ᠴᠢᠯᠦᠬᠡᠲᠦ ᠪᠦᠬᠡ ᠶᠢᠨ ᠤᠯᠤᠰ ᠤᠨ ᠠᠪᠤᠷᠭᠤ ᠠᠯᠳᠠᠨ ᠪᠦᠰᠠ ᠶᠢᠨ ᠡᠵᠡᠨ ᠪᠤᠳᠢᠵᠠᠪ ᠮᠦᠡᠭᠬᠡᠵᠠᠭᠠᠨ ᠬᠤᠶᠠᠷ
ᠨᠡᠶᠢᠲᠡᠯᠡᠭᠰᠡᠨ ᠴᠠᠭ᠄
2021/7/7
    ᠰᠢᠨ᠎ᠠ ᠪᠠᠷᠭᠤ ᠵᠡᠬᠦᠨ ᠬᠤᠰᠢᠭᠤ ᠪᠠᠷ ᠨᠤᠲᠤᠭᠲᠠᠢ ᠴᠢᠯᠦᠬᠡᠲᠦ ᠪᠦᠬᠡ ᠶᠢᠨ ᠤᠯᠤᠰ ᠤᠨ ᠠᠪᠤᠷᠭᠤ ᠠᠯᠳᠠᠨ ᠪᠦᠰᠠ ᠶᠢᠨ ᠡᠵᠡᠨ ᠪᠤᠳᠢᠵᠠᠪ᠂ ᠮᠦᠡᠭᠬᠡᠵᠠᠭᠠᠨ ᠰᠢᠨ᠎ᠠ ᠪᠠᠷᠭᠤ ᠵᠡᠬᠦᠨ ᠬᠤᠰᠢᠭᠤᠨ ᠤ ᠠᠮᠤᠭᠤᠯᠠᠩ ᠪᠠᠯᠭᠠᠰᠤᠨ ᠳᠤ ᠪᠤᠴᠠᠵᠤ ᠢᠷᠡᠬᠦ ᠳᠤ ᠨᠤᠳᠤᠭ ᠤᠨ ᠵᠤᠨ ᠤᠯᠠᠨ ᠨᠢ ᠬᠦᠨᠲᠦᠳᠬᠡᠯ ᠦᠵᠡᠬᠦᠯᠦᠨ ᠬᠦᠯᠢᠶᠡᠨ ᠠᠪᠤᠯ᠎ᠠ᠃     ᠬᠤᠶᠠᠷ ᠠᠪᠤᠷᠭᠤ ᠮᠠᠨᠢ 2020 ᠤᠨ ᠤ ᠪᠦᠬᠦ ᠤᠯᠤᠰ ᠤᠨ ᠴᠢᠯᠦᠬᠡᠲᠦ ᠪᠦᠬᠡ ᠶᠢᠨ ᠠᠪᠤᠷᠭᠤ ᠰᠢᠯᠭᠠᠷᠠᠭᠤᠯᠬᠤ ᠲᠡᠮᠡᠴᠡᠬᠡᠨ ᠵᠢᠴᠢ ᠤᠯᠢᠮᠫᠢᠺ ᠤᠨ ᠰᠤᠩᠭᠤᠯᠳᠠ ᠤᠷᠤᠯᠲᠤᠭᠠᠨ ᠳᠤ ᠤᠷᠤᠯᠴᠠᠬᠤ ᠡᠷᠬᠡ ᠤᠯᠬᠤ ᠤᠷᠤᠯᠲᠤᠭᠠᠨ ᠳᠤ ᠦᠪᠦᠷ ᠮᠤᠩᠭᠤᠯ ᠢᠶᠠᠨ ᠲᠦᠯᠦᠬᠡᠯᠡᠨ ᠤᠷᠤᠯᠴᠠᠵᠤ ᠪᠤᠳᠢᠵᠠᠪ 92 ᠺᠢᠯᠦᠭᠷᠠᠮ ᠤᠨ ᠲᠡᠰ ᠲᠤ ᠲᠡᠷᠢᠬᠦᠯᠡᠵᠦ᠂ ᠮᠦᠡᠭᠬᠡᠵᠠᠭᠠᠨ 74 ᠺᠢᠯᠦᠭᠷᠠᠮ ᠤᠨ ᠲᠡᠰ ᠲᠤ ᠲᠡᠷᠢᠬᠦᠯᠡᠵᠠᠢ᠃     ᠬᠤᠶᠠᠷ ᠠᠪᠤᠷᠭᠤ ᠶᠢ ᠤᠭᠲᠤᠬᠤ ᠶᠤᠰᠤᠯᠠᠯ ᠳᠤ ᠨᠤᠲᠤᠭ ᠤᠨ ᠵᠤᠨ ᠲᠦᠮᠡᠨ ᠵᠢᠴᠢ ᠲᠦᠷᠦᠯ ᠰᠠᠲᠤᠨ ᠨᠢ ᠬᠦᠷᠦᠯᠴᠡᠨ ᠤᠴᠢᠵᠦ᠂ ᠢᠳᠡᠬᠡᠨ ᠤ ᠲᠡᠬᠡᠵᠢ ᠰᠦ ᠪᠠᠷ ᠮᠢᠯᠢᠶᠠᠨ ᠤᠭᠲᠤᠵᠤ᠂ ᠬᠤᠶᠢᠰᠢᠳᠠ ᠬᠤᠶᠠᠷ ᠠᠪᠤᠷᠭᠤ ᠶᠢᠨ ᠢᠶᠠᠨ ᠪᠦᠬᠡ ᠶᠢᠨ ᠲᠡᠪᠵᠢᠶᠡᠨ ᠳᠤ ᠤᠯᠠᠮ ᠦᠨᠲᠦᠷ ᠠᠮᠵᠢᠯᠳᠠ ᠪᠠᠶᠢᠭᠤᠯᠬᠤ ᠶᠢ ᠵᠦᠡᠭᠨᠡᠪᠡ᠃ ᠬᠤᠰᠢᠭᠤ ᠰᠤᠮᠤ᠂ ᠰᠢᠨ᠎ᠠ ᠪᠠᠷᠭᠤ ᠵᠡᠬᠦᠨ ᠬᠤᠰᠢᠭᠤᠨ ᠤ ᠪᠦᠬᠡ ᠶᠢᠨ ᠨᠡᠶᠢᠬᠡᠮᠯᠢᠭ᠂ ᠲᠦᠷᠦᠯ ᠰᠠᠲᠤᠨ ᠨᠢ ᠲᠠᠪᠤᠨ ᠬᠤᠰᠢᠭᠤ ᠮᠠᠯ ᠤᠨ ᠪᠡᠯᠡᠭ ᠭᠠᠷᠳᠠᠭᠤᠯᠵᠤ ᠬᠦᠨᠳᠦᠳᠬᠡᠯ ᠦᠵᠡᠬᠦᠯᠪᠡ᠃     ᠶᠤᠰᠤᠯᠠᠯ ᠤᠨ ᠲᠠᠷᠠᠭ᠎ᠠ ᠬᠤᠶᠠᠷ ᠠᠪᠤᠷᠭᠤ ᠮᠠᠨᠢ ᠰᠢᠨ᠎ᠠ ᠪᠠᠷᠭᠤ ᠵᠡᠬᠦᠨ ᠬᠤᠰᠢᠭᠤᠨ ᠤ ᠪᠡᠶ᠎ᠡ ᠶᠢᠨ ᠲᠠᠮᠢᠷ ᠤᠨ ᠰᠤᠷᠭᠠᠭᠤᠯᠢ ᠳᠤ ᠬᠦᠷᠴᠦ ᠴᠢᠯᠦᠬᠡᠲᠦ ᠪᠦᠬᠡ ᠶᠢᠨ ᠮᠡᠷᠬᠡᠵᠢᠯ ᠤᠨ ᠬᠢᠴᠢᠶᠡᠯ ᠤᠷᠤᠭᠰᠠᠨ ᠪᠠᠶᠢᠨ᠎ᠠ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号