2007 ᠣᠨ᠎ᠤ 6 ᠰᠠᠷ᠎ᠠ᠎ᠳᠤ᠂ 《ᠠᠮᠤᠷ ᠪᠠᠶᠠᠰᠬᠤᠯᠠᠩᠲᠤ ᠨᠠᠭ᠋ᠠᠳᠤᠮ》 ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠤᠨ᠎ᠤ ᠠᠩᠬᠠᠳᠤᠭ᠋ᠠᠷ ᠪᠦᠯᠦᠭ ᠪᠣᠳᠠᠰ᠎ᠤᠨ ᠪᠣᠰᠤ ᠰᠣᠶᠣᠯ᠎ᠤᠨ ᠦᠪ᠎ᠤᠨ ᠲᠦᠷᠦᠯ ᠵᠦᠢ᠍ᠯ᠎ᠤᠨ ᠨᠠᠷᠡᠰ᠎ᠲᠤ ᠤᠷᠤᠵᠤ᠂ 2009 ᠣᠨ᠎ᠤ 8 ᠰᠠᠷ᠎ᠠ᠎ᠳᠤ ᠳᠠᠬᠢᠨ ᠤᠯᠠᠭ᠋ᠠᠨᠬᠠᠳᠠ ᠬᠣᠲᠠ ᠵᠢᠨ ᠨᠢᠭᠡᠳᠦᠭᠡᠷ ᠪᠦᠯᠦᠭ ᠪᠣᠳᠠᠰ ᠤᠨ ᠪᠣᠰᠤ ᠰᠣᠶᠣᠯ ᠤᠨ ᠦᠪ ᠤᠨ ᠲᠦᠷᠦᠯ ᠵᠦᠢ᠍ᠯ ᠤᠨ ᠨᠠᠷᠡᠰ ᠲᠤ ᠣᠷᠤᠭᠰᠠᠨ ᠪᠠᠢ᠌ᠨ᠎ᠠ᠃
ᠠᠮᠤᠷ ᠪᠠᠶᠠᠰᠬᠤᠯᠠᠩᠲᠤ ᠨᠠᠭ᠋ᠠᠳᠤᠮ ᠨᠢ ᠤᠯᠠᠭ᠋ᠠᠨᠬᠠᠳᠠ ᠬᠣᠲᠠ ᠵᠢᠨ ᠠᠷᠤ ᠬᠣᠷᠴᠢᠨ ᠬᠤᠰᠢᠭᠤᠨ᠎ᠤ ᠪᠠᠶᠠᠠᠠᠦ᠋ᠨᠳᠦᠷ ᠰᠤᠮᠤᠨ᠎ᠳᠤ ᠤᠯᠠᠮᠵᠢᠯᠠᠭᠳᠠᠭᠰᠠᠭ᠋ᠠᠷ ᠢᠷᠡᠵᠡᠢ᠃ ᠲᠤᠰ ᠨᠠᠭ᠋ᠠᠳᠤᠮ᠎ᠳᠤ ᠨᠡᠢ᠌ᠲᠡ ᠭᠤᠴᠢᠨ ᠵᠢᠷᠭᠤᠭ᠎ᠠ ᠮᠣᠳᠦ ᠪᠠᠢ᠌ᠵᠦ᠂ ᠶᠢᠰᠦᠨ ᠶᠠᠩᠵᠤ᠎ᠪᠠᠷ ᠳᠦᠷᠪᠡᠨ ᠳᠤᠭᠤᠢ᠌ᠯᠠᠩ᠎ᠳᠤ ᠬᠤᠪᠢᠶᠠᠭᠳᠠᠳᠠᠭ᠃ ᠡᠳᠡᠭᠡᠷ ᠶᠢᠰᠦᠨ ᠮᠣᠳᠤ ᠵᠢ ᠶᠡᠬᠡ᠎ᠠᠴᠠ᠎ᠨᠢ ᠪᠠᠭ᠎ᠠ ᠵᠦᠭ᠎ᠲᠤ᠎ᠨᠢ ᠵᠢᠭᠰᠠᠭ᠋ᠠᠪᠠᠯ᠂ ᠳᠦᠷᠪᠡᠨ ᠬᠦᠴᠦᠲᠡᠨ᠂ ᠴᠢᠨᠳᠠᠮᠤᠨᠢ᠂ ᠮᠣᠷᠢ᠂ ᠳᠤᠩ᠂ ᠳ᠋ᠤᠸᠠᠽᠠ (ᠵᠠᠯᠰᠠᠨ)᠂ ᠵᠡᠭᠡᠷ᠎ᠡ᠂ ᠲᠠᠬᠢᠶ᠎ᠠ᠂ ᠨᠣᠬᠠᠢ ᠪᠣᠯᠤᠨ ᠭᠠᠬᠠᠢ ᠪᠣᠯᠤᠨ᠎ᠠ᠃ ᠡᠭᠦᠨ᠎ᠳᠤ᠂ ᠳᠦᠷᠪᠡᠨ ᠬᠦᠴᠦᠲᠡᠨ᠎ᠨᠢ ᠯᠤᠤ᠂ ᠭᠠᠷᠤᠳᠢ᠂ ᠠᠷᠰᠯᠠᠨ ᠪᠠ ᠪᠠᠷᠰ ᠵᠡᠷᠭᠡ ᠶᠤᠮ᠃ ᠡᠳᠡᠭᠡᠷ᠎ᠤᠨ ᠵᠢᠷᠤᠭ ᠳᠦᠷᠰᠦ ᠵᠢ ᠬᠠᠲᠠᠭᠤ ᠮᠣᠳᠤ ᠵᠢᠨ ᠳᠡᠭᠡᠷ᠎ᠡ ᠰᠡᠢ᠌ᠯᠦᠨ ᠬᠢᠵᠦ᠂ ᠶᠡᠬᠡ ᠪᠠᠭ᠎ᠠ᠎ᠨᠢ ᠡᠩ᠎ᠤᠨ ᠴᠦᠳᠡᠨᠵᠡ ᠵᠢᠨ ᠬᠠᠢ᠌ᠷᠴᠠᠭ ᠬᠢᠷᠢᠲᠡᠢ᠂ ᠪᠠᠷᠤᠭ ᠲᠠᠪᠤᠨ ᠮᠢᠯᠢᠮᠸᠲᠷ ᠵᠤᠵᠠᠭ᠋ᠠᠨ ᠪᠠᠢ᠌ᠳᠠᠭ᠃
ᠪᠠᠶᠠᠠᠠᠦ᠋ᠨᠳᠦᠷ ᠰᠣᠮᠤ ᠵᠢᠨ ᠠᠯᠲᠠᠠᠠᠦ᠋ᠨᠳᠦᠷ ᠭᠠᠴᠠᠭ᠋ᠠᠨ᠎ᠤ ᠷᠠᠰᠢᠷᠠᠪᠲᠠᠨᠤ ᠬᠠᠳᠠᠭ᠋ᠠᠯᠠᠵᠤ ᠪᠠᠢ᠌ᠭ᠎ᠠ ᠠᠮᠤᠷ ᠪᠠᠶᠠᠰᠬᠤᠯᠠᠩᠲᠤ ᠨᠠᠭ᠋ᠠᠳᠤᠮ᠎ᠨᠢ ᠪᠠᠷᠤᠭ ᠵᠠᠭᠤᠨ ᠵᠢᠯ᠎ᠤᠨ ᠲᠡᠤᠬᠡ᠎ᠲᠠᠢ ᠪᠠᠢ᠌ᠵᠤ᠂ ᠡᠭᠦᠨ᠎ᠤ ᠬᠠᠮᠤᠭ ᠡᠷᠲᠡᠨ᠎ᠤ ᠡᠵᠡᠨ᠎ᠨᠢ ᠬᠠᠭ᠋ᠠᠨ ᠰᠦᠮ᠎ᠡ ᠵᠢᠨ ᠯᠠᠮᠠ ᠪᠠᠢ᠌ᠭᠰᠠᠨ ᠠᠷᠤ ᠬᠣᠷᠴᠢᠨ᠎ᠤ ᠠᠯᠳᠠᠷᠲᠤ ᠪᠦᠬᠡ ᠭᠤᠮᠪᠤᠵᠠᠪ ᠮᠠᠮᠠ ᠶᠤᠮ᠃ ᠭᠣᠮᠪᠤᠵᠠᠪ ᠨᠢᠭᠡ ᠯᠠ ᠦᠬᠢᠨ ᠳᠡᠭᠦᠦ᠎ᠲᠠᠢ ᠪᠣᠯᠬᠤᠷ᠂ ᠡᠨᠡᠬᠦ ᠨᠠᠭ᠋ᠠᠳᠤᠮ ᠵᠶ᠋ᠠᠨ ᠬᠣᠶᠠᠷ ᠵᠢᠭᠡ — ᠮᠥᠨ ᠬᠠᠭ᠋ᠠᠨ ᠰᠦᠮ᠎ᠡ ᠵᠢᠨ ᠯᠠᠮᠠ ᠰᠣᠳᠪᠣᠵᠠᠮᠰᠤ ᠪᠣᠯᠤᠨ ᠨᠣᠷᠪᠤ᠎ᠳᠠᠭᠠᠨ ᠭᠡᠷᠢᠶᠡᠰᠦᠯᠡᠨ ᠦᠭᠴᠡᠢ᠃ ᠡᠨᠡ᠎ᠨᠢ ᠬᠣᠵᠢᠮ᠎ᠨᠢ ᠭᠤᠮᠪᠤᠵᠠᠪ᠎ᠤᠨ ᠪᠠᠰᠠ ᠨᠢᠭᠡ ᠵᠢᠭᠡ ᠬᠠᠩᠷᠠᠵᠠᠪᠤᠨᠳᠤ ᠤᠯᠠᠮᠵᠢᠯᠠᠭᠳᠠᠪᠠ᠃ ᠷᠠᠰᠢᠷᠠᠪᠲᠠᠨ ᠪᠣᠯ ᠬᠠᠩᠷᠠᠵᠠᠪ᠎ᠤᠨ ᠬᠣᠶᠠᠳᠤᠭ᠋ᠠᠷ ᠬᠦᠦ᠎ᠨᠢ ᠶᠤᠮ᠃
ᠠᠮᠤᠷ ᠪᠠᠶᠠᠰᠬᠤᠯᠠᠩᠲᠤ ᠨᠠᠭ᠋ᠠᠳᠤᠮ᠎ᠢ ᠬᠣᠶᠠᠷ ᠬᠦᠮᠦᠨ᠂ ᠭᠤᠷᠪᠠᠨ ᠬᠦᠮᠦᠨ᠂ ᠳᠦᠷᠪᠡᠨ ᠬᠦᠮᠦᠨ ᠵᠢᠷᠭᠤᠭ᠋ᠠᠨ ᠬᠦᠮᠦᠨ ᠪᠦᠷ ᠨᠠᠭ᠋ᠠᠳᠴᠤ ᠪᠣᠯᠳᠠᠭ᠃ ᠡᠭᠦᠨ᠎ᠳᠤ᠂ ᠬᠣᠪᠢ ᠬᠤᠪᠢ᠎ᠪᠠᠷ ᠵᠶ᠋ᠠᠨ ᠡᠵᠡᠨ ᠪᠣᠯᠬᠤ ᠪᠣᠶᠤ ᠡᠰᠡᠷᠭᠦ ᠲᠠᠯ᠎ᠠ ᠵᠢᠨ ᠬᠦᠮᠦᠨ᠎ᠲᠠᠢ᠎ᠪᠠᠨ ᠬᠣᠷᠰᠢᠵᠤ ᠴᠦ᠍ ᠪᠣᠯᠤᠨ᠎ᠠ᠃ ᠨᠠᠭ᠋ᠠᠳᠤᠮ᠎ᠤᠨ ᠮᠣᠳᠤ ᠵᠢ ᠡᠬᠢᠯᠡᠨ ᠠᠪᠬᠤ ᠪᠠ ᠲᠠᠯᠪᠢᠬᠤ ᠵᠢ ᠲᠣᠭᠲᠠᠭ᠋ᠠᠬᠤ᠎ᠳᠤ᠂ ᠶᠠᠮᠠᠷ ᠨᠢᠭᠡ ᠣᠪᠤᠭ᠎ᠠ ᠮᠣᠳᠤ ᠵᠢᠨ ᠬᠠᠮᠤᠭ ᠳᠣᠣᠷ᠎ᠠ ᠮᠣᠳᠤ ᠵᠢ ᠦᠨᠳᠦᠰᠦᠯᠡᠵᠦ᠂ ᠤᠷᠢᠳᠠᠪᠠᠷ ᠠᠪᠤᠭᠰᠠᠨ ᠬᠦᠮᠦᠨ ᠮᠥᠨ ᠤᠷᠢᠳᠠᠪᠠᠷ ᠲᠠᠯᠪᠢᠳᠠᠭ᠃ ᠮᠣᠳᠤ ᠵᠢ ᠭᠠᠭᠴᠠᠭ᠋ᠠᠷ ᠲᠠᠯᠪᠢᠬᠤ ᠪᠣᠶᠤ ᠬᠣᠷᠰᠢᠶ᠎ᠡ᠎ᠪᠠᠷ ᠲᠠᠯᠪᠢᠵᠤ ᠴᠦ᠍ ᠪᠣᠯᠤᠨ᠎ᠠ᠃ ᠶᠡᠷᠦᠩᠬᠡᠢ ᠵᠠᠷᠴᠢᠮ᠎ᠨᠢ ᠶᠡᠬᠡ ᠮᠣᠳᠤ᠎ᠨᠢ ᠪᠠᠭ᠎ᠠ ᠮᠣᠳᠤ᠎ᠪᠠᠨ ᠳᠡᠢ᠌ᠯᠵᠦ᠂ ᠬᠣᠷᠰᠢᠶ᠎ᠠ ᠮᠣᠳᠤ᠎ᠨᠢ ᠬᠣᠯᠢᠮᠠᠭ ᠮᠣᠳᠤᠨᠤᠭᠤᠳᠠᠴᠠ ᠳᠠᠪᠠᠭᠤᠯᠢᠭ ᠶᠤᠮ᠃ ᠨᠢᠭᠡ ᠡᠷᠭᠢᠯᠲᠡ ᠮᠣᠳᠤ᠎ᠪᠠᠨ ᠲᠠᠯᠪᠢᠵᠤ ᠪᠠᠷᠠᠪᠠᠯ᠂ ᠳᠡᠢ᠌ᠯᠦᠭᠰᠡᠨ ᠬᠦᠮᠦᠨ ᠪᠦᠬᠦ ᠮᠣᠳᠤ ᠵᠢ ᠣᠯᠵᠤ᠂ ᠡᠮᠦᠨ᠎ᠡ᠎ᠪᠠᠨ ᠠᠪᠠᠴᠢᠭ᠋ᠠᠳ 《ᠭᠡᠷ ᠪᠣᠰᠬᠠᠳᠠᠭ》᠃ ᠨᠢᠭᠡ ᠤᠳᠠᠭ᠋ᠠᠨ᠎ᠤ ᠨᠠᠭ᠋ᠠᠳᠤᠮ᠎ᠳᠤ᠂ ᠡᠢ᠌ᠮᠦᠷᠬᠦᠦ 《ᠭᠡᠷ》᠎ᠢ ᠬᠠᠮᠤᠭ ᠣᠯᠠᠨ ᠪᠣᠰᠬᠠᠭᠰᠠᠨ ᠬᠦᠮᠦᠨ᠎ᠨᠢ ᠳᠡᠢ᠌ᠯᠵᠦ᠂ 《ᠭᠡᠷ》 ᠴᠦᠬᠡᠨ ᠪᠣᠶᠤ ᠣᠯᠵᠤ ᠪᠣᠰᠬᠠᠭᠰᠠᠨ ᠦᠭᠡᠢ ᠬᠦᠮᠦᠨ ᠨᠢ ᠶᠠᠷᠢᠶᠠᠨ ᠦᠭᠡᠢ ᠳᠡᠢ᠌ᠯᠦᠭᠳᠡᠭᠰᠡᠨᠳᠤ ᠣᠷᠤᠨ᠎ᠠ᠃
ᠠᠮᠤᠷ ᠪᠠᠶᠠᠰᠬᠤᠯᠠᠩᠲᠤ ᠨᠠᠭ᠋ᠠᠳᠤᠮ᠎ᠤᠨ ᠢᠷᠡᠯᠲᠡ ᠪᠣᠯᠤᠨ ᠨᠠᠭ᠋ᠠᠳᠬᠤ ᠠᠭᠤᠯᠭ᠎ᠠ ᠵᠢᠨ ᠳᠤᠬᠠᠢ ᠲᠡᠮᠳᠡᠭᠯᠡᠯ᠎ᠢ ᠮᠣᠩᠭᠤᠯ ᠲᠡᠤᠬᠡ ᠰᠣᠶᠣᠯ᠎ᠤᠨ ᠪᠢᠴᠢᠭ ᠨᠣᠮ᠎ᠠᠴᠠ ᠬᠠᠷᠠᠬᠠᠨ ᠣᠯᠤᠭ᠋ᠠᠳᠤᠢ ᠪᠠᠢ᠌ᠨ᠎ᠠ᠃ ᠨᠤᠲᠤᠭ᠎ᠤᠨ ᠬᠦᠮᠦᠰ᠎ᠤᠨ ᠬᠡᠯᠡᠬᠦ᠎ᠪᠠᠷ᠂ ᠡᠨᠡ ᠪᠣᠯ ᠮᠠᠰᠢ ᠡᠷᠲᠡᠨ᠎ᠤ ᠨᠠᠭ᠋ᠠᠳᠤᠮ ᠪᠠᠢ᠌ᠵᠤ᠂ ᠴᠢᠨᠠᠭᠰᠢᠯᠠᠪᠠᠯ ᠤᠮᠠᠷᠠᠳᠤ ᠶᠤᠸᠠᠨ ᠤᠯᠤᠰ᠎ᠤᠨ ᠯᠢᠭᠳᠡᠨ ᠬᠠᠭ᠋ᠠᠨ᠎ᠲᠠᠢ ᠴᠦ᠍ ᠬᠣᠯᠪᠤᠭ᠎ᠠ᠎ᠲᠠᠢ ᠭᠡᠳᠡᠭ᠃ ᠡᠭᠦᠨ᠎ᠳᠤ᠂ ᠯᠢᠭᠳᠡᠨ ᠬᠠᠭ᠋ᠠᠨ᠎ᠤ ᠸᠴᠢᠷᠲᠤ ᠴᠠᠭ᠋ᠠᠨ ᠬᠣᠲᠠ ᠵᠢᠨ ᠪᠠᠭᠤᠷᠢ᠎ᠨᠢ ᠮᠥᠨ ᠬᠠᠨᠰᠦ᠋ᠮ᠎ᠡ ᠰᠣᠮᠤ ᠵᠢᠨ ᠬᠠᠷᠢᠶᠠᠨ᠎ᠳᠤ ᠪᠠᠢ᠌ᠳᠠᠭ᠃
ᠠᠮᠤᠷ ᠪᠠᠶᠠᠰᠬᠤᠯᠠᠩᠲᠤ ᠨᠠᠭ᠋ᠠᠳᠤᠮ᠎ᠨᠢ ᠪᠣᠷᠬᠠᠨ ᠱᠠᠰᠢᠨ᠎ᠤ ᠵᠠᠷᠢᠮ ᠠᠭᠤᠯᠭ᠎ᠠ᠎ᠲᠠᠢ ᠪᠣᠯᠬᠤᠷ᠂ ᠠᠷᠠᠳ᠎ᠤᠨ ᠳᠣᠮᠳᠠ ᠦᠷᠭᠡᠨ ᠳᠡᠯᠭᠡᠷᠡᠭᠰᠡᠨ ᠦᠭᠡᠢ᠃ ᠦᠩᠭᠡᠷᠡᠭᠰᠡᠨ᠎ᠳᠤ᠂ ᠵᠦᠪᠬᠡᠨ ᠨᠣᠶᠠᠳ ᠪᠠᠶᠠᠳ ᠪᠣᠶᠤ ᠭᠡᠭᠡᠨ ᠬᠤᠪᠢᠯᠭ᠋ᠠᠳ ᠨᠠᠭ᠋ᠠᠳᠤᠳᠠᠭ ᠪᠠᠢ᠌ᠵᠠᠢ᠃ ᠡᠢ᠌ᠮᠦ᠎ᠠᠴᠠ᠂ ᠡᠨᠡᠬᠦ ᠨᠠᠭ᠋ᠠᠳᠤᠮ᠎ᠤᠨ ᠢᠷᠡᠯᠲᠡ ᠪᠣᠯᠤᠨ ᠠᠴᠢ ᠬᠣᠯᠪᠤᠭᠳᠠᠯ᠎ᠤᠨ ᠲᠠᠯ᠎ᠠ᠎ᠪᠠᠷ ᠰᠣᠷᠪᠤᠯᠵᠢᠯᠠᠨ ᠰᠣᠳᠤᠯᠬᠤ ᠵᠦᠢ᠍ᠯ ᠣᠯᠠᠨ ᠪᠣᠢ᠃ ᠡᠨᠡ᠎ᠨᠢ ᠮᠣᠩᠭᠤᠯᠴᠤᠳ᠎ᠤᠨ ᠨᠠᠭ᠋ᠠᠳᠤᠮ᠎ᠤᠨ ᠰᠣᠶᠣᠯ᠎ᠤᠨ ᠵᠠᠷᠢᠮ ᠠᠭᠤᠯᠭ᠎ᠠ ᠵᠢ ᠲᠠᠢ᠌ᠯᠪᠤᠷᠢᠯᠠᠬᠤ᠎ᠳᠤ ᠵᠣᠬᠢᠬᠤ ᠠᠴᠢ ᠬᠣᠯᠪᠤᠭᠳᠠᠯ᠎ᠲᠠᠢ ᠶᠤᠮ᠃ (ᠪᠠᠭ᠋ᠠᠪᠣᠯᠤᠳ)