ᠰᠣᠷ ᠬᠠᠷᠪᠤᠬᠤ ᠶᠤᠰᠤᠨ᠎ᠳᠤ ᠰᠤᠷᠴᠢᠳ᠂ ᠬᠠᠷᠪᠤᠯᠳᠠ ᠵᠢᠨ ᠵᠠᠢ᠂ ᠬᠠᠷᠪᠤᠯᠲᠠ ᠵᠢᠨ ᠵᠢᠷᠤᠮ᠂ ᠰᠤᠷ ᠵᠢᠨ ᠤᠤᠬᠠᠢ᠂ ᠰᠤᠷᠴᠢᠨᠤ ᠴᠤᠯᠠ᠂ ᠰᠣᠷ ᠬᠠᠷᠪᠤᠯᠳᠠ ᠵᠢᠨ ᠴᠡᠭᠡᠷ ᠶᠤᠰᠤᠨ ᠵᠡᠷᠭᠡ ᠠᠭᠤᠯᠭ᠎ᠠ ᠪᠠᠭᠳᠠᠳᠠᠭ᠃ ᠰᠤᠷ ᠬᠠᠷᠪᠤᠯᠲᠠ ᠵᠢᠨ ᠲᠡᠮᠡᠴᠡᠭᠡᠨ᠎ᠢ ᠴᠤᠪᠤᠭ᠎ᠠ ᠬᠠᠷᠪᠤᠯᠳᠠ᠂ ᠪᠠᠭ᠎ᠤᠨ ᠨᠡᠢ᠌ᠯᠡᠯᠭᠡ ᠭᠡᠵᠦ ᠬᠤᠶᠠᠷ ᠲᠦᠷᠦᠯ ᠬᠤᠪᠢᠶᠠᠳᠠᠭ᠃ ᠬᠦᠮᠦᠨ ᠨᠢᠭᠡᠪᠦᠷᠢ᠎ᠪᠠᠷ ᠳ᠋ᠦᠩᠨᠡᠬᠦ ᠵᠢ ᠴᠣᠪᠤᠭ᠎ᠠ ᠬᠠᠷᠪᠤᠬᠤ ᠭᠡᠳᠡᠭ᠂ ᠪᠠᠭ ᠵᠶ᠋ᠡᠷ ᠳ᠋ᠦᠩ ᠭᠠᠷᠭ᠋ᠠᠬᠤ ᠵᠢ ᠪᠠᠭ᠎ᠤᠨ ᠨᠡᠢ᠌ᠯᠡᠯᠭᠡ ᠭᠡᠳᠡᠭ᠃
ᠰᠤᠷᠴᠢᠳ ᠨᠠᠢ᠍ᠮᠠ᠎ᠠᠴᠠ ᠠᠷᠪᠠᠨ ᠳᠤᠯᠤᠭ᠋ᠠᠨ ᠨᠠᠰᠤᠨ᠎ᠤ ᠦᠬᠢᠳ ᠬᠦᠪᠡᠭᠦᠳ᠂ ᠠᠷᠪᠠᠨ ᠨᠠᠢ᠍ᠮᠠ ᠪᠠ ᠲᠡᠭᠦᠨ᠎ᠠᠴᠠ ᠳᠡᠭᠡᠭᠰᠢ ᠨᠠᠰᠤᠨ᠎ᠤ ᠡᠷᠡᠭᠲᠡᠢ᠂ ᠡᠮᠡᠭᠳᠡᠢ ᠨᠤᠮᠤ ᠰᠤᠮᠤ ᠵᠢ ᠵᠦᠪ ᠡᠵᠡᠮᠰᠢᠨ ᠬᠠᠷᠪᠤᠵᠤ ᠴᠢᠳᠠᠳᠠᠭ᠂ ᠬᠠᠷᠪᠤᠭ᠋ᠠᠨ᠎ᠤ ᠳᠦᠷᠢᠮ᠎ᠢ ᠰᠠᠢ᠌ᠨ ᠮᠡᠳᠡᠳᠡᠭ᠂ ᠡᠷᠡᠭᠦᠯ ᠮᠡᠨᠳᠦ ᠵᠢᠨ ᠲᠠᠯ᠎ᠠ᠎ᠪᠠᠷ ᠡᠮᠴᠢ ᠵᠢᠨ ᠵᠦᠪᠰᠢᠶᠡᠷᠡᠯ᠎ᠲᠠᠢ ᠲᠠᠮᠢᠷᠴᠢᠨ᠎ᠢ ᠲᠡᠮᠡᠴᠡᠭᠡᠨ᠎ᠳᠤ ᠣᠷᠣᠭᠣᠯᠳᠠᠭ᠃ ᠰᠣᠷ ᠬᠠᠷᠪᠤᠯᠳᠠ ᠵᠢᠨ ᠲᠡᠮᠡᠴᠡᠭᠡᠨ᠎ᠳᠤ ᠤᠷᠤᠯᠴᠠᠬᠤ ᠬᠦᠮᠦᠰ᠎ᠢ ᠨᠠᠰᠤᠨ᠎ᠤ ᠪᠠᠢ᠌ᠳᠠᠯ᠂ ᠴᠢᠨᠠᠷ᠎ᠤᠨ ᠢᠯᠭ᠋ᠠᠯ ᠵᠡᠷᠭᠡ ᠵᠢ᠎ᠨᠢ ᠦᠵᠡᠵᠦ ᠲᠤᠭᠲᠠᠭ᠋ᠠᠳᠠᠭ᠃
ᠬᠠᠷᠪᠤᠯᠳᠠ ᠵᠢᠨ ᠵᠠᠢ ᠰᠤᠷ᠎ᠤᠨ ᠬᠤᠯᠠ ᠵᠢᠨ ᠵᠠᠢ᠎ᠨᠢ 22.5 ᠬᠤᠤᠰ ᠠᠯᠳᠠ (75 ᠮᠧᠲᠷ) ᠪᠤᠶᠤ 45 ᠨᠤᠮᠤ᠃ ᠬᠠᠷᠪᠤᠬᠤ ᠰᠤᠷ᠎ᠨᠢ ᠬᠠᠨ᠎ᠠ᠂ ᠬᠠᠰᠤᠭ᠎ᠠ ᠭᠡᠵᠦ ᠬᠤᠶᠠᠷ ᠲᠦᠷᠦᠯ ᠪᠠᠢ᠌ᠳᠠᠭ᠃ ᠬᠠᠨ᠎ᠠ ᠰᠤᠷ 120 ~ 300 ᠰᠢᠷᠭᠡᠭ᠂ ᠬᠠᠰᠤᠭ᠎ᠠ ᠰᠤᠷ 30 ᠰᠢᠷᠭᠡᠭ ᠲᠤᠰ ᠲᠤᠰ ᠪᠠᠢ᠌ᠳᠠᠭ᠃ ᠬᠠᠨ᠎ᠠ ᠰᠤᠷ᠎ᠢ ᠭᠤᠷᠪᠠᠨ ᠦᠶ᠎ᠡ᠎ᠠᠴᠠ ᠳᠤᠷᠤᠭᠰᠢ ᠦᠭᠡᠢ ᠵᠢᠷᠭᠤᠭ᠋ᠠᠨ ᠦᠶ᠎ᠡ᠎ᠠᠴᠠ ᠳᠠᠪᠠᠭᠤᠯᠬᠤ ᠦᠭᠡᠢ᠎ᠪᠠᠷ ᠦᠷᠤᠳᠡᠭ᠃ ᠡᠮᠡᠭᠲᠡᠢ᠌ᠴᠤᠳᠤᠨ ᠬᠠᠷᠪᠤᠭ᠋ᠠᠨ᠎ᠤ ᠬᠤᠯᠠ ᠵᠢᠨ ᠵᠠᠢ 18 ᠬᠤᠤᠰ ᠠᠯᠲᠠ᠂ ᠬᠡᠦᠬᠡᠳ᠎ᠤᠨ ᠬᠠᠷᠪᠤᠭ᠋ᠠᠨ᠎ᠤ ᠵᠠᠢ ᠠᠷᠪᠠᠨ ᠨᠠᠢ᠍ᠮᠠᠨ ᠨᠠᠰᠤ ᠬᠦᠷᠳᠡᠯ᠎ᠡ ᠬᠦᠪᠡᠭᠦᠳ᠎ᠲᠤ ᠨᠠᠰᠤ ᠪᠦᠷᠢ 1.2 ᠬᠤᠤᠰ ᠠᠯᠳᠠ᠂ ᠦᠬᠢᠳ᠎ᠲᠤ ᠨᠠᠰᠤ ᠪᠦᠷᠢ 0.9 ᠬᠤᠤᠰ ᠠᠯᠳᠠ᠎ᠪᠠᠷ ᠪᠤᠳᠤᠵᠤ ᠳᠤᠭᠲᠠᠭ᠋ᠠᠳᠠᠭ᠃
ᠬᠠᠷᠪᠤᠯᠲᠠ ᠵᠢᠨ ᠵᠢᠷᠦᠮ ᠬᠠᠷᠪᠤᠯᠲᠠ ᠵᠢᠨ ᠲᠠᠯᠠᠪᠠᠢ᠎ᠳᠤ ᠵᠢᠷᠦᠮᠯᠡᠬᠤ ᠶᠤᠰᠤ᠃ ᠰᠤᠷ᠎ᠤᠨ ᠲᠡᠮᠡᠴᠡᠭᠡᠨ᠎ᠳᠤ ᠤᠷᠤᠯᠴᠠᠭᠰᠠᠳ ᠬᠠᠷᠪᠤᠯᠲᠠ ᠵᠢᠨ ᠲᠡᠮᠡᠴᠡᠭᠡᠨ ᠡᠬᠢᠯᠡᠬᠦ᠎ᠳᠤ ᠤᠯᠤᠰ᠎ᠤᠨ ᠮᠡᠷᠭᠡᠨ᠂ ᠰᠫᠣᠷᠲ᠎ᠤᠨ ᠮᠠᠰᠲ᠋ᠧᠷ ᠴᠤᠯᠠᠲᠠᠢ ᠰᠤᠷᠴᠢᠳᠢ ᠭᠠᠷᠭ᠋ᠠᠨ᠎ᠠ᠃ ᠡᠬᠢᠯᠡᠨ ᠬᠠᠷᠪᠤᠬᠤ ᠵᠢ ᠮᠡᠷᠭᠡ ᠦᠶ᠎ᠡ᠂ ᠲᠡᠭᠦᠰᠭᠡᠯ᠎ᠤᠨ ᠬᠠᠷᠪᠤᠯᠲᠠ ᠵᠢ ᠰᠢᠪᠲᠤᠷᠠᠭ᠎ᠠ ᠦᠶ᠎ᠡ ᠭᠡᠨ᠎ᠡ᠃ ᠮᠡᠷᠭᠡ ᠦᠶ᠎ᠡ᠎ᠳᠤ ᠨᠢᠭᠡ ᠵᠢᠷᠤᠬᠠᠢ ᠵᠢᠨ ᠰᠤᠷ ᠳᠡᠭᠡᠷ᠎ᠡ ᠬᠤᠶᠠᠷ ᠬᠦᠮᠦᠨ᠎ᠢ ᠭᠠᠷᠭ᠋ᠠᠨ ᠬᠠᠷᠪᠤᠭᠤᠯᠵᠤ᠂ ᠳᠠᠷᠠᠭ᠋ᠠᠬᠢ ᠦᠶᠡᠨᠦᠭᠦᠳᠲᠤ ᠳᠦᠷᠪᠡ᠎ᠪᠠᠷ ᠭᠠᠷᠭ᠋ᠠᠵᠤ᠂ ᠬᠠᠮᠤᠭ ᠰᠡᠭᠦᠯᠴᠢ ᠵᠢᠨ ᠰᠢᠪᠲᠣᠷᠠᠭᠠ ᠵᠢᠨ ᠦᠶ᠎ᠡ᠎ᠳᠤ ᠵᠠᠯᠠᠭᠤ ᠰᠠᠢ᠌ᠨ ᠬᠠᠷᠪᠤᠭ᠋ᠠᠴᠢ ᠬᠣᠶᠠᠷ ᠬᠦᠮᠦᠨ᠎ᠢ ᠭᠠᠷᠭ᠋ᠠᠵᠤ ᠬᠠᠷᠪᠤᠭᠤᠯᠬᠤ ᠵᠢᠷᠦᠮ᠎ᠢ ᠪᠠᠷᠢᠮᠳᠠᠯᠠᠬᠤ ᠪᠦᠭᠡᠳ ᠡᠬᠢ᠂ ᠲᠡᠭᠦᠰᠭᠡᠯ᠎ᠤᠨ ᠦᠶ᠎ᠡ᠎ᠳᠤ ᠪᠦᠬᠦ ᠬᠠᠷᠪᠤᠭ᠋ᠠᠴᠢ ᠨᠠᠷ ᠰᠣᠷ ᠳᠡᠭᠡᠷ᠎ᠡ ᠣᠴᠢᠵᠤ ᠰᠦᠷᠯᠢᠭ ᠪᠠᠢ᠌ᠳᠠᠯ᠎ᠲᠠᠢ ᠵᠤᠭᠰᠣᠵᠤ ᠣᠣᠬᠠᠢ᠌ᠯᠠᠳᠠᠭ᠃ ᠰᠤᠮᠤ᠎ᠪᠠᠨ ᠬᠠᠷᠪᠤᠵᠤ ᠳᠠᠭᠤᠰᠤᠮᠠᠭᠴᠠ ᠰᠣᠷᠴᠢᠳ ᠰᠠᠮᠪᠠᠷ᠎ᠠ ᠵᠢᠨ ᠰᠢᠭᠦᠭᠴᠢᠳ ᠪᠡᠶ᠎ᠡ᠎ᠪᠠᠷ ᠢᠷᠡᠵᠦ ᠰᠤᠮᠤ ᠵᠢᠨ ᠣᠨᠣᠭ᠎ᠠ ᠳᠣᠰᠬᠠᠯ ᠵᠦᠪ ᠡᠰᠡᠭᠦ ᠵᠢ ᠦᠵᠡᠭᠡᠳ ᠰᠤᠷ ᠵᠢᠨ ᠳᠡᠷᠭᠡᠳᠡ ᠤᠴᠢᠵᠤ ᠳᠠᠷᠠᠭ᠋ᠠᠴᠢ ᠵᠢᠨ ᠬᠠᠷᠪᠤᠬᠤ ᠠᠵᠢᠯ᠎ᠳᠤ ᠪᠡᠯᠡᠳᠭᠡᠨ᠎ᠡ᠃ ᠤᠯᠠᠭ᠋ᠠᠨ ᠲᠠᠷᠴᠤᠭ᠂ ᠴᠠᠭ᠋ᠠᠨ ᠲᠠᠷᠴᠤᠭ ᠪᠠᠷᠢᠭᠰᠠᠨ ᠬᠤᠶᠠᠷ ᠬᠦᠮᠦᠨ ᠲᠡᠮᠡᠴᠡᠬᠡᠨᠢ ᠤᠳᠤᠷᠢᠳᠬᠤ ᠪᠦᠭᠡᠳ ᠬᠠᠷᠪᠤᠵᠤ ᠡᠬᠢᠯᠡᠬᠦ᠎ᠪᠠᠷ ᠤᠯᠠᠭ᠋ᠠᠨ ᠳᠠᠷᠴᠤᠭ ᠡᠷᠭᠦᠵᠦ ᠳᠤᠬᠢᠶ᠎ᠠ ᠦᠭᠭᠦᠨ᠎ᠡ᠃ ᠰᠣᠷ ᠬᠠᠷᠪᠤᠬᠤ ᠵᠢ ᠵᠦᠪᠰᠢᠶᠡᠷᠡᠬᠦ ᠦᠭᠡᠢ ᠦᠶ᠎ᠡ᠎ᠳᠤ ᠴᠠᠭ᠋ᠠᠨ ᠲᠠᠷᠴᠤᠭ ᠡᠷᠭᠦᠵᠦ ᠳᠤᠬᠢᠶ᠎ᠠ ᠦᠭᠳᠡᠭ᠃ ᠨᠢᠭᠡ ᠪᠠᠭ ᠠᠷᠪᠠᠨ ᠬᠤᠶᠠᠷ ᠬᠦᠮᠦᠨ᠎ᠲᠠᠢ᠂ ᠬᠡᠷᠪᠡ ᠰᠣᠷᠴᠢᠳ ᠬᠦᠷᠦᠯᠴᠡᠬᠦ ᠦᠭᠡᠢ ᠪᠤᠯ ᠨᠠᠢ᠍ᠮᠠ᠎ᠠᠴᠠ ᠠᠷᠪᠠᠨ ᠬᠦᠮᠦᠨ ᠪᠠᠢ᠌ᠵᠤ ᠪᠤᠯᠤᠨ᠎ᠠ᠃ ᠭᠡᠪᠡᠴᠦ ᠵᠠᠪᠠᠯ ᠪᠦᠲᠦᠨ ᠪᠠᠭ᠎ᠲᠠᠢ ᠪᠠᠢ᠌ᠬᠤ ᠵᠢ ᠴᠢᠬᠤᠯᠠᠴᠢᠯᠠᠳᠠᠭ᠃ ᠪᠠᠭ ᠬᠡᠳᠦ ᠴᠦ᠍ ᠪᠠᠢ᠌ᠵᠤ ᠪᠤᠯᠤᠨ᠎ᠠ᠂ ᠬᠠᠷᠢᠨ ᠨᠠᠢ᠍ᠮᠠ᠎ᠠᠴᠠ ᠳᠤᠷᠤᠭᠰᠢ ᠬᠦᠮᠦᠨ᠎ᠲᠠᠢ ᠪᠠᠢ᠌ᠵᠤ ᠪᠤᠯᠬᠤ ᠦᠭᠡᠢ᠃ ᠴᠣᠪᠣᠭ᠎ᠠ ᠬᠠᠷᠪᠤᠭ᠋ᠠᠨᠳᠤ ᠨᠢᠭᠡ ᠬᠦᠮᠦᠨ 20 ᠰᠤᠮᠤ ᠬᠠᠷᠪᠤᠵᠤ ᠪᠠᠢ᠌ᠭᠰᠠᠨ᠎ᠠᠴᠠ ᠣᠳᠣ ᠬᠦᠮᠦᠨ ᠪᠦᠷᠢ 40 ᠰᠣᠮᠣ ᠬᠠᠷᠪᠤᠵᠤ᠂ 20 ᠵᠢ ᠬᠠᠨ᠎ᠠ ᠰᠤᠷ᠎ᠲᠤ ᠬᠠᠷᠪᠤᠵᠤ 20 ᠬᠠᠰᠣᠭᠠ ᠰᠤᠷ ᠬᠠᠷᠪᠤᠬᠤ ᠪᠤᠯᠤᠭᠰᠠᠨ᠎ᠨᠢ ᠰᠤᠷᠴᠢᠳ ᠵᠢᠨ ᠴᠢᠨᠠᠭᠰᠢᠲᠠ ᠰᠣᠷᠴᠣ ᠲᠠᠰᠬᠠᠯᠵᠢᠬᠤ ᠶᠠᠪᠤᠳᠠᠯ᠎ᠳᠤ ᠶᠠᠬᠡ ᠠᠰᠢᠭᠲᠠᠢ ᠪᠤᠯᠤᠭᠰᠠᠨ ᠶᠤᠮ᠃ ᠪᠠᠭ᠎ᠤᠨ ᠲᠡᠮᠡᠴᠡᠬᠡᠨ ᠬᠢᠬᠦ᠎ᠳᠡᠭᠡᠨ ᠭᠤᠷᠪᠠᠨ ᠦᠷᠦᠭ ᠬᠠᠷᠪᠤᠵᠤ ᠡᠬᠢᠨ᠎ᠤ ᠦᠷᠦᠭ᠎ᠲᠤ 8 ᠰᠤᠮᠤ᠂ ᠳᠤᠮᠳᠠ ᠦᠷᠦᠭ᠎ᠲᠤ 8 ᠰᠤᠮᠤ᠂ ᠠᠳᠠᠭ ᠦᠷᠦᠭ᠎ᠲᠤ 4 ᠰᠤᠮᠤ ᠲᠤᠰ ᠲᠤᠰ ᠬᠠᠷᠪᠤᠵᠤ ᠪᠠᠢ᠌ᠳᠠᠭ᠃ ᠪᠠᠭ᠎ᠤᠨ ᠬᠠᠷᠪᠤᠭ᠋ᠠᠨᠳᠤ ᠭᠤᠷᠪᠠᠨ ᠦᠷᠦᠭ ᠬᠠᠷᠪᠤᠵᠤ ᠲᠤᠳᠤᠷᠬᠠᠢ᠌ᠯᠠᠳᠠᠭ᠃ ᠡᠬᠦᠨ᠎ᠳᠤ ᠡᠬᠢᠨ᠎ᠤ ᠦᠷᠦᠭ᠎ᠲᠤ ᠠᠷᠪᠠᠨ ᠬᠣᠶᠠᠷ ᠬᠦᠮᠦᠨ᠎ᠲᠠᠢ ᠪᠠᠭ ᠭᠡᠪᠡᠯ ᠡᠬᠢᠨ᠎ᠤ ᠡᠭᠡᠯᠵᠢ᠎ᠳᠤ ᠬᠦᠮᠦᠨ ᠪᠦᠷᠢ ᠳᠦᠷᠪᠡ᠂ ᠪᠦᠭᠦᠳᠡ 48 ᠰᠤᠮᠤ ᠬᠠᠷᠪᠤᠬᠤ᠎ᠠᠴᠠ ᠬᠠᠨ᠎ᠠ ᠰᠤᠷ᠎ᠲᠤ 33 ᠰᠤᠮᠤ᠂ ᠬᠠᠰᠤᠭ᠎ᠠ ᠰᠤᠷ᠎ᠲᠤ 15 ᠰᠣᠮᠣ ᠬᠠᠷᠪᠤᠨ᠎ᠠ᠃ ᠵᠢᠱ᠌ᠢᠶᠡᠯᠡᠪᠡᠯ ᠨᠢᠭᠡᠳᠦᠭᠡᠷ ᠪᠠᠭ 33 ᠰᠤᠮᠤ᠎ᠪᠠᠷ ᠭᠤᠴᠢᠨ ᠭᠤᠷᠪᠠ ᠣᠨᠣᠭ᠋ᠠᠵᠤ᠂ ᠬᠤᠶᠠᠳᠤᠭ᠋ᠠᠷ ᠪᠠᠭ 33 ᠰᠤᠮᠤ᠎ᠪᠠᠷ ᠬᠣᠷᠢᠨ ᠨᠠᠢ᠍ᠮᠠ ᠤᠨᠤᠭ᠋ᠠᠵᠤ᠂ ᠲᠠᠪᠤᠨ ᠬᠠᠰᠤᠭ᠎ᠠ ᠳᠤᠲᠠᠭᠣ ᠭᠡᠵᠦ ᠦᠵᠡᠪᠡᠯ ᠦᠪᠡᠷ᠎ᠤᠨ 15 ᠬᠠᠰᠤᠭ᠎ᠠ ᠳᠡᠭᠡᠷ᠎ᠡ 5 ᠰᠤᠷ ᠵᠶ᠋ᠡᠨ ᠨᠡᠮᠡᠵᠦ 20 ᠬᠠᠰᠤᠭ᠎ᠠ ᠪᠤᠯᠭ᠋ᠠᠬᠤ ᠪᠠ ᠨᠢᠭᠡᠳᠦᠭᠡᠷ ᠪᠠᠭ᠎ᠤᠨ 15 ᠬᠠᠰᠤᠭ᠎ᠠ᠂ ᠪᠦᠬᠦᠳᠡ 35 ᠬᠠᠰᠤᠭ᠎ᠠ ᠳᠠᠯᠪᠢᠵᠦ ᠬᠠᠷᠪᠤᠳᠠᠭ᠃ ᠦᠪᠡᠷ᠎ᠤᠨ ᠲᠠᠯᠪᠢᠭᠰᠠᠨ ᠬᠠᠰᠤᠭ᠎ᠠ᠎ᠪᠠᠨ ᠣᠷᠢᠳᠠᠪᠠᠷ ᠤᠨᠤᠭ᠋ᠠᠵᠤ ᠳᠠᠭᠣᠰᠬᠠᠭᠰᠠᠨ ᠪᠠᠭ᠎ᠨᠢ ᠨᠦᠭᠦᠭᠡ ᠦᠯᠡᠳᠡᠭᠰᠠᠨ ᠬᠠᠰᠣᠭᠠ ᠵᠢ ᠨᠢᠭᠡᠳᠦᠭᠡᠷ ᠦᠷᠦᠭ᠎ᠲᠤ ᠳᠠᠳᠠᠭᠰᠠᠨ᠎ᠳᠤ ᠲᠣᠭ᠋ᠠᠴᠠᠵᠤ ᠳᠠᠷᠠᠭ᠎ᠠ ᠵᠢᠨ ᠦᠷᠦᠭ ᠡᠬᠢᠯᠡᠳᠡᠭ᠃ ᠳᠤᠮᠳᠠ᠂ ᠠᠳᠠᠭ ᠦᠷᠦᠭ᠎ᠲᠤ ᠨᠦᠭᠦᠭᠡ ᠲᠠᠯ᠎ᠠ᠎ᠨᠢ ᠦᠪᠡᠷ᠎ᠤᠨ ᠬᠠᠰᠤᠭ᠎ᠠ᠎ᠪᠠᠨ ᠨᠦᠬᠦᠨ ᠠᠪᠴᠤ ᠪᠤᠯᠤᠨ᠎ᠠ᠃ ᠬᠣᠵᠢᠨᠢ ᠲᠠᠪᠤᠨ ᠲᠠᠲᠠᠯᠳᠠᠪᠠᠷ ᠲᠣᠭ᠋ᠠᠴᠠᠳᠠᠭ᠂ ᠬᠡᠷᠪᠡ ᠭᠤᠷᠪᠠᠨ ᠦᠷᠦᠭ᠎ᠤᠨ ᠳᠠᠷᠠᠭ᠎ᠠ 4 ᠬᠠᠰᠤᠭ᠎ᠠ ᠳᠠᠳᠠᠵᠣ 1 ᠬᠠᠰᠤᠭ᠎ᠠ ᠦᠯᠡᠳᠡᠪᠡᠯ ᠡᠭᠦᠨ᠎ᠢ ᠬᠤᠵᠢᠨ ᠬᠠᠷᠢᠴᠠᠭ᠋ᠠᠨ᠎ᠤ ᠳᠡᠭᠦᠵᠢᠩ ᠭᠡᠵᠦ 22.5 ᠬᠣᠣᠰ ᠠᠯᠳᠠ (75 ᠮᠧᠲᠷ) ᠵᠢᠨ ᠵᠠᠢ᠎ᠠᠴᠠ ᠬᠠᠷᠪᠤᠳᠠᠭ᠃ 4 ᠬᠠᠰᠤᠭ᠎ᠠ ᠳᠠᠲᠠᠭᠰᠠᠨ ᠳᠡᠭᠦᠵᠢᠩ᠎ᠠᠴᠠ ᠭᠠᠭᠴᠠ ᠬᠠᠰᠤᠭᠠᠢ ᠠᠪᠤᠪᠠᠯ ᠲᠠᠪᠤᠨ ᠲᠠᠳᠠᠯᠳᠠ᠎ᠪᠠᠷ ᠬᠤᠵᠢᠳᠠᠭ᠃ ᠬᠡᠷᠪᠡ ᠳᠤᠲᠠᠭᠤ ᠬᠠᠰᠤᠭ᠎ᠠ᠎ᠲᠠᠢ ᠪᠠᠭ ᠠᠪᠤᠪᠠᠯ ᠬᠤᠵᠢᠨ ᠦᠭᠡᠢ ᠳᠡᠩᠴᠡᠭᠰᠡᠨ᠎ᠳᠤ ᠲᠤᠭ᠋ᠠᠴᠠᠨᠠ᠃ ᠨᠢᠭᠡᠳᠦᠭᠡᠷ ᠪᠠᠭ 2 ᠰᠣᠷ᠎ᠲᠠᠢ ᠲᠡᠩᠴᠡᠭᠦ ᠬᠤᠶᠠᠳᠤᠭ᠋ᠠᠷ ᠪᠠᠭ 7 ᠰᠤᠷ᠎ᠲᠠᠢ ᠪᠠᠢ᠌ᠨ᠎ᠠ ᠬᠡᠵᠦ ᠦᠵᠡᠪᠡᠯ ᠨᠢᠭᠡᠳᠦᠭᠡᠷ ᠪᠠᠭ᠎ᠤᠨ 2 ᠰᠣᠷ᠎ᠲᠠᠢ ᠲᠡᠩᠴᠡᠭᠦ ᠬᠤᠶᠠᠳᠤᠭ᠋ᠠᠷ ᠪᠠᠭ 7 ᠰᠤᠷ᠎ᠠᠴᠠ 2᠎ᠢ ᠬᠠᠰᠤᠵᠤ᠂ ᠦᠯᠡᠳᠡᠬᠦ 5 ᠰᠤᠷ᠎ᠢ ᠬᠤᠶᠠᠷ ᠪᠠᠭ᠎ᠲᠤ ᠲᠡᠩᠴᠡᠭᠦᠦ ᠬᠤᠪᠢᠶᠠᠵᠤ ᠦᠭᠭᠦᠭᠡᠳ ᠦᠯᠡᠳᠡᠭᠰᠠᠨ ᠭᠠᠭᠴᠠ ᠬᠠᠰᠤᠭ᠎ᠠ ᠵᠢ ᠵᠢᠷᠤᠬᠠᠢ ᠦᠴᠢᠭᠯᠡᠨ ᠬᠠᠷᠪᠤᠨ᠎ᠠ᠃ ᠡᠬᠢᠯᠡᠭᠡᠳ ᠬᠠᠰᠤᠭ᠎ᠠ ᠲᠠᠯᠪᠢᠭᠰᠠᠨ ᠪᠠᠭ ᠬᠠᠷᠪᠤᠵᠤ ᠣᠨᠣᠭ᠋ᠠᠪᠠᠯ ᠬᠣᠵᠢᠨ ᠲᠡᠩᠴᠡᠬᠦ ᠪᠠ ᠤᠨᠤᠭ᠋ᠠᠭᠰᠠᠨ ᠦᠭᠡᠢ ᠲᠠᠯ᠎ᠠ᠎ᠨᠢ ᠣᠨᠣᠭ᠋ᠠᠪᠠᠯ ᠲᠠᠪᠤᠨ ᠳᠠᠳᠠᠯᠳᠠ᠎ᠪᠠᠷ ᠬᠣᠵᠢᠨ ᠠᠪᠣᠨ᠎ᠠ᠃ ᠬᠠᠰᠤᠭ᠎ᠠ ᠰᠤᠷ᠎ᠢ ᠦᠷᠦᠬᠦ᠎ᠳᠡᠭᠡᠨ 24 ᠬᠠᠰᠤᠭ᠎ᠠ ᠵᠢ ᠬᠣᠶᠠᠷ ᠳᠠᠪᠬᠣᠷᠯᠠᠵᠤ᠂ ᠦᠯᠡᠳᠡᠭᠰᠡᠨ 6 ᠬᠠᠰᠤᠭ᠎ᠠ ᠵᠢ ᠬᠤᠶᠠᠷ ᠲᠠᠯᠠᠳᠤᠨᠢ ᠭᠤᠷᠪᠠ ᠭᠤᠷᠪᠠ᠎ᠪᠠᠷ ᠬᠡᠪᠳᠡᠭᠦᠯᠦᠨ ᠦᠷᠦᠳᠡᠭ᠃ ᠬᠠᠰᠤᠭ᠎ᠠ ᠰᠢᠮᠡᠬᠦ᠎ᠳᠡᠭᠡᠨ ᠳᠠᠪᠬᠤᠷᠯᠠᠨ ᠦᠷᠦᠭᠰᠡᠨ ᠬᠠᠰᠤᠭ᠎ᠠ᠎ᠠᠴᠠ ᠡᠬᠢᠯᠡᠵᠦ᠂ ᠬᠠᠮᠤᠭ ᠰᠡᠭᠦᠯ᠎ᠳᠤ ᠬᠡᠪᠳᠡᠭᠡ ᠬᠠᠰᠤᠭ᠎ᠠ ᠦᠯᠡᠳᠡᠳᠡᠭ᠃ ᠵᠢᠷᠣᠬᠠᠢ ᠪᠠᠢ᠌ᠭᠤᠯᠬᠤ᠎ᠳᠠᠭᠠᠨ ᠤᠷᠤᠯᠴᠠᠭᠰᠠᠨ ᠬᠦᠮᠦᠨ᠎ᠤ ᠤᠯᠠᠨ ᠴᠦᠬᠡᠨ ᠵᠶ᠋ᠡᠨ ᠦᠵᠡᠵᠦ ᠲᠤᠭᠳᠠᠭ᠋ᠠᠨ᠎ᠠ᠃ ᠨᠢᠭᠡ ᠵᠢᠷᠤᠬᠠᠢ᠎ᠳᠤ ᠵᠠᠭᠤ᠎ᠠᠴᠠ ᠳᠤᠷᠤᠭᠰᠢ ᠬᠦᠮᠦᠨ ᠪᠠᠢ᠌ᠵᠤ ᠪᠤᠯᠳᠠᠭ᠃ ᠬᠡᠷᠪᠡ ᠵᠠᠭᠤ᠎ᠠᠴᠠ ᠳᠡᠭᠡᠭᠰᠢ ᠪᠣᠯ ᠵᠢᠷᠤᠬᠠᠢ ᠨᠡᠮᠡᠵᠦ ᠪᠠᠢ᠌ᠭᠤᠯᠳᠠᠭ᠃ ᠪᠤᠭᠤᠨᠢ ᠲᠡᠮᠡᠴᠡᠬᠡᠨᠢ ᠳᠠᠭᠤᠰᠬᠠᠬᠤ ᠱᠠᠭ᠋ᠠᠷᠳᠠᠯᠭ᠎ᠠ᠎ᠲᠠᠢ ᠪᠤᠯ ᠵᠢᠷᠤᠬᠠᠢ ᠨᠡᠮᠡᠵᠦ ᠪᠤᠯᠤᠨ᠎ᠠ᠃ ᠰᠤᠷ᠎ᠤᠨ ᠬᠡᠯᠬᠢᠶ᠎ᠡ᠎ᠠᠴᠠ ᠳᠠᠰᠤᠷᠠᠵᠤ ᠠᠷᠤ ᠵᠢᠷᠤᠬᠠᠢ᠎ᠠᠴᠠ ᠭᠠᠷᠤᠭᠰᠠᠨ᠂ ᠭᠠᠵᠠᠷᠳᠠᠵᠤ ᠤᠨᠤᠭᠰᠠᠨ ᠪᠤᠶᠤ ᠠᠷᠤ ᠵᠢᠷᠤᠬᠠᠢ᠎ᠠᠴᠠ ᠰᠤᠷ ᠭᠠᠷᠤᠭ᠋ᠠᠳᠤᠢ ᠪᠠᠯ ᠤᠨᠤᠭ᠋ᠠᠭᠰᠠᠨ᠎ᠳᠤ ᠲᠤᠭ᠋ᠠᠴᠠᠵᠤ ᠦᠭᠡᠢ᠂ ᠡᠬᠦᠨ᠎ᠢ ᠫᠠᠢ᠌ᠳᠠᠭᠤᠯᠬᠤ ᠬᠡᠳᠡᠭ᠃ ᠬᠠᠷᠢᠨ 50 ᠨᠠᠰᠤᠨ᠎ᠠᠴᠠ ᠳᠡᠭᠡᠭᠰᠢ ᠪᠣᠶᠣ ᠬᠡᠥᠬᠡᠳ᠎ᠤᠨ ᠬᠦᠴᠦ ᠴᠢᠳᠠᠯ ᠢᠳᠡᠷ ᠰᠤᠷᠴᠢᠳ᠎ᠤᠨ ᠬᠦᠴᠦᠨ᠎ᠲᠠᠢ ᠳᠡᠩᠴᠡᠬᠦ ᠦᠭᠡᠢ ᠪᠠᠢ᠌ᠳᠠᠭ ᠬᠠᠷᠭ᠋ᠠᠯᠵᠠᠨ ᠰᠣᠷ ᠬᠡᠯᠬᠢᠶ᠎ᠡ ᠲᠠᠰᠤᠷᠠᠮᠠᠭᠴᠠ ᠣᠨᠣᠭ᠋ᠠᠨᠳᠤ ᠲᠣᠭ᠋ᠠᠴᠠᠳᠠᠭ᠃ ᠰᠤᠷᠴᠢᠳ᠎ᠤᠨ ᠤᠨᠤᠭ᠎ᠠ ᠵᠢ ᠬᠤᠶᠠᠷ ᠪᠠᠭ᠎ᠤᠨ ᠰᠤᠯᠢᠯᠴᠠᠭᠰᠠᠨ ᠰᠠᠮᠪᠠᠷ᠎ᠠ᠎ᠳᠤ ᠵᠢᠷᠤᠵᠤ ᠲᠡᠮᠳᠡᠭᠯᠡᠳᠡᠭ᠃
ᠰᠤᠷ ᠰᠢᠬᠦᠭᠴᠢ ᠰᠤᠷ᠎ᠤᠨ ᠪᠦᠬᠦ ᠬᠡᠷᠡᠭ ᠡᠷᠬᠢᠯᠡᠭᠰᠡᠨ ᠲᠠᠭ᠋ᠠᠭ᠋ᠠᠮᠠᠯ (ᠶᠡᠷᠥᠩᠬᠢ ᠰᠢᠭᠦᠭᠴᠢ) ᠨᠢᠭᠡ᠂ ᠪᠢᠴᠢᠭᠡᠴᠢ (ᠨᠠᠷᠢᠨ ᠪᠢᠴᠢᠭ᠎ᠤᠨ ᠳᠠᠷᠤᠭ᠎ᠠ) ᠨᠢᠭᠡ᠂ ᠪᠠᠢ᠌ᠷᠢ ᠵᠢᠨ ᠡᠷᠬᠢᠯᠡᠭᠴᠢ (ᠠᠵᠦ ᠠᠬᠤᠢ ᠵᠢᠨ ᠰᠢᠭᠦᠭᠴᠢ) ᠨᠢᠭᠡ᠂ ᠲᠤᠰᠠᠯᠠᠬᠤ ᠭᠡᠰᠢᠬᠦᠨ (ᠲᠤᠰᠠᠯᠠᠬᠤ ᠰᠢᠭᠦᠭᠴᠢ) ᠨᠢᠭᠡ᠂ ᠰᠠᠮᠪᠠᠷ᠎ᠠ ᠵᠢᠨ ᠠᠵᠢᠯᠲᠠ (ᠰᠠᠮᠪᠠᠷ᠎ᠠ ᠰᠢᠭᠦᠭᠴᠢ) ᠳᠦᠷᠪᠡ᠂ ᠵᠢᠷᠤᠬᠠᠢ ᠰᠢᠭᠦᠭᠴᠢ ᠪᠠ ᠰᠣᠷ᠎ᠤᠨ ᠵᠠᠰᠠᠭᠣᠯ ᠲᠣᠰ ᠪᠦᠷᠢ ᠳᠦᠷᠪᠡ ᠪᠠᠢ᠌ᠳᠠᠭ᠃
ᠰᠣᠷ᠎ᠤᠨ ᠣᠣᠬᠠᠢ ᠳᠡᠭᠡᠷ᠎ᠡ ᠦᠶ᠎ᠡ᠎ᠠᠴᠠ ᠤᠯᠠᠮᠵᠢᠯᠠᠭᠳᠠᠨ ᠢᠷᠡᠭᠰᠡᠨ ᠬᠠᠷᠪᠤᠭᠴᠢᠳᠤᠨ ᠪᠠᠶᠠᠷ ᠪᠠᠶᠠᠰᠬᠤᠯᠠᠩ᠎ᠢ ᠢᠯᠡᠳᠭᠡᠭᠰᠡᠨ ᠨᠢᠭᠡᠨ ᠵᠦᠢ᠍ᠯ ᠤᠷᠢᠶ᠎ᠠ ᠳᠠᠭᠤᠨ᠃ ᠣᠣᠬᠠᠢ᠎ᠨᠢ ᠰᠠᠮᠪᠠᠷ᠎ᠠ ᠵᠢᠨ᠂ ᠵᠢᠷᠤᠬᠠᠢ ᠵᠢᠨ᠂ ᠨᠠᠢ᠌ᠵᠠ ᠵᠢᠨ ᠭᠡᠬᠦᠴᠢᠯᠡᠨ ᠬᠡᠳᠦ ᠬᠡᠳᠦᠨ ᠶᠠᠩᠵᠦ ᠪᠠᠢ᠌ᠳᠠᠭ᠃ ᠵᠢᠷᠣᠬᠠᠢ ᠳᠡᠭᠡᠷ᠎ᠡ ᠵᠤᠭᠰᠤᠵᠤ ᠪᠠᠢ᠌ᠭ᠎ᠠ ᠬᠠᠷᠪᠤᠭ᠋ᠠᠴᠢᠳ ᠰᠢᠭᠦᠭᠴᠢᠳ᠎ᠠᠴᠠ ᠰᠣᠷᠴᠢᠳ ᠬᠠᠷᠪᠤᠬᠤ ᠪᠤᠯᠬᠤ᠎ᠪᠠᠷ ᠤᠨᠤᠬᠤ ᠵᠢ ᠤᠷᠢᠵᠤ ᠵᠦᠭᠡᠯᠡᠨ ᠨᠠᠮᠣᠭᠣᠨ ᠣᠣᠬᠠᠢ᠌ᠯᠠᠳᠠᠭ᠃ ᠬᠠᠷᠢᠨ ᠤᠨᠤᠭ᠋ᠠᠵᠤ ᠡᠬᠢᠯᠡᠪᠡᠯ ᠣᠨᠣᠭᠰᠠᠨᠤ ᠪᠠᠶᠠᠷ ᠪᠤᠯᠭ᠋ᠠᠵᠤ ᠦᠨᠳᠦᠷ ᠳᠠᠭᠤᠨ ᠵᠶ᠋ᠡᠷ ᠤᠤᠬᠠᠢ ᠬᠡᠵᠦ ᠮᠡᠳᠡᠬᠡ ᠦᠭᠭᠦᠨ᠎ᠡ᠃ ᠤᠨᠤᠭᠰᠠᠨ ᠤᠤᠬᠠᠢ ᠵᠢᠨ ᠳᠠᠷᠠᠭ᠎ᠠ ᠰᠠᠮᠪᠠᠷ᠎ᠠ ᠵᠢᠨ ᠤᠤᠬᠠᠢ ᠦᠷᠭᠦᠯᠵᠢᠯᠡᠨ᠎ᠡ᠃ ᠰᠠᠮᠪᠠᠷ᠎ᠠ ᠵᠢᠨ ᠤᠤᠬᠠᠢ ᠪᠤᠯ ᠨᠠᠮᠤᠭ᠎ᠤᠨ᠂ ᠤᠳᠠᠭ᠋ᠠᠨ ᠠᠭ᠋ᠠᠵᠢᠮ ᠦᠷᠭᠦᠯᠵᠢᠯᠡᠳᠡᠭ᠃ ᠪᠠᠭ ᠬᠠᠷᠪᠤᠭ᠋ᠠᠨ᠎ᠤ ᠲᠡᠮᠡᠴᠡᠭᠡᠨ ᠪᠤᠯᠪᠠᠯ ᠦᠪᠡᠷ᠎ᠤᠨ ᠲᠠᠯ᠎ᠠ ᠵᠢ ᠬᠠᠷᠪᠤᠬᠤ᠎ᠳᠤ ᠤᠤᠬᠠᠢ ᠭᠡᠳᠡᠭ ᠵᠠᠩᠰᠢᠯ᠎ᠲᠠᠢ᠃ ᠡᠷᠳᠡ ᠳᠡᠭᠡᠷ᠎ᠡ ᠦᠶ᠎ᠡ᠎ᠠᠴᠠ ᠰᠤᠷ᠎ᠤᠨ ᠬᠠᠷᠪᠤᠭ᠋ᠠᠨ᠎ᠤ ᠡᠬᠢᠯᠡᠯᠳᠡ ᠤᠤᠬᠠᠳ ᠬᠠᠷᠪᠤᠭ᠋ᠠᠨ᠎ᠤ ᠦᠶ᠎ᠡ᠎ᠳᠤ ᠨᠠᠢ᠌ᠵᠠ ᠤᠤᠬᠠᠢ ᠬᠢᠬᠦ ᠵᠠᠩᠰᠢᠯ᠎ᠲᠠᠢ᠃ ᠡᠨᠡ᠎ᠨᠢ ᠬᠠᠷᠪᠤᠭ᠎ᠠ ᠵᠢ ᠶᠡᠬᠡ ᠨᠠᠢ᠌ᠷᠰᠠᠭ ᠳᠤᠲᠤᠨᠤ᠂ ᠨᠠᠢ᠌ᠳᠠᠴᠢ᠂ ᠪᠡᠶ᠎ᠡ ᠪᠡᠶ᠎ᠡ᠎ᠳᠡᠭᠡᠨ ᠰᠤᠷᠭ᠋ᠠᠬᠤ᠂ ᠲᠤᠰᠠᠯᠠᠬᠤ ᠵᠤᠷᠢᠯᠭ᠎ᠠ᠎ᠲᠠᠢ ᠶᠠᠪᠤᠭᠳᠠᠵᠤ ᠦᠶ᠎ᠡ ᠵᠢᠨ ᠦᠶ᠎ᠡ᠎ᠳᠤ ᠤᠯᠠᠮᠵᠢᠯᠠᠭᠳᠠᠨ ᠢᠷᠡᠵᠡᠢ᠃ ᠤᠳᠤ ᠨᠡᠬᠡᠭᠡᠯᠳᠡ ᠬᠠᠭ᠋ᠠᠯᠲᠠ ᠵᠢᠨ ᠳᠠᠷᠠᠭ᠎ᠠ ᠬᠡᠷᠡᠭᠯᠡᠵᠦ ᠪᠤᠢ᠃
ᠰᠣᠷᠴᠢᠨᠤ ᠴᠤᠯᠠ ᠬᠠᠷᠪᠤᠭ᠎ᠠ ᠨᠠᠮᠨᠠᠭ᠎ᠠ᠎ᠳᠠᠭᠠᠨ ᠰᠢᠯᠭ᠋ᠠᠷᠠᠭᠰᠠᠳᠲᠤ ᠴᠤᠯᠠ ᠣᠯᠭᠣᠬᠣ ᠪᠣᠯ ᠮᠣᠩᠭᠣᠯᠴᠣᠳ᠎ᠤᠨ ᠡᠷᠳᠡ ᠳᠡᠭᠡᠷ᠎ᠡ ᠦᠶ᠎ᠡ᠎ᠠᠴᠠ ᠤᠯᠠᠮᠵᠢᠯᠠᠭᠳᠠᠵᠤ ᠢᠷᠡᠭᠰᠡᠨ ᠵᠠᠩᠰᠢᠯ ᠶᠣᠮ᠃ ᠮᠤᠩᠭᠤᠯ ᠣᠯᠣᠰ᠎ᠤᠨ ᠰᠣᠷᠴᠢᠨ᠎ᠳᠤ ᠤᠯᠭᠤᠬᠤ ᠴᠣᠯᠠ᠎ᠨᠢ ᠪᠤᠰᠤᠳ ᠭᠠᠵᠠᠷ᠎ᠠᠴᠠ ᠣᠯᠠᠨ ᠪᠠᠢ᠌ᠳᠠᠭ᠃ ᠲᠤᠬᠠᠢ᠌ᠯᠠᠪᠠᠯ ᠳᠡᠭᠡᠷ᠎ᠡ ᠦᠶ᠎ᠡ᠎ᠳᠤ ᠮᠣᠩᠭᠣᠯ ᠣᠯᠣᠰ ᠰᠤᠷᠴᠢᠨ᠎ᠳᠠᠭᠠᠨ 《ᠬᠠᠯᠬ᠎ᠠ ᠳᠠᠶᠠᠭ᠋ᠠᠷ ᠮᠠᠰᠢ ᠭᠠᠢ᠌ᠬᠠᠮᠰᠢᠭ᠎ᠳᠦ ᠮᠡᠷᠭᠡᠨ》᠂ 《ᠬᠠᠯᠬ᠎ᠠ ᠳᠠᠶᠠᠭ᠋ᠠᠷ ᠳᠣᠷᠠᠰᠬᠠᠯ᠎ᠳᠦ ᠮᠡᠷᠭᠡᠨ》᠂ 《ᠤᠯᠠᠮ ᠦᠷᠨᠢᠨ ᠳᠡᠯᠭᠡᠷᠡᠬᠦ ᠮᠡᠷᠭᠡᠨ》᠂ 《ᠢᠳᠡᠭᠡᠯᠳᠦ ᠮᠡᠷᠭᠡᠨ》᠂ 《ᠨᠢᠭᠳᠠ ᠮᠡᠷᠭᠡᠨ》᠂ 《ᠦᠯᠡᠮᠵᠢ ᠬᠢᠴᠢᠶᠡᠩᠭᠦᠢ ᠵᠤᠷᠢᠭᠳᠦ ᠮᠡᠷᠭᠡᠨ》᠂ 《ᠬᠢᠴᠢᠶᠡᠩᠭᠦᠢ ᠬᠤᠷᠴᠠ ᠮᠡᠷᠭᠡᠨ》᠂ 《ᠴᠤᠯᠠ ᠨᠡᠮᠡᠬᠦ ᠢᠳᠡᠷ ᠮᠡᠷᠭᠡᠨ》᠂ 《ᠬᠠᠷᠢᠯᠲᠠ ᠦᠭᠡᠢ ᠵᠤᠷᠢᠭᠳᠦ ᠮᠡᠷᠭᠡᠨ》᠂ 《ᠨᠢᠭᠳᠠ ᠬᠢᠴᠢᠶᠡᠩᠭᠦᠢ ᠮᠡᠷᠭᠡᠨ》᠂ 《ᠲᠣᠩ ᠴᠤᠯᠠ᠎ᠲᠤ ᠮᠡᠷᠬᠡᠨ》᠂ 《ᠬᠤᠷᠴᠠ ᠢᠳᠡᠷ ᠮᠡᠷᠭᠡᠨ》᠂ 《ᠨᠢᠭᠲᠠ ᠢᠳᠡᠷ ᠮᠡᠷᠭᠡᠨ》 ᠭᠡᠬᠦ ᠮᠡᠳᠦ ᠵᠢᠨ ᠴᠣᠯᠠ ᠣᠯᠭᠣᠳᠠᠭ ᠪᠠᠢ᠌ᠭᠰᠠᠨ ᠪᠦᠭᠡᠳ ᠤᠳᠤ ᠰᠤᠷ ᠬᠠᠷᠪᠤᠯᠳᠠ ᠵᠢᠨ ᠴᠤᠯᠠ ᠪᠠ ᠵᠡᠷᠭᠡ ᠵᠢ ᠨᠡᠩ ᠨᠠᠷᠢᠨ ᠲᠤᠳᠤᠷᠬᠠᠢ ᠬᠤᠪᠢᠶᠠᠬᠤ ᠪᠤᠯᠵᠠᠢ᠃ ᠮᠤᠩᠭᠤᠯ ᠤᠯᠤᠰ᠎ᠲᠤ ᠤᠯᠤᠰ᠎ᠤᠨ ᠮᠡᠷᠭᠡᠨ ᠰᠫᠣᠷᠲ᠎ᠤᠨ ᠮᠠᠰᠲ᠋ᠧᠷ᠂ ᠨᠢᠭᠡᠳᠦᠭᠡᠷ ᠬᠤᠶᠠᠳᠤᠭ᠋ᠠᠷ ᠭᠤᠷᠪᠠᠳᠣᠭ᠋ᠠᠷ ᠵᠡᠷᠭᠡ ᠵᠢᠨ ᠴᠤᠯᠠᠨᠤᠭᠤᠳᠢ ᠭᠠᠭᠴᠠ ᠬᠦ᠌ ᠤᠯᠤᠰ᠎ᠤᠨ ᠵᠡᠷᠭᠡ᠎ᠲᠠᠢ ᠰᠢᠬᠦᠭᠴᠢ᠎ᠪᠠᠷ ᠣᠳᠣᠷᠢᠳᠣᠭᠣᠯᠣᠭᠰᠠᠨ ᠤᠯᠤᠰ᠎ᠤᠨ ᠠᠪᠣᠷᠭᠣ ᠰᠢᠯᠭ᠋ᠠᠷᠠᠭᠤᠯᠬᠤ ᠪᠤᠶᠤ ᠤᠯᠤᠰ᠎ᠤᠨ ᠶᠡᠬᠡ ᠪᠠᠶᠠᠷ ᠨᠠᠭ᠋ᠠᠳᠤᠮ᠂ ᠤᠯᠤᠰ᠎ᠤᠨ ᠲᠡᠮᠡᠴᠡᠭᠡᠨ᠎ᠤ ᠰᠣᠷ᠎ᠤᠨ ᠬᠠᠷᠪᠤᠯᠳᠠ ᠡᠬᠢᠯᠡᠬᠦ ᠳᠡᠮᠡᠴᠡᠭᠡᠨ᠂ ᠣᠯᠣᠰ᠎ᠤᠨ ᠰᠣᠷ᠎ᠤᠨ ᠣᠣᠬᠠᠳ ᠬᠠᠷᠪᠤᠯᠳᠠ (ᠬᠠᠭ᠋ᠠᠯᠳᠠ) ᠵᠢᠨ ᠳᠡᠮᠡᠴᠡᠭᠡᠨᠨᠦᠭᠦᠳᠲᠤ ᠳᠡᠬᠡᠷ᠎ᠡ ᠳᠤᠷᠡᠳᠤᠭᠰᠡᠨ ᠨᠤᠷᠮ᠎ᠠ ᠵᠢᠨ ᠪᠡᠶᠡᠯᠡᠬᠦᠯᠪᠡᠯ ᠪᠡᠶ᠎ᠡ ᠵᠢᠨ ᠲᠠᠮᠢᠷ ᠰᠫᠤᠷᠲ᠎ᠤᠨ ᠲᠦᠪ ᠪᠠᠢ᠌ᠭᠤᠯᠭ᠎ᠠ ᠰᠣᠷ᠎ᠤᠨ ᠬᠣᠯᠪᠣᠭ᠋ᠠᠨ᠎ᠤ ᠲᠣᠳᠣᠷᠬᠠᠢ᠌ᠯᠠᠯᠳᠠᠪᠠᠷ ᠤᠯᠭᠤᠳᠠᠭ᠃ ᠠᠢ᠌ᠮᠠᠭ ᠬᠤᠳᠠ ᠵᠢᠨ ᠳᠡᠮᠡᠴᠡᠭᠡᠨ᠎ᠳᠤ ᠳᠡᠭᠡᠷᠡᠬᠢ ᠨᠤᠷᠮ᠎ᠠ ᠵᠢ ᠪᠡᠶᠡᠯᠡᠬᠦᠯᠪᠡᠯ ᠤᠯᠤᠰ᠎ᠤᠨ ᠬᠤᠶᠠᠷ ᠭᠤᠷᠪᠠᠳᠤᠭ᠋ᠠᠷ ᠵᠡᠷᠬᠡ ᠴᠤᠯᠠ ᠠᠢ᠌ᠮᠠᠭ ᠬᠤᠲᠠ ᠵᠢᠨ ᠠᠪᠤᠷᠭᠤ ᠴᠤᠯᠠ ᠣᠯᠭᠣᠲᠠᠭ᠃
ᠤᠯᠤᠰ ᠳᠠᠶᠠᠭ᠋ᠠᠷ ᠳᠠᠷᠬᠠᠨ ᠮᠡᠷᠭᠡᠨ ᠤᠯᠤᠰ᠎ᠤᠨ ᠳᠡᠮᠡᠴᠡᠭᠡᠨᠤ ᠳᠠᠷᠠᠭ᠎ᠠ᠎ᠪᠠᠷ ᠭᠤᠷᠪᠠ ᠤᠳᠠᠭ᠎ᠠ ᠲᠦᠷᠦᠭᠦᠯᠡᠭᠰᠡᠨ ᠬᠦᠮᠦᠰ (ᠪᠤᠶᠤ ᠪᠠᠭ)᠎ᠲᠤ ᠣᠯᠣᠰ ᠳᠠᠶᠠᠭ᠋ᠠᠷ ᠳᠠᠷᠬᠠᠨ ᠮᠡᠷᠭᠡᠨ ᠴᠤᠯᠠ᠂ ᠠᠯᠲᠠᠨ ᠮᠧᠳᠡᠯ ᠤᠯᠭᠤᠳᠠᠭ᠃
ᠤᠯᠤᠰ᠎ᠤᠨ ᠲᠠᠶᠠᠩ ᠮᠡᠷᠭᠡᠨ ᠤᠯᠤᠰ᠎ᠤᠨ ᠲᠡᠮᠡᠴᠡᠬᠡᠨ᠎ᠳᠤ ᠳᠠᠷᠠᠭ᠎ᠠ᠎ᠪᠠᠷ ᠪᠤᠰᠤ ᠪᠤᠯᠪᠠᠴᠤ ᠭᠤᠷᠪᠠ ᠤᠳᠠᠭ᠎ᠠ ᠲᠦᠷᠦᠭᠦᠯᠡᠭᠰᠡᠨ ᠬᠦᠮᠦᠰ (ᠪᠤᠶᠤ ᠪᠠᠭ)᠎ᠲᠤ ᠣᠯᠣᠰ᠎ᠤᠨ ᠲᠠᠶᠠᠩ ᠮᠡᠷᠭᠡᠨ ᠴᠣᠯᠠ᠂ ᠠᠯᠲᠠᠨ ᠮᠧᠳᠡᠯ ᠣᠯᠭᠣᠳᠠᠭ᠃
ᠣᠯᠣᠰ᠎ᠤᠨ ᠭᠠᠷᠮᠠᠭ᠋ᠠᠢ ᠮᠡᠷᠭᠡᠨ ᠤᠯᠤᠰ᠎ᠤᠨ ᠳᠡᠮᠡᠴᠡᠭᠡᠨ᠎ᠳᠤ ᠬᠣᠶᠠᠷ ᠤᠳᠠᠭ᠎ᠠ ᠳᠦᠷᠦᠭᠦᠯᠡᠪᠡᠯ ᠤᠯᠤᠰ᠎ᠤᠨ ᠭᠠᠷᠮᠠᠭ᠋ᠠᠢ ᠮᠡᠷᠭᠡᠨ ᠴᠣᠯᠠ᠂ ᠠᠯᠳᠠᠨ ᠮᠧᠳᠠᠯ ᠤᠯᠭᠤᠳᠠᠭ᠃
ᠤᠯᠤᠰ᠎ᠤᠨ ᠮᠡᠷᠭᠡᠨ ᠤᠯᠤᠰ᠎ᠤᠨ ᠳᠡᠮᠡᠴᠡᠭᠡᠨ᠎ᠳᠤ ᠨᠢᠭᠡ ᠤᠳᠠᠭ᠎ᠠ ᠳᠦᠷᠦᠬᠦᠯᠡᠭᠰᠡᠨ ᠬᠦᠮᠦᠰ᠎ᠲᠤ ᠤᠯᠤᠰ᠎ᠤᠨ ᠮᠡᠷᠭᠡᠨ ᠴᠤᠯᠠ᠂ ᠠᠯᠳᠠᠨ ᠮᠧᠳᠠᠯ ᠤᠯᠭᠤᠳᠠᠭ᠃
ᠰᠫᠤᠷᠲ᠎ᠤᠨ ᠮᠠᠰᠲ᠋ᠧᠷ ᠤᠯᠤᠰ᠎ᠤᠨ ᠲᠡᠮᠡᠴᠡᠭᠡᠨ᠎ᠳᠤ ᠬᠠᠷᠪᠤᠭᠰᠠᠨ ᠰᠤᠮᠤ ᠵᠢᠨ ᠵᠶ᠋ᠡᠨ ᠤᠨᠤᠭ᠎ᠠ᠎ᠪᠠᠷ 70% ᠵᠢᠨ ᠠᠮᠵᠢᠯᠳᠠ ᠦᠵᠡᠭᠦᠯᠦᠭᠰᠡᠨ ᠬᠦᠮᠦᠰ᠎ᠲᠤ ᠰᠫᠤᠷᠲ᠎ᠤᠨ ᠮᠠᠰᠲ᠋ᠧᠷ ᠵᠡᠷᠭᠡ ᠣᠯᠭᠣᠳᠠᠭ᠃
ᠨᠢᠭᠢᠳᠦᠭᠡᠷ ᠵᠡᠷᠭᠡ ᠵᠢᠨ ᠰᠤᠷᠴᠢᠨ ᠤᠯᠤᠰ᠎ᠤᠨ ᠲᠡᠮᠡᠴᠡᠭᠡᠨ᠎ᠳᠤ 60% ᠵᠢᠨ ᠠᠮᠵᠢᠯᠳᠠ ᠦᠵᠡᠭᠦᠯᠦᠭᠰᠡᠨ ᠬᠦᠮᠦᠰ᠎ᠲᠤ ᠨᠢᠭᠡᠳᠦᠭᠡᠷ ᠵᠡᠷᠭᠡ ᠵᠢᠨ ᠰᠤᠷᠴᠢᠨ ᠵᠡᠷᠭᠡ ᠣᠯᠭᠣᠳᠠᠭ᠃
ᠬᠤᠶᠠᠳᠤᠭ᠋ᠠᠷ ᠵᠡᠷᠭᠡ ᠵᠢᠨ ᠰᠤᠷᠴᠢᠨ ᠤᠯᠤᠰ᠎ᠤᠨ ᠲᠡᠮᠡᠴᠡᠭᠡᠨ᠎ᠳᠤ 55% ᠵᠢᠨ ᠠᠮᠵᠢᠯᠲᠠ ᠦᠵᠡᠭᠦᠯᠦᠭᠰᠡᠨ ᠬᠦᠮᠦᠰ᠎ᠲᠤ ᠬᠤᠶᠠᠳᠤᠭ᠋ᠠᠷ ᠵᠡᠷᠭᠡ ᠵᠢᠨ ᠰᠤᠷᠴᠢᠨ ᠵᠡᠷᠭᠡ ᠣᠯᠭᠣᠳᠠᠭ᠃
ᠭᠤᠷᠪᠠᠳᠤᠭ᠋ᠠᠷ ᠵᠡᠷᠭᠡ ᠵᠢᠨ ᠰᠤᠷᠴᠢᠨ ᠤᠯᠤᠰ᠎ᠤᠨ ᠲᠡᠮᠡᠴᠡᠭᠡᠨ᠎ᠳᠤ 50% ᠵᠢᠨ ᠠᠮᠵᠢᠯᠲᠠ ᠦᠵᠡᠭᠦᠯᠦᠭᠰᠡᠨ ᠬᠦᠮᠦᠰ᠎ᠲᠤ ᠭᠤᠷᠪᠠᠳᠤᠭ᠋ᠠᠷ ᠵᠡᠷᠭᠡ ᠵᠢᠨ ᠰᠤᠷᠴᠢᠨ ᠵᠡᠷᠭᠡ ᠣᠯᠭᠣᠳᠠᠭ᠃
ᠰᠤᠷ ᠬᠠᠷᠪᠤᠯᠲᠠ ᠵᠢᠨ ᠴᠡᠭᠡᠷ ᠶᠤᠰᠤᠨ ᠰᠤᠷ ᠬᠠᠷᠪᠤᠬᠤ᠎ᠳᠤ ᠬᠤᠯᠪᠤᠭᠳᠠᠬᠤ ᠠᠯᠢ ᠤᠯᠠᠨ ᠬᠣᠷᠢᠭ᠎ᠠ ᠴᠡᠭᠡᠷ᠃ ᠡᠭᠦᠨ᠎ᠳᠤ ᠨᠤᠮᠤ ᠰᠤᠮᠤ᠎ᠤᠨ ᠳᠡᠭᠡᠭᠦᠷ ᠠᠯᠬᠤᠵᠤ ᠪᠤᠯᠬᠤ ᠦᠭᠡᠢ᠂ ᠨᠤᠬᠠᠢ ᠮᠤᠷᠢᠨ᠎ᠤ ᠵᠦᠭ ᠰᠤᠮᠤ ᠤᠨᠢᠯᠠᠵᠤ ᠪᠤᠯᠬᠤ ᠦᠭᠡᠢ᠂ ᠴᠢᠭᠢᠭ ᠨᠤᠢ᠌ᠳᠠᠨᠳᠤ ᠨᠤᠮᠤ᠎ᠪᠠᠨ ᠲᠠᠯᠪᠢᠬᠤ ᠦᠭᠡᠢ᠂ ᠴᠢᠨᠤ ᠮᠢᠨᠤ ᠦᠭᠡᠢ ᠳᠤᠷ᠎ᠠ᠎ᠪᠠᠷ ᠵᠠᠷᠤᠬᠤ ᠦᠭᠡᠢ᠂ ᠠᠢ᠌ᠯ ᠭᠡᠷ᠎ᠲᠤ ᠪᠠᠭᠣᠬᠣ᠎ᠳᠠᠭᠠᠨ ᠠᠬᠠᠰ ᠵᠠᠬᠠᠰ ᠵᠶ᠋ᠡᠨ ᠬᠦᠨᠳᠦᠳᠭᠡᠵᠦ ᠠᠭᠰᠠᠵᠤ ᠡᠭᠦᠷᠦᠭᠰᠡᠨ ᠰᠠᠭ᠋ᠠᠳᠠᠭ ᠵᠶ᠋ᠡᠨ ᠠᠪᠴᠤ ᠲᠠᠯᠪᠢᠳᠠᠭ ᠵᠡᠷᠭᠡ ᠶᠣᠰᠣᠨ ᠪᠣᠢ᠃ ᠰᠣᠷᠴᠢᠳ ᠪᠠᠰᠠ ᠵᠢᠯ ᠴᠠᠭ᠋ᠠᠨ ᠰᠠᠷ᠎ᠠ᠎ᠳᠤ ᠨᠣᠮᠣ ᠰᠣᠮᠣ᠎ᠪᠠᠨ ᠠᠷᠢᠭᠤᠯᠠᠨ ᠲᠠᠬᠢᠳᠠᠭ ᠵᠠᠩᠰᠢᠯ᠎ᠲᠠᠢ᠃ ᠠᠯᠳᠠᠷᠲᠤ ᠰᠣᠷᠴᠢᠨ ᠠᠯᠤᠰ ᠭᠠᠵᠠᠷ᠎ᠤᠨ ᠶᠡᠬᠡ ᠮᠦᠷᠦᠢ᠌ᠴᠡᠭᠡᠨ ᠨᠠᠢ᠌ᠷ᠎ᠲᠤ ᠶᠠᠪᠤᠬᠤ᠎ᠳᠠᠭᠠᠨ ᠰᠢᠳᠦᠭᠡᠨ ᠯᠠᠮᠠ ᠵᠠᠯᠠᠵᠤ ᠠᠭᠤᠯᠠ ᠲᠠᠬᠢᠵᠤ ᠷᠠᠰᠢᠶᠠᠯᠠᠨ ᠪᠡᠶ᠎ᠡ ᠠᠷᠢᠭᠤᠳᠬᠠᠵᠤ ᠮᠤᠷᠳᠤᠳᠠᠭ᠃