᠡᠨ ᠪᠦᠳᠦᠭᠡᠭᠳᠡᠬᠦᠨ ᠪᠤᠶᠤ ᠦᠢ᠍ᠯᠡᠴᠢᠯᠡᠭᠡᠨ᠎ᠤ ᠲᠦᠷᠦᠯ ᠵᠦᠢ᠍ᠯ᠂ ᠬᠤᠭᠤᠴᠠᠭ᠎ᠠ᠂ ᠭᠠᠵᠠᠷ ᠨᠤᠳᠤᠭ᠎ᠤᠨ ᠬᠦᠷᠢᠶ᠎ᠡ ᠬᠡᠪᠴᠢᠶ᠎ᠡ ᠳᠤᠳᠤᠷ᠎ᠡ ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠨ᠎ᠡ᠃
ᠠᠷᠪᠠᠨ ᠨᠢᠭᠡᠳᠦᠭᠡᠷ ᠵᠤᠷᠪᠤᠰ ᠳᠤᠰ ᠳᠦᠷᠢᠮ᠎ᠢ ᠭᠡᠷᠡᠭᠵᠢᠬᠦᠯᠬᠦ᠎ᠠᠴᠠ ᠡᠮᠦᠨ᠎ᠡ ᠨᠢᠭᠡᠨᠳᠡ ᠬᠠᠤᠯᠢ ᠶᠤᠰᠤᠭ᠋ᠠᠷ ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠭᠰᠡᠨ ᠪᠤᠯ ᠤᠭ᠎ᠤᠨ ᠬᠦᠷᠢᠶ᠎ᠡ ᠬᠡᠪᠴᠢᠶᠡᠨ᠎ᠳᠡᠭᠡᠨ ᠦᠷᠬᠦᠯᠵᠢᠯᠡᠨ ᠭᠡᠷᠡᠭᠯᠡᠵᠦ ᠪᠤᠯᠤᠨ᠎ᠠ᠃
ᠠᠷᠪᠠᠨ ᠬᠤᠶᠠᠳᠤᠭ᠋ᠠᠷ ᠵᠤᠷᠪᠤᠰ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠤ ᠵᠦᠪᠰᠢᠶᠡᠷᠡᠯ ᠦᠭᠡᠢ᠎ᠪᠠᠷ ᠠᠷᠠᠯᠵᠢᠶᠠᠨ᠎ᠤ ᠵᠤᠷᠢᠯᠭ᠎ᠠ᠎ᠪᠠᠷ ᠳᠤᠷ᠎ᠡ᠎ᠪᠠᠷ ᠵᠶ᠋ᠡᠨ ᠤᠯᠢᠮᠫᠢᠺ᠎ᠤᠨ ᠪᠡᠯᠭᠡ ᠲᠡᠮᠳᠡᠭ᠎ᠢ ᠬᠡᠷᠡᠭᠯᠡᠭᠰᠡᠨ ᠪᠤᠶᠤ ᠬᠦᠮᠦᠰ᠎ᠢ ᠪᠤᠷᠤᠭᠤ ᠲᠠᠨᠢᠭᠤᠯᠬᠤ ᠲᠦᠰᠳᠡᠢ ᠪᠡᠯᠭᠡ ᠲᠡᠮᠳᠡᠭ᠎ᠢ ᠬᠡᠷᠡᠭᠯᠡᠵᠦ᠂ ᠲᠠᠷᠤᠢ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡ᠎ᠳᠤ ᠬᠠᠯᠳᠠᠵᠤ᠂ ᠵᠢᠭᠤᠷᠭ᠋ᠠᠨ ᠡᠬᠦᠰᠭᠡᠭᠰᠡᠨ ᠪᠤᠯ ᠳᠤᠬᠠᠢ ᠵᠢᠨ ᠬᠦᠮᠦᠨ᠎ᠲᠠᠢ ᠵᠦᠪᠯᠡᠨ ᠰᠢᠢ᠍ᠳᠪᠦᠷᠢᠯᠡᠨ᠎ᠡ᠃ ᠵᠦᠪᠯᠡᠬᠦ ᠳᠤᠷ᠎ᠡ ᠦᠭᠡᠢ ᠪᠤᠶᠤ ᠵᠦᠪᠯᠡᠯᠬᠡ ᠪᠦᠳᠦᠭᠰᠡᠨ ᠦᠭᠡᠢ ᠪᠤᠯ᠂ ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ ᠪᠤᠶᠤ ᠠᠰᠢᠭ ᠬᠤᠬᠢᠷᠠᠯ᠎ᠤᠨ ᠬᠠᠷᠢᠴᠠᠭ᠎ᠠ᠎ᠲᠠᠢ ᠬᠦᠮᠦᠨ᠎ᠠᠴᠠ ᠠᠷᠠᠳ᠎ᠤᠨ ᠰᠢᠬᠦᠬᠦ ᠬᠤᠷᠢᠶᠠᠨ᠎ᠳᠤ ᠵᠠᠷᠭᠤ ᠲᠡᠪᠰᠢᠭᠦᠯᠵᠦ ᠪᠤᠯᠤᠨ᠎ᠠ᠂ ᠪᠠᠰᠠ ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠲᠤ ᠰᠢᠢ᠍ᠳᠪᠦᠷᠢᠯᠡᠬᠦ ᠵᠢ ᠭᠤᠶᠤᠴᠢᠯᠠᠵᠤ ᠪᠤᠯᠤᠨ᠎ᠠ᠃ ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠰᠢᠢ᠍ᠳᠪᠦᠷᠢᠯᠡᠬᠦ ᠦᠶ᠎ᠡ᠎ᠳᠤ᠂ ᠡᠷᠬᠡᠨ᠎ᠳᠤ ᠬᠠᠯᠳᠠᠭᠰᠠᠨ ᠠᠵᠢᠯᠯᠠᠭ᠎ᠠ᠎ᠨᠢ ᠪᠡᠶᠡᠯᠡᠭᠳᠡᠨ᠎ᠡ ᠭᠡᠵᠤ ᠦᠵᠡᠪᠡᠯ᠂ ᠳᠠᠷᠤᠢ᠎ᠳᠤ᠎ᠨᠢ ᠡᠷᠬᠡᠨ᠎ᠳᠤ ᠬᠠᠯᠳᠠᠬᠤ ᠠᠵᠢᠯᠯᠠᠭ᠎ᠠ ᠵᠢ ᠵᠤᠭᠰᠤᠭ᠋ᠠᠬᠤ ᠵᠢ ᠵᠠᠷᠯᠢᠭᠳᠠᠵᠤ᠂ ᠡᠷᠬᠡᠨ᠎ᠳᠤ ᠬᠠᠯᠳᠠᠭᠰᠠᠨ ᠪᠦᠳᠦᠭᠡᠭᠳᠡᠬᠦᠨ ᠪᠠ ᠳᠤᠰᠬᠠᠢ᠌ᠯᠠᠨ ᠡᠷᠬᠡᠨ᠎ᠳᠤ ᠬᠠᠯᠳᠠᠭᠰᠠᠨ ᠪᠦᠳᠦᠭᠡᠭᠳᠡᠬᠦᠨ ᠪᠤᠶᠤ ᠠᠷᠠᠯᠵᠢᠶᠠᠨ᠎ᠤ ᠵᠤᠷᠢᠯᠭ᠎ᠠ᠎ᠲᠠᠢ᠎ᠪᠠᠷ ᠳᠤᠷ᠎ᠡ᠎ᠪᠠᠷ ᠵᠶ᠋ᠡᠨ ᠤᠯᠢᠮᠫᠢᠺ᠎ᠤᠨ ᠪᠡᠯᠭᠡ ᠲᠡᠮᠳᠡᠭ᠎ᠢ ᠦᠢ᠍ᠯᠡᠳᠪᠦᠷᠢᠯᠡᠬᠦ ᠪᠠᠭ᠋ᠠᠵᠢ ᠵᠢ ᠬᠤᠷᠢᠶᠠᠵᠤ᠂ ᠤᠰᠠᠳᠬᠠᠨ᠎ᠠ ᠃ ᠬᠠᠦᠯᠢ ᠵᠦᠷᠢᠴᠡᠭᠰᠡᠨ ᠡᠵᠡᠩᠨᠡᠯᠳᠡ ᠵᠢᠨ ᠮᠦᠩᠭᠦ᠎ᠨᠢ 5 ᠲᠦᠮᠡᠨ ᠵᠤᠭᠤᠰ᠎ᠠᠴᠠ ᠲᠡᠭᠡᠭᠰᠢ ᠪᠤᠯ ᠬᠠᠦᠯᠢ ᠵᠦᠷᠢᠴᠡᠭᠰᠡᠨ ᠡᠵᠡᠩᠨᠡᠯᠳᠡ ᠵᠢᠨ ᠮᠦᠩᠭᠦ ᠵᠢᠨ 5 ᠳᠠᠬᠢᠨ ᠵᠶ᠋ᠠᠷ ᠲᠤᠷᠭ᠋ᠠᠵᠦ ᠰᠢᠢ᠍ᠳᠬᠡᠨ᠎ᠡ᠃ ᠬᠠᠦᠯᠢ ᠵᠦᠷᠢᠴᠡᠭᠰᠡᠨ ᠡᠵᠡᠩᠨᠡᠯᠳᠡ ᠵᠢᠨ ᠮᠦᠩᠭᠦ ᠪᠠᠢ᠌ᠬᠤ ᠦᠭᠡᠢ ᠪᠤᠶᠤ ᠡᠵᠡᠩᠨᠡᠯᠳᠡ ᠵᠢᠨ ᠮᠦᠩᠭᠦ᠎ᠨᠢ 5 ᠲᠦᠮᠡᠨ ᠵᠤᠭᠤᠰ ᠬᠦᠷᠬᠦ ᠦᠭᠡᠢ ᠪᠤᠯ 25 ᠲᠦᠮᠡᠨ ᠵᠤᠭᠤᠰ᠎ᠠᠴᠠ ᠲᠤᠭᠤᠭᠰᠢ ᠲᠤᠷᠭ᠋ᠠᠵᠦ ᠰᠢᠢ᠍ᠳᠬᠡᠨ᠎ᠡ᠃ ᠳᠤᠬᠠᠢ ᠵᠢᠨ ᠬᠦᠮᠦᠨ ᠰᠢᠢ᠍ᠳᠪᠦᠷᠢᠯᠡᠭᠰᠡᠨ ᠰᠢᠢ᠍ᠳᠪᠦᠷᠢ ᠵᠢ ᠵᠦᠪᠰᠢᠶᠡᠷᠡᠬᠦ ᠦᠭᠡᠢ ᠪᠤᠯ 《ᠪᠦᠭᠦᠳᠡ ᠨᠡᠢ᠌ᠷᠠᠮᠳᠠᠬᠤ ᠲᠤᠮᠳᠠᠳᠦ ᠠᠷᠠᠳ ᠣᠯᠣᠰ᠎ᠤᠨ ᠵᠠᠰᠠᠭ ᠵᠠᠬᠢᠷᠭ᠋ᠠᠨ᠎ᠤ ᠲᠠᠬᠢᠨ ᠵᠦᠪᠯᠡᠬᠦ ᠬᠠᠦᠯᠢ》 ᠵᠢᠨ ᠲᠠᠭ᠋ᠠᠦ ᠵᠠᠰᠠᠭ ᠵᠠᠬᠢᠷᠭ᠋ᠠᠨ᠎ᠤ ᠲᠠᠬᠢᠨ ᠵᠦᠪᠯᠡᠯᠳᠡ ᠵᠢ ᠭᠤᠶᠤᠴᠢᠯᠠᠵᠦ ᠪᠤᠯᠤᠨ᠎ᠠ᠂ ᠪᠠᠰᠠ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠵᠠᠰᠠᠭ ᠵᠠᠬᠢᠷᠭ᠋ᠠᠨ᠎ᠤ ᠵᠠᠷᠭᠤ ᠵᠢᠨ ᠬᠠᠦᠯᠢ》 ᠵᠢᠨ ᠲᠠᠭ᠋ᠠᠦ᠂ ᠠᠷᠠᠳ᠎ᠤᠨ ᠰᠢᠬᠦᠬᠦ ᠬᠤᠷᠢᠶᠠᠨ᠎ᠳᠤ ᠵᠠᠷᠭᠤ ᠲᠡᠪᠰᠢᠭᠦᠯᠵᠦ ᠪᠤᠯᠤᠨ᠎ᠠ᠃ ᠰᠢᠢ᠍ᠳᠪᠦᠷᠢᠯᠡᠵᠦ ᠪᠠᠢ᠌ᠬᠤ ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠨᠢ ᠳᠤᠬᠠᠢ ᠵᠢᠨ ᠬᠦᠮᠦᠨ᠎ᠤ ᠭᠤᠶᠤᠴᠢᠯᠠᠭ᠎ᠠ᠎ᠪᠠᠷ᠂ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠳᠥᠯᠥᠪᠦᠷᠢ ᠵᠢᠨ ᠮᠥᠩᠭᠦ ᠵᠢ ᠵᠤᠬᠢᠴᠠᠭᠤᠯᠵᠤ ᠪᠤᠯᠤᠨ᠎ᠠ᠃ ᠵᠤᠬᠢᠴᠠᠭᠤᠯᠵᠦ ᠪᠦᠳᠦᠭᠰᠡᠨ ᠦᠭᠡᠢ ᠪᠤᠯ᠂ ᠳᠤᠬᠠᠢ ᠵᠢᠨ ᠬᠦᠮᠦᠨ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠢᠷᠭᠡᠨ᠎ᠤ ᠬᠡᠷᠡᠭ᠎ᠤᠨ ᠵᠠᠷᠭᠤ ᠵᠢᠨ ᠬᠠᠦᠯᠢ》 ᠵᠢ ᠦᠨᠳᠦᠰᠦᠯᠡᠨ ᠠᠷᠠᠳ᠎ᠤᠨ ᠰᠢᠬᠦᠬᠦ ᠬᠤᠷᠢᠶᠠᠨ᠎ᠳᠤ ᠵᠠᠷᠭᠤᠯᠳᠤᠵᠤ ᠪᠤᠯᠤᠨ᠎ᠠ᠃
ᠤᠯᠢᠮᠫᠢᠺ᠎ᠤᠨ ᠪᠡᠯᠭᠡ ᠲᠡᠮᠳᠡᠭ᠎ᠢ ᠠᠰᠢᠭᠯᠠᠨ ᠬᠠᠭᠤᠷᠴᠦ ᠮᠡᠬᠡᠯᠡᠬᠦ ᠵᠡᠷᠭᠡ ᠬᠦᠳᠡᠯᠭᠡᠭᠡᠨ ᠶᠠᠪᠤᠭᠳᠠᠭᠤᠯᠵᠤ᠂ ᠶᠠᠯ᠎ᠠ ᠪᠤᠯᠵᠦ ᠪᠦᠷᠢᠯᠳᠦᠭᠰᠡᠨ ᠪᠤᠯ ᠡᠷᠡᠬᠦᠦ ᠵᠢᠨ ᠭᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
ᠠᠷᠪᠠᠨ ᠭᠤᠷᠪᠠᠳᠤᠭ᠋ᠠᠷ ᠵᠤᠷᠪᠤᠰ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠠᠵᠢᠯᠯᠠᠭ᠎ᠠ ᠵᠢ ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠠᠴᠠ ᠬᠠᠤᠯᠢ ᠶᠤᠰᠤᠭ᠋ᠠᠷ ᠪᠠᠢ᠌ᠴᠠᠭ᠋ᠠᠨ ᠰᠢᠢ᠍ᠳᠭᠡᠬᠦ ᠡᠷᠭᠡ᠎ᠲᠠᠢ᠃
ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠨᠢ ᠨᠢᠭᠡᠨᠳᠡ ᠤᠯᠳᠠᠭᠰᠠᠨ ᠬᠠᠤᠯᠢ ᠵᠦᠷᠢᠴᠡᠭᠰᠡᠨ ᠰᠡᠵᠢᠭ᠎ᠤᠨ ᠭᠡᠷᠡᠴᠢ ᠪᠤᠶᠤ ᠢᠯᠡᠴᠢᠯᠡᠨ ᠮᠡᠳᠡᠬᠦᠯᠥᠯᠳᠡ ᠵᠢ ᠦᠨᠳᠦᠰᠦᠯᠡᠨ᠂ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠠᠵᠢᠯᠯᠠᠭ᠎ᠠ ᠵᠢ ᠪᠠᠢ᠌ᠴᠠᠭ᠋ᠠᠨ ᠰᠢᠢ᠍ᠳᠪᠦᠷᠢᠯᠡᠬᠦ ᠦᠶ᠎ᠡ᠎ᠳᠤ ᠳᠤᠤᠷᠡᠬᠢ ᠠᠵᠢᠯ᠎ᠤᠨ ᠡᠷᠬᠡ ᠵᠢ ᠭᠡᠷᠡᠭᠯᠡᠵᠦ ᠪᠤᠯᠤᠨ᠎ᠠ᠄ (ᠨᠢᠭᠡ) ᠬᠠᠮᠢᠶ᠎ᠠ ᠪᠦᠬᠦᠢ ᠳᠤᠬᠠᠢ ᠵᠢᠨ ᠬᠦᠮᠦᠨ᠎ᠠᠴᠠ ᠠᠰᠠᠭᠤᠵᠤ᠂ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠬᠠᠮᠢᠶ᠎ᠠ ᠪᠦᠬᠦᠢ ᠪᠠᠢ᠌ᠳᠠᠯ᠎ᠢ ᠪᠠᠢ᠌ᠴᠠᠭ᠋ᠠᠨ᠎ᠠ᠃ (ᠬᠤᠶᠠᠷ) ᠡᠷᠬᠡᠨ᠎ᠳᠤ ᠬᠠᠯᠳᠠᠭᠰᠠᠨ ᠬᠦᠳᠡᠯᠭᠡᠭᠡᠨ᠎ᠲᠠᠢ ᠬᠠᠮᠢᠶ᠎ᠠ ᠪᠦᠬᠦᠢ ᠭᠡᠷ᠎ᠡ᠂ ᠪᠠᠷᠢᠮᠳᠠ᠂ ᠳᠠᠩᠰᠠ ᠵᠢᠴᠢ ᠪᠤᠰᠤᠳ ᠬᠠᠮᠢᠶ᠎ᠠ ᠪᠦᠬᠦᠢ ᠮᠠᠲᠸᠷᠢᠶᠠᠯ᠎ᠢ ᠤᠩᠰᠢᠵᠤ᠂ ᠬᠠᠭᠤᠯᠪᠤᠷᠢ ᠵᠢ ᠠᠪᠤᠨ᠎ᠠ᠃ (ᠭᠤᠷᠪᠠ) ᠳᠤᠬᠠᠢ ᠵᠢᠨ ᠬᠦᠮᠦᠨ᠎ᠤ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠭᠡᠨ᠎ᠳᠤ ᠬᠠᠯᠳᠠᠭᠰᠠᠨ ᠰᠡᠵᠢᠭ᠎ᠲᠠᠢ ᠬᠦᠳᠡᠯᠭᠡᠭᠡᠨ ᠤ ᠳᠠᠯᠠᠪᠤᠷ᠎ᠲᠤ ᠳᠤᠬᠠᠢ ᠵᠢᠨ ᠲᠠᠯᠠᠪᠤᠷ ᠤᠨ ᠪᠠᠢ᠌ᠴᠠᠭ᠋ᠠᠯᠳᠠ ᠬᠢᠨ᠎ᠡ᠃ (ᠳᠦᠷᠪᠡ) ᠡᠷᠬᠡᠨ᠎ᠳᠤ ᠬᠠᠯᠳᠠᠭᠰᠠᠨ ᠬᠦᠳᠡᠯᠬᠡᠬᠡᠨ᠎ᠤ ᠬᠠᠮᠢᠶ᠎ᠠ ᠪᠦᠬᠦᠢ ᠪᠤᠳᠠᠰ᠎ᠢ ᠪᠠᠢ᠌ᠴᠠᠭ᠋ᠠᠨ᠎ᠠ᠃ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠭᠡᠷᠡᠴᠢ᠎ᠲᠠᠢ ᠪᠤᠳᠠᠰ᠎ᠢ ᠪᠢᠳᠡᠬᠦᠮᠵᠢᠯᠡᠬᠦ ᠪᠤᠶᠤ ᠪᠠᠷᠢᠴᠠᠭ᠋ᠠᠯᠠᠨᠠ᠃
ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠦᠴᠢᠷ ᠨᠢ ᠡᠮᠦᠨᠡᠬᠢ ᠵᠤᠷᠪᠤᠰ᠎ᠲᠠᠬᠢ ᠠᠵᠢᠯ᠎ᠤᠨ ᠡᠷᠬᠡ᠎ᠪᠠᠨ ᠭᠡᠷᠡᠭᠵᠢᠬᠦᠯᠬᠦ ᠦᠶᠡᠰ ᠳᠤᠬᠠᠢ ᠵᠢᠨ ᠬᠦᠮᠦᠨ ᠬᠠᠪᠰᠤᠷᠴᠤ ᠬᠠᠮᠵᠢᠯᠴᠠᠨ᠂ ᠲᠡᠪᠴᠢᠬᠦ ᠪᠤᠶᠤ ᠰᠠᠭ᠋ᠠᠳ ᠬᠢᠵᠦ ᠪᠤᠯᠬᠤ ᠦᠭᠡᠢ᠃
ᠠᠷᠪᠠᠨ ᠲᠦᠷᠪᠡᠳᠦᠭᠡᠷ ᠵᠤᠷᠪᠤᠰ ᠭᠠᠳᠠᠭ᠋ᠠᠳᠤ᠎ᠳᠤ ᠭᠠᠷᠭ᠋ᠠᠬᠤ ᠪᠤᠶᠤ ᠭᠠᠳᠠᠭ᠋ᠠᠳᠤ᠎ᠠᠴᠠ ᠤᠷᠤᠭᠤᠯᠬᠤ ᠪᠠᠷᠠᠭ᠎ᠠ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡ᠎ᠳᠤ ᠬᠠᠯᠳᠠᠭᠰᠠᠨ ᠰᠡᠵᠢᠭ᠎ᠲᠠᠢ ᠪᠠᠢ᠌ᠪᠠᠯ᠂ ᠪᠤᠭᠤᠮᠳᠠ᠎ᠠᠴᠠ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠪᠤᠭᠤᠮᠳᠠ ᠵᠢᠨ ᠬᠠᠤᠯᠢ》 ᠪᠤᠯᠤᠨ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠮᠡᠳᠡᠯᠭᠡ ᠵᠢᠨ ᠦᠮᠴᠢᠯᠡᠯ᠎ᠤᠨ ᠡᠷᠭᠡ ᠵᠢ ᠬᠠᠮᠠᠭ᠋ᠠᠯᠠᠬᠤ ᠪᠤᠭᠤᠮᠳᠠ ᠵᠢᠨ ᠳᠦᠷᠢᠮ》᠎ᠳᠤ ᠳᠤᠭᠳᠠᠭ᠋ᠠᠭᠰᠠᠨ ᠡᠷᠬᠡ ᠪᠠ ᠶᠠᠪᠤᠴᠠ᠎ᠪᠠᠷ ᠯᠠᠪᠯᠠᠯᠳᠠ ᠪᠤᠯᠭ᠋ᠠᠨ ᠪᠠᠢ᠌ᠴᠠᠭ᠋ᠠᠨ ᠰᠢᠢ᠍ᠳᠪᠦᠷᠢᠯᠡᠵᠦ ᠪᠤᠯᠤᠨ᠎ᠠ᠃
ᠠᠷᠪᠠᠨ ᠲᠠᠪᠤᠳᠤᠭ᠋ᠠᠷ ᠵᠤᠷᠪᠤᠰ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡ᠎ᠳᠤ ᠬᠠᠯᠳᠠᠭᠰᠠᠨ ᠳᠦᠯᠥᠪᠦᠷᠢ ᠵᠢᠨ ᠮᠥᠩᠭᠦ ᠵᠢ ᠡᠷᠬᠡ ᠠᠰᠢᠭ᠎ᠤᠨ ᠬᠦᠮᠦᠨ᠎ᠤ ᠬᠤᠬᠢᠷᠠᠭᠰᠠᠨ ᠰᠦᠢ᠍ᠳᠥᠯ ᠪᠤᠶᠤ ᠡᠷᠬᠡᠨ᠎ᠳᠤ ᠬᠠᠯᠳᠠᠭᠰᠠᠨ ᠬᠦᠮᠦᠨ᠎ᠤ ᠡᠷᠬᠡᠨ᠎ᠳᠤ ᠬᠠᠯᠳᠠᠵᠤ ᠤᠯᠤᠭᠰᠠᠨ ᠠᠰᠢᠭ ᠵᠶ᠋ᠡᠷ ᠳᠤᠭᠳᠠᠭ᠋ᠠᠨ᠎ᠠ᠂ ᠡᠬᠦᠨ᠎ᠳᠤ ᠬᠠᠯᠳᠠᠭᠰᠠᠨ ᠠᠵᠢᠯᠯᠠᠭ᠎ᠠ ᠵᠢ ᠵᠤᠭᠰᠤᠭ᠋ᠠᠬᠤ ᠵᠢᠨ ᠳᠤᠯᠠᠳᠠ ᠵᠠᠷᠤᠴᠠᠭᠤᠯᠤᠭᠰᠠᠨ ᠵᠦᠢ ᠶᠤᠰᠤᠨ᠎ᠤ ᠵᠠᠷᠤᠳᠠᠯ᠎ᠢ ᠪᠠᠭᠳᠠᠭ᠋ᠠᠨ᠎ᠠ᠃ ᠡᠷᠭᠡᠨ᠎ᠳᠤ ᠬᠠᠯᠳᠠᠭᠳᠠᠭᠰᠠᠨ ᠬᠦᠮᠦᠨ᠎ᠤ ᠬᠤᠬᠢᠷᠡᠯ ᠪᠤᠶᠤ ᠡᠷᠬᠡ᠎ᠳᠤ ᠬᠠᠯᠳᠠᠭᠰᠠᠨ ᠬᠦᠮᠦᠨ᠎ᠤ ᠤᠯᠤᠭᠰᠠᠨ ᠠᠰᠢᠭ᠎ᠢ ᠳᠤᠭᠳᠠᠭ᠋ᠠᠬᠤ᠎ᠳᠤ ᠬᠦᠴᠢᠷᠳᠡᠢ ᠪᠤᠯ᠂ ᠳᠤᠰ ᠤᠯᠢᠮᠫᠢᠺ᠎ᠤᠨ ᠪᠡᠯᠭᠡ ᠲᠡᠮᠳᠡᠭ᠎ᠤᠨ ᠵᠦᠪᠰᠢᠶᠡᠷᠡᠯ᠎ᠢ ᠭᠡᠷᠡᠭᠯᠡᠬᠦ ᠵᠦᠢ ᠶᠤᠰᠤᠨ᠎ᠤ ᠵᠠᠷᠤᠳᠠᠯ᠎ᠢ ᠯᠠᠪᠯᠠᠨ ᠳᠤᠭᠳᠠᠭ᠋ᠠᠨ᠎ᠠ᠃
ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡ᠎ᠳᠤ ᠬᠠᠯᠳᠠᠭᠰᠠᠨ ᠭᠡᠳᠡᠭ᠎ᠢ ᠮᠡᠳᠡᠬᠦ ᠦᠭᠡᠢ ᠪᠦᠳᠦᠭᠡᠭᠳᠡᠬᠦᠨ᠎ᠢ ᠪᠤᠷᠤᠯᠠᠭᠤᠯᠤᠭᠰᠠᠨ ᠪᠤᠯ᠂ ᠳᠤᠰ ᠪᠦᠳᠦᠭᠡᠭᠳᠡᠬᠦᠨ᠎ᠢ ᠥᠪᠡᠷ ᠵᠶ᠋ᠡᠨ ᠬᠠᠤᠯᠢ ᠶᠤᠰᠤ᠎ᠪᠠᠷ ᠤᠯᠤᠭᠰᠠᠨ ᠭᠡᠬᠦ ᠵᠢ ᠭᠡᠷᠡᠴᠢᠯᠡᠵᠦ ᠲᠡᠢ᠌ᠯᠬᠦ ᠮᠦᠷᠳᠡᠭᠡᠨ ᠬᠠᠩᠭ᠋ᠠᠬᠰᠠᠨ ᠡᠳᠡᠭᠡᠳ ᠢ ᠲᠤᠳᠤᠷᠬᠠᠢ᠌ᠯᠠᠪᠠᠯ ᠂ ᠳᠦᠯᠥᠪᠦᠷᠢ ᠵᠢᠨ ᠬᠠᠷᠢᠭᠤᠴᠠᠯᠭ᠎ᠠ ᠡᠬᠦᠷᠬᠡᠯᠡᠬᠦ ᠦᠭᠡᠢ᠃
ᠠᠷᠪᠠᠨ ᠵᠢᠷᠭᠤᠳᠤᠭ᠋ᠠᠷ ᠵᠤᠷᠪᠤᠰ ᠤᠯᠢᠮᠫᠢᠺ᠎ᠤᠨ ᠪᠡᠯᠭᠡ ᠲᠡᠮᠳᠡᠭ᠎ᠨᠢ ᠳᠤᠰ ᠳᠦᠷᠢᠮ᠎ᠤᠨ ᠬᠠᠮᠠᠭ᠋ᠠᠯᠠᠯᠳᠠ᠎ᠲᠠᠢ᠎ᠠᠴᠠ ᠭᠠᠳᠠᠨ᠎ᠠ᠂ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠵᠤᠬᠢᠶᠠᠭᠴᠢ ᠵᠢᠨ ᠡᠷᠬᠡ ᠵᠢᠨ ᠬᠠᠤᠯᠢ》᠂ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠤᠳᠠᠯᠳᠤᠭ᠋ᠠᠨ᠎ᠤ ᠳᠡᠮᠳᠡᠭ᠎ᠤᠨ ᠬᠠᠤᠯᠢ》᠂ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠲᠤᠰᠬᠠᠢ ᠠᠰᠢᠭ᠎ᠤᠨ ᠬᠠᠦᠯᠢ》᠂ 《ᠤᠨᠴᠠᠭ᠋ᠠᠢ ᠳᠡᠮᠳᠡᠭ᠎ᠤᠨ ᠬᠠᠮᠢᠶᠠᠷᠤᠯᠳᠠ ᠵᠢᠨ ᠳᠦᠷᠢᠮ》 ᠵᠡᠷᠭᠡ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠳᠦᠷᠢᠮ᠎ᠢ ᠦᠨᠳᠦᠰᠦᠯᠡᠨ ᠬᠠᠮᠠᠭ᠋ᠠᠯᠠᠭᠳᠠᠨ᠎ᠠ᠃
ᠠᠷᠪᠠᠨ ᠲᠤᠯᠤᠳᠤᠭ᠋ᠠᠷ ᠵᠤᠷᠪᠤᠰ ᠵᠡᠮᠳᠡᠭᠴᠤᠳ᠎ᠤᠨ ᠤᠯᠢᠮᠫᠢᠺ᠎ᠤᠨ ᠴᠤᠭᠯᠠᠭ᠋ᠠᠨ᠎ᠤ ᠬᠠᠮᠢᠶ᠎ᠠ ᠪᠦᠬᠦᠢ ᠪᠡᠯᠭᠡ ᠲᠡᠮᠳᠡᠭ᠎ᠤᠨ ᠬᠠᠮᠠᠭ᠋ᠠᠯᠠᠯᠳᠠ᠎ᠨᠢ ᠲᠤᠰ ᠲᠦᠷᠢᠮ ᠢ ᠯᠠᠪᠯᠠᠵᠦ ᠬᠡᠷᠡᠭᠵᠢᠭᠦᠯᠦᠨ᠎ᠡ᠃
ᠠᠷᠪᠠᠨ ᠨᠠᠢ᠍ᠮᠠᠳᠤᠭ᠋ᠠᠷ ᠵᠤᠷᠪᠤᠰ ᠳᠤᠰ ᠳᠦᠷᠢᠮ᠎ᠢ 2018 ᠤᠨ᠎ᠤ 7 ᠰᠠᠷ᠎ᠡ ᠵᠢᠨ 31᠎ᠤ ᠡᠳᠦᠷ᠎ᠠᠴᠠ ᠡᠬᠢᠯᠡᠨ ᠭᠡᠷᠡᠭᠵᠢᠬᠦᠯᠦᠨ᠎ᠡ᠃