ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠮᠤᠩᠭᠤᠯ ᠰᠢᠳᠠᠷ᠎ᠠ
ᠨᠡᠶ᠋ᠢᠲᠡᠯᠡᠭᠰᠡᠨ ᠴᠠᠭ᠄ 2019-01-02

      ᠮᠤᠡᠭᠭᠤᠯ ᠰᠢᠳᠠᠷ᠎ᠠ ᠪᠤᠯ ᠮᠤᠡᠭᠭᠤᠯᠴᠤᠳ᠎ᠤᠨ ᠲᠡᠤᠬᠡᠨ ᠤᠯᠠᠮᠵᠢᠯᠠᠯᠲᠦ ᠨᠠᠭ᠋ᠠᠳᠤᠮ ᠪᠤᠯᠤᠨ᠎ᠠ᠃ ᠮᠤᠡᠭᠭᠤᠯ ᠰᠢᠳᠠᠷ᠎ᠠ᠎ᠳᠤ ᠮᠤᠷᠢ᠂ ᠲᠡᠮᠡᠭᠡ ᠵᠡᠷᠭᠡ ᠤᠨᠤᠭ᠎ᠠ ᠬᠦᠯᠦᠰᠢ ᠪᠠᠶ᠋ᠢᠨ᠎ᠠ; ᠠᠶᠠᠨ ᠵᠠᠮ᠎ᠤᠨ ᠲᠡᠭᠡᠭᠡᠪᠦᠷᠢ ᠵᠢᠨ ᠪᠠᠭ᠋ᠠᠵᠢ ᠲᠡᠷᠭᠡ ᠪᠠᠶ᠋ᠢᠨ᠎ᠠ; ᠪᠠᠷᠰ ᠠᠷᠰᠯᠠᠨ ᠵᠡᠷᠭᠡ ᠬᠦᠴᠦᠲᠦ ᠠᠮᠢᠳᠠᠳ ᠪᠤᠢ; ᠨᠤᠶᠠᠨ ᠬᠠᠳᠤᠨ᠂ ᠬᠦᠦ ᠵᠡᠷᠭᠡ ᠭᠡᠷ ᠪᠦᠯᠢ ᠵᠢᠨ ᠬᠤᠯᠪᠤᠭ᠎ᠠ ᠪᠠᠶ᠋ᠢᠨ᠎ᠠ᠃ ᠬᠦᠯᠭᠡ᠎ᠨᠢ ᠮᠤᠡᠭᠭᠤᠯᠴᠤᠳ᠎ᠤᠨ ᠨᠠᠭ᠋ᠠᠳᠳᠠᠬ ᠪᠤᠭᠤ ᠵᠢᠨ ᠵᠢᠷᠭᠢᠭᠡ᠎ᠲᠠᠢ ᠤᠶ᠋ᠢᠷᠠᠯᠴᠠᠭ᠎ᠠ ᠶᠤᠮ᠃ ᠡᠳᠡᠭᠡᠷ᠎ᠠᠴᠠ ᠦᠵᠡᠪᠡᠯ ᠮᠤᠡᠭᠭᠤᠯ ᠰᠢᠳᠠᠷ᠎ᠠ᠎ᠨᠢ ᠮᠤᠡᠭᠭᠤᠯᠴᠤᠳ᠎ᠤᠨ ᠨᠡᠭᠦᠳᠡᠯ ᠠᠮᠢᠳᠤᠷᠠᠯ᠎ᠲᠠᠢ ᠬᠠᠷᠢᠴᠠᠭ᠎ᠠ᠎ᠲᠠᠢ᠎ᠨᠢ ᠢᠯᠡᠬᠡᠨ ᠪᠠᠶ᠋ᠢᠳᠠᠬ᠃
    ᠮᠤᠡᠭᠭᠤᠯ ᠰᠢᠳᠠᠷ᠎ᠠ ᠵᠢᠨ ᠨᠠᠭ᠋ᠠᠳᠬᠤ ᠤᠨᠴᠠᠯᠢᠬ᠎ᠠᠴᠠ᠎ᠨᠢ ᠠᠪᠴᠦ ᠦᠵᠡᠪᠡᠯ ᠲᠠᠶ᠋ᠢᠨ ᠪᠠᠶ᠋ᠢᠯᠳᠤᠭ᠋ᠠᠨ᠎ᠤ ᠡᠰᠡᠷᠭᠦᠴᠡᠯᠳᠦᠭᠰᠡᠨ ᠠᠬᠤᠢ ᠰᠢᠨᠵᠢ ᠢᠯᠡᠳᠳᠡ ᠤᠷᠤᠰᠢᠵᠦ᠂ ᠴᠡᠷᠢᠭ ᠮᠤᠷᠢ ᠠᠳᠠᠯᠢ ᠲᠡᠭᠰᠢ ᠪᠠᠶ᠋ᠢᠬᠤ ᠰᠠᠭᠤᠷᠢᠨ᠎ᠠᠴᠠ ᠡᠬᠢᠯᠡᠨ ᠤᠶᠤᠨ ᠰᠠᠨᠠᠭ᠎ᠠ᠂ ᠠᠷᠭ᠎ᠠ ᠪᠤᠳᠤᠯᠭ᠎ᠠ ᠵᠢᠨ ᠦᠵᠡᠯᠴᠡᠭᠡᠨ ᠡᠭᠦᠰᠳᠡᠭ ᠪᠠᠶ᠋ᠢᠨ᠎ᠠ᠃ ᠡᠶ᠋ᠢᠮᠦ᠎ᠠᠴᠠ ᠮᠤᠡᠭᠭᠤᠯ ᠰᠢᠳᠠᠷ᠎ᠠ ᠵᠢ ᠲᠠᠡᠭ ᠭᠠᠬ᠍ᠴᠠ ᠨᠠᠭ᠋ᠠᠳᠤᠮ ᠲᠤᠬᠯᠠᠭ᠋ᠠᠮ᠎ᠤᠨ ᠵᠦᠢ᠍ᠯ ᠭᠡᠵᠦ ᠦᠵᠡᠬᠦ ᠵᠢᠨ ᠠᠷᠭ᠎ᠠ ᠦᠭᠡᠢ᠂ ᠰᠢᠭᠤᠳ᠎ᠲᠤ᠎ᠪᠠᠨ ᠲᠡᠮᠡᠴᠡᠯ᠎ᠤᠨ ᠠᠷᠭ᠎ᠠ ᠪᠤᠳᠤᠯᠭ᠎ᠠ ᠲᠤᠭᠤᠰᠢᠯᠠᠬᠳᠠᠵᠦ ᠪᠠᠶ᠋ᠢᠳᠠᠬ᠎ᠠᠴᠠ ᠮᠤᠡᠭᠭᠤᠯᠴᠤᠳ ᠲᠡᠭᠦᠨ᠎ᠢ ᠤᠢ ᠪᠢᠯᠢᠭ᠎ᠢ ᠰᠤᠷᠢᠬᠤ᠂ ᠤᠬᠠᠭ᠋ᠠᠨ ᠪᠤᠳᠤᠯᠭ᠎ᠠ ᠵᠢ ᠰᠢᠯᠭ᠋ᠠᠬᠤ ᠴᠢᠬᠤᠯᠠ ᠬᠡᠯᠪᠡᠷᠢ ᠪᠤᠯᠭ᠋ᠠᠳᠠᠬ ᠪᠦᠭᠡᠳ ᠨᠡᠶ᠋ᠢᠭᠡᠮ᠎ᠤᠨ ᠤᠬᠠᠭ᠋ᠠᠨ᠎ᠢ ᠰᠢᠳᠠᠷ᠎ᠡ᠎ᠠᠴᠠ ᠰᠤᠷᠬᠤ ᠵᠢᠭ᠋ᠠᠬᠤ ᠪᠠᠭ᠋ᠠᠵᠢ ᠭᠡᠵᠦ ᠦᠵᠡᠳᠡᠭ᠃
   
    ᠮᠤᠡᠭᠭᠤᠯ ᠰᠢᠳᠠᠷ᠎ᠠ ᠪᠤᠯᠤᠨ ᠲᠡᠯᠡᠬᠡᠢ ᠵᠢᠨ ᠰᠢᠳᠠᠷ᠎ᠠ ᠵᠢᠨ ᠬᠦᠯᠭᠡ᠎ᠨᠢ ᠪᠦᠷ ᠲᠦᠷᠪᠡᠯᠵᠢᠨ ᠬᠡᠯᠪᠡᠷᠢ᠎ᠲᠠᠢ᠂ ᠬᠠᠷ᠎ᠠ ᠴᠠᠭ᠋ᠠᠨ ᠦᠡᠭᠭᠡ᠎ᠪᠠᠷ ᠵᠢᠷᠤᠬᠳᠠᠬᠰᠠᠨ ᠪᠠᠶ᠋ᠢᠳᠠᠬ᠃ ᠰᠢᠳᠠᠷ᠎ᠠ ᠵᠢᠨ ᠪᠤᠳᠠ ᠬᠦᠦ᠎ᠨᠦᠭᠦᠳ᠎ᠨᠢ ᠨᠡᠶ᠋ᠢᠳᠡ 32 ᠪᠠᠶ᠋ᠢᠨ᠎ᠠ᠂ ᠴᠠᠭ᠋ᠠᠨ ᠬᠠᠷ᠎ᠠ ᠦᠡᠭᠭᠡ ᠪᠦᠷᠢ᠎ᠳᠤ ᠨᠢᠭᠡ ᠨᠤᠶᠠᠨ᠂ ᠬᠤᠶᠠᠷ ᠬᠠᠰᠠᠬ᠂ ᠬᠤᠶᠠᠷ ᠮᠤᠷᠢ᠂ ᠬᠤᠶᠠᠷ ᠲᠡᠮᠡᠭᠡ᠂ ᠨᠢᠭᠡ ᠪᠠᠷᠰ᠂ ᠨᠠᠢ᠍ᠮᠠᠨ ᠬᠦᠦ᠎ᠲᠠᠢ᠂ ᠨᠡᠶ᠋ᠢᠳᠡ 64 ᠰᠠᠭᠤᠳᠠᠯ᠎ᠲᠠᠢ᠃
    ᠮᠤᠡᠭᠭᠤᠯ ᠰᠢᠳᠠᠷ᠎ᠠ᠎ᠳᠤ ᠨᠡᠭᠦᠳᠡᠯ ᠮᠠᠯᠵᠢᠯ᠎ᠤᠨ ᠰᠤᠶᠤᠯ᠎ᠤᠨ ᠤᠨᠴᠠᠯᠢᠬ ᠰᠢᠨᠵᠢ ᠪᠦᠷᠢᠨ ᠬᠠᠳᠠᠭ᠋ᠠᠯᠠᠬᠳᠠᠵᠦ ᠪᠠᠶ᠋ᠢᠳᠠᠬ᠃ ᠵᠢᠱ᠌ᠢᠶᠡᠯᠡᠪᠡᠯ ᠨᠤᠶᠠᠨ᠎ᠨᠢ ᠬᠤᠶᠠᠬ ᠲᠤᠭᠤᠯᠠᠭ᠎ᠠ᠎ᠲᠠᠢ ᠮᠤᠷᠢᠳᠦ ᠵᠠᠡᠭᠵᠤᠨ ᠪᠠᠶ᠋ᠢᠳᠠᠬ᠃ ᠬᠢᠳᠠᠳ ᠰᠢᠳᠠᠷ᠎ᠠ ᠵᠢᠨ ᠨᠤᠶᠠᠨ᠎ᠨᠢ ᠤᠷᠳᠤᠨ᠎ᠠᠴᠠ᠎ᠪᠠᠨ ᠭᠠᠷᠴᠦ ᠴᠢᠳᠠᠬᠤ ᠦᠭᠡᠢ ᠪᠠᠶ᠋ᠢᠬᠤ᠎ᠳᠤ ᠮᠤᠡᠭᠭᠤᠯ ᠨᠤᠶᠠᠨ᠎ᠨᠢ ᠬᠠᠮᠢᠭ᠎ᠠ ᠴᠦ᠍ ᠪᠦᠷ ᠶᠠᠪᠤᠵᠦ ᠪᠤᠯᠳᠠᠬ᠃ ᠬᠢᠳᠠᠳ ᠰᠢᠳᠠᠷ᠎ᠠ ᠵᠢᠨ ᠮᠤᠷᠢ᠎ᠨᠢ ᠴᠢᠳᠦᠷᠯᠡᠭᠳᠡᠳᠡᠭ ᠪᠠᠶ᠋ᠢᠬᠤ᠎ᠳᠤ ᠮᠤᠡᠭᠭᠤᠯ ᠰᠢᠳᠠᠷ᠎ᠠ ᠵᠢᠨ ᠮᠤᠷᠢ᠎ᠨᠢ ᠴᠢᠳᠦᠷ᠎ᠲᠤ ᠬᠢᠵᠠᠭ᠋ᠠᠷᠯᠠᠬᠳᠠᠳᠠᠬ ᠦᠭᠡᠢ᠃ ᠲᠡᠮᠡᠭᠡ᠎ᠨᠢ ᠬᠢᠳᠠᠳ ᠰᠢᠳᠠᠷ᠎ᠠ ᠵᠢᠨ ᠵᠠᠭ᠋ᠠᠨ᠎ᠲᠠᠢ ᠠᠳᠠᠯᠢ ᠪᠠᠶ᠋ᠢᠳᠠᠬ ᠴᠦ᠍ ᠬᠢᠳᠠᠳ ᠰᠢᠳᠠᠷ᠎ᠠ ᠵᠢᠨ ᠵᠠᠭ᠋ᠠᠨ ᠠᠳᠠᠯᠢ ᠬᠢᠵᠠᠭ᠋ᠠᠷ᠎ᠲᠤ᠎ᠪᠠᠨ ᠬᠢᠵᠠᠭ᠋ᠠᠷᠯᠠᠬᠳᠠᠳᠠᠬ ᠦᠭᠡᠢ᠂ ᠬᠦᠦ᠎ᠨᠢ ᠬᠢᠳᠠᠳ ᠰᠢᠳᠠᠷ᠎ᠠ ᠵᠢᠨ ᠬᠦᠦ ᠠᠳᠠᠯᠢ ᠤᠷᠤᠬᠰᠢᠯᠠᠬᠤ ᠵᠠᠮ ᠦᠭᠡᠢ ᠮᠤᠬᠤᠷᠳᠠᠳᠠᠬ ᠪᠢᠰᠢ ᠶᠤᠮ᠃ ᠬᠠᠷᠢᠨ ᠵᠢᠱ᠌ᠢᠭᠦᠦ ᠱᠤᠭᠤᠮ ᠵᠶ᠋ᠠᠷ ᠨᠢᠳᠦ᠎ᠲᠠᠢ ᠬᠠᠡᠭᠭ᠋ᠠᠢ ᠪᠤᠶᠤ ᠪᠠᠷᠰ ᠪᠤᠯᠭ᠋ᠠᠨ ᠬᠤᠪᠢᠷᠠᠭᠤᠯᠳᠠᠬ᠃
    ᠮᠤᠡᠭᠭᠤᠯ ᠰᠢᠳᠠᠷ᠎ᠠ ᠵᠢᠨ ᠤᠯᠠᠷᠢᠨ ᠬᠤᠪᠢᠰᠬᠤ᠎ᠨᠢ ᠲᠤᠡᠭ ᠤᠷᠠᠨ ᠨᠠᠷᠢᠨ ᠪᠦᠭᠡᠳ ᠪᠤᠳᠤᠯᠢᠶᠠᠨᠳᠠᠢ ᠪᠠᠶ᠋ᠢᠳᠠᠬ᠃ ᠤᠷᠤᠬᠰᠢᠯᠠᠬᠤ᠂ ᠤᠬᠤᠷᠢᠬᠤ᠂ ᠳᠤᠪᠲᠤᠯᠬᠤ᠂ ᠬᠤᠷᠢᠬᠯᠠᠬᠤ᠂ ᠭᠡᠳᠡᠷᠬᠦ ᠲᠠᠭ᠋ᠠᠷᠢᠬᠤ᠂ ᠭᠡᠨᠡᠳᠲᠡ ᠴᠦᠮᠦᠷᠢᠨ ᠤᠷᠤᠬᠤ᠂ ᠬᠠᠯᠬᠠᠯᠠᠬᠤ᠂ ᠵᠠᠶ᠋ᠢᠯᠠᠭᠤᠯᠬᠤ᠂ ᠬᠠᠭᠤᠷᠤᠨ ᠮᠡᠬᠡᠯᠡᠵᠦ ᠪᠤᠴᠠᠨ ᠪᠤᠷᠤᠭᠤᠯᠠᠬᠤ᠂ ᠪᠡᠬᠢᠯᠡᠵᠦ ᠰᠠᠬᠢᠬᠤ᠂ ᠬᠠᠷᠰᠢ ᠰᠠᠭ᠋ᠠᠳ ᠲᠠᠯᠪᠢᠬᠤ᠂ ᠪᠤᠭᠤᠬᠳᠠᠭᠤᠯᠬᠤ᠂ ᠪᠤᠳᠠ ᠬᠠᠶᠠᠵᠦ ᠦᠳᠦᠭᠡᠬᠦ᠂ ᠵᠡᠭᠦᠨᠰᠢ ᠲᠠᠯᠠᠶ᠋ᠢᠵᠦ ᠪᠠᠷᠠᠭᠤᠨᠰᠢ ᠲᠠᠭ᠋ᠠᠷᠢᠬᠤ᠂ ᠪᠡᠯᠡᠳᠭᠡᠯ ᠦᠭᠡᠢ᠎ᠳᠤ᠎ᠨᠢ ᠲᠠᠭ᠋ᠠᠷᠢᠨ ᠰᠠᠨᠠᠮᠰᠠᠷ ᠦᠭᠡᠢ ᠵᠢ ᠵᠠᠪᠰᠢᠬᠤ᠂ ᠲᠠᠪᠠᠭᠤ ᠬᠦᠴᠦᠨ᠎ᠢ ᠲᠠᠶ᠋ᠢᠴᠢᠯᠠᠨ ᠪᠠᠭᠤᠷᠢ ᠵᠢ ᠴᠤᠬᠢᠬᠤ᠂ ᠤᠷᠤᠨ ᠰᠤᠯᠠᠯᠠᠵᠦ ᠵᠠᠮ ᠨᠡᠭᠡᠭᠡᠬᠦ ᠵᠡᠷᠭᠡ ᠤᠯᠠᠨ ᠠᠷᠪᠢᠨ ᠠᠷᠭ᠎ᠠ ᠪᠤᠳᠤᠯᠭ᠎ᠠ ᠬᠡᠷᠡᠭᠯᠡᠵᠦ ᠨᠦᠭᠦᠭᠡ ᠡᠳᠡᠭᠡᠳ᠎ᠤᠨ ᠵᠶ᠋ᠠᠨ ᠪᠤᠳᠠ ᠬᠦᠦ ᠵᠢ ᠤᠰᠠᠳᠬᠠᠨ᠂ ᠪᠡᠬᠢᠯᠡᠯᠲᠡ ᠵᠢ ᠡᠪᠳᠡᠵᠦ᠂ ᠪᠤᠭᠤᠮᠳᠠ ᠵᠢ ᠡᠵᠡᠯᠡᠨ ᠢᠯᠠᠯᠲᠠ ᠤᠯᠬᠤ᠎ᠳᠤ ᠬᠦᠷᠳᠡᠭ᠃
    ᠮᠤᠡᠭᠭᠤᠯ ᠰᠢᠳᠠᠷ᠎ᠠ ᠵᠢᠨ ᠱᠦᠭᠦᠯᠴᠡᠭᠡᠨ᠎ᠢ ᠮᠠᠳ᠂ ᠲᠡᠤᠬᠡᠢ ᠭᠡᠵᠦ ᠬᠤᠶᠠᠷ ᠢᠯᠭ᠋ᠠᠳᠠᠬ᠃ ᠮᠠᠳ ᠪᠤᠯ ᠰᠢᠭᠤᠳ ᠱᠠᠬᠯᠠᠵᠦ ᠠᠯᠠᠬᠤ ᠵᠢ ᠬᠡᠯᠡᠳᠡᠭ᠃ ᠲᠡᠤᠬᠡᠢ ᠪᠤᠢ ᠤᠷᠠᠨ ᠦᠷᠦᠯᠭᠡ ᠪᠠ ᠪᠤᠳᠤᠯᠢᠶᠠᠨᠲᠠᠢ ᠶᠠᠪᠤᠴᠠ᠎ᠪᠠᠷ ᠲᠠᠮᠵᠢᠨ ᠱᠠᠬᠯᠠᠵᠦ ᠮᠠᠳᠯᠠᠬᠤ ᠵᠢ ᠬᠡᠯᠡᠳᠡᠭ ᠤᠴᠢᠷ᠎ᠠᠴᠠ ᠮᠤᠡᠭᠭᠤᠯᠴᠤᠳ ᠵᠠᠡᠭᠰᠢᠯ ᠵᠶ᠋ᠠᠷ ᠵᠶ᠋ᠠᠨ ᠲᠡᠤᠬᠡᠢ᠎ᠪᠠᠷ ᠱᠦᠭᠦᠯᠴᠡᠭᠡᠨ᠎ᠤ ᠪᠠᠷᠢᠮᠵᠢᠶ᠎ᠠ ᠪᠤᠯᠭ᠋ᠠᠳᠠᠬ᠃ ᠲᠡᠭᠡᠬᠦ᠎ᠳᠤ ᠲᠡᠤᠬᠡᠢ ᠵᠢ ᠴᠦᠮ ᠬᠦᠦ ᠵᠢᠨ ᠴᠦᠳ ᠵᠶ᠋ᠠᠷ ᠲᠤᠭ᠋ᠠᠯᠠᠬᠤ ᠲᠤᠯᠠ᠂ ᠪᠠᠷᠰᠠ ᠵᠢᠨ ᠲᠡᠤᠬᠡᠢ᠂ ᠬᠠᠡᠭᠭ᠋ᠠᠢ ᠵᠢᠨ ᠲᠡᠤᠬᠡᠢ᠂ ᠲᠡᠮᠡᠭᠡᠨ᠎ᠤ ᠲᠡᠤᠬᠡᠢ᠂ ᠮᠤᠷᠢᠨ᠎ᠤ ᠲᠡᠤᠬᠡᠢ᠂ ᠨᠡᠶ᠋ᠢᠯᠡᠮᠡᠯ ᠲᠡᠤᠬᠡᠢ ᠬᠢᠭᠡᠳ ᠱᠤᠬ ᠱᠦᠭᠦᠯᠴᠡᠭᠡᠨ ᠭᠡᠵᠦ ᠲᠦᠷᠦᠯ ᠢᠯᠭ᠋ᠠᠵᠦ᠂ ᠲᠦᠷᠦᠯ ᠪᠦᠷᠢ᠎ᠳᠤ᠎ᠨᠢ ᠪᠠᠰᠠ ᠤᠯᠠᠨ ᠵᠦᠢ᠍ᠯ᠎ᠤᠨ ᠲᠡᠤᠬᠡᠢ᠎ᠪᠠᠷ ᠲᠡᠮᠳᠡᠭᠯᠡᠳᠡᠭ᠃ ᠮᠤᠡᠭᠭᠤᠯ ᠰᠢᠳᠠᠷ᠎ᠠ ᠵᠢᠨ ᠱᠦᠭᠦᠯᠴᠡᠭᠡᠨ ᠳᠤᠮᠳᠠ ᠮᠠᠰᠢ ᠤᠯᠠᠨ ᠨᠡᠶ᠋ᠢᠭᠡᠮ᠎ᠤᠨ ᠤᠴᠢᠷ ᠶᠤᠰᠤ᠎ᠲᠠᠢ ᠨᠡᠶ᠋ᠢᠴᠡᠭᠰᠡᠨ ᠬᠦᠮᠦᠨᠴᠢ ᠶᠤᠰᠤ ᠵᠢ ᠬᠠᠳᠠᠭ᠋ᠠᠯᠠᠵᠦ ᠪᠠᠶ᠋ᠢᠳᠠᠬ᠃ ᠵᠢᠱ᠌ᠢᠶᠡᠯᠡᠪᠡᠯ ᠲᠡᠯᠡᠬᠡᠢ ᠵᠢᠨ ᠰᠢᠳᠠᠷ᠎ᠠ᠎ᠳᠤ ᠮᠤᠷᠢ ᠪᠤᠶᠤ ᠲᠡᠮᠡᠭᠡ ᠲᠤᠬᠢᠶᠠᠯ᠎ᠲᠠᠢ ᠪᠤᠯ ᠰᠢᠭᠤᠳ ᠨᠤᠶᠠᠨ᠎ᠢ ᠱᠠᠯᠠᠵᠦ ᠲᠡᠭᠦᠰᠭᠡᠨ᠎ᠡ᠃ ᠮᠤᠡᠭᠭᠤᠯ ᠰᠢᠳᠠᠷ᠎ᠠ ᠵᠢᠨ ᠮᠤᠷᠢ ᠲᠡᠮᠡᠭᠡ ᠵᠦᠪᠬᠡᠨ ᠱᠠᠯᠠᠵᠦ ᠦᠡᠭᠭᠡᠷᠡᠭᠦᠯᠬᠦ᠎ᠠᠴᠠ ᠪᠢᠰᠢ ᠰᠢᠭᠤᠳ ᠱᠠᠯᠠᠵᠦ ᠦᠬᠦᠭᠦᠯᠵᠦ ᠪᠤᠯᠬᠤ ᠦᠭᠡᠢ᠃ ᠡᠨᠡ᠎ᠨᠢ ᠠᠮᠢᠳᠠᠨ ᠬᠦᠮᠦᠨ᠎ᠢ ᠠᠯᠠᠵᠦ ᠪᠤᠯᠬᠤ ᠦᠭᠡᠢ ᠭᠡᠰᠡᠨ ᠵᠠᠡᠭ ᠦᠢ᠍ᠯᠡ ᠵᠢᠨ ᠶᠤᠰᠤ᠎ᠲᠠᠢ ᠨᠡᠶ᠋ᠢᠴᠡᠵᠦ ᠪᠠᠶ᠋ᠢᠬᠤ ᠶᠤᠮ᠂ ᠲᠡᠯᠡᠬᠡᠢ ᠵᠢᠨ ᠰᠢᠳᠠᠷ᠎ᠠ᠎ᠳᠤ ᠵᠠᠪᠰᠢᠶᠠᠨ᠎ᠲᠠᠢ ᠪᠤᠯ ᠪᠤᠳᠠ ᠪᠠ ᠬᠦᠦ ᠵᠢ ᠪᠦᠷ ᠢᠳᠡᠬᠦ ᠵᠢ ᠬᠢᠵᠠᠭ᠋ᠠᠷᠯᠠᠬᠤ ᠦᠭᠡᠢ᠂ ᠮᠤᠡᠭᠭᠤᠯ ᠰᠢᠳᠠᠷ᠎ᠠ᠎ᠳᠤ ᠵᠠᠪᠠᠯ ᠨᠢᠭᠡ ᠪᠤᠳᠠ ᠪᠤᠶᠤ ᠨᠢᠭᠡ ᠬᠦᠦ ᠦᠯᠡᠳᠡᠭᠡᠬᠦ ᠶᠤᠰᠤᠲᠠᠢ᠃ ᠨᠢᠭᠡ ᠪᠤᠳᠠ ᠦᠯᠡᠳᠡᠭᠡᠬᠦ᠎ᠨᠢ ᠬᠦᠮᠦᠨ᠎ᠤ ᠠᠮᠢᠳᠤᠷᠠᠯ᠎ᠢ ᠬᠤᠭᠤᠰᠤᠷᠠᠲᠠᠯ᠎ᠠ ᠦᠭᠡᠢ ᠪᠤᠯᠭ᠋ᠠᠬᠤ ᠴᠢᠨᠠᠷ ᠦᠭᠡᠢ ᠦᠢ᠍ᠯᠡ ᠵᠢ ᠴᠡᠭᠡᠷᠯᠡᠭᠰᠡᠨ ᠮᠤᠡᠭᠭᠤᠯ ᠵᠠᠡᠭᠰᠢᠯ᠎ᠠᠴᠠ ᠢᠷᠡᠯᠲᠡᠢ᠃ ᠵᠠᠪᠠᠯ ᠨᠢᠭᠡ ᠬᠦᠦ ᠦᠯᠡᠳᠡᠭᠡᠬᠦ᠎ᠨᠢ ᠬᠦᠮᠦᠨ᠎ᠢ ᠦᠷ᠎ᠡ ᠠᠴᠢᠨᠠᠷ ᠦᠭᠡᠢ ᠪᠤᠯᠳᠠᠯ᠎ᠠ ᠦᠨᠳᠦᠰᠦ ᠵᠢ᠎ᠨᠢ ᠲᠠᠰᠤᠯᠬᠤ ᠵᠢ ᠤᠨᠴᠠ ᠴᠡᠭᠡᠷᠯᠡᠳᠡᠭ ᠶᠤᠰᠤ ᠵᠠᠡᠭ᠎ᠠᠴᠠ ᠢᠷᠡᠭᠰᠡᠨ ᠲᠦᠷᠢᠮ ᠪᠤᠯᠤᠨ᠎ᠠ᠃

ᠢᠷᠡᠯᠲᠡ᠄ ᠪᠦᠬᠦ ᠠᠷᠠᠳ ᠵᠶ᠋ᠠᠷ ᠵᠶ᠋ᠠᠨ ᠪᠡᠶ᠎ᠡ᠎ᠪᠠᠨ ᠴᠢᠬᠢᠷᠠᠭᠵᠢᠭᠤᠯᠬᠤ ᠨᠡᠢ᠌ᠳᠡ ᠵᠢᠨ ᠦᠢ᠍ᠯᠡᠴᠢᠯᠡᠭᠡᠨ᠎ᠤ ᠲᠠᠪᠴᠠᠩ
          
ᠬᠠᠮᠢᠶ᠎ᠡ ᠪᠦᠬᠦᠢ ᠰᠣᠨᠢᠨ
ᠠᠨᠳᠠᠢ ᠪᠦᠵᠢᠭ
ᠪᠢᠯᠠᠭᠤ ᠰᠢᠳᠡᠬᠦ
ᠰᠤᠷ ᠬᠠᠷᠪᠤᠯᠳᠠ
ᠲᠡᠮᠡᠭᠡ ᠤᠷᠤᠯᠳᠤᠬᠤ
ᠮᠤᠷᠢ ᠤᠷᠤᠯᠳᠤᠬᠤ
 
            