ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠮᠣᠩᠭᠤᠯ ᠪᠤᠭᠤ ᠵᠢᠷᠭᠢᠭᠡ ᠪᠣᠯᠤᠨ ᠮᠦᠷᠭᠦᠭᠡ ᠨᠠᠭ᠋ᠠᠳᠤᠮ
ᠨᠡᠶ᠋ᠢᠲᠡᠯᠡᠭᠰᠡᠨ ᠴᠠᠭ᠄ 2024-11-01

    ᠠᠷᠤ ᠬᠣᠷᠴᠢᠨ᠎ᠳᠤ᠂ 《ᠪᠤᠭᠤ ᠵᠢᠷᠭᠢᠭᠡ》 ᠪᠣᠯᠤᠨ 《ᠮᠦᠷᠭᠦᠭᠡ》 ᠭᠡᠬᠦ ᠮᠣᠩᠭᠤᠯ ᠰᠢᠲᠠᠷ᠎ᠠ ᠨᠠᠭ᠋ᠠᠳᠤᠮ ᠪᠠᠢ᠌ᠳᠠᠭ᠃      
    ᠲᠤᠰ ᠬᠣᠶᠠᠷ ᠨᠠᠭ᠋ᠠᠳᠤᠮ᠎ᠢ ᠪᠦᠷ ᠬᠦᠯᠭᠡ ᠵᠢᠨ ᠳᠡᠭᠡᠷ᠎ᠡ ᠬᠣᠶᠠᠷ ᠬᠦᠮᠦᠨ ᠨᠠᠭ᠋ᠠᠳᠤᠳᠠᠭ᠃ ᠲᠡᠷᠡᠬᠦ ᠬᠦᠯᠭᠡ᠎ᠨᠢ ᠲᠣᠮᠤ ᠵᠢᠵᠢᠭ ᠭᠤᠷᠪᠠᠨ ᠬᠡᠰᠡᠭ ᠵᠶ᠋ᠠᠷ ᠪᠦᠷᠢᠯᠳᠦᠨ᠎ᠡ᠃ ᠡᠭᠦᠨ᠎ᠳᠤ᠂ ᠲᠣᠮᠤ ᠬᠦᠯᠭᠡ᠎ᠨᠢ ᠲᠡᠭᠰᠢ ᠳᠦᠷᠪᠡᠯᠵᠢᠨ ᠪᠠᠢ᠌ᠵᠤ᠂ ᠬᠦᠨᠳᠡᠯᠡᠨ ᠭᠤᠯᠳᠤ᠎ᠪᠠᠷ ᠪᠦᠷ ᠠᠳᠠᠯᠢ ᠵᠠᠢ᠎ᠲᠠᠢ ᠲᠠᠪᠤᠨ ᠵᠢᠷᠤᠭ᠋ᠠᠰᠤ᠎ᠲᠠᠢ᠃ ᠲᠡᠳᠡᠭᠡᠷ᠎ᠤᠨ ᠳᠤᠮᠳᠠ ᠪᠠᠰᠠ ᠤᠷᠲᠤ ᠬᠣᠶᠠᠷ ᠲᠠᠰᠢᠭᠤᠪᠴᠢ ᠪᠣᠯᠤᠨ ᠣᠬᠤᠷ ᠳᠦᠷᠪᠡᠨ ᠲᠠᠰᠢᠭᠤᠪᠴᠢ ᠪᠠᠢ᠌ᠳᠠᠭ᠃      
    ᠬᠦᠨᠳᠡᠯᠡᠨ ᠪᠣᠶᠤ ᠭᠤᠯᠳᠤ ᠭᠣᠣᠯ ᠵᠢᠷᠤᠭ᠋ᠠᠰᠤ ᠪᠣᠯᠤᠨ ᠲᠡᠭᠦᠨ᠎ᠲᠠᠢ ᠵᠣᠯᠭ᠋ᠠᠭᠰᠠᠨ ᠣᠬᠤᠷ ᠲᠠᠰᠢᠭᠤᠪᠴᠢ ᠵᠢ ᠳᠡᠭᠡᠭᠰᠢ ᠳᠣᠷᠤᠭᠰᠢ ᠤᠷᠲᠤᠰᠬᠠᠵᠤ᠂ ᠨᠢᠭᠡ ᠵᠢ᠎ᠨᠢ ᠵᠢᠰᠢᠭᠦᠦ ᠳᠦᠷᠪᠡᠯᠵᠢᠨ᠂ ᠨᠦᠭᠦᠭᠡ ᠵᠢ᠎ᠨᠢ ᠭᠤᠷᠪᠠᠯᠵᠢᠨ ᠵᠢᠷᠤᠵᠤ᠂ ᠴᠡᠭ ᠲᠤᠮᠳᠠ᠎ᠨᠢ ᠪᠦᠷ ᠬᠦᠨᠳᠡᠯᠡᠨ ᠵᠢᠷᠤᠭ᠋ᠠᠰᠤ᠎ᠪᠠᠷ ᠲᠤᠱ᠌ᠠᠪᠠᠯ ᠬᠣᠶᠠᠷ ᠵᠢᠵᠢᠭ ᠬᠦᠯᠭᠡ᠎ᠨᠢ ᠪᠣᠯᠳᠠᠭ᠃ ᠡᠳᠡ ᠬᠣᠶᠠᠷ᠎ᠢ ᠪᠠᠰᠠ ᠠᠭᠤᠯᠠ ᠭᠡᠵᠤ᠂ ᠵᠢᠰᠢᠭᠦᠦ ᠳᠦᠷᠪᠡᠯᠵᠢᠨ᠎ᠢ᠎ᠨᠢ 《ᠮᠣᠩᠭᠤᠯ ᠠᠭᠤᠯᠠ》᠂ ᠭᠤᠷᠪᠠᠯᠵᠢᠨ᠎ᠢ᠎ᠨᠢ 《ᠲᠠᠩᠭᠤᠳ ᠠᠭᠤᠯᠠ》᠎ᠪᠠᠷ   ᠲᠤᠰᠪᠤᠷᠢ   ᠨᠡᠷᠡᠯᠡᠳᠡᠭ᠃   ᠬᠡᠷᠪᠡ   ᠮᠦᠷᠭᠦᠭᠡ   ᠨᠠᠭ᠋ᠠᠳᠤᠮ   ᠨᠠᠭ᠋ᠠᠳᠤᠪᠠᠯ᠂    《ᠲᠠᠩᠭᠤᠳ ᠠᠭᠤᠯᠠ》 ᠵᠢ ᠴᠦ᠍ 《ᠮᠣᠩᠭᠤᠯ ᠠᠭᠤᠯᠠ》᠎ᠪᠠᠷ ᠪᠣᠳᠤᠳᠠᠭ᠃ ᠡᠳᠡᠭᠡᠷ ᠬᠦᠯᠭᠡᠨ ᠳᠡᠭᠡᠷᠡᠬᠢ ᠵᠢᠷᠤᠭ᠋ᠠᠰᠤ ᠵᠣᠯᠭ᠋ᠠᠭᠰᠠᠨ ᠴᠡᠭ ᠪᠣᠯᠭ᠋ᠠᠨ᠎ᠢ ᠰᠢᠲᠠᠷ᠎ᠠ ᠵᠢᠨ ᠰᠠᠭᠤᠳᠠᠯ ᠭᠡᠨ᠎ᠡ᠃    
    《ᠪᠣᠭᠤ ᠵᠢᠷᠭᠢᠭᠡ》᠎ᠳᠤ᠂ ᠨᠢᠭᠡ ᠬᠦᠮᠦᠨ᠎ᠨᠢ ᠬᠣᠶᠠᠷ 《ᠪᠤᠭᠤ》 ᠵᠢᠨ ᠰᠢᠲᠠᠷ᠎ᠠ ᠠᠪᠴᠤ᠂ ᠨᠦᠭᠦᠭᠡ ᠨᠢᠭᠡ᠎ᠨᠢ ᠬᠣᠷᠢᠨ ᠳᠦᠷᠪᠡᠨ 《ᠨᠣᠬᠠᠢ》 ᠵᠢᠨ ᠰᠢᠲᠠᠷ᠎ᠠ᠎ᠲᠠᠢ᠃ ᠡᠳᠡᠭᠡᠷ ᠰᠢᠲᠠᠷ᠎ᠠ ᠵᠢ ᠴᠢᠯᠠᠭᠤ ᠮᠣᠳᠤ᠎ᠪᠠᠷ ᠴᠦ᠍ ᠣᠷᠤᠯᠠᠭᠤᠯᠵᠤ᠂ 《ᠪᠣᠭᠤ》᠂ 《ᠨᠣᠬᠠᠢ》᠎ᠨᠢ ᠢᠯᠭ᠋ᠠᠭᠳᠠᠪᠠᠯ ᠪᠣᠯᠴᠢᠬᠠᠨ᠎ᠠ᠃ ᠦᠩᠭᠡᠷᠡᠭᠰᠡᠨ᠎ᠳᠤ᠂ ᠪᠠᠭ᠎ᠠ ᠬᠡᠤᠬᠡᠳ ᠬᠣᠨᠢ ᠢᠮᠠᠭ᠋ᠠᠨ ᠬᠣᠷᠭᠤᠯ ᠵᠶ᠋ᠠᠷ 《ᠨᠣᠬᠠᠢ》 ᠪᠣᠯᠭ᠋ᠠᠨ ᠨᠠᠭ᠋ᠠᠳᠴᠤ ᠪᠠᠢ᠌ᠵᠠᠢ᠃ ᠬᠣᠨᠲᠤ ᠪᠠᠯᠭ᠋ᠠᠰᠤ ᠵᠢᠨ ᠣᠩᠭᠤᠨᠮᠣᠳᠤ ᠭᠠᠴᠠᠭ᠎ᠠ ᠵᠢᠨ ᠰᠠᠭ᠋ᠠᠳᠠᠸ᠎ᠠ ᠭᠤᠸᠠᠢ ᠵᠢᠨ ᠤᠤᠯ᠎ᠤᠨ   ᠬᠡᠷᠡᠭᠯᠡᠵᠦ ᠪᠠᠢ᠌ᠭᠰᠠᠨ ᠵᠦᠢ᠍ᠯᠡᠰ᠎ᠲᠤ ᠪᠤᠭᠤ ᠵᠢᠷᠬᠢᠬᠡ ᠵᠢᠨ ᠬᠥᠯᠭᠡ᠎ᠠᠴᠠ ᠭᠠᠳᠠᠨ᠎ᠠ ᠬᠣᠨᠢ ᠵᠢᠨ ᠬᠣᠶᠠᠷ ᠱᠠᠭ᠎ᠠ ᠪᠣᠯᠤᠨ ᠬᠣᠨᠢᠨ ᠰᠢᠬᠢᠷ᠎ᠡ ᠵᠢᠨ ᠬᠣᠷᠢᠨ ᠳᠦᠷᠪᠡᠨ ᠲᠢᠲᠢᠮ ᠶᠠᠰᠤ   ᠶᠤᠮ᠃ ᠲᠢᠲᠢᠮ   ᠶᠠᠰᠤ  ᠎ᠨᠤᠭᠤᠳ  ᠎ᠤᠨ   ᠬᠠᠭ᠋ᠠᠰ  ᠎ᠢ   ᠤᠯᠠᠭ᠋ᠠᠨ᠂ ᠬᠠᠭ᠋ᠠᠰ᠎ᠢ᠎ᠨᠢ ᠨᠣᠭᠤᠭ᠋ᠠᠨ ᠵᠶ᠋ᠠᠷ ᠪᠣᠳᠤᠵᠠᠢ᠃      
    ᠪᠤᠭᠤ ᠵᠢᠷᠭᠢᠭᠡ ᠨᠠᠭ᠋ᠠᠳᠬᠤ᠎ᠳᠤ᠂ ᠬᠡᠨ᠎ᠨᠢ ᠶᠠᠮᠠᠷ ᠰᠢᠲᠠᠷ᠎ᠠ ᠠᠪᠬᠤ ᠵᠢ ᠬᠡᠯᠡᠯᠴᠡᠵᠦ ᠪᠠᠢ᠌ᠭ᠋ᠠᠳ ᠪᠣᠯᠳᠠᠭ᠃ ᠡᠬᠢᠯᠡᠵᠦ ᠨᠠᠭ᠋ᠠᠳᠬᠤ᠎ᠳᠤ᠂ 《ᠪᠤᠭᠤ》 ᠤᠷᠢᠳᠠᠪᠠᠷ ᠬᠦᠳᠡᠯᠬᠦ ᠪᠣᠯᠬᠤᠷ ᠡᠨᠡᠬᠦ ᠰᠢᠲᠠᠷ᠎ᠠ ᠵᠢ ᠬᠦᠮᠦᠰ ᠪᠦᠷ ᠠᠪᠬᠤ ᠳᠤᠷ᠎ᠠ᠎ᠲᠠᠢ ᠶᠤᠮ᠃ ᠬᠠᠷᠢᠨ 《ᠨᠤᠬᠠᠢ》 ᠰᠢᠲᠠᠷ᠎ᠠ ᠣᠯᠠᠨ ᠵᠶ᠋ᠠᠷ ᠵᠶ᠋ᠠᠨ ᠪᠠᠰᠠ ᠨᠠᠭ᠋ᠠᠳᠤᠮᠴᠢᠨ᠎ᠳᠤ ᠲᠠᠭ᠋ᠠᠰᠢᠶᠠᠭᠳᠠᠳᠠᠭ᠃ ᠭᠡᠪᠡᠴᠦ᠂ ᠬᠡᠷᠪᠡ ᠬᠣᠶᠠᠷ ᠬᠦᠮᠦᠨ ᠪᠦᠷ ᠠᠳᠠᠯᠢ ᠨᠢᠭᠡ ᠰᠢᠲᠠᠷ᠎ᠠ ᠵᠢ ᠠᠪᠬᠤ ᠲᠤᠷ᠎ᠠ᠎ᠲᠠᠢ ᠪᠣᠯᠴᠢᠬᠠᠪᠠᠯ᠂ ᠨᠢᠭᠡ᠎ᠨᠢ ᠨᠠᠢ᠌ᠷ ᠲᠠᠯᠪᠢᠬᠤ ᠬᠡᠷᠡᠭᠲᠡᠢ᠃ ᠦᠭᠡᠢ ᠪᠣᠯ ᠨᠠᠭ᠋ᠠᠳᠤᠮ ᠵᠶ᠋ᠠᠨ ᠨᠠᠭ᠋ᠠᠳᠴᠤ ᠳᠡᠢ᠌ᠯᠬᠦ ᠦᠭᠡᠢ ᠪᠣᠯᠤᠨ᠎ᠠ᠃ ᠬᠡᠷᠪᠡ ᠬᠣᠶᠠᠷ ᠤᠳᠠᠭ᠎ᠠ ᠨᠠᠭ᠋ᠠᠳᠬᠤ ᠪᠣᠯ᠂ ᠬᠦᠮᠦᠨ ᠪᠦᠷᠢ ᠨᠢᠭᠡ ᠤᠳᠠᠭ᠎ᠠ 《ᠪᠤᠭᠤ》 ᠪᠣᠶᠤ         《ᠨᠣᠬᠠᠢ》 ᠵᠢ ᠠᠪᠬᠤ᠎ᠨᠢ ᠨᠡᠩ ᠡᠷᠬᠡ ᠲᠡᠭᠰᠢ ᠶᠤᠮ᠃
    ᠪᠤᠭᠤ ᠵᠢᠷᠭᠢᠭᠡ ᠵᠢ ᠡᠬᠢᠯᠡᠭᠦᠯᠬᠦ᠎ᠳᠤ᠂ ᠬᠣᠶᠠᠷ ᠪᠤᠭᠤ ᠠᠭᠤᠯᠠ ᠪᠣᠯᠤᠨ ᠶᠡᠬᠡ ᠬᠦᠯᠭᠡ ᠵᠢᠨ ᠠᠭᠤᠯᠵᠠᠷ᠎ᠤᠨ ᠰᠠᠭᠤᠳᠠᠯ ᠳᠡᠭᠡᠷ᠎ᠡ ᠰᠠᠭᠤᠵᠤ᠂ ᠨᠠᠢ᠍ᠮᠠᠨ ᠨᠣᠬᠠᠢ ᠶᠡᠬᠡ ᠬᠦᠯᠭᠡ ᠵᠢᠨ ᠳᠤᠮᠳᠠᠬᠢ ᠨᠠᠢ᠍ᠮᠠᠨ ᠰᠠᠭᠤᠳᠠᠯ᠎ᠢ ᠡᠵᠡᠯᠡᠨ᠎ᠡ᠃ ᠢᠩᠬᠢᠬᠦ᠎ᠳᠤ᠂ 《ᠨᠣᠬᠠᠢ》 ᠠᠪᠤᠭᠰᠠᠨ ᠬᠦᠮᠦᠨ᠎ᠳᠤ ᠪᠠᠰᠠ ᠠᠷᠪᠠᠨ ᠵᠢᠷᠭᠤᠭ᠋ᠠᠨ ᠰᠢᠲᠠᠷ᠎ᠠ ᠪᠠᠢ᠌ᠳᠠᠭ᠃      
    ᠪᠤᠭᠤ ᠤᠷᠢᠳᠠᠪᠠᠷ ᠶᠠᠪᠤᠬᠤ᠎ᠳᠤ᠂ ᠨᠢᠭᠡ ᠨᠣᠬᠠᠢ ᠵᠢᠨ ᠳᠡᠭᠡᠭᠦᠷ ᠦᠰᠦᠷᠴᠦ᠂ ᠲᠡᠭᠦᠨ᠎ᠢ 《ᠢᠳᠡᠭᠡᠳ》 ᠴᠢᠨᠠᠲᠤ ᠲᠠᠯ᠎ᠠ ᠵᠢᠨ ᠬᠣᠭᠤᠰᠤᠨ ᠰᠠᠭᠤᠳᠠᠯ ᠳᠡᠭᠡᠷ᠎ᠡ ᠰᠠᠭᠤᠳᠠᠭ᠃ ᠡᠢ᠌ᠮᠦ᠎ᠠᠴᠠ᠂ ᠰᠢᠲᠠᠷ᠎ᠠ᠎ᠪᠠᠨ ᠡᠬᠢᠯᠡᠵᠦ ᠪᠠᠢ᠌ᠷᠢᠯᠠᠭᠤᠯᠬᠤ ᠦᠶ᠎ᠡ᠎ᠳᠤ᠂ ᠪᠤᠭᠤ ᠪᠦᠷᠢ᠎ᠳᠤ ᠨᠣᠬᠠᠢ ᠵᠢ 《ᠢᠳᠡᠬᠦ》 ᠭᠤᠷᠪᠠᠨ ᠰᠠᠭᠤᠳᠠᠯ ᠪᠠᠢ᠌ᠳᠠᠭ᠃ ᠳᠡᠳᠡᠭᠡᠷ᠎ᠨᠢ ᠬᠦᠯᠭᠡ ᠵᠢᠨ ᠭᠣᠣᠯ ᠴᠡᠭ ᠪᠣᠯᠤᠨ ᠭᠣᠣᠯ ᠵᠢᠷᠤᠭ᠋ᠠᠰᠤ ᠵᠢᠨ ᠵᠡᠭᠦᠨ ᠪᠠᠷᠠᠭᠤᠨ ᠵᠠᠬ᠎ᠠ ᠵᠢᠨ ᠬᠣᠶᠠᠷ ᠴᠡᠭ ᠶᠤᠮ᠃
    ᠨᠠᠭ᠋ᠠᠳᠤᠮ ᠡᠬᠢᠯᠡᠬᠦ᠎ᠳᠤ᠂ ᠠᠯᠢ ᠨᠢᠭᠡᠨ ᠪᠤᠭᠤ ᠠᠰᠬᠠᠨ ᠪᠣᠶᠤ ᠵᠢᠰᠢᠭᠦᠦ ᠦᠰᠦᠷᠴᠦ᠂ ᠨᠢᠭᠡ ᠨᠣᠬᠠᠢ ᠵᠢ     《ᠢᠳᠡᠭᠡᠳ》 ᠴᠠᠭ᠋ᠠᠳᠤᠬᠢ ᠰᠠᠭᠤᠳᠠᠯ ᠳᠡᠭᠡᠷ᠎ᠡ᠎ᠨᠢ ᠣᠴᠢᠳᠠᠭ᠃ ᠡᠭᠦᠨ᠎ᠤ ᠬᠠᠮᠲᠤ 《ᠢᠳᠡᠭᠰᠡᠨ》 ᠨᠣᠬᠠᠢ᠎ᠪᠠᠨ ᠬᠠᠵᠠᠭᠤ᠎ᠳᠠᠭᠠᠨ ᠠᠪᠴᠤ ᠲᠠᠯᠪᠢᠨ᠎ᠠ᠃ ᠲᠡᠭᠡᠪᠡᠯ ᠨᠦᠭᠦᠭᠡ ᠲᠠᠯ᠎ᠠ᠎ᠠᠴᠠ ᠨᠢᠭᠡ ᠨᠣᠬᠠᠢ᠎ᠪᠠᠨ ᠠᠪᠴᠤ᠂ ᠪᠣᠭᠤ ᠦᠰᠦᠷᠦᠨ ᠣᠴᠢᠬᠤ ᠪᠣᠯᠬᠤ ᠨᠢᠭᠡ ᠰᠠᠭᠤᠳᠠᠯ ᠳᠡᠭᠡᠷ᠎ᠡ ᠲᠠᠯᠪᠢᠳᠠᠭ᠃ ᠡᠨᠡ᠎ᠨᠢ ᠪᠣᠭᠤ ᠵᠢᠨ ᠦᠰᠦᠷᠬᠦ ᠵᠠᠮ᠎ᠢ ᠬᠠᠰᠢᠵᠤ ᠪᠠᠢ᠌ᠨ᠎ᠠ᠃ 《ᠪᠣᠭᠤ》 ᠬᠠᠷᠢᠨ ᠬᠠᠰᠢᠭᠳᠠᠬᠤ ᠦᠭᠡᠢ ᠮᠦᠷᠲᠡᠭᠡᠨ 《ᠨᠣᠬᠠᠢ》 ᠵᠢ ᠢᠳᠡᠬᠦ ᠰᠠᠭᠤᠳᠠᠯ᠎ᠢ ᠪᠣᠳᠤᠯᠬᠢᠯᠠᠨ ᠦᠰᠦᠷᠳᠡᠭ᠃ ᠡᠨᠡ ᠮᠡᠲᠦ᠎ᠪᠠᠷ ᠪᠤᠭᠤ ᠨᠣᠬᠠᠢ ᠵᠢ 《ᠢᠳᠡᠬᠦ》 ᠪᠣᠶᠤ ᠨᠣᠬᠠᠢ ᠪᠤᠭᠤ ᠵᠢᠨ ᠦᠰᠦᠷᠬᠦ ᠰᠠᠭᠤᠳᠠᠯ᠎ᠢ 《ᠪᠦᠭᠯᠡᠵᠦ》᠂ ᠬᠠᠮᠤᠭ ᠰᠡᠭᠦᠯ᠎ᠳᠤ ᠪᠤᠭᠤ ᠦᠰᠦᠷᠬᠦ ᠰᠠᠭᠤᠳᠠᠯ ᠦᠭᠡᠢ ᠪᠣᠯᠪᠠᠯ ᠳᠡᠢ᠌ᠯᠦᠭᠳᠡᠭᠰᠡᠨ ᠵᠶ᠋ᠠᠷ ᠪᠣᠳᠣᠳᠠᠭ᠃ ᠨᠦᠭᠦᠭᠡ   ᠬᠦᠮᠦᠨ  ᠎ᠨᠢ ᠴᠦ᠍   ᠪᠣᠭᠤ   ᠵᠢ   ᠬᠠᠰᠢᠬᠤ   ᠨᠤᠬᠠᠢ   ᠦᠭᠡᠢ   ᠪᠣᠯᠪᠠᠯ   ᠨᠠᠭ᠋ᠠᠳᠤᠮ ᠳᠠᠭᠤᠰᠳᠠᠭ᠃    
    ᠡᠨᠳᠡ ᠲᠣᠳᠤᠷᠬᠠᠢ᠌ᠯᠠᠬᠤ᠎ᠨᠢ᠂ ᠪᠤᠭᠤ ᠬᠠᠰᠢᠭᠳᠠᠬᠤ ᠪᠣᠶᠤ ᠰᠢᠨ᠎ᠡ᠎ᠪᠠᠷ ᠲᠠᠯᠪᠢᠬᠤ ᠨᠣᠬᠠᠢ ᠦᠭᠡᠢ ᠪᠣᠯᠪᠠᠯ᠂ ᠲᠤᠰ ᠬᠣᠶᠠᠷ ᠰᠢᠲᠠᠷ᠎ᠠ ᠠᠰ ᠵᠢᠷᠤᠭ᠋ᠠᠰᠤ᠎ᠪᠠᠷ ᠬᠣᠯᠪᠤᠭᠰᠠᠨ ᠰᠠᠭᠤᠳᠠᠯ ᠳᠡᠭᠡᠷ᠎ᠡ ᠨᠢᠭᠡ ᠨᠢᠭᠡ ᠠᠯᠬᠤᠮ ᠵᠶ᠋ᠠᠷ ᠶᠠᠪᠤᠵᠤ ᠪᠣᠯᠳᠠᠭ᠃      
    ᠮᠦᠷᠭᠦᠭᠡ ᠨᠠᠭ᠋ᠠᠳᠤᠮ᠎ᠳᠤ᠂ ᠬᠣᠶᠠᠷ ᠬᠦᠮᠦᠨ ᠲᠣᠰᠪᠤᠷᠢ ᠠᠷᠪᠠᠨ ᠬᠣᠶᠠᠷ ᠨᠣᠬᠠᠢ ᠠᠪᠴᠤ᠂ ᠮᠥᠨ ᠰᠢᠲᠠᠷ᠎ᠠ ᠵᠢᠨ ᠬᠦᠯᠭᠡ ᠳᠡᠭᠡᠷ᠎ᠡ ᠴᠡᠷᠢᠭ ᠪᠠᠢ᠌ᠷᠢᠯᠠᠭᠤᠯᠤᠨ ᠨᠠᠭ᠋ᠠᠳᠤᠳᠠᠭ᠃ ᠡᠢ᠌ᠮᠦ᠎ᠠᠴᠠ᠂ ᠬᠣᠶᠠᠷ ᠲᠠᠯ᠎ᠠ ᠵᠢᠨ ᠰᠢᠲᠠᠷ᠎ᠠ᠎ᠨᠢ ᠢᠯᠭ᠋ᠠᠭ᠎ᠠ᠎ᠲᠠᠢ ᠪᠠᠢ᠌ᠬᠤ ᠬᠡᠷᠡᠭᠲᠡᠢ᠃      
    ᠮᠦᠷᠭᠦᠭᠡ ᠵᠢᠨ ᠴᠡᠷᠢᠭ᠎ᠢ ᠲᠠᠯᠪᠢᠬᠤ᠎ᠳᠤ᠂ ᠰᠢᠲᠠᠷ᠎ᠠ ᠵᠢᠨ ᠬᠦᠯᠭᠡ ᠵᠢᠨ ᠭᠣᠣᠯ ᠵᠢᠷᠤᠭ᠋ᠠᠰᠤ᠎ᠪᠠᠷ ᠵᠠᠭ᠋ᠠᠭ ᠪᠣᠯᠭ᠋ᠠᠵᠤ᠂ ᠲᠡᠭᠦᠨ᠎ᠤ ᠬᠣᠶᠠᠷ ᠲᠠᠯ᠎ᠠ ᠵᠢᠨ ᠠᠷᠪᠠᠨ ᠰᠠᠭᠤᠳᠠᠯ ᠳᠡᠭᠡᠷ᠎ᠡ ᠬᠣᠶᠠᠷ ᠲᠠᠯ᠎ᠠ ᠵᠢᠨ ᠴᠡᠷᠢᠭ ᠵᠶ᠋ᠠᠨ ᠰᠠᠭᠤᠯᠭ᠋ᠠᠵᠤ᠂ ᠦᠯᠡᠳᠡᠭᠰᠡᠨ ᠬᠣᠶᠠᠷ ᠴᠡᠷᠢᠭ ᠵᠶ᠋ᠠᠨ ᠮᠣᠩᠭᠤᠯ ᠠᠭᠤᠯᠠ ᠪᠣᠯᠤᠨ ᠲᠠᠩᠭᠤᠳ ᠠᠭᠤᠯᠠᠨ᠎ᠤ ᠵᠡᠭᠦᠨ ᠪᠠᠷᠠᠭᠤᠨ ᠱᠣᠷᠤᠯᠵᠢᠨ ᠰᠠᠭᠤᠳᠠᠯ ᠪᠣᠯᠤᠨ ᠪᠡᠯ ᠳᠡᠭᠡᠷᠡᠬᠢ ᠵᠡᠭᠦᠨ ᠪᠠᠷᠠᠭᠤᠨ ᠴᠡᠭ ᠳᠡᠭᠡᠷ᠎ᠡ ᠲᠠᠯᠪᠢᠳᠠᠭ᠃᠂ ᠲᠠᠩᠭᠤᠳ ᠠᠭᠤᠯᠠ ᠵᠢ ᠮᠣᠩᠭᠤᠯ ᠠᠭᠤᠯᠠ᠎ᠪᠠᠷ ᠪᠣᠳᠤᠬᠤ ᠵᠢᠨ ᠤᠴᠢᠷ᠎ᠨᠢ ᠡᠢ᠌ᠮᠦ ᠪᠠᠢ᠌ᠵᠠᠢ᠃      
    ᠬᠣᠶᠠᠷ ᠲᠠᠯ᠎ᠠ ᠵᠢᠨ ᠴᠡᠷᠢᠭ ᠬᠠᠷᠢᠯᠴᠠᠨ ᠮᠦᠷᠭᠦᠯᠳᠦᠬᠦ᠎ᠳᠤ᠂ ᠮᠥᠨ ᠨᠦᠭᠦᠭᠡ ᠲᠠᠯ᠎ᠠ ᠵᠢᠨ ᠨᠢᠭᠡ ᠵᠢᠨ ᠵᠶ᠋ᠠᠨ ᠳᠡᠭᠡᠭᠦᠷ ᠵᠢᠷᠤᠭ᠋ᠠᠰᠤ᠎ᠲᠠᠭᠠᠨ ᠦᠰᠦᠷᠴᠦ᠂ ᠲᠡᠭᠦᠨ᠎ᠢ ᠢᠳᠡᠭᠡᠳ ᠴᠠᠭ᠋ᠠᠳᠤᠬᠢ ᠬᠣᠭᠤᠰᠤᠨ ᠰᠠᠭᠤᠳᠠᠯ ᠳᠡᠭᠡᠷ᠎ᠡ ᠰᠠᠭᠤᠳᠠᠭ᠃ ᠵᠠᠷᠢᠮ᠎ᠳᠠᠭᠠᠨ ᠠᠰᠬᠠᠨ ᠪᠠ ᠵᠢᠰᠢᠭᠦᠦ ᠵᠢᠷᠤᠭ᠋ᠠᠰᠤ ᠳᠠᠮᠵᠢᠵᠤ᠂ ᠵᠠᠯᠭ᠋ᠠᠪᠠᠷ ᠦᠰᠦᠷᠦᠨ ᠢᠳᠡᠵᠦ ᠪᠣᠯᠳᠠᠭ᠃ ᠬᠠᠮᠤᠭ   ᠰᠡᠭᠦᠯ᠎ᠳᠤ᠂ ᠦᠯᠡᠳᠡᠭᠰᠡᠨ   ᠴᠡᠷᠢᠭ  ᠎ᠤᠨ   ᠣᠯᠠᠨ   ᠴᠦᠬᠡᠨ   ᠵᠶ᠋ᠠᠷ   ᠢᠯᠠᠵᠤ   ᠢᠯᠠᠭᠳᠠᠭᠰᠠᠨ᠎ᠢ ᠲᠣᠭᠲᠠᠭ᠋ᠠᠳᠠᠭ᠃      
    ᠪᠤᠭᠤ ᠵᠢᠷᠭᠢᠭᠡ ᠪᠣᠯᠤᠨ ᠮᠦᠷᠭᠦᠭᠡ ᠪᠣᠯ ᠬᠦᠮᠦᠨ᠎ᠤ ᠣᠶᠤᠨ᠎ᠢ ᠨᠡᠬᠡᠭᠡᠯᠭᠡᠬᠦ ᠨᠠᠭ᠋ᠠᠳᠤᠮ ᠪᠠᠢ᠌ᠵᠤ᠂ ᠲᠡᠭᠦᠨ᠎ᠢ ᠰᠠᠢ᠌ᠨ ᠨᠠᠭ᠋ᠠᠳᠬᠤ ᠬᠦᠮᠦᠨ ᠠᠪᠠ ᠵᠢ ᠭᠠᠷᠮᠠᠭ᠋ᠠᠢ ᠬᠢᠵᠦ᠂ ᠴᠢᠨᠠᠭᠰᠢᠯᠠᠪᠠᠯ ᠴᠡᠷᠢᠭ ᠠᠩᠬᠢ ᠵᠢ ᠴᠦ᠍ ᠪᠠᠢ᠌ᠯᠳᠤᠭ᠋ᠠᠨ᠎ᠳᠤ ᠵᠠᠬᠢᠷᠴᠤ ᠴᠢᠳᠠᠨ᠎ᠠ ᠭᠡᠳᠡᠭ᠃ ᠦᠩᠭᠡᠷᠡᠭᠰᠡᠨ᠎ᠳᠤ᠂ ᠬᠦᠮᠦᠰ ᠡᠨᠡᠬᠦ ᠨᠠᠭ᠋ᠠᠳᠤᠮ᠎ᠢ ᠮᠠᠰᠢ ᠬᠦᠭᠵᠢᠶᠡᠨᠲᠡᠢ ᠨᠠᠭ᠋ᠠᠳᠴᠤ ᠪᠠᠢ᠌ᠵᠠᠢ᠃ ᠡᠢ᠌ᠮᠦ᠎ᠠᠴᠠ᠂ ᠡᠨᠡᠬᠦ ᠨᠠᠭ᠋ᠠᠳᠤᠮ 2011 ᠣᠨ᠎ᠤ 4 ᠰᠠᠷ᠎ᠠ᠎ᠳᠤ ᠤᠯᠠᠭ᠋ᠠᠨᠬᠠᠳᠠ ᠬᠣᠲᠠ ᠵᠢᠨ ᠪᠣᠳᠠᠰ᠎ᠤᠨ ᠪᠣᠰᠤ ᠰᠣᠶᠣᠯ᠎ᠤᠨ ᠦᠪ᠎ᠲᠤ ᠲᠡᠮᠳᠡᠭᠯᠡᠭᠳᠡᠵᠦ᠂ ᠬᠤᠨᠲᠤ ᠪᠠᠯᠭ᠋ᠠᠰᠤ ᠵᠢᠨ ᠣᠩᠭᠤᠠᠮᠣᠳᠤ ᠭᠠᠴᠠᠭ᠎ᠠ ᠵᠢᠨ ᠮᠠᠯᠴᠢᠨ ᠰᠠᠭ᠋ᠠᠳᠠᠸ᠎ᠠ ᠪᠣᠯᠤᠨ ᠨᠠᠰᠤᠠᠠᠤᠷᠲᠤ ᠬᠣᠶᠠᠷ ᠴᠦ᠍ 2012 ᠣᠨ᠎ᠤ 3 ᠰᠠᠷ᠎ᠠ᠎ᠳᠤ 《ᠪᠤᠭᠤ ᠵᠢᠷᠭᠢᠭᠡ ᠪᠣᠯᠤᠨ ᠮᠦᠷᠭᠦᠭᠡ ᠨᠠᠭ᠋ᠠᠳᠤᠮ》᠎ᠤᠨ ᠤᠯᠠᠭ᠋ᠠᠨᠬᠠᠳᠠ ᠬᠣᠲᠠ ᠵᠢᠨ ᠳᠡᠰ᠎ᠤᠨ ᠲᠦᠯᠦᠭᠡᠯᠡᠬᠦ ᠴᠢᠨᠠᠷᠲᠠᠢ ᠤᠯᠠᠮᠵᠢᠯᠠᠭᠴᠢ᠎ᠪᠠᠷ ᠨᠡᠷᠡᠢ᠌ᠳᠦᠭᠳᠡᠪᠡ᠃ (ᠪᠠᠭ᠋ᠠᠪᠣᠯᠤᠳ ᠮᠠᠲᠸᠷᠢᠶᠡᠯ ᠬᠠᠩᠭ᠋ᠠᠪᠠ)

ᠢᠷᠡᠯᠲᠡ᠄ ᠠᠷᠤ ᠬᠤᠷᠴᠢᠨ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠣᠩᠭᠣᠯ ᠬᠡᠯᠡᠨ᠎ᠤ ᠰᠦᠯᠵᠢᠶ᠎ᠡ
          
ᠬᠠᠮᠢᠶ᠎ᠡ ᠪᠦᠬᠦᠢ ᠰᠣᠨᠢᠨ
ᠮᠤᠷᠢᠨ ᠮᠡᠷᠭᠡᠵᠢᠯ
ᠮᠤᠩᠭᠤᠯ ᠰᠢᠳᠠᠷ᠎ᠠ
ᠠᠨᠳᠠᠢ ᠪᠦᠵᠢᠭ
ᠪᠢᠯᠠᠭᠤ ᠰᠢᠳᠡᠬᠦ
ᠰᠤᠷ ᠬᠠᠷᠪᠤᠯᠳᠠ
 
            