
3 ᠰᠠᠷ᠎ᠠ ᠵᠢᠨ 27᠎ᠠᠴᠠ 28᠎ᠤ ᠡᠳᠦᠷ ᠪᠣᠯᠲᠠᠯ᠎ᠠ᠂ ᠠᠷᠪᠠᠨ ᠬᠤᠶᠠᠳᠤᠭ᠋ᠠᠷ ᠬᠤᠭᠤᠴᠠᠭ᠋ᠠᠨ᠎ᠤ ᠪᠥᠬᠦ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠤ ᠬᠤᠶᠠᠳᠤᠭ᠋ᠠᠷ ᠤᠳᠠᠭ᠋ᠠᠨ᠎ᠤ ᠪᠡᠯᠡᠳᠬᠡᠯ ᠠᠵᠢᠯ᠎ᠤᠨ ᠬᠤᠷᠠᠯ ᠬᠠᠶ᠋ᠢᠨᠠᠨ ᠮᠤᠵᠢ ᠵᠢᠨ ᠰᠠᠨᠶᠠ ᠬᠤᠲᠠ᠎ᠳᠤ ᠬᠤᠷᠠᠯᠳᠤᠪᠠ᠃
ᠣᠶ᠋ᠢᠯᠠᠭ᠋ᠠᠭᠰᠠᠨ ᠵᠶ᠋ᠠᠷ᠂ ᠲᠣᠰ ᠬᠤᠭᠤᠴᠠᠭ᠋ᠠᠨ᠎ᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠳᠤ ᠬᠠᠶ᠋ᠢᠨᠠᠨ ᠰᠢᠨᠵᠢᠶᠠᠩ ᠭᠡᠬᠦ 2 ᠤᠷᠤᠯᠳᠤᠭ᠋ᠠᠨ᠎ᠤ ᠲᠣᠭᠤᠷᠢᠭ᠎ᠤᠨ 19 ᠤᠷᠤᠯᠳᠤᠭ᠋ᠠᠨ᠎ᠤ ᠲᠥᠷᠥᠯ ᠵᠦᠢ᠍ᠯ᠎ᠤᠨ ᠲᠠᠯᠠᠪᠤᠷ ᠣᠷᠳᠣᠨ ᠭᠠᠷᠭ᠋ᠠᠪᠠ᠃ ᠡᠭᠦᠨ᠎ᠳᠤ ᠮᠣᠷᠢᠨ ᠮᠡᠷᠭᠡᠵᠢᠯ᠎ᠤᠨ ᠤᠷᠤᠯᠳᠤᠭ᠋ᠠᠨ ᠰᠢᠨᠵᠢᠶᠠᠩ᠎ᠳᠤ᠂ ᠬᠤᠸᠠᠷ ᠫᠤᠤᠵᠢᠩ᠎ᠤᠨ ᠤᠷᠤᠯᠳᠤᠭ᠋ᠠᠨ ᠬᠠᠶ᠋ᠢᠨᠠᠨ᠎ᠤ ᠯᠢᠩ ᠱᠦᠢ ᠯᠢ ᠦᠨᠳᠦᠰᠦᠲᠡᠨ᠎ᠤ ᠥᠪᠡᠷᠲᠡᠭᠡᠨ ᠵᠠᠰᠠᠬᠤ ᠰᠢᠶᠠᠨ᠎ᠳᠤ ᠶᠠᠪᠤᠭᠳᠠᠵᠤ᠂ ᠪᠤᠰᠤᠳ ᠲᠥᠷᠥᠯ ᠵᠦᠢ᠍ᠯ᠎ᠨᠢ ᠴᠥᠮ ᠰᠠᠨᠶᠠ ᠬᠤᠲᠠ᠎ᠳᠤ ᠶᠠᠪᠤᠭᠳᠠᠨ᠎ᠠ᠃ ᠪᠦᠬᠦ ᠲᠠᠯᠠᠪᠠᠢ ᠣᠷᠳᠣᠨ᠎ᠢ 4 ᠰᠠᠷ᠎ᠠ ᠵᠢᠨ ᠡᠴᠦᠰ᠎ᠠᠴᠠ ᠡᠮᠦᠨ᠎ᠡ ᠲᠤᠰᠢᠶᠠᠵᠤ ᠬᠡᠷᠡᠭᠯᠡᠭᠦᠯᠦᠨ᠎ᠡ᠃
ᠠᠷᠪᠠᠨ ᠬᠤᠶᠠᠳᠤᠭ᠋ᠠᠷ ᠬᠤᠭᠤᠴᠠᠭ᠋ᠠᠨ᠎ᠤ ᠪᠥᠬᠦ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠢ 2024 ᠣᠨ᠎ᠤ 11 ᠰᠠᠷ᠎ᠠ ᠵᠢᠨ 22᠎ᠤᠨ ᠡᠳᠦᠷ᠎ᠠᠴᠠ 30᠎ᠤ ᠡᠳᠦᠷ ᠪᠣᠯᠲᠠᠯ᠎ᠠ ᠬᠠᠶ᠋ᠢᠨᠠᠨ᠎ᠤ ᠰᠠᠨᠶᠠ᠎ᠳᠤ ᠶᠠᠪᠤᠭᠳᠠᠨ᠎ᠠ᠃
《ᠦᠨᠳᠦᠰᠦᠲᠡᠨ᠎ᠤ ᠪᠦᠯᠬᠦᠮᠳᠡᠯ᠎ᠤᠨ ᠦᠪᠡᠳᠡᠭᠰᠢ ᠶᠡᠭᠡ ᠴᠤᠭᠯᠠᠭ᠋ᠠᠨ ᠣᠯᠠᠨ ᠲᠦᠮᠡᠨᠴᠢ ᠪᠡᠶ᠎ᠡ ᠵᠢᠨ ᠲᠠᠮᠢᠷ᠎ᠤᠨ ᠦᠪᠡᠳᠡᠭᠰᠢ ᠴᠤᠭᠯᠠᠭ᠋ᠠᠨ》᠂ 《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠣᠶᠤᠨ ᠰᠠᠨᠠᠭ᠋ᠠᠨ᠎ᠤ ᠭᠡᠷ ᠣᠷᠣᠨ᠎ᠢ ᠴᠣᠭᠴᠠᠯᠠᠬᠤ》 ᠵᠡᠷᠭᠡ ᠤᠷᠢᠶ᠎ᠠ ᠯᠣᠽᠦ᠋ᠩ᠎ᠨᠢ ᠤᠷᠤᠯᠳᠤᠭ᠋ᠠᠨ᠎ᠤ ᠲᠠᠯᠠᠪᠤᠷ ᠣᠷᠳᠣᠨ᠎ᠳᠤ ᠡᠯᠭᠦᠵᠦ᠂ ᠬᠡᠰᠡᠭ ᠲᠠᠯᠠᠪᠠᠶ ᠣᠷᠳᠣᠨ᠎ᠤ ᠲᠠᠯᠠᠪᠤᠷ ᠭᠠᠵᠠᠷ᠎ᠢ ᠲᠡᠭᠰᠢᠯᠡᠬᠦ᠂ ᠭᠡᠷ ᠳᠣᠲᠣᠷᠠᠬᠢ ᠴᠢᠮᠡᠭᠯᠡᠯ᠎ᠢ ᠵᠠᠰᠠᠬᠤ᠂ LED ᠲᠣᠮᠣ ᠳᠡᠯᠭᠡᠴᠡ ᠵᠢ ᠨᠡᠮᠡᠬᠦ ᠵᠡᠷᠭᠡ ᠥᠭᠡᠷᠡᠴᠢᠯᠡᠬᠦ ᠠᠵᠢᠯ᠎ᠢ ᠶᠠᠭ ᠬᠢᠵᠦ ᠪᠠᠶ᠋ᠢᠨ᠎ᠠ᠃
ᠭᠦᠢ᠍ᠴᠡᠳᠬᠡᠬᠦ ᠵᠥᠪᠯᠡᠯ᠎ᠤᠨ ᠲᠠᠯᠠᠪᠠᠢ ᠣᠷᠳᠣᠨ᠎ᠤ ᠪᠦᠲᠦᠭᠡᠨ ᠪᠠᠶ᠋ᠢᠭᠤᠯᠤᠯᠲᠠ ᠵᠢᠨ ᠬᠡᠯᠲᠡᠰ᠎ᠲᠤ ᠠᠵᠢᠯᠯᠠᠵᠤ ᠪᠠᠶ᠋ᠢᠭ᠎ᠠ ᠬᠤᠸᠠᠩ ᠴᠦᠢ ᠴᠢᠨ ᠬᠡᠯᠡᠬᠦ᠎ᠳᠡᠭᠡᠨ᠂ ᠠᠷᠪᠢᠴᠢ ᠭᠠᠮᠲᠠᠢ᠎ᠪᠠᠷ ᠴᠤᠭᠯᠠᠭ᠋ᠠᠨ ᠡᠷᠬᠢᠯᠡᠬᠦ ᠵᠠᠷᠴᠢᠮ ᠶᠣᠰᠣᠭ᠋ᠠᠷ᠂ ᠲᠣᠰ ᠬᠤᠭᠤᠴᠠᠭ᠋ᠠᠨ᠎ᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠨᠢ ᠰᠠᠨᠶᠠ ᠬᠤᠲᠠ ᠵᠢᠨ ᠣᠳᠣ ᠪᠠᠶ᠋ᠢᠭ᠎ᠠ ᠲᠠᠯᠠᠪᠤᠷ ᠣᠷᠳᠣᠨ ᠭᠠᠵᠠᠷ ᠵᠶ᠋ᠠᠷ ᠭᠤᠣᠯ ᠪᠣᠯᠭ᠋ᠠᠵᠤ᠂ ᠬᠥᠮᠦᠨ ᠰᠣᠶᠣᠯ ᠪᠠ ᠰᠢᠨᠵᠢᠯᠡᠬᠦ ᠤᠬᠠᠭ᠋ᠠᠨ ᠮᠡᠷᠭᠡᠵᠢᠯ᠎ᠢ ᠠᠭᠤᠰᠤᠯᠴᠠᠭᠤᠯᠵᠤ᠂ ᠦᠨᠳᠦᠰᠦᠲᠡᠨ᠎ᠤ ᠪᠡᠶ᠎ᠡ ᠵᠢᠨ ᠲᠠᠮᠢᠷ᠂ ᠦᠨᠳᠦᠰᠦᠲᠡᠨ᠎ᠤ ᠰᠣᠶᠣᠯ᠎ᠤᠨ ᠣᠨᠴᠠᠯᠢᠭ᠎ᠢ ᠳᠡᠯᠭᠡᠨ ᠦᠵᠡᠭᠦᠯᠵᠦ᠂ ᠭᠤᠶ᠋ᠢᠳᠠ ᠰᠠᠶ᠋ᠢᠬᠠᠨ ᠮᠥᠷᠲᠡᠭᠡᠨ ᠳᠥᠭᠦᠮ ᠳᠥᠲᠡ ᠡᠷᠬᠢᠯᠡᠬᠦ ᠬᠠᠷᠠᠯᠲᠠ ᠵᠢ ᠴᠢᠷᠮᠠᠶ᠋ᠢᠨ ᠪᠠᠶᠡᠯᠡᠭᠦᠯᠬᠦ᠎ᠪᠠᠷ ᠪᠤᠢ᠃
ᠡᠭᠦᠨ᠎ᠠᠴᠠ ᠭᠠᠳᠠᠨ᠎ᠠ᠂ ᠲᠣᠰ ᠬᠤᠭᠤᠴᠠᠭ᠋ᠠᠨ᠎ᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠨᠢ ᠪᠠᠷᠤᠭ 1 ᠲᠦᠮᠡᠨ ᠨᠡᠷᠡᠰ ᠤᠷᠤᠯᠳᠤᠭ᠋ᠠᠨ ᠪᠠ ᠬᠤᠲᠠ ᠵᠢᠨ ᠰᠠᠶ᠋ᠢᠨ ᠳᠤᠷ᠎ᠠ ᠵᠢᠨ ᠠᠵᠢᠯᠯᠠᠭᠴᠢ ᠵᠢ ᠡᠯᠰᠡᠬᠦ᠎ᠪᠠᠷ ᠲᠥᠯᠥᠪᠯᠡᠵᠦ᠂ ᠲᠠᠯᠠᠪᠤᠷ ᠣᠷᠳᠣᠨ᠎ᠤ ᠳᠣᠲᠣᠨ᠎ᠠ ᠭᠠᠳᠠᠨ᠎ᠠ᠂ ᠵᠠᠮ ᠬᠠᠷᠢᠯᠴᠠᠭ᠋ᠠᠨ᠎ᠤ ᠥᠷᠲᠡᠭᠡ ᠴᠡᠭ ᠵᠡᠷᠭᠡ᠎ᠳᠤ ᠦᠢ᠍ᠯᠡᠴᠢᠯᠡᠭᠡ ᠬᠠᠩᠭ᠋ᠠᠨ᠎ᠠ᠃
