ᠮᠤᠩᠭᠤᠯᠴᠤᠳ ᠡᠷᠳᠡᠨ᠎ᠠᠴᠠ᠎ᠪᠠᠨ ᠠᠪᠤᠭ᠋ᠠᠳ ᠪᠥᠬᠡ ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠵᠢ 《ᠡᠷ᠎ᠡ ᠵᠢᠨ ᠭᠤᠷᠪᠠᠨ ᠨᠠᠭ᠋ᠠᠳᠤᠮ》 ᠬᠡᠮᠡᠨ ᠲᠡᠭᠡᠳᠤᠯᠠᠨ ᠬᠥᠨᠳᠥᠳᠭᠡᠵᠦ 《ᠬᠥᠦ ᠲᠥᠷᠥᠪᠡᠯ ᠪᠥᠬᠡ ᠪᠤᠯᠤᠭ᠂ ᠬᠥᠯᠥᠭ ᠲᠥᠷᠥᠪᠡᠯ ᠠᠵᠢᠨᠠᠢ ᠪᠤᠯᠤᠭ》 ᠭᠡᠵᠤ ᠢᠷᠥᠭᠡᠯ ᠵᠥᠩᠨᠡᠯ ᠵᠶ᠋ᠠᠨ ᠡᠷᠭᠦᠵᠦ ᠬᠥᠴᠥ᠎ᠳᠤ ᠪᠥᠬᠡ᠂ ᠬᠤᠷᠳᠤᠨ ᠬᠥᠯᠥᠭ ᠭᠠᠷᠮᠠᠭ᠋ᠠᠢ ᠤᠶᠠᠭ᠋ᠠᠴᠢ᠂ ᠡᠷᠡᠬᠡᠢ ᠮᠡᠷᠭᠡᠨ ᠬᠠᠷᠪᠤᠭ᠋ᠠᠴᠢ᠎ᠪᠠᠷ ᠵᠶ᠋ᠠᠨ ᠪᠠᠭ᠍ᠠᠷᠬᠠᠯ ᠪᠤᠯᠭ᠋ᠠᠨ ᠲᠡᠭᠡᠳᠤᠯᠠᠵᠦ ᠢᠷᠡᠭᠰᠡᠨ ᠶᠤᠮ᠃

ᠶᠠᠭ ᠡᠨᠡᠬᠦ 《ᠪᠥᠬᠡ ᠪᠤᠯᠤᠭ》 ᠭᠡᠳᠡᠭ ᠢᠷᠥᠭᠡᠯ ᠵᠥᠩᠨᠡᠯ ᠵᠶ᠋ᠠᠷ ᠨᠤᠳᠤᠭ ᠤᠰᠤᠨ᠎ᠤ᠎ᠪᠠᠨ ᠨᠠᠶ᠋ᠢᠷ ᠨᠠᠭ᠋ᠠᠳᠤᠮ᠎ᠤᠨ ᠬᠡᠤᠬᠡᠳ᠎ᠤᠨ ᠪᠥᠬᠡ ᠵᠢᠨ ᠪᠠᠷᠢᠯᠳᠤᠭ᠋ᠠᠨ᠎ᠠᠴᠠ ᠡᠬᠢᠯᠡᠨ ᠬᠤᠳᠠ ᠤᠰᠤᠨ᠎ᠤ ᠥᠶ᠎ᠡ ᠬᠤᠷᠠᠭᠴᠤᠤᠯᠲᠠᠢᠪᠠᠨ ᠤᠴᠠᠷᠠᠬᠤ ᠵᠢᠨ ᠲᠤᠭ᠋ᠠᠯᠠᠩ ᠵᠶ᠋ᠠᠷ ᠬᠤᠪᠴᠠᠰᠤ ᠬᠤᠨᠠᠷ ᠵᠶ᠋ᠠᠨ ᠤᠷᠠᠵᠦ ᠰᠡᠭᠯᠡᠨ ᠪᠠᠷᠢᠯᠳᠤᠵᠦ ᠪᠥᠬᠡ ᠪᠤᠯᠬᠤ ᠵᠢᠨ ᠠᠩᠬᠠᠨ᠎ᠤ ᠭᠠᠷᠤᠭ᠎ᠠ᠎ᠪᠠᠨ ᠠᠪᠴᠤ ᠨᠠᠰᠤ ᠪᠡᠶ᠎ᠡ ᠬᠥᠢ᠍ᠴᠡᠵᠦ ᠢᠷᠡᠬᠦ᠎ᠪᠠᠷ ᠤᠯᠤᠰ ᠤᠷᠤᠨ᠎ᠤ ᠤᠷᠤᠯᠳᠤᠭ᠋ᠠᠨ ᠲᠡᠮᠡᠴᠡᠭᠡᠨ᠎ᠤ ᠠᠪᠤᠷᠭᠤ ᠵᠢᠨ ᠲᠠᠶ᠋ᠢᠰᠠᠨ᠎ᠳᠤ ᠠᠯᠳᠠᠨ ᠮᠧᠲᠠᠯ ᠬᠢᠯᠠᠯᠵᠠᠭᠤᠯᠤᠨ ᠬᠤᠯᠠ ᠤᠶ᠋ᠢᠷ᠎ᠠ ᠠᠯᠢ ᠴᠦ᠍ ᠭᠠᠵᠠᠷ ᠤᠨ ᠨᠠᠶ᠋ᠢᠷ ᠨᠠᠭ᠋ᠠᠳᠤᠮ᠎ᠤᠨ ᠲᠤᠷᠭ᠋ᠠᠨ ᠲᠡᠪᠵᠢᠶᠠ ᠵᠢ ᠴᠢᠮᠠᠵᠦ ᠨᠤᠳᠤᠭ ᠤᠰᠤᠨ᠎ᠤ᠎ᠪᠠᠨ ᠠᠯᠳᠠᠷ᠎ᠢ ᠲᠠᠭᠤᠳᠠᠭᠤᠯᠤᠨ ᠬᠢᠯᠠᠷᠠᠭᠤᠯᠵᠦ ᠶᠠᠪᠤᠭ᠎ᠠ ᠰᠤᠳᠤᠨ ᠪᠥᠬᠡᠴᠤᠳ᠎ᠤᠨ ᠨᠢᠭᠡ ᠲᠠᠸᠠᠰᠠᠮᠪᠤᠤ ᠪᠤᠯ ᠪᠠᠷᠠᠭᠤᠨ ᠥᠵᠥᠮᠥᠴᠢᠨ ᠬᠤᠰᠢᠭᠤᠨ᠎ᠤ ᠭᠤᠷᠤᠬᠠᠨ ᠪᠠᠯᠭ᠋ᠠᠰᠤᠨ᠎ᠤ ᠲᠤᠯᠭ᠎ᠠ ᠭᠠᠴᠠᠭ᠋ᠠᠨ᠎ᠤ ᠮᠠᠯᠴᠢᠨ ᠪᠠᠭ᠋ᠠᠳᠤᠷ᠎ᠤᠨ ᠪᠠᠭ᠎ᠠ ᠬᠥᠪᠡᠭᠦᠨ ᠪᠢᠯᠡ᠃ 
ᠨᠤᠳᠤᠭ ᠤᠰᠤᠨ᠎ᠤ᠎ᠪᠠᠨ ᠤᠪᠤᠭ᠎ᠠ ᠪᠤᠯᠠᠭ᠎ᠤᠨ ᠨᠠᠶ᠋ᠢᠷ ᠵᠶ᠋ᠠᠷ ᠵᠤᠳᠤᠭᠯᠠᠵᠦ ᠨᠢᠭᠡ ᠬᠤᠶᠠᠷ᠎ᠤᠨ ᠨᠤᠭᠤᠯᠤᠭ᠎ᠠ ᠲᠠᠪᠠᠴᠢᠬᠠᠳᠠᠭ ᠪᠠᠶ᠋ᠢᠭᠰᠠᠨ ᠲᠠᠸᠠᠰᠠᠮᠪᠤᠤ 2006 ᠤᠨ᠎ᠳᠤ ᠬᠤᠰᠢᠭᠤᠨ᠎ᠤ᠎ᠪᠠᠨ 《ᠲᠥᠭᠦᠷᠡᠩᠵᠠᠭ᠋ᠠᠨ》 ᠪᠥᠬᠡ ᠵᠢᠨ ᠥᠷᠥᠭᠡᠨ᠎ᠤ ᠰᠣᠷᠢᠭ᠋ᠠᠨᠳᠤ ᠠᠩᠬ᠎ᠠ ᠡᠬᠢᠯᠡᠨ ᠤᠷᠤᠯᠴᠠᠵᠦ ᠰᠢᠰᠲ᠋ᠧᠮ᠎ᠲᠠᠢ ᠰᠤᠷᠢᠶ᠎ᠠ ᠪᠤᠯᠪᠠᠰᠤᠷᠠᠯ ᠵᠶ᠋ᠠᠷ ᠲᠠᠮᠵᠢᠨ ᠪᠠᠷᠢᠴᠠ ᠬᠢᠴᠡ᠂ ᠮᠡᠭᠡ ᠮᠡᠷᠭᠡᠵᠢᠯ᠎ᠨᠢ ᠲᠡᠭᠡᠭᠰᠢᠯᠡᠵᠦ ᠢᠷᠡᠭᠰᠡᠨ ᠵᠶ᠋ᠠᠷ 2009 ᠤᠨ᠎ᠳᠤ ᠲᠤᠮᠳᠠᠳᠤ ᠮᠠᠶᠢᠭ ᠤᠨ ᠪᠥᠬᠡ ᠵᠢᠨ ᠤᠯᠤᠰ᠎ᠤᠨ ᠠᠪᠤᠷᠭᠤ ᠵᠢᠨ ᠴᠤᠯᠠ ᠬᠠᠮᠠᠭ᠋ᠠᠯᠠᠭᠰᠠᠨ ᠪᠥᠭᠡᠳ 2012 ᠤᠨ᠎ᠳᠤ ᠪᠠᠷᠠᠭᠤᠨ ᠥᠵᠥᠮᠥᠴᠢᠨ ᠬᠤᠰᠢᠭᠤᠨ᠎ᠤ ᠠᠷᠠᠳ᠎ᠤᠨ ᠶᠡᠭᠡ ᠨᠠᠶ᠋ᠢᠷ᠎ᠲᠤ ᠲᠠᠷᠬᠠᠯᠠᠭᠳᠠᠭᠰᠠᠨ ᠭᠤᠷᠤᠬᠠᠨ ᠪᠠᠯᠭ᠋ᠠᠰᠤᠨ᠎ᠤ ᠪᠠᠶᠠᠨᠬᠠᠶ᠋ᠢᠯᠠᠰᠤᠳᠠᠢ ᠭᠠᠴᠠᠭ᠋ᠠᠨ᠎ᠤ ᠵᠠᠮᠪᠠᠯ᠎ᠤᠨ ᠵᠠᠩᠭᠢᠶ᠎ᠠ ᠵᠢ ᠵᠠᠯᠭ᠋ᠠᠨ ᠠᠪᠤᠭᠰᠠᠨ ᠵᠶ᠋ᠠᠷ ᠬᠤᠯᠠ ᠤᠶ᠋ᠢᠷ᠎ᠠ ᠵᠢᠨ ᠨᠠᠶ᠋ᠢᠷ ᠨᠠᠭ᠋ᠠᠳᠤᠮ ᠵᠶ᠋ᠠᠷ ᠤᠳᠤ ᠬᠡᠶ᠋ᠢᠮᠤᠷᠢᠲᠠᠢ ᠪᠠᠷᠢᠯᠳᠤᠵᠦ 2017 ᠤᠨ᠎ᠤ ᠰᠢᠯᠢ ᠵᠢᠨ ᠭᠤᠤᠯ ᠠᠶ᠋ᠢᠮᠠᠭ᠎ᠤᠨ ᠮᠤᠩᠭᠤᠯ ᠪᠥᠬᠡ ᠵᠢᠨ ᠴᠤᠯᠠ ᠤᠯᠭᠤᠬᠤ ᠨᠠᠶ᠋ᠢᠷ ᠵᠶ᠋ᠠᠷ 《ᠠᠶ᠋ᠢᠮᠠᠭ᠎ᠤᠨ ᠬᠠᠷᠴᠠᠭ᠋ᠠᠢ》 ᠴᠤᠯᠠ ᠬᠥᠷᠳᠡᠵᠦ ᠥᠵᠡᠭᠴᠢ ᠲᠥᠮᠡᠨ᠎ᠳᠤ 《ᠤᠷᠠᠨ ᠪᠠᠷᠢᠯᠳᠤᠭ᠋ᠠᠨ᠎ᠳᠤ ᠲᠠᠸᠠᠰᠠᠮᠪᠤᠤ》 ᠬᠡᠮᠡᠨ ᠱᠠᠭᠰᠢᠭᠳᠠᠵᠦ ᠤᠷᠢᠳ ᠬᠤᠵᠢᠳ 256 ᠪᠥᠬᠡ ᠲᠠᠢ ᠨᠠᠶ᠋ᠢᠷ᠎ᠲᠤ 2 ᠲᠡᠷᠢᠭᠦᠯᠡᠵᠦ 2 ᠲᠡᠳ᠋ᠯᠠᠵᠦ᠂ 512 ᠪᠥᠬᠡ᠎ᠲᠠᠢ ᠨᠠᠶ᠋ᠢᠷ᠎ᠲᠤ 3 ᠤᠳᠠᠭ᠎ᠠ ᠲᠡᠭᠡᠷ᠎ᠡ ᠨᠠᠢ᠍ᠮᠠ᠎ᠳᠤ ᠤᠷᠤᠵᠦ᠂ 128 ᠪᠥᠬᠡ᠎ᠲᠠᠢ ᠨᠠᠶ᠋ᠢᠷ᠎ᠲᠤ 30 ᠭᠠᠷᠤᠢ ᠲᠡᠷᠢᠭᠦᠯᠡᠵᠦ ᠶᠡᠭᠡ ᠪᠠᠭ᠎ᠠ ᠨᠠᠶ᠋ᠢᠷ ᠨᠠᠭ᠋ᠠᠳᠤᠮ ᠵᠶ᠋ᠠᠷ 90 ᠭᠠᠷᠤᠢ ᠣᠳᠠᠭ᠎ᠠ ᠲᠡᠷᠢᠭᠦᠯᠡᠭᠰᠡᠨ ᠪᠠᠶ᠋ᠢᠨ᠎ᠠ᠃ 
ᠲᠠᠸᠠᠰᠠᠮᠪᠤᠤ ᠵᠢᠨ ᠭᠡᠷᠭᠡᠢ ᠤᠶᠤᠨᠴᠡᠴᠡᠭ ᠴᠤ᠌ ᠠᠯᠳᠠᠷᠳᠠᠢ ᠰᠠᠶ᠋ᠢᠨ ᠪᠥᠬᠡᠴᠢᠨ ᠶᠤᠮ᠂ ᠠᠪᠠᠭ᠎ᠠ ᠬᠤᠰᠢᠭᠤᠨ᠎ᠤ ᠬᠤᠩᠭᠤᠷᠭᠤᠤᠯ ᠪᠠᠯᠭ᠋ᠠᠰᠤᠨ᠎ᠤ ᠰᠠᠷᠠᠭᠤᠯᠳᠤᠶᠠᠭ᠎ᠠ ᠭᠠᠴᠠᠭ᠎ᠠ᠎ᠪᠠᠷ ᠨᠤᠳᠤᠭ᠎ᠲᠠᠢ ᠠᠯᠳᠠᠷᠳᠤ ᠵᠠᠩᠭᠢᠶᠠᠳᠤ ᠪᠥᠬᠡ ᠠᠯᠳᠠᠨᠳᠤᠶᠠᠭ᠎ᠠ ᠵᠢᠨ ᠥᠬᠢᠨ ᠤᠶᠤᠨᠴᠡᠴᠡᠭ ᠪᠥᠬᠡᠴᠢᠨ ᠠᠪᠤ ᠵᠢᠨ ᠵᠶ᠋ᠠᠨ ᠨᠥᠯᠥᠭᠡ᠎ᠪᠠᠷ ᠬᠠᠷ᠎ᠠ ᠪᠠᠭ᠎ᠠ᠎ᠠᠴᠠ᠎ᠪᠠᠨ ᠪᠥᠬᠡ᠎ᠳᠤ ᠪᠠᠭ᠍ᠠᠳᠠᠢ ᠪᠤᠯᠬᠤᠷ 2006 ᠤᠨ᠎ᠳᠤ ᠰᠢᠯᠢ ᠵᠢᠨ ᠬᠤᠳᠠ ᠵᠢᠨ ᠮᠤᠩᠭᠤᠯ ᠲᠤᠮᠳᠠᠳᠤ ᠰᠤᠷᠭ᠋ᠠᠭᠤᠯᠢ ᠵᠢᠨ ᠴᠢᠯᠠᠭᠤ ᠪᠠᠭᠰᠢ᠎ᠳᠤ ᠱᠠᠪᠢᠯᠠᠵᠦ ᠪᠥᠬᠡ ᠵᠢᠨ ᠰᠤᠷᠢᠶ᠎ᠠ ᠪᠤᠯᠪᠠᠰᠤᠷᠠᠯ ᠵᠶ᠋ᠠᠨ ᠡᠬᠢᠯᠡᠬᠦᠯᠥᠭᠰᠡᠨ ᠪᠥᠭᠡᠳ 2007 ᠤᠨ᠎ᠳᠤ ᠥᠪᠥᠷ ᠮᠤᠩᠭᠤᠯ᠎ᠤᠨ ᠬᠤᠶᠠᠳᠤᠭ᠋ᠠᠷ ᠪᠡᠶ᠎ᠡ ᠲᠠᠮᠢᠷ᠎ᠤᠨ ᠠᠩᠭᠢ᠎ᠳᠤ ᠬᠥᠷᠴᠥ ᠵᠢᠤᠳᠤᠤ ᠪᠥᠬᠡ ᠵᠢᠨ ᠰᠤᠷᠢᠶ᠎ᠠ ᠪᠤᠯᠪᠠᠰᠤᠷᠠᠯ ᠬᠥᠷᠳᠡᠵᠦ ᠤᠷᠤᠯᠳᠤᠭ᠋ᠠᠨ ᠲᠡᠮᠡᠴᠡᠭᠡᠨ᠎ᠳᠤ ᠤᠷᠤᠯᠴᠠᠵᠦ ᠡᠬᠢᠯᠠᠪᠠ᠃ 
2013 ᠤᠨ᠎ᠳᠤ ᠪᠥᠬᠦ ᠤᠯᠤᠰ᠎ᠤᠨ ᠵᠢᠤᠳᠤᠤ ᠪᠥᠬᠡ ᠵᠢᠨ ᠵᠠᠯᠠᠭᠤᠴᠤᠳ᠎ᠤᠨ ᠠᠪᠤᠷᠭᠤ ᠰᠢᠯᠭ᠋ᠠᠷᠠᠭᠤᠯᠬᠤ ᠤᠷᠤᠯᠳᠤᠭ᠋ᠠᠨ᠎ᠳᠤ ᠲᠡᠳ᠋ᠯᠠᠵᠦ ᠮᠥᠩᠭᠦᠨ ᠮᠧᠳᠠᠯ ᠲᠤᠰᠤᠭᠰᠠᠨ ᠪᠥᠭᠡᠳ ᠱᠠᠨ ᠰᠢ ᠮᠤᠵᠢ ᠵᠢᠨ ᠰᠢᠨᠵᠸᠤ ᠬᠤᠳᠠ᠎ᠳᠤ ᠪᠤᠯᠤᠭᠰᠠᠨ ᠪᠥᠬᠦ ᠤᠯᠤᠰ᠎ᠤᠨ ᠵᠢᠤᠳᠤᠤ ᠪᠥᠬᠡ ᠵᠢᠨ ᠤᠷᠤᠯᠳᠤᠭ᠋ᠠᠨ᠎ᠤ 70 ᠺᠢᠯᠤᠭ᠌ᠷᠠᠮ᠎ᠤᠨ ᠲᠡᠰ᠎ᠲᠤ ᠬᠥᠷᠡᠯ ᠮᠧᠳᠠᠯ ᠭᠠᠷᠳᠠᠵᠠᠢ᠃ ᠮᠥᠨ ᠴᠦ᠍ ᠲᠤᠰ ᠵᠢᠯ᠎ᠳᠤ᠎ᠪᠠᠨ ᠪᠥᠬᠦ ᠤᠯᠤᠰ᠎ᠤᠨ ᠲᠤᠮᠳᠠᠳᠤ ᠮᠠᠶᠢᠭ᠎ᠤᠨ ᠪᠥᠬᠡ ᠵᠢᠨ ᠠᠪᠤᠷᠭᠤ ᠰᠢᠯᠭ᠋ᠠᠷᠠᠭᠤᠯᠬᠤ ᠤᠷᠤᠯᠳᠤᠭ᠋ᠠᠨ᠎ᠳᠤ ᠲᠡᠷᠢᠭᠦᠯᠡᠵᠦ ᠠᠯᠳᠠᠨ ᠮᠧᠳᠠᠯ ᠲᠤᠰᠤᠭᠰᠠᠨ ᠪᠠᠶ᠋ᠢᠨ᠎ᠠ᠂ 2021 ᠤᠨ ᠳᠤ ᠪᠥᠬᠦ ᠤᠯᠤᠰ᠎ᠤᠨ ᠲᠠᠮᠢᠷ᠎ᠤᠨ ᠴᠤᠭᠯᠠᠭ᠋ᠠᠨ᠎ᠤ ᠲᠤᠮᠳᠠᠳᠤ ᠮᠠᠶᠢᠭ᠎ᠤᠨ ᠪᠥᠬᠡ ᠵᠢᠨ 75 ᠺᠢᠯᠥᠭᠷᠠᠮ᠎ᠤᠨ ᠲᠠᠰ ᠲᠤ ᠬᠥᠷᠡᠯ ᠮᠧᠳᠠᠯ ᠲᠤᠰᠪᠠ᠃

ᠤᠶᠤᠨᠴᠡᠴᠡᠭ ᠲᠤᠮᠳᠠᠳᠤ ᠮᠠᠶᠢᠭ᠎ᠤᠨ ᠪᠥᠬᠡ ᠵᠢᠨ ᠤᠯᠤᠰ᠎ᠤᠨ ᠤᠷᠤᠯᠳᠤᠭ᠋ᠠᠨ᠎ᠠᠴᠠ 4 ᠠᠯᠳᠠ᠂ 3 ᠮᠥᠩᠭᠦ᠂ 2 ᠬᠥᠷᠡᠯ ᠮᠧᠳᠠᠯ᠂ ᠪᠥᠬᠦ ᠤᠯᠤᠰ᠎ᠤᠨ ᠴᠥᠬᠡᠨ ᠲᠤᠭ᠋ᠠᠳᠤ ᠥᠨᠳᠤᠰᠤᠳᠡᠨᠤ ᠪᠡᠶ᠎ᠡ ᠲᠠᠮᠢᠷ᠎ᠤᠨ ᠴᠤᠭᠯᠠᠭ᠋ᠠᠨ᠎ᠠᠴᠠ 1 ᠠᠯᠳᠠ᠂ 2 ᠮᠥᠩᠭᠦᠨ ᠮᠧᠳᠠᠯ ᠬᠥᠷᠳᠡᠭᠰᠡᠨ ᠥᠨᠳᠤᠷ ᠠᠮᠵᠢᠯᠳᠠ᠎ᠲᠠᠢ ᠮᠥᠷᠳᠡᠭᠡᠨ ᠮᠤᠩᠭᠤᠯ ᠪᠥᠬᠡ᠎ᠪᠠᠷ ᠴᠦ᠍ ᠰᠠᠶ᠋ᠢᠨ ᠪᠠᠷᠢᠯᠳᠤᠵᠦ ᠤᠷᠳᠤᠰ᠎ᠲᠤ ᠪᠤᠯᠤᠭᠰᠠᠨ ᠤᠯᠠᠨ ᠤᠯᠤᠰ᠎ᠤᠨ ᠮᠤᠩᠭᠤᠯ ᠪᠥᠬᠡ ᠵᠢᠨ ᠤᠷᠤᠯᠳᠤᠭ᠋ᠠᠨ᠎ᠳᠤ ᠲᠡᠷᠢᠭᠦᠯᠠᠵᠦ 2018 ᠤᠨ᠎ᠳᠤ ᠥᠪᠤᠷ ᠮᠤᠩᠭᠤᠯ᠎ᠤᠨ ᠥᠪᠡᠷᠳᠡᠭᠡᠨ ᠵᠠᠰᠠᠬᠤ ᠤᠷᠤᠨ᠎ᠤ ᠮᠤᠩᠭᠤᠯ ᠪᠥᠬᠡ ᠵᠢᠨ ᠤᠷᠤᠯᠳᠤᠭ᠋ᠠᠨ᠎ᠳᠤ ᠲᠡᠷᠢᠭᠦᠯᠡᠭᠰᠡᠨ ᠵᠠᠷᠭᠡ ᠮᠤᠩᠭᠤᠯ ᠪᠥᠬᠡ ᠵᠢᠨ ᠨᠠᠶ᠋ᠢᠷ ᠨᠠᠭ᠋ᠠᠳᠤᠮ᠎ᠳᠤ 30 ᠭᠠᠷᠤᠢ ᠤᠳᠠᠭ᠎ᠠ ᠲᠡᠷᠢᠭᠦᠯᠡᠭᠰᠡᠨ ᠠᠮᠵᠢᠯᠳᠠ᠎ᠲᠠᠢ᠃
ᠲᠠᠸᠠᠰᠠᠮᠪᠤᠤ ᠵᠢᠨ 10 ᠨᠠᠰᠤᠳᠠᠢ ᠥᠬᠢᠨ ᠡᠩᠬᠡᠵᠠᠶᠠᠭᠠᠨᠢ ᠴᠤ᠌ ᠪᠥᠬᠡ᠎ᠳᠤ ᠪᠠᠭ᠍ᠠᠳᠠᠢ ᠪᠠᠶ᠋ᠢᠵᠦ 2024 ᠤᠨ᠎ᠳᠤ ᠪᠥᠬᠦ ᠤᠷᠤᠨ᠎ᠤ ᠬᠤᠶᠠᠳᠤᠭ᠋ᠠᠷ ᠤᠳᠠᠭ᠋ᠠᠨ᠎ᠤ 《ᠢᠳᠰᠢᠨ ᠬᠤᠨᠳᠠᠭ᠋ᠠᠳᠤ》 ᠵᠠᠯᠠᠭᠤᠴᠤᠳ ᠪᠠᠭ᠋ᠠᠴᠤᠳ᠎ᠤᠨ ᠤᠷᠤᠯᠳᠤᠭ᠋ᠠᠨ᠎ᠳᠤ 48 ᠺᠢᠯᠥᠭᠷᠠᠮ᠎ᠤᠨ ᠲᠡᠰ᠎ᠲᠤ ᠲᠡᠷᠢᠭᠦᠯᠠᠵᠦ ᠠᠯᠳᠠᠨ ᠮᠧᠳᠠᠯ ᠬᠥᠷᠳᠡᠭᠰᠡᠨ ᠪᠠᠶ᠋ᠢᠨ᠎ᠠ᠃
ᠤᠳᠤ ᠲᠠᠸᠠᠰᠠᠮᠪᠤᠤ ᠤᠶᠤᠨᠴᠡᠴᠡᠭ ᠬᠤᠶᠠᠭᠤᠯᠠ ᠮᠠᠯᠵᠢᠬᠤ ᠠᠮᠢᠳᠤᠷᠠᠯ᠎ᠤᠨ ᠵᠶ᠋ᠠᠨ ᠴᠢᠯᠥᠭᠡ ᠵᠠᠪ ᠵᠶ᠋ᠠᠨ ᠵᠠᠶ᠋ᠢᠴᠢᠯᠠᠨ ᠰᠤᠷᠢᠶ᠎ᠠ ᠪᠤᠯᠪᠠᠰᠤᠷᠠᠯ᠎ᠳᠤ᠎ᠪᠠᠨ ᠰᠢᠮᠳᠠᠵᠦ ᠨᠡᠩ ᠥᠨᠳᠥᠷ ᠠᠮᠵᠢᠯᠳᠠ᠎ᠳᠤ ᠲᠡᠮᠡᠤᠯᠡᠭᠰᠡᠭᠡᠷ ᠪᠠᠶ᠋ᠢᠨ᠎ᠠ᠃