ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠱᠠᠯᠪᠣᠷ ᠪᠥᠭᠡ
ᠨᠡᠶ᠋ᠢᠲᠡᠯᠡᠭᠰᠡᠨ ᠴᠠᠭ᠄ 2024-06-05

    ᠱᠠᠯᠪᠣᠷ ᠪᠥᠭᠡ᠎ᠨᠢ ᠠᠯᠠᠱ᠌ᠠ ᠬᠣᠱ᠌ᠣᠳ᠎ᠤᠨ ᠣᠯᠠᠮᠵᠢᠯᠠᠯᠳᠣ ᠨᠠᠭ᠋ᠠᠳᠣᠮ᠂ ᠡᠷᠳᠡ ᠡᠳᠣᠭᠡ᠎ᠠᠴᠠ ᠣᠯᠠᠮᠵᠢᠯᠠᠭᠳᠠᠨ ᠢᠷᠡᠭᠰᠡᠨ ᠪᠡᠶ᠎ᠡ ᠲᠠᠮᠢᠷ᠎ᠤᠨ ᠬᠥᠳᠡᠯᠭᠡᠭᠡᠨ᠃ ᠮᠥᠨᠴᠣ ᠠᠯᠠᠱ᠌ᠠ ᠮᠣᠩᠭᠣᠯᠴᠣᠳ᠎ᠤᠨ ᠡᠷᠳᠡᠨ᠎ᠤ ᠥᠷᠡᠰ᠎ᠤᠨ ᠨᠠᠢ᠌ᠷ᠎ᠠᠴᠠ ᠠᠪᠣᠭ᠋ᠠᠳ ᠡᠳᠣᠭᠡ ᠵᠢᠨ ᠨᠠᠢ᠌ᠷ ᠨᠠᠭ᠋ᠠᠳᠣᠮ᠎ᠳᠠᠬᠢ ᠲᠠᠮᠢᠷ᠎ᠤᠨ ᠮᠥᠷᠥᠢ᠌ᠴᠡᠭᠡᠨ᠎ᠤ ᠭᠣᠣᠯ ᠨᠠᠭ᠋ᠠᠳᠣᠮ ᠪᠣᠯᠣᠭᠰᠠᠭ᠋ᠠᠷ ᠢᠷᠡᠪᠡ᠃ 《ᠱᠠᠯᠪᠣᠷ ᠪᠥᠭᠡ》 ᠬᠡᠭᠥ ᠥᠭᠡ ᠵᠢᠨ ᠢᠷᠡᠯ ᠭᠠᠷᠣᠯ᠎ᠤᠨ ᠲᠣᠬᠠᠢ ᠶᠠᠩᠵᠤ ᠶᠠᠩᠵᠤ᠎ᠪᠠᠷ ᠲᠠᠢ᠌ᠯᠪᠤᠷᠢᠯᠠᠳᠠᠭ᠃ ᠵᠠᠷᠢᠮ᠎ᠨᠢ 《ᠱᠠᠯᠪᠣᠷ》 ᠬᠡᠭᠥ ᠥᠬᠡ ᠪᠣᠯ 《ᠰᠢᠮᠳᠠᠭ᠋ᠠᠢ》 ᠵᠢᠨ ᠬᠣᠪᠢᠯᠪᠣᠷᠢ ᠥᠭᠡ᠂ ᠪᠠᠰᠠ ᠵᠠᠷᠢᠮ᠎ᠨᠢ 《ᠱᠠᠯᠪᠠ》 ᠪᠣᠯᠣᠨ 《ᠪᠣᠣᠷ᠎ᠡ》 ᠭᠡᠬᠥ ᠬᠣᠶᠠᠷ ᠥᠬᠡ᠎ᠠᠴᠠ ᠡᠭᠥᠰᠴᠣ 《ᠱᠠᠯᠪᠣᠣᠷ᠎ᠡ》 ᠬᠡᠭᠥ ᠨᠡᠢ᠌ᠯᠡᠮᠡᠯ ᠥᠭᠡ ᠪᠣᠯᠵᠣ ᠶᠠᠪᠠᠭ᠋ᠠᠨ᠎ᠳᠠᠭᠠᠨ 《ᠱᠠᠯᠪᠣᠷ》 ᠬᠡᠭᠥ ᠪᠥᠭᠡ ᠵᠢᠨ ᠨᠡᠷᠡᠰ ᠪᠣᠯᠣᠨ ᠬᠣᠪᠢᠷᠠᠭᠰᠠᠨ ᠬᠡᠳᠡᠭ᠃ ᠠᠯᠠᠱ᠌ᠠ ᠠᠮᠠᠨ ᠶᠠᠷᠢᠶᠠᠨ᠎ᠳᠤ ᠱᠠᠯᠪᠣᠷ ᠪᠥᠭᠡ ᠵᠢ ᠪᠣᠣᠷ᠎ᠡ ᠵᠢᠨ ᠲᠡᠮᠡᠴᠡᠭᠡᠨ᠎ᠠᠴᠠ ᠰᠡᠳᠣᠪᠯᠡᠵᠤ 《ᠪᠣᠣᠷ᠎ᠡ ᠮᠡᠳᠣ ᠨᠥᠷᠢᠯᠴᠡᠵᠤ᠂ ᠪᠣᠬ᠎ᠠ ᠮᠡᠳᠣ ᠲᠥᠯᠬᠢᠯᠳᠣᠭᠡᠳ》 ᠬᠡᠭᠥ᠎ᠠᠴᠠ ᠥᠵᠡᠪᠡᠯ᠂ ᠡᠨᠡ 《ᠱᠠᠯᠪᠣᠷ》 ᠬᠡᠭᠴᠢ ᠥᠭᠡ᠎ᠨᠢ 《ᠱᠠᠯᠪᠠ》 ᠪᠣᠯᠣᠨ 《ᠪᠣᠣᠷ᠎ᠡ》 ᠵᠢᠨ ᠨᠠᠢ᠌ᠯᠠᠪᠣᠷᠢ ᠪᠣᠯᠵᠤ ᠵᠥᠪᠰᠢᠶᠡᠷᠡᠭᠳᠡᠭᠥ ᠪᠣᠯᠤᠮᠵᠢ ᠶᠡᠭᠡ ᠪᠠᠢ᠌ᠬᠤ ᠮᠡᠳᠣ᠃

    ᠥᠩᠭᠡᠷᠡᠭᠰᠡᠨ᠎ᠳᠤ ᠲᠣᠰ ᠨᠤᠳᠤᠭ᠎ᠤᠨ ᠮᠣᠩᠭᠣᠯᠴᠣᠳ ᠪᠥᠬᠡ ᠪᠠᠷᠢᠯᠳᠣᠬᠣ ᠵᠢ ᠪᠣᠣᠷ᠎ᠡ ᠵᠢᠨ ᠨᠥᠷᠢᠯᠴᠡᠭᠡ᠂ ᠪᠣᠬ᠎ᠠ ᠵᠢᠨ ᠲᠥᠯᠬᠢᠯᠳᠡ ᠬᠡᠵᠣ ᠬᠣᠶᠡᠷ ᠵᠥᠢ᠍ᠯ ᠬᠣᠪᠢᠶᠠᠳᠠᠭ᠃ ᠪᠣᠬ᠎ᠠ ᠵᠢᠨ ᠲᠥᠯᠬᠢᠯᠳᠡ ᠬᠡᠳᠡᠭ᠎ᠨᠢ ᠵᠣᠳᠣᠭ ᠡᠮᠣᠰᠴᠣ ᠪᠠᠷᠢᠯᠳᠣᠬᠣ ᠵᠢ ᠬᠡᠯᠡᠨ᠎ᠡ᠂ ᠪᠣᠣᠷ᠎ᠡ ᠵᠢᠨ ᠨᠥᠷᠢᠯᠳᠡ ᠬᠡᠳᠡᠭ᠎ᠨᠢ ᠱᠠᠯᠪᠣᠷ ᠮᠠᠶᠢᠭ ᠵᠶ᠋ᠠᠷ ᠪᠠᠷᠢᠯᠳᠣᠬᠣ ᠵᠢ ᠬᠡᠯᠡᠨ᠎ᠡ᠃ ᠱᠠᠯᠪᠣᠷ ᠪᠥᠭᠡ᠎ᠳᠤ ᠳᠠᠩ ᠨᠣᠭᠣᠯᠣᠭ᠎ᠠ ᠰᠢᠯᠢᠭᠳᠡᠯ᠎ᠤᠨ ᠲᠥᠷᠢᠮ᠎ᠢ ᠬᠡᠷᠡᠭᠯᠡᠳᠡᠭ᠃ ᠭᠥᠯ᠎ᠤᠨ ᠱᠠᠭ᠎ᠠ᠎ᠠᠴᠠ ᠳᠡᠭᠡᠭᠰᠢᠬᠢ ᠶᠠᠮᠠᠷ ᠨᠢᠭᠡᠨ ᠬᠡᠰᠡᠭ᠎ᠢ ᠣᠷᠢᠳ ᠵᠶ᠋ᠠᠷ ᠭᠠᠵᠠᠷ᠎ᠲᠤ ᠡᠰᠡ ᠰᠢᠷᠥᠢ᠌ᠳᠠᠭᠰᠠᠨ ᠴᠠᠭ᠎ᠲᠤ ᠬᠣᠶᠡᠷ ᠪᠥᠭᠡ ᠵᠢᠨ ᠪᠠᠷᠢᠯᠳᠣᠭ᠋ᠠᠨ᠎ᠢ ᠥᠯᠣ ᠵᠣᠭᠰᠣᠭ᠋ᠠᠳᠠᠭ᠃    
    ᠠᠯᠠᠱ᠌ᠠ ᠬᠣᠱ᠌ᠣᠳ᠎ᠤᠨ ᠱᠠᠯᠪᠣᠷ ᠪᠥᠭᠡ ᠵᠢᠨ ᠪᠠᠷᠢᠯᠳᠣᠭ᠋ᠠᠨ᠎ᠳᠤ ᠬᠡᠣᠭᠡᠳ᠎ᠠᠴᠠ ᠪᠣᠰᠣ ᠨᠠᠰᠣᠨ᠎ᠤ ᠬᠢᠵᠠᠭ᠋ᠠᠷ ᠪᠠ ᠪᠡᠶ᠎ᠡ ᠵᠢᠨ ᠭᠥᠨᠳᠣ ᠵᠢ ᠥᠯᠣ ᠬᠠᠢ᠌ᠬᠣᠷᠣᠨ ᠶᠠᠮᠠᠷ ᠬᠥᠮᠥᠨ ᠬᠡᠳ ᠨᠡᠷ᠎ᠡ ᠮᠡᠳᠡᠭᠥᠯᠥᠨ ᠪᠥᠭᠡ ᠵᠢᠨ ᠮᠥᠷᠥᠢ᠌ᠴᠡᠭᠡᠨ᠎ᠳᠤ ᠣᠷᠣᠯᠴᠠᠵᠤ ᠪᠣᠯᠳᠠᠭ᠃ ᠱᠠᠯᠪᠣᠷ ᠪᠥᠭᠡ ᠪᠠᠷᠢᠯᠳᠣᠬᠣ᠎ᠳᠠᠭᠠᠨ ᠶᠡᠷᠣ᠎ᠳᠡᠭᠡᠨ ᠠᠷᠪᠠᠨ ᠵᠢᠷᠭᠣᠭ᠎ᠠ᠂ ᠭᠣᠴᠢᠨ ᠬᠣᠶᠡᠷ᠂ ᠵᠢᠷᠡᠨ ᠲᠥᠷᠪᠡ ᠪᠣᠶᠣ ᠵᠠᠭᠣᠨ ᠬᠣᠷᠢᠨ ᠨᠠᠢ᠍ᠮᠠ ᠬᠡᠭᠥ ᠮᠡᠳᠣᠴᠢᠯᠡᠨ ᠬᠣᠣᠰ ᠲᠣᠭ᠎ᠠ᠎ᠪᠠᠷ ᠵᠡᠷᠭᠡ ᠳᠠᠪᠰᠢᠬᠤ ᠬᠡᠯᠪᠡᠷᠢ᠎ᠪᠠᠷ ᠪᠥᠭᠡ ᠵᠢᠨ ᠲᠣᠭ᠎ᠠ ᠵᠢ ᠲᠣᠭᠳᠠᠭ᠋ᠠᠳᠠᠭ᠃ ᠠᠯᠠᠱ᠌ᠠ ᠬᠣᠱ᠌ᠣᠳ᠎ᠤᠨ ᠱᠠᠯᠪᠣᠷ ᠪᠥᠭᠡ ᠵᠢᠨ ᠪᠠᠷᠢᠯᠳᠣᠭ᠋ᠠᠨ᠎ᠤ ᠮᠡᠷᠭᠡᠵᠢᠯ᠎ᠳᠤ ᠣᠷᠣᠭᠰᠢ ᠳᠣᠭᠳᠠᠷᠣᠯᠳᠠ᠂ ᠣᠭᠵᠣᠮ ᠡᠭᠥᠷᠥᠯᠳᠡ᠂ ᠬᠣᠯᠠᠭ᠋ᠠᠢ ᠡᠳᠡᠯᠳᠠ᠂ ᠬᠣᠢ᠌ᠰᠢ ᠲᠥᠯᠬᠢᠯᠳᠡ᠂ ᠬᠣᠶᠡᠷ ᠬᠢᠷᠭ᠋ᠠᠰ (ᠬᠡᠯᠳᠡᠭᠢ)᠂ ᠬᠣᠶᠡᠷ ᠳᠡᠭᠡᠭᠡ᠂ ᠬᠣᠢ ᠡᠷᠬᠢᠯᠳᠠ᠂ ᠬᠣᠷᠳᠣᠨ ᠳᠠᠰᠢᠯᠳᠠ᠂ ᠪᠣᠣᠷ᠎ᠡ ᠵᠢᠨ ᠰᠢᠯᠢᠳᠡᠯᠳᠡ᠂ ᠪᠣᠬ᠎ᠠ ᠵᠢᠨ ᠰᠠᠵᠢᠯᠳᠠ᠂ ᠥᠰᠥᠭᠡᠢ ᠳᠠᠳᠠᠯᠳᠠ᠂ ᠥᠷᠣᠭᠡᠰᠣᠨ ᠳᠠᠰᠢᠶ᠎ᠡ᠂ ᠡᠭᠡᠮ ᠮᠣᠯᠳᠣᠯᠣᠨ ᠡᠯᠢᠭᠡᠳᠣᠭᠥᠯᠭᠥ᠂ ᠲᠡᠭᠷᠢ ᠬᠢᠯᠥᠢ᠌ᠯᠭ᠋ᠠᠬᠣ ᠮᠡᠳᠣ ᠵᠢᠨ ᠠᠷᠭ᠎ᠠ ᠳᠡᠮ ᠪᠠᠢ᠌ᠳᠠᠭ᠃ ᠱᠠᠯᠪᠣᠷ ᠪᠥᠭᠡ ᠵᠢᠨ ᠡᠳᠡᠭᠡᠷ ᠣᠷᠡᠨ ᠮᠡᠷᠭᠡᠵᠢᠯ᠂ ᠭᠠᠩᠭ᠋ᠠᠩ ᠮᠡᠭᠡ᠎ᠠᠴᠠ ᠱᠠᠯᠪᠣᠷ ᠪᠥᠭᠡ ᠵᠢᠨ ᠨᠡᠷᠡᠢ᠌ᠳᠣᠯ ᠡᠭᠥᠰᠴᠠᠢ᠃ ᠣᠷᠴᠢᠮ᠎ᠤᠨ ᠵᠢᠯ᠎ᠳᠤ᠂ ᠡᠨᠡᠬᠥ ᠰᠢᠯᠢᠳᠡᠭ ᠣᠯᠠᠮᠵᠢᠯᠠᠯᠳᠣ ᠥᠨᠳᠣᠰᠣᠳᠡᠨ᠎ᠤ ᠪᠡᠶ᠎ᠡ ᠲᠠᠮᠢᠷ᠎ᠤᠨ ᠮᠥᠷᠥᠢ᠌ᠴᠡᠭᠡᠨ᠎ᠨᠢ ᠠᠯᠠᠱ᠌ᠠ ᠪᠠᠷᠠᠭᠣᠨ ᠬᠣᠰᠢᠭᠣᠨ᠎ᠳᠤ ᠬᠠᠮᠠᠭ᠋ᠠᠯᠠᠭᠳᠠᠨ ᠣᠯᠠᠮᠵᠢᠯᠠᠭᠳᠠᠵᠤ᠂ ᠨᠢᠬᠡ ᠪᠥᠯᠥᠭ ᠪᠡᠶ᠎ᠡ ᠲᠠᠮᠢᠷ᠂ ᠣᠣᠭ᠋ᠠᠯ ᠰᠣᠶᠣᠯ ᠵᠶ᠋ᠠᠨ ᠬᠢᠮᠠᠭ᠋ᠠᠳᠠᠨ ᠠᠪᠣᠷᠠᠭᠴᠢ ᠵᠢᠨ ᠬᠠᠳᠠᠭᠣᠵᠢᠯᠳᠠᠢ ᠴᠢᠷᠮᠠᠢ᠌ᠯᠭ᠎ᠠ᠎ᠪᠠᠷ 2006 ᠣᠨ᠎ᠳᠤ ᠵᠢᠷᠭᠣᠳᠣᠭ᠋ᠠᠷ ᠬᠣᠭᠣᠴᠠᠭ᠋ᠠᠨ᠎ᠤ ᠪᠥᠭᠥ ᠣᠷᠣᠨ᠎ᠤ ᠴᠥᠭᠡᠨ ᠲᠣᠭ᠋ᠠᠳᠣ ᠥᠨᠳᠣᠰᠣᠳᠡᠨ᠎ᠤ ᠣᠯᠠᠮᠵᠢᠯᠠᠯᠳᠣ ᠪᠡᠶ᠎ᠡ ᠲᠠᠮᠢᠷ᠎ᠤᠨ ᠬᠣᠷᠠᠯᠳᠣᠭ᠋ᠠᠨ ᠳᠡᠭᠡᠷ᠎ᠡ ᠱᠠᠯᠪᠣᠷ ᠪᠥᠭᠡ ᠵᠢ ᠣᠷᠣᠯᠳᠣᠭ᠋ᠠᠨ᠎ᠤ ᠵᠢᠩᠭᠢᠨᠢ ᠲᠥᠷᠥᠯ ᠵᠥᠢ᠍ᠯ᠎ᠳᠤ ᠣᠷᠣᠭᠣᠯᠣᠭᠰᠠᠨ ᠪᠠᠢ᠌ᠨ᠎ᠠ᠃

ᠢᠷᠡᠯᠲᠡ᠄ ᠠᠯᠠᠱ᠌ᠠ ᠪᠠᠷᠠᠭᠤᠨ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ
          
ᠬᠠᠮᠢᠶ᠎ᠡ ᠪᠦᠬᠦᠢ ᠰᠣᠨᠢᠨ
ᠠᠷᠭ᠋ᠠᠢ ᠬᠠᠷᠪᠤᠬᠤ ᠨᠠᠭ᠋ᠠᠳᠤᠮ
ᠮᠤᠩᠭᠤᠯ ᠦᠨᠳᠦᠰᠦᠳᠡᠨ᠎ᠤ ᠱᠠᠭ᠎ᠠ ᠲᠣᠭᠯᠠᠭ᠋ᠠᠮ᠎ᠤᠳ
ᠱᠠᠭ᠎ᠠ ᠲᠤᠬᠯᠠᠭ᠋ᠠᠮ᠎ᠤᠨ ᠶᠤᠰᠤ ᠲᠥᠷᠢᠮ
ᠮᠤᠩᠭᠤᠯ ᠰᠢᠳᠠᠷ᠎ᠠ
ᠤᠯᠠᠮᠵᠢᠯᠠᠯᠲᠦ ᠮᠤᠩᠭᠤᠯ ᠪᠦᠭᠡ ᠵᠢᠨ ᠪᠠᠷᠢᠯᠳᠤᠭ᠋ᠠᠨ᠎ᠤ ᠶᠤᠰᠤᠨ
 
            