ᠪᠡᠶ᠎ᠡ ᠵᠢᠨ ᠲᠠᠮᠢᠷ᠎ᠤᠨ ᠬᠦᠮᠦᠵᠢᠯ᠂ ᠣᠶᠤᠨ᠎ᠤ ᠬᠦᠮᠦᠵᠢᠯ᠎ᠢ ᠠᠳᠠᠯᠢᠬᠠᠨ ᠴᠢᠬᠤᠯᠠᠴᠢᠯᠠᠵᠤ᠂ ᠡᠯ᠎ᠡ ᠲᠠᠯ᠎ᠠ᠎ᠪᠠᠷ ᠬᠦᠭᠵᠢᠭᠰᠡᠨ ᠡᠬᠡ ᠣᠷᠤᠨ᠎ᠤ ᠢᠷᠡᠭᠡᠳᠦᠢ ᠵᠢᠨ ᠡᠵᠡᠳᠢ ᠬᠦᠮᠦᠵᠢᠭᠦᠯᠬᠦ᠎ᠪᠠᠷ ᠭᠤᠤᠯᠳᠠᠯᠭ᠎ᠠ ᠪᠣᠯᠭ᠋ᠠᠳᠠᠭ ᠰᠤᠷᠭ᠋ᠠᠨ ᠬᠦᠮᠦᠵᠢᠯ᠎ᠤᠨ ᠬᠡᠪ ᠵᠠᠭᠪᠤᠷ᠎ᠤᠨ ᠠᠮᠵᠢᠯᠳᠠ ᠲᠤᠳᠤᠷᠠᠭᠤᠯᠵᠦ᠂ ᠠᠪᠠᠭ᠎ᠠ ᠬᠣᠰᠢᠭᠤᠨ᠎ᠤ ᠬᠣᠶᠠᠳᠤᠭ᠋ᠠᠷ ᠳᠤᠮᠳᠠᠳᠤ ᠰᠤᠷᠭ᠋ᠠᠭᠤᠯᠢ ᠵᠢᠨ ᠥᠨᠳᠦᠷ ᠬᠣᠶᠠᠷ᠎ᠤᠨ 69 ᠠᠩᠭᠢ ᠵᠢᠨ ᠥᠷᠯᠦᠭ 2019 ᠣᠨ᠎ᠳᠤ ᠪᠦᠬᠦ ᠤᠯᠤᠰ᠎ᠤᠨ ᠳᠡᠯᠡᠬᠡᠢ ᠵᠢᠨ ᠰᠢᠲᠠᠷ᠎ᠠ ᠵᠢᠨ ᠤᠷᠤᠯᠳᠤᠭ᠋ᠠᠨ᠎ᠳᠤ ᠲᠡᠷᠢᠭᠦᠯᠡᠨ᠂ ᠠᠷᠪᠠᠨ ᠨᠢᠭᠡᠲᠠᠢᠳᠤᠪᠠᠨ ᠳᠡᠯᠡᠭᠡᠢ ᠵᠢᠨ ᠰᠢᠲᠠᠷ᠎ᠠ ᠵᠢᠨ ᠳᠡᠳ᠋ ᠮᠠᠰᠲᠸᠷ ᠴᠤᠯᠠ ᠬᠦᠷᠳᠡᠵᠦ ᠪᠢᠯᠡ᠃
ᠪᠢᠳᠡᠨ᠎ᠢ ᠬᠦᠷᠬᠦ᠎ᠳᠤ ᠪᠠᠭᠰᠢ᠎ᠨᠢ ᠨᠢᠭᠡ ᠵᠡᠷᠭᠡ 《ᠶᠡᠬᠡ ᠪᠠᠭᠰᠢ᠎ᠲᠠᠢ ᠠᠭᠤᠯᠵᠠᠭᠤᠯᠤᠶ᠎ᠠ》 ᠭᠡᠳ ᠪᠠᠢ᠌ᠭᠰᠠᠨ᠎ᠨᠢ ᠰᠤᠷᠤᠭᠴᠢ ᠥᠷᠯᠦᠭ ᠵᠶ᠋ᠡᠨ ᠬᠡᠯᠡᠵᠦ ᠪᠠᠢ᠌ᠭᠰᠠᠨ ᠠᠵᠢ᠃ ᠶᠠᠭᠤᠨ᠎ᠳᠤ ᠢᠩᠭᠢᠵᠦ ᠳᠠᠭᠤᠳᠠᠵᠤ ᠪᠠᠢ᠌ᠭ᠎ᠠ ᠲᠤᠬᠠᠢ ᠤᠬᠤᠴᠢᠯᠠᠬᠤ᠎ᠳᠤ ᠪᠠᠭᠰᠢ᠎ᠨᠢ᠄ 《ᠰᠢᠲᠠᠷ᠎ᠠ ᠵᠢᠨ ᠴᠣᠯᠠ᠎ᠪᠠᠷ᠎ᠨᠢ ᠨᠠᠭ᠋ᠠᠳᠤᠮ ᠬᠢᠭᠡᠳ ᠲᠠᠭᠤᠳᠠᠭᠰᠠᠨ ᠶᠤᠮ ᠡ》 ᠭᠡᠵᠦ ᠪᠠᠢ᠌ᠭᠰᠠᠨ ᠴᠤ᠌ ᠰᠤᠷᠤᠭᠴᠢ᠎ᠪᠠᠷ ᠵᠶ᠋ᠠᠨ ᠪᠠᠬᠠᠷᠬᠠᠭᠰᠠᠨ ᠪᠠᠭᠰᠢ ᠬᠦᠮᠦᠨ᠎ᠤ ᠣᠮᠤᠭᠰᠢᠯᠲᠤ ᠰᠡᠳᠭᠢᠯ ᠲᠣᠳᠤᠬᠠᠨ ᠪᠠᠢ᠌ᠯ᠎ᠠ᠃
ᠶᠡᠬᠡᠭᠣᠣᠯ ᠰᠤᠮᠤᠨ᠎ᠤ ᠶᠡᠬᠡᠠᠤᠰᠤ ᠭᠠᠴᠠᠭ᠋ᠠᠨ᠎ᠤ ᠮᠠᠯᠴᠢᠨ ᠥᠷᠭᠡᠨᠪᠠᠶᠠᠷ ᠴᠠᠭ᠋ᠠᠨᠯᠢᠩᠬᠤᠸᠠ ᠵᠢᠨ ᠬᠦᠦ ᠥᠷᠯᠦᠭ ᠠᠩᠬ᠎ᠠ ᠡᠪᠦᠯ᠎ᠤᠨ ᠠᠮᠠᠷᠠᠯᠲᠠ᠎ᠪᠠᠷ ᠵᠶ᠋ᠠᠨ ᠨᠠᠭ᠋ᠠᠴᠤ ᠵᠢᠨ᠎ᠳᠤ᠎ᠪᠠᠨ ᠣᠴᠢᠭ᠋ᠠᠳ ᠠᠬᠠᠠᠴᠠᠪᠠᠨ ᠰᠢᠲᠠᠷ᠎ᠠ ᠵᠢᠨ ᠶᠠᠪᠤᠳᠠᠯ᠎ᠢ᠎ᠨᠢ ᠰᠤᠷᠴᠠᠢ᠂ ᠡᠢ᠌ᠨ ᠠᠩᠬ᠎ᠠ ᠠᠯᠬᠤᠮ᠎ᠤᠨ ᠰᠠᠭᠤᠷᠢ᠎ᠲᠠᠢ ᠪᠤᠯᠤᠭᠰᠠᠨ ᠲᠡᠷᠡᠪᠡᠷ ᠳᠠᠷᠠᠭ᠎ᠠ ᠬᠤᠭᠤᠴᠠᠭ᠎ᠠ᠎ᠨᠢ ᠰᠤᠷᠭ᠋ᠠᠭᠤᠯᠢ᠎ᠳᠤ᠎ᠪᠠᠨ ᠢᠷᠡᠭᠡᠳ ᠰᠢᠲᠠᠷ᠎ᠠ ᠵᠢᠨ ᠳᠤᠷ᠎ᠠ ᠰᠣᠨᠢᠷᠬᠠᠯ᠎ᠤᠨ ᠠᠩᠭᠢ᠎ᠳᠤ ᠨᠡᠷ᠎ᠡ ᠮᠡᠳᠡᠭᠦᠯᠦᠨ ᠰᠢᠰᠲᠸᠮ᠎ᠲᠠᠢ ᠰᠤᠷᠤᠭᠰᠠᠨ ᠠᠵᠢ᠃ ᠲᠤᠬᠠᠢ ᠵᠢᠨ ᠦᠶ᠎ᠡ᠎ᠳᠤ ᠪᠠᠭ᠎ᠠ ᠰᠤᠷᠭ᠋ᠠᠭᠤᠯᠢ ᠵᠢᠨ ᠬᠣᠶᠠᠳᠤᠭ᠋ᠠᠷ ᠣᠨ ᠪᠠᠢ᠌ᠭᠰᠠᠨ᠂ ᠣᠳᠤ ᠪᠣᠯᠬᠤ᠎ᠳᠤ ᠰᠢᠲᠠᠷ᠎ᠠ ᠰᠤᠷᠤᠭ᠋ᠠᠳ ᠨᠠᠢ᠍ᠮᠠᠨ ᠵᠢᠯ᠎ᠤᠨ ᠨᠢᠭᠤᠷ ᠦᠵᠡᠵᠦ ᠪᠣᠢ᠂ ᠲᠡᠷᠡ ᠴᠠᠭ᠎ᠠᠴᠠ ᠯᠡ ᠣᠳᠤ ᠬᠦᠷᠲᠡᠯ᠎ᠡ ᠬᠦᠯᠭᠡᠨ ᠲᠡᠭᠡᠷ᠎ᠡ ᠶᠡᠭᠡ ᠪᠠᠭ᠎ᠠ ᠵᠢᠷᠠᠭ᠋ᠠᠳ ᠤᠷᠤᠯᠳᠤᠭ᠋ᠠᠨ᠎ᠳᠤ ᠤᠷᠤᠯᠴᠠᠵᠦ᠂ ᠤᠲᠠᠰᠤᠨ ᠳᠡᠭᠡᠷ᠎ᠡ ᠪᠠᠰᠠ ᠣᠯᠠᠨ ᠤᠷᠤᠯᠳᠤᠭ᠋ᠠᠨ᠎ᠳᠤ ᠪᠢᠯᠢᠭ ᠰᠣᠷᠢᠵᠠᠢ᠃
ᠬᠠᠮᠤᠭ ᠲᠦᠷᠦᠭᠦᠦ ᠲᠠᠢ᠌ᠪᠤᠰᠸ ᠬᠣᠰᠢᠭᠤᠨ᠎ᠳᠤ ᠶᠠᠪᠤᠭᠳᠠᠭᠰᠠᠨ ᠶᠢᠰᠦᠳᠦᠭᠡᠷ ᠤᠳᠠᠭ᠋ᠠᠨ᠎ᠤ 《ᠪᠢᠯᠢᠭ᠎ᠤᠨ ᠰᠣᠢ᠌ᠯᠭ᠎ᠠ》 ᠰᠢᠲᠠᠷ᠎ᠠ ᠵᠢᠨ ᠤᠷᠤᠯᠳᠤᠭ᠋ᠠᠨ᠎ᠳᠤ ᠣᠷᠤᠯᠴᠠᠨ ᠳ᠋ᠤᠭ᠋ᠠᠷ᠎ᠲᠤ ᠣᠷᠤᠵᠤ ᠳᠡᠢ᠌ᠯᠦᠭᠰᠡᠨ ᠦᠭᠡᠢ᠂ ᠭᠡᠪᠡᠴᠦ ᠲᠡᠷᠡ ᠵᠤᠷᠢᠭ ᠮᠤᠬᠤᠵᠦ ᠬᠤᠢ᠌ᠰᠢ ᠤᠬᠤᠷᠢᠭᠰᠠᠨ ᠦᠭᠡᠢ᠂ ᠬᠠᠷᠢᠨ ᠲᠡᠷᠡ ᠲᠤᠮᠳᠠ᠎ᠠᠴᠠ ᠲᠤᠷᠰᠢᠯᠭ᠎ᠠ ᠰᠤᠷᠭ᠋ᠠᠮᠵᠢ ᠬᠤᠷᠠᠮᠳᠤᠭᠤᠯᠤᠨ᠂ ᠤᠯᠠᠮ ᠴᠦ᠍ ᠰᠢᠮᠳᠠᠨ ᠰᠤᠷᠤᠯᠴᠠᠵᠦ᠂ ᠰᠢᠳᠠᠷ᠎ᠠ ᠨᠠᠭ᠋ᠠᠳᠬᠤ ᠤᠷ᠎ᠠ ᠮᠡᠷᠭᠡᠵᠢᠯ ᠵᠶ᠋ᠠᠨ ᠲᠡᠭᠡᠭᠰᠢᠯᠡᠬᠦᠯᠦᠭᠰᠡᠨ᠎ᠠᠴᠠ ᠳᠠᠷᠠᠭ᠎ᠠ ᠵᠢᠯ᠎ᠨᠢ ᠬᠥᠪᠡᠭᠡᠲᠦ ᠰᠢᠷ᠎ᠠ ᠬᠤᠰᠢᠭᠤᠨ᠎ᠳᠤ ᠶᠠᠪᠤᠭᠳᠠᠭᠰᠠᠨ ᠠᠷᠪᠠᠳᠤᠭ᠋ᠠᠷ ᠤᠳᠠᠭ᠋ᠠᠨ᠎ᠤ 《ᠪᠢᠯᠢᠭ᠎ᠤᠨ ᠰᠣᠢ᠌ᠯᠭ᠎ᠠ》 ᠰᠢᠲᠠᠷ᠎ᠠ ᠵᠢᠨ ᠤᠷᠤᠯᠳᠤᠭ᠋ᠠᠨ᠎ᠳᠤ ᠲᠡᠷᠢᠭᠦᠯᠡᠨ ᠤᠯᠠᠮ ᠵᠶ᠋ᠠᠷ ᠵᠣᠷᠢᠭᠵᠢᠵᠤ ᠲᠡᠷᠡ᠎ᠨᠢ ᠴᠢᠨᠠᠭᠰᠢᠳᠠ ᠮᠡᠷᠡᠢ᠌ᠬᠦ ᠬᠦᠴᠦᠨ ᠪᠣᠯᠤᠭᠰᠠᠨ ᠪᠢᠯᠡ᠃
ᠣᠳᠤ ᠪᠣᠯᠬᠤ᠎ᠳᠤ ᠥᠷᠯᠦᠭ ᠲᠣᠮᠤᠴᠤᠳᠤᠨ ᠤᠷᠤᠯᠳᠤᠭ᠋ᠠᠨ᠎ᠳᠤ ᠴᠤ᠌ ᠣᠷᠤᠵᠤ ᠪᠠᠢ᠌ᠭ᠎ᠠ᠂ ᠨᠢᠳᠤᠨᠤᠨ ᠠᠪᠠᠭ᠎ᠠ ᠬᠣᠰᠢᠭᠤᠨ᠎ᠤ ᠨᠠᠢ᠍ᠮᠠᠳᠤᠭ᠋ᠠᠷ ᠬᠤᠭᠤᠴᠠᠭ᠋ᠠᠨ᠎ᠤ ᠠᠷᠠᠳ᠎ᠤᠨ ᠶᠡᠬᠡ ᠨᠠᠭ᠋ᠠᠳᠤᠮ᠎ᠳᠤ 256 ᠰᠢᠲᠠᠷᠠᠴᠢᠨ ᠲᠤᠮᠳᠠ᠎ᠠᠴᠠ ᠴᠤᠯᠭᠤᠷᠠᠨ ᠲᠡᠷᠢᠬᠦᠯᠡᠭᠡᠳ 1 ᠲᠦᠮᠡᠨ ᠲᠦᠭᠦᠷᠢᠭ᠎ᠤᠨ ᠳᠡᠭᠡᠷ᠎ᠡ ᠠ᠊ · ᠨᠣᠷᠪᠤ ᠭᠤᠸᠠᠢ ᠵᠢᠨ ᠰᠡᠢ᠌ᠯᠦᠭᠰᠡᠨ ᠲᠦᠮᠡ ᠭᠠᠷᠤᠢ ᠲᠥᠭᠦᠷᠢᠭ᠎ᠤᠨ ᠥᠷᠲᠡᠭ ᠪᠦᠬᠦᠢ ᠰᠢᠲᠠᠷ᠎ᠠ ᠵᠢᠨ ᠱᠠᠩᠨᠠᠯ ᠲᠣᠰᠴᠤ᠂ ᠠᠪᠤ ᠡᠵᠢ᠂ ᠨᠤᠲᠤᠭ ᠤᠰᠤᠨ᠎ᠤ᠎ᠬᠢᠨ ᠵᠶ᠋ᠡᠨ ᠠᠷᠭ᠎ᠠ ᠦᠭᠡᠢ ᠪᠠᠶᠠᠷᠯᠠᠭᠤᠯᠤᠭᠰᠠᠨ ᠪᠠᠢ᠌ᠨ᠎ᠠ᠃ ᠮᠦᠨᠴᠦ ᠵᠠᠷᠤᠳ ᠬᠣᠰᠢᠭᠤᠨ᠎ᠤ ᠠᠷᠪᠠᠨ ᠵᠢᠷᠭᠤᠳᠤᠭ᠋ᠠᠷ ᠤᠳᠠᠭ᠋ᠠᠨ᠎ᠤ ᠠᠷᠠᠳ᠎ᠤᠨ ᠶᠡᠬᠡ ᠨᠠᠭ᠋ᠠᠳᠤᠮ᠎ᠳᠤ ᠳᠡᠳ᠋ᠯᠡᠭᠰᠡᠨ ᠵᠡᠷᠭᠡ᠎ᠪᠠᠷ ᠲᠡᠭᠦᠨ᠎ᠤ ᠠᠮᠵᠢᠯᠲᠠ ᠣᠯᠠᠨ᠎ᠲᠠᠢ᠃ ᠠᠮᠠᠷᠠᠯᠲᠠ᠎ᠪᠠᠷ ᠵᠶ᠋ᠠᠨ ᠤᠷᠤᠯᠳᠤᠭ᠋ᠠᠨ ᠵᠶ᠋ᠠᠷ ᠰᠠᠢ᠌ᠨ ᠨᠠᠭ᠋ᠠᠳᠪᠠᠯ ᠳᠠᠷᠠᠭ᠎ᠠ ᠬᠤᠭᠤᠴᠠᠭ᠋ᠠᠨ᠎ᠤ ᠰᠤᠯᠠ ᠵᠠᠷᠤᠳᠠᠯ ᠵᠶ᠋ᠠᠨ ᠪᠠᠷᠤᠭ ᠣᠯᠴᠢᠬᠠᠳᠠᠭ᠎ᠨᠢ ᠴᠤ᠌ ᠦᠷᠯᠦᠭ᠎ᠲᠤ ᠠᠪᠴᠦ ᠬᠡᠯᠡᠪᠡᠯ ᠤᠷᠮ᠎ᠠ᠂ ᠭᠡᠷ ᠪᠦᠯᠢ᠎ᠳᠤ᠎ᠨᠢ ᠠᠪᠴᠤ ᠬᠡᠯᠡᠪᠡᠯ ᠪᠠᠭ᠎ᠠ ᠴᠦ᠍ ᠭᠡᠰᠡᠨ ᠠᠵᠦ ᠠᠬᠤᠢ ᠵᠢᠨ ᠨᠠᠮᠡᠷᠢ ᠭᠡᠵᠦ ᠬᠡᠯᠡᠵᠦ ᠪᠤᠯᠤᠨ᠎ᠠ᠃
《ᠶᠡᠬᠡ ᠮᠦᠷᠡᠨ ᠳᠦᠯᠭᠡᠨ᠂ ᠡᠷᠳᠡᠮᠲᠦ ᠬᠦᠮᠦᠨ ᠳᠠᠷᠤᠤ》 ᠭᠡᠳᠡᠭᠴᠢᠯᠡᠨ ᠦᠷᠯᠦᠭ ᠦᠶ᠎ᠡ ᠬᠤᠷᠠᠭᠤᠨᠬᠢᠨᠠᠴᠠᠪᠠᠨ ᠤᠷᠢᠳ ᠰᠢᠳᠠᠷ᠎ᠠ ᠵᠢᠨ ᠣᠷᠭᠢᠯ᠎ᠳᠤ ᠣᠢ᠌ᠷᠠᠲᠤᠭᠰᠠᠨ ᠴᠤ᠌ ᠡᠭᠡᠯ ᠳᠠᠷᠤᠤ ᠵᠠᠩ᠎ᠨᠢ ᠬᠡᠪ ᠵᠶ᠋ᠡᠷ ᠵᠶ᠋ᠡᠨ ᠪᠠᠢ᠌ᠭᠰᠠᠨ᠎ᠨᠢ ᠤᠯᠠᠮ ᠢᠯᠡᠭᠦᠦ ᠪᠠᠬᠠᠷᠤᠯ ᠲᠡᠳᠠᠨᠠ᠃ ᠦᠷᠯᠦᠭ᠄ 《ᠬᠣᠵᠢᠮ ᠨᠢᠭᠡᠳᠦᠭᠡᠷ ᠳᠡᠰ᠎ᠤᠨ ᠰᠢᠲᠠᠷᠠᠴᠢᠨ ᠵᠶ᠋ᠡᠨ ᠠᠪᠬᠤ᠎ᠪᠠᠷ ᠴᠢᠷᠮᠠᠢ᠌ᠨ᠎ᠠ》 ᠬᠡᠮᠡᠨ ᠵᠣᠷᠢᠮᠠᠭ ᠬᠢᠷᠢᠨ᠎ᠡ ᠳᠠᠷᠤᠤᠬᠠᠨ ᠤᠴᠢᠷᠯᠠᠨ᠎ᠠ᠃
ᠰᠢᠯᠢᠳᠡᠭ ᠰᠤᠷᠤᠭᠴᠢ ᠴᠣᠯᠭᠤᠷᠠᠨᠠ ᠭᠡᠳᠡᠭ ᠰᠤᠷᠭ᠋ᠠᠭᠤᠯᠢ ᠵᠢᠨ ᠲᠠᠯ᠎ᠠ᠎ᠠᠴᠠ ᠶᠠᠷᠢᠶᠡᠨ ᠦᠭᠡᠢ ᠡᠨᠡ ᠲᠠᠯ᠎ᠠ ᠵᠢᠨ ᠰᠠᠢ᠌ᠨ ᠬᠦᠮᠦᠵᠢᠯ᠂ ᠰᠠᠢ᠌ᠬᠠᠨ ᠣᠷᠴᠢᠨ ᠨᠦᠬᠦᠴᠡᠯ᠎ᠲᠠᠢ ᠪᠠᠢ᠌ᠵᠤ ᠯᠡ ᠲᠠᠭ᠋ᠠᠷᠠᠨ᠎ᠠ᠃ ᠠᠪᠠᠭ᠎ᠠ ᠬᠣᠰᠢᠭᠤᠨ᠎ᠤ ᠬᠣᠶᠠᠳᠤᠭ᠋ᠠᠷ ᠳᠤᠮᠳᠠᠳᠤ ᠰᠤᠷᠭ᠋ᠠᠭᠤᠯᠢ᠎ᠨᠢ ᠣᠯᠠᠨ ᠵᠢᠯ᠎ᠤᠨ ᠡᠮᠦᠨ᠎ᠡ᠎ᠠᠴᠠ ᠬᠡᠳᠦᠨ ᠦᠶ᠎ᠡ ᠵᠢᠨ ᠵᠠᠬᠢᠷᠤᠯ ᠰᠡᠳᠭᠢᠯ ᠨᠢᠭᠡᠲᠡᠢ ᠮᠣᠩᠭᠤᠯ ᠰᠢᠲᠠᠷ᠎ᠠ ᠵᠢᠨ ᠬᠦᠮᠦᠵᠢᠯ᠎ᠢ ᠴᠢᠬᠤᠯᠠᠴᠢᠯᠠᠭᠰᠠᠭ᠋ᠠᠷ ᠢᠷᠡᠵᠡᠢ᠃ 2012 ᠤᠨ᠎ᠳᠤ ᠲᠤᠰᠬᠠᠢ ᠮᠣᠩᠭᠤᠯ ᠰᠢᠲᠠᠷ᠎ᠠ ᠵᠢᠨ ᠳᠤᠷ᠎ᠠ ᠰᠣᠨᠢᠷᠬᠠᠯ᠎ᠤᠨ ᠠᠩᠭᠢ ᠭᠠᠷᠭ᠋ᠠᠵᠤ᠂ 2014 ᠣᠨ᠎ᠠᠴᠠ ᠰᠢᠷᠡᠭᠡ ᠰᠠᠨᠳᠠᠯᠢ᠎ᠠᠴᠠ ᠡᠬᠢᠯᠡᠨ ᠪᠦᠬᠦ ᠵᠦᠢ᠍ᠯ᠎ᠢ ᠮᠠᠰᠢ ᠪᠦᠷᠢᠨ ᠲᠥᠬᠦᠷ ᠪᠤᠯᠭ᠋ᠠᠨ᠂ ᠤᠳᠤ ᠪᠤᠯᠬᠤ᠎ᠳᠤ ᠡᠨᠡᠬᠦ ᠲᠤᠷ᠎ᠠ ᠰᠤᠨᠢᠷᠬᠠᠯ᠎ᠤᠨ ᠠᠩᠬᠢ᠎ᠳᠤ᠎ᠪᠠᠨ 32 ᠰᠤᠷᠤᠭᠴᠢ᠎ᠲᠠᠢ ᠪᠠᠢ᠌ᠵᠦ᠂ ᠰᠤᠶᠤᠯᠲᠤ ᠪᠠᠭᠰᠢ ᠮᠡᠷᠭᠡᠵᠢᠯ᠎ᠤᠨ ᠪᠠᠭᠰᠢ᠎ᠪᠠᠷ ᠬᠢᠴᠢᠶᠡᠯᠯᠡᠵᠦ ᠪᠠᠢ᠌ᠭ᠎ᠠ᠃ ᠪᠠᠰᠠ ᠤᠷᠤᠨ᠎ᠤ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠮᠤᠩᠭᠤᠯ ᠰᠢᠳᠠᠷ᠎ᠠ ᠰᠡᠢ᠌ᠯᠦᠮᠡᠯ᠎ᠤᠨ ᠤᠷ᠎ᠠ ᠮᠡᠷᠭᠡᠵᠢᠯ᠎ᠤᠨ ᠤᠯᠠᠮᠵᠢᠯᠠᠭᠴᠢ ᠠ᠊ · ᠨᠣᠷᠪᠤ ᠭᠤᠸᠠᠢ᠎ᠠᠴᠠ 200 ᠰᠢᠲᠠᠷ᠎ᠠ ᠲᠤᠰᠬᠠᠢ ᠵᠠᠬᠢᠶᠠᠯᠠᠵᠤ ᠠᠩᠭᠢ ᠪᠣᠯᠭ᠋ᠠᠨ᠎ᠳᠤ 4 ᠰᠢᠲᠠᠷ᠎ᠠ ᠦᠭᠴᠦ᠂ 2013 《ᠬᠠᠩᠭ᠋ᠠᠢ ᠰᠢᠲᠠᠷ᠎ᠠ ᠵᠢᠨ ᠦᠷᠦᠭᠡ》 ᠭᠡᠵᠦ ᠲᠤᠰᠬᠠᠢ ᠰᠢᠲᠠᠷ᠎ᠠ ᠵᠢᠨ ᠥᠷᠦᠭᠡ ᠲᠤᠬᠢᠷᠠᠭᠤᠯᠤᠨ᠂ ᠠᠯᠲᠠᠨᠬᠤᠶᠠᠭ ᠪᠠᠭᠰᠢ ᠵᠢ ᠲᠤᠰᠬᠠᠢ ᠰᠤᠷᠭ᠋ᠠᠭᠴᠢ᠎ᠪᠠᠷ ᠤᠷᠢᠵᠤ ᠠᠵᠢᠯᠯᠠᠭᠤᠯᠵᠤ ᠪᠠᠢ᠌ᠭᠰᠠᠨ᠃ ᠤᠳᠤ ᠪᠣᠯᠬᠤ᠎ᠳᠤ 120 ᠬᠦᠮᠦᠨ᠎ᠤ ᠤᠷᠤᠯᠳᠤᠭ᠋ᠠᠨ ᠡᠷᠬᠢᠯᠡᠬᠦ ᠬᠡᠮᠵᠢᠶᠡᠨ᠎ᠤ ᠰᠢᠷᠡᠭᠡ ᠰᠠᠨᠳᠠᠯᠢ᠂ ᠤᠷᠤᠯᠳᠤᠭ᠋ᠠᠨ᠎ᠳᠤ ᠬᠡᠷᠡᠭᠯᠡᠬᠦ ᠴᠠᠭ᠂ ᠺᠣᠮᠫᠢᠦ᠋ᠲ᠋ᠧᠷ᠂ ᠳᠠᠷᠤᠮᠠᠯᠯᠠᠬᠤ ᠮᠠᠰᠢᠨ ᠵᠡᠷᠭᠡ ᠵᠢ ᠢᠵᠢ ᠪᠦᠷᠢᠳᠦᠬᠦᠯᠦᠭᠰᠡᠨ ᠮᠡᠷᠭᠡᠵᠢᠯ᠎ᠤᠨ ᠤᠷᠤᠯᠳᠤᠭ᠋ᠠᠨ᠎ᠤ ᠬᠡᠷᠡᠭᠰᠡᠯ᠎ᠲᠠᠢ ᠪᠠᠢ᠌ᠵᠤ᠂ ᠰᠤᠷᠤᠭᠴᠢᠳ ᠰᠤᠯᠠ ᠰᠡᠯᠡᠭᠦᠦ ᠴᠠᠭ ᠵᠶ᠋ᠠᠷ ᠵᠶ᠋ᠠᠨ ᠴᠤ᠌ ᠨᠠᠭ᠋ᠠᠳᠬᠤ ᠨᠦᠬᠦᠴᠡᠯ᠎ᠢ ᠬᠠᠩᠭ᠋ᠠᠭᠰᠠᠨ ᠶᠤᠮ᠃ ᠡᠬᠦᠨ᠎ᠠᠴᠠ ᠭᠠᠳᠠᠨ᠎ᠠ ᠵᠢᠯ᠎ᠳᠤ᠎ᠪᠠᠨ ᠬᠣᠶᠠᠷ ᠤᠳᠠᠭ᠋ᠠᠨ᠎ᠤ ᠤᠷᠤᠯᠳᠤᠭ᠋ᠠᠨ ᠡᠷᠬᠢᠯᠡᠳᠡᠭ᠂ ᠨᠠᠮᠤᠷ᠎ᠤᠨ ᠪᠡᠶ᠎ᠡ ᠲᠠᠮᠢᠷ᠎ᠤᠨ ᠤᠷᠤᠯᠳᠤᠭ᠋ᠠᠨ ᠪᠠ ᠤᠶᠤᠨ᠎ᠤ ᠲᠠᠮᠢᠷ᠎ᠤᠨ ᠤᠷᠤᠯᠳᠤᠭ᠋ᠠᠨ ᠬᠢᠵᠦ᠂ ᠣᠶᠤᠨ᠎ᠤ ᠲᠠᠮᠢᠷ᠎ᠤᠨ ᠤᠷᠤᠯᠳᠤᠭ᠋ᠠᠨ᠎ᠳᠤᠨᠢ ᠰᠢᠲᠠᠷ᠎ᠠ ᠵᠢᠨ ᠤᠷᠤᠯᠳᠤᠭ᠋ᠠᠨ ᠪᠠᠢ᠌ᠳᠠᠭ᠂ ᠵᠤᠨ᠎ᠤ 《6.1》᠎ᠤ ᠪᠦᠬᠡ ᠵᠢᠨ ᠨᠠᠢ᠌ᠷᠲᠠᠢ ᠬᠠᠮᠲᠤ ᠪᠠᠰᠠ ᠨᠢᠭᠡ ᠤᠳᠠᠭ᠋ᠠᠨ᠎ᠤ ᠰᠢᠲᠠᠷ᠎ᠠ ᠵᠢᠨ ᠤᠷᠤᠯᠳᠤᠭ᠋ᠠᠨ ᠬᠢᠳᠡᠭ ᠶᠤᠮ ᠪᠠᠢ᠌ᠨ᠎ᠠ᠃ ᠡᠨᠡ᠎ᠨᠢ ᠰᠢᠳᠠᠷ᠎ᠠ᠎ᠳᠤ ᠰᠤᠨᠢᠷᠬᠠᠯ᠎ᠲᠠᠢ ᠬᠡᠤᠭᠡᠳ ᠪᠠᠭ᠋ᠠᠴᠤᠳ᠎ᠲᠤ ᠤᠶᠤᠨ ᠵᠶ᠋ᠠᠨ ᠰᠤᠷᠢᠬᠤ ᠨᠠᠨᠳᠢᠨ ᠲᠤᠬᠢᠶᠠᠯ ᠪᠤᠯᠵᠦ ᠪᠠᠢ᠌ᠳᠠᠭ ᠪᠤᠯ ᠨᠡᠩ ᠣᠯᠠᠨ ᠰᠤᠷᠤᠭᠴᠢᠳ᠎ᠢ ᠤᠷᠮᠠᠰᠢᠭᠤᠯᠬᠤ ᠵᠢᠨ ᠲᠤᠯᠠᠳᠠ ᠣᠨ᠎ᠤ ᠨᠢᠭᠡᠴᠢ᠎ᠪᠠᠷ ᠱᠠᠩᠨᠠᠳᠠᠭ᠂ ᠵᠢᠱ᠌ᠢᠶᠡᠯᠡᠪᠡᠯ ᠠᠩᠬ᠎ᠠ ᠨᠢᠭᠡ ᠵᠢᠨ ᠲᠦᠷᠦᠭᠦᠦ ᠨᠠᠢ᠍ᠮᠠ᠂ ᠠᠩᠬ᠎ᠠ ᠬᠣᠶᠠᠷ᠎ᠤᠨ ᠲᠦᠷᠦᠭᠦᠦ ᠨᠠᠢ᠍ᠮᠠ ᠭᠡᠬᠦ ᠮᠡᠲᠦᠴᠢᠯᠡᠨ ᠰᠤᠷᠤᠭᠴᠢ ᠵᠢᠨ ᠬᠤᠪᠢ ᠪᠡᠶ᠎ᠡ ᠵᠢ ᠱᠠᠩᠨᠠᠬᠤ᠎ᠠᠴᠠ ᠭᠠᠳᠠᠨ᠎ᠠ ᠪᠠᠰᠠ ᠠᠩᠭᠢ ᠨᠢᠭᠡᠴᠡ᠎ᠪᠠᠷ ᠱᠠᠩᠨᠠᠳᠠᠭ᠎ᠨᠢ ᠪᠠᠰᠠᠴᠦ ᠰᠤᠷᠤᠭᠴᠢᠳ ᠵᠶ᠋ᠠᠨ ᠤᠷᠮᠠᠰᠢᠭᠤᠯᠤᠭᠰᠠᠨ ᠪᠠᠬᠠᠷᠬᠠᠯ᠎ᠳᠦ ᠦᠢ᠍ᠯᠡ ᠭᠡᠯᠳᠠᠢ᠃
《ᠮᠠᠨ᠎ᠤ ᠨᠤᠲᠤᠭ᠎ᠤᠨ ᠣᠨᠴᠠᠯᠢᠭ᠎ᠠᠴᠠ ᠪᠣᠯᠵᠤ ᠬᠡᠦᠬᠡᠳ᠎ᠤᠳ ᠰᠢᠲᠠᠷ᠎ᠠ ᠨᠠᠭ᠋ᠠᠳᠬᠤ ᠮᠠᠰᠢ ᠳᠤᠷᠠᠲᠠᠢ᠂ ᠣᠯᠠᠩᠬᠢ᠎ᠨᠢ ᠪᠦᠷ ᠭᠡᠷ᠎ᠲᠤ᠎ᠪᠠᠨ ᠰᠤᠷᠴᠢᠬᠠᠭᠰᠠᠨ ᠪᠠᠢ᠌ᠳᠠᠭ᠂ ᠭᠡᠷ᠎ᠤᠨ ᠠᠬᠠᠮᠠᠳ ᠴᠤ᠌ ᠮᠠᠰᠢ ᠬᠦᠨᠳᠦᠳᠭᠡᠨ᠎ᠡ᠃ ᠨᠢᠭᠡᠳᠦᠭᠡᠷ ᠪᠠᠭ᠎ᠠ ᠰᠤᠷᠭ᠋ᠠᠭᠤᠯᠢ᠎ᠳᠤ ᠴᠤ᠌ ᠳᠤᠷ᠎ᠠ ᠰᠣᠨᠢᠷᠬᠠᠯ᠎ᠤᠨ ᠠᠩᠭᠢ᠎ᠳᠤ ᠰᠠᠭᠤᠷᠢ ᠵᠢ᠎ᠨᠢ ᠲᠠᠯᠪᠢᠭ᠋ᠠᠳ ᠥᠭᠭᠦᠴᠢᠬᠡᠨᠡ᠃ ᠢᠩᠭᠢᠬᠦᠯᠡᠷ ᠮᠠᠨ᠎ᠤ ᠰᠤᠷᠭ᠋ᠠᠭᠤᠯᠢ᠎ᠨᠢ ᠡᠨᠡ ᠰᠠᠢ᠌ᠨ ᠰᠠᠭᠤᠷᠢᠨ ᠳᠡᠭᠡᠷ᠎ᠡ ᠪᠣᠯᠬᠤ ᠵᠢᠨ ᠳᠣᠲᠤᠷ᠎ᠠ ᠤᠯᠠᠮ ᠰᠠᠢ᠌ᠨ ᠪᠣᠯᠤᠮᠵᠢ ᠨᠥᠬᠦᠴᠡᠯ᠎ᠢ ᠪᠦᠷᠢᠳᠦᠭᠦᠯᠬᠦ᠎ᠪᠠᠷ ᠴᠢᠷᠮᠠᠢ᠌ᠵᠤ ᠪᠣᠢ》 ᠬᠡᠮᠡᠨ ᠬᠣᠶᠠᠳᠤᠭ᠋ᠠᠷ ᠳᠤᠮᠳᠠᠳᠤ ᠰᠤᠷᠭ᠋ᠠᠭᠤᠯᠢ ᠵᠢᠨ ᠠᠭᠤᠯᠠ ᠪᠠᠭᠰᠢ ᠶᠠᠷᠢᠯ᠎ᠠ᠃
ᠵᠥᠪᠬᠡᠨ ᠬᠢᠴᠢᠶᠡᠯ ᠨᠣᠮ᠎ᠳᠤ ᠯᠡ ᠪᠢᠰᠢ ᠬᠠᠷᠢᠨ ᠰᠤᠷᠤᠭᠴᠢ ᠵᠢᠨ ᠣᠯᠠᠨ ᠲᠠᠯ᠎ᠠ ᠵᠢᠨ ᠬᠦᠮᠦᠵᠢᠯ᠎ᠢ ᠴᠢᠬᠤᠯᠠᠴᠢᠯᠠᠵᠤ᠂ ᠰᠤᠷᠤᠭᠴᠢ ᠪᠣᠯᠭ᠋ᠠᠨ᠎ᠢ ᠥᠪᠡᠷ᠎ᠤᠨ ᠣᠨᠴᠠᠯᠢᠭ᠂ ᠲᠠᠪᠠᠭᠤᠯᠢᠭ ᠲᠠᠯ᠎ᠠ ᠤᠷᠤᠭᠤ᠎ᠨᠢ ᠬᠥᠭᠵᠢᠭᠦᠯᠬᠦ᠎ᠪᠠᠷ ᠴᠢᠷᠮᠠᠢ᠌ᠭᠰᠠᠨ ᠤᠬᠠᠭ᠋ᠠᠯᠢᠭ ᠰᠤᠷᠭ᠋ᠠᠨ ᠬᠦᠮᠦᠵᠢᠯ ᠡᠢ᠌ᠨᠬᠦ ᠪᠡᠶᠡᠯᠡᠯ ᠵᠶ᠋ᠡᠨ ᠣᠯᠵᠤ ᠪᠣᠢ ᠵᠢ ᠰᠣᠳᠤᠨ ᠰᠤᠷᠤᠭᠴᠢᠳ ᠬᠢᠨᠢ ᠠᠮᠵᠢᠯᠲᠠ ᠬᠠᠷᠠᠭᠤᠯᠤᠨ᠎ᠠ᠃