( ᠵᠠᠷᠯᠠᠬᠣ ᠬᠣᠭᠣᠴᠠᠭ᠎ᠠ ᠠᠷᠪᠠᠨ ᠲᠠᠪᠣᠨ ᠡᠳᠦᠷ)
ᠨᠢᠭᠡᠳᠦᠭᠡᠷ ᠪᠦᠯᠦᠭ ᠶᠡᠷᠦᠩᠬᠡᠢ ᠲᠦᠷᠢᠮ
ᠨᠢᠭᠡᠳᠦᠭᠡᠷ ᠵᠣᠷᠪᠣᠰ ᠦᠪᠡᠷᠳᠡᠭᠡᠨ ᠵᠠᠰᠠᠬᠣ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠭᠠᠳᠠᠭ᠋ᠠᠲᠦ᠎ᠲᠠᠢ ᠴᠢᠯᠦᠭᠡᠲᠡᠢ ᠬᠠᠷᠢᠯᠴᠠᠬᠣ ᠪᠠᠢ᠌ᠯᠳᠣᠬᠣ ᠪᠣᠳᠣᠯᠭ᠎ᠠ ᠵᠢᠨ ᠪᠠᠢ᠌ᠷᠢᠯᠠᠭᠣᠯᠣᠯᠲᠠ ᠵᠢ ᠪᠦᠬᠦ ᠲᠠᠯ᠎ᠠ᠎ᠪᠠᠷ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠦᠪᠦᠷ ᠮᠣᠩᠭᠣᠯ᠎ᠢ ᠲᠣᠮᠳᠠᠲᠦ ᠣᠯᠣᠰ᠎ᠤᠨ ᠣᠮᠠᠷᠠᠰᠢ ᠬᠠᠨᠳᠣᠭᠣᠯᠣᠨ ᠨᠡᠭᠡᠭᠡᠭᠰᠡᠨ ᠴᠢᠬᠣᠯᠠ ᠴᠣᠩᠬᠣ ᠪᠠ 《 ᠨᠢᠭᠡ ᠪᠦᠰᠡ ᠨᠢᠭᠡ ᠵᠠᠮ》᠎ᠤᠨ ᠪᠦᠳᠦᠭᠡᠨ ᠪᠠᠢ᠌ᠭᠣᠯᠣᠯᠲᠠ ᠵᠢᠨ ᠴᠢᠬᠣᠯᠠ ᠬᠦᠢ᠍ᠰᠦ ᠪᠣᠯᠭ᠋ᠠᠨ ᠪᠠᠢ᠌ᠭᠤᠯᠤᠨ᠂ ᠮᠠᠨ᠎ᠤ ᠣᠷᠣᠨ᠎ᠤ ᠬᠢᠯᠢ ᠳᠤ ᠤᠷᠤᠬᠤ ᠵᠢᠭᠤᠯᠴᠢᠯᠠᠯ᠎ᠤᠨ ᠵᠠᠬ᠎ᠠ ᠲᠡᠯᠭᠡᠭᠦᠷ᠎ᠤᠨ ᠬᠣᠪᠢ ᠵᠢᠨ ᠲᠣᠭ᠎ᠠ ᠵᠢ ᠦᠷᠭᠡᠳᠬᠡᠵᠦ᠂ ᠦᠪᠦᠷ ᠮᠣᠩᠭᠣᠯ᠎ᠤᠨ ᠵᠢᠭᠣᠯᠴᠢᠯᠠᠯ᠎ᠤᠨ ᠭᠠᠳᠠᠭ᠋ᠠᠲᠦ ᠵᠢᠨ ᠵᠠᠬ᠎ᠠ ᠲᠡᠯᠭᠡᠭᠦᠷ᠎ᠲᠤ᠎ᠬᠢ ᠨᠦᠯᠦᠭᠡᠯᠡᠬᠦ ᠬᠦᠴᠦᠨ᠎ᠢ ᠲᠡᠭᠡᠭᠰᠢᠯᠡᠭᠦᠯᠦᠨ᠂ ᠦᠪᠦᠷ ᠮᠣᠩᠭᠣᠯ᠎ᠤᠨ ᠤᠯᠠᠨ ᠤᠯᠤᠰ᠎ᠤᠨ ᠵᠢᠭᠣᠯᠴᠢᠯᠠᠯ᠎ᠤᠨ ᠲᠦᠷᠢ ᠳᠦᠷᠬᠦ ᠪᠠ ᠲᠡᠮᠳᠡᠭᠲᠦ ᠵᠢ ᠪᠤᠢ ᠪᠤᠯᠭ᠋ᠠᠵᠤ᠂ ᠵᠢᠭᠣᠯᠴᠢᠯᠠᠯ᠎ᠤᠨ ᠠᠵᠦ ᠠᠬᠣᠢ᠌ᠯᠠᠯ᠎ᠤᠨ ᠬᠡᠯᠪᠡᠷᠢ ᠮᠠᠶᠢᠭ᠂ ᠠᠷᠭ᠎ᠠ ᠪᠠᠷᠢᠯ᠎ᠤᠨ ᠰᠢᠨ᠎ᠡ ᠵᠢ ᠡᠭᠦᠳᠬᠦ ᠵᠢ ᠵᠣᠷᠢᠭᠵᠢᠭᠣᠯᠣᠨ᠂ ᠭᠠᠳᠠᠭ᠋ᠠᠲᠦ ᠵᠢᠨ ᠵᠠᠬ᠎ᠠ ᠲᠡᠯᠭᠡᠭᠦᠷ᠎ᠢ ᠢᠳᠡᠪᠬᠢᠲᠡᠢ᠂ ᠰᠠᠨᠠᠭ᠋ᠠᠴᠢᠯᠠᠭ᠎ᠠ᠎ᠲᠠᠢ᠎ᠪᠠᠷ ᠨᠡᠬᠡᠬᠡᠨ 《ᠵᠣᠴᠢᠳ᠎ᠢ ᠤᠷᠢᠵᠦ ᠦᠪᠦᠷ ᠮᠣᠩᠭᠣᠯ᠎ᠳᠤ ᠢᠷᠡᠬᠦᠯᠬᠦ》᠂ ᠦᠪᠦᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠦᠢ᠍ᠯᠡᠰ᠎ᠤᠨ ᠬᠦᠭᠵᠢᠯᠲᠡ ᠵᠢ ᠲᠦᠷᠭᠡᠳᠬᠡᠬᠦ ᠵᠢᠨ ᠲᠦᠯᠦᠭᠡ ᠲᠣᠰ ᠠᠷᠭ᠎ᠠ ᠵᠢ ᠲᠣᠰᠬᠠᠢ᠌ᠯᠠᠨ ᠲᠣᠭᠳᠠᠭ᠋ᠠᠪᠠ᠃
ᠬᠣᠶᠠᠳᠣᠭ᠋ᠠᠷ ᠵᠣᠷᠪᠣᠰ ᠲᠣᠰ ᠠᠷᠭ᠎ᠠ ᠰᠣᠶᠣᠯ ᠵᠢᠭᠣᠯᠴᠢᠯᠠᠯ᠎ᠤᠨ ᠠᠵᠦ ᠠᠬᠣᠢ᠌ᠯᠠᠯ᠎ᠤᠨ ᠭᠠᠳᠠᠭᠰᠢ ᠬᠠᠨᠳᠤᠭᠰᠠᠨ ᠪᠤᠷᠤᠯᠠᠭᠤᠯᠤᠯᠲᠠ ᠳᠡᠯᠭᠡᠷᠡᠬᠦᠯᠦᠯᠲᠡ᠂ ᠬᠢᠯᠢ ᠵᠢᠨ ᠭᠠᠳᠠᠨᠠᠬᠢ (ᠰᠢᠶᠠᠩᠭ᠋ᠠᠩ ᠣᠣᠮᠸᠨ ᠲᠠᠢ᠌ᠸᠠᠨ᠎ᠢ ᠪᠠᠭᠳᠠᠭ᠋ᠠᠨ᠎ᠠ) ᠵᠢᠭᠣᠯᠴᠢᠯᠠᠯ᠎ᠤᠨ ᠨᠢᠰᠭᠡᠯ ᠬᠦᠯᠦᠰᠦᠯᠡᠬᠦ᠂ ᠵᠢᠭᠣᠯᠴᠢᠯᠠᠯ᠎ᠤᠨ ᠲᠣᠰᠬᠠᠢ ᠭᠠᠯᠲᠦ ᠲᠡᠷᠭᠡ᠂ ᠬᠢᠯᠢ᠎ᠳᠤ ᠣᠷᠣᠵᠦ ᠦᠪᠡᠷᠲᠡᠬᠡᠨ ᠲᠡᠷᠭᠡ ᠵᠢᠯᠣᠭᠣᠳᠣᠨ ᠵᠢᠭᠣᠯᠴᠢᠯᠠᠬᠣ ᠵᠢ ᠵᠣᠬᠢᠶᠠᠨ ᠪᠠᠢ᠌ᠭᠣᠯᠬᠤ ᠵᠢᠴᠢ ᠬᠢᠯᠢ᠎ᠳᠤ ᠣᠷᠣᠵᠦ ᠵᠢᠭᠣᠯᠴᠢᠯᠠᠬᠣ ᠵᠢ ᠭᠠᠳᠠᠭ᠋ᠠᠲᠤ᠎ᠲᠠᠢ ᠰᠢᠭᠤᠳ ᠬᠠᠷᠢᠯᠴᠠᠨ ᠨᠦᠬᠦᠪᠦᠷᠢᠯᠡᠯᠲᠡ ᠬᠢᠬᠦ᠎ᠳᠤ ᠲᠣᠬᠢᠷᠠᠨ᠎ᠠ᠃ ᠬᠢᠯᠢ᠎ᠪᠠᠷ ᠵᠢᠭᠤᠯᠴᠢᠯᠠᠬᠤ᠂ ᠬᠢᠯᠢ᠎ᠳᠤ ᠣᠷᠣᠬᠣ ᠪᠠᠢ᠌ᠳᠠᠯ ᠲᠣᠰ ᠠᠷᠭ᠎ᠠ᠎ᠳᠤ ᠲᠣᠬᠢᠷᠠᠬᠣ ᠦᠭᠡᠢ᠃
ᠭᠣᠷᠪᠠᠳᠣᠭ᠋ᠠᠷ ᠵᠣᠷᠪᠣᠰ 《ᠵᠣᠴᠢᠳ᠎ᠢ ᠤᠷᠢᠵᠦ ᠦᠪᠦᠷ ᠮᠣᠩᠭᠣᠯ᠎ᠳᠤ ᠢᠷᠡᠭᠦᠯᠬᠦ》 ᠬᠦᠬᠢᠬᠦᠯᠦᠯ ᠵᠶ᠋ᠠᠷ ᠨᠦᠬᠦᠪᠦᠷᠢᠯᠡᠬᠦ ᠮᠦᠩᠭᠦ ᠵᠢ ᠦᠪᠡᠷᠳᠡᠭᠡᠨ ᠵᠠᠰᠠᠬᠣ ᠣᠷᠣᠨ᠎ᠤ ᠡᠳ᠋᠎ᠤᠨ ᠵᠠᠰᠠᠭ᠎ᠤᠨ ᠲᠢᠩᠬᠢᠮ᠂ ᠦᠪᠡᠷᠳᠡᠭᠡᠨ ᠵᠠᠰᠠᠬᠤ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ ᠬᠠᠮᠲᠦ᠎ᠪᠠᠷ ᠬᠠᠮᠢᠶᠠᠷᠴᠦ ᠬᠢᠨᠠᠨ ᠪᠣᠳᠣᠬᠣ ᠰᠠᠯᠠᠭ᠎ᠠ ᠮᠦᠴᠢᠷ᠎ᠤᠨ ᠬᠢᠨᠠᠯᠲᠠ ᠵᠢ ᠬᠦᠯᠢᠶᠡᠨ᠎ᠡ᠃ ᠬᠦᠬᠢᠭᠦᠯᠦᠨ ᠨᠦᠬᠦᠪᠦᠷᠢᠯᠡᠬᠦ ᠡᠲᠡᠭᠡᠳ ᠢᠳᠡᠪᠬᠢᠲᠡᠢ᠎ᠪᠠᠷ ᠬᠠᠮᠵᠢᠯᠴᠠᠨ ᠰᠠᠨᠠᠭ᠋ᠠᠴᠢᠯᠠᠭ᠎ᠠ᠎ᠲᠠᠢ᠎ᠪᠠᠷ ᠬᠠᠮᠢᠶ᠎ᠠ ᠪᠦᠬᠦᠢ ᠰᠠᠯᠠᠭ᠎ᠠ ᠮᠦᠴᠢᠷ᠎ᠤᠨ ᠬᠢᠨᠠᠨ ᠪᠠᠢ᠌ᠴᠠᠭ᠋ᠠᠯᠲᠠ ᠵᠢ ᠬᠦᠯᠢᠶᠡᠬᠦ ᠶᠤᠰᠤᠳᠠᠢ᠃
ᠲᠦᠷᠪᠡᠳᠦᠭᠡᠷ ᠵᠣᠷᠪᠣᠰ ᠨᠦᠬᠦᠴᠡᠯ᠎ᠳᠤ ᠨᠡᠢ᠌ᠴᠡᠬᠦ ᠵᠢᠭᠣᠯᠴᠢᠯᠠᠯ᠎ᠤᠨ ᠠᠵᠦ ᠠᠬᠣᠢ᠌ᠯᠠᠯ ᠰᠠᠢ᠌ᠨ ᠲᠣᠷ᠎ᠠ᠎ᠠᠴᠠ᠎ᠪᠠᠨ ᠭᠣᠶᠣᠴᠢᠯᠠᠬᠣ᠂ ᠬᠣᠭᠣᠴᠠᠭ᠋ᠠᠨ᠎ᠳᠤᠨᠢ ᠭᠣᠶᠣᠴᠢᠯᠠᠨ ᠮᠡᠳᠡᠭᠦᠯᠬᠦ ᠵᠡᠷᠴᠢᠮᠢ ᠦᠨᠳᠦᠰᠦᠯᠡᠵᠦ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ᠎ᠠᠴᠠ ᠨᠦᠬᠦᠪᠦᠷᠢ ᠵᠢᠨ ᠮᠦᠩᠭᠦ ᠭᠤᠶᠤᠴᠢᠯᠠᠨ᠎ᠠ᠃ ᠮᠠᠨ᠎ᠤ ᠲᠢᠩᠬᠢᠮ ᠭᠣᠶᠣᠴᠢᠯᠠᠨ ᠮᠡᠳᠡᠭᠦᠯᠦᠭᠰᠡᠨ ᠮᠠᠲᠸᠷᠢᠶᠠᠯ᠎ᠳᠤ ᠬᠠᠳᠠᠭᠣ ᠴᠢᠩᠭ᠎ᠠ ᠬᠢᠨᠠᠨ ᠪᠠᠢ᠌ᠴᠠᠭ᠋ᠠᠯᠲᠠ᠂ ᠲᠠᠬᠢᠨ ᠰᠢᠯᠭ᠋ᠠᠯᠲᠠ ᠬᠢᠵᠦ᠂ ᠬᠦᠬᠢᠬᠦᠯᠦᠨ ᠨᠦᠬᠦᠪᠦᠷᠢᠯᠡᠬᠦ ᠮᠦᠩᠭᠦ ᠵᠢ ᠬᠣᠶᠠᠳᠣᠭ᠋ᠠᠷ ᠵᠢᠯ᠎ᠤᠨ ᠦᠪᠡᠷᠳᠡᠭᠡᠨ ᠵᠠᠰᠠᠬᠣ ᠣᠷᠣᠨ᠎ᠤ ᠰᠣᠶᠣᠯ ᠵᠢᠭᠣᠯᠴᠢᠯᠠᠯ᠎ᠤᠨ ᠬᠦᠭᠵᠢᠬᠦᠯᠦᠯᠲᠡ ᠵᠢᠨ ᠮᠦᠩᠭᠦ ᠵᠢᠨ ᠲᠦᠰᠦᠪ᠎ᠲᠤ ᠣᠷᠣᠭᠣᠯᠣᠨ ᠨᠦᠬᠦᠪᠦᠷᠢᠯᠡᠯᠲᠡ ᠬᠢᠨ᠎ᠡ᠃
ᠬᠣᠶᠠᠳᠣᠭ᠋ᠠᠷ ᠪᠦᠯᠦᠭ ᠭᠣᠶᠣᠴᠢᠯᠠᠬᠣ ᠨᠦᠬᠦᠴᠡᠯ
ᠲᠠᠪᠣᠳᠣᠭ᠋ᠠᠷ ᠵᠣᠷᠪᠣᠰ ᠬᠦᠬᠢᠬᠦᠯᠦᠨ ᠨᠦᠬᠦᠪᠦᠷᠢᠯᠡᠯᠲᠡ ᠵᠢ ᠭᠣᠶᠣᠴᠢᠯᠠᠭᠰᠠᠨ ᠵᠢᠭᠣᠯᠴᠢᠯᠠᠯ᠎ᠤᠨ ᠠᠵᠦ ᠠᠬᠣᠢ᠌ᠯᠠᠯ᠎ᠳᠤ ᠣᠷᠢᠳᠠᠪᠡᠷ ᠬᠠᠣᠯᠢ ᠶᠣᠰᠣᠨ᠎ᠳᠤ ᠨᠡᠢ᠌ᠴᠡᠬᠦ ᠬᠢᠨᠠᠨ ᠪᠠᠢ᠌ᠴᠠᠭ᠋ᠠᠯᠲᠠ ᠬᠢᠬᠦ ᠵᠢᠨ ᠲᠠᠭ᠋ᠠᠣ ᠲᠣᠣᠷᠠᠬᠢ ᠨᠦᠬᠦᠴᠡᠯ᠎ᠢ ᠪᠦᠷᠢᠯᠳᠦᠬᠦᠯᠬᠦ ᠬᠡᠷᠡᠭᠲᠡᠢ᠄
(ᠨᠢᠭᠡ) ᠭᠣᠶᠣᠴᠢᠯᠠᠯ ᠲᠣᠷᠠᠳᠣᠭᠰᠠᠨ ᠰᠣᠶᠣᠯ ᠵᠢᠭᠣᠯᠴᠢᠯᠠᠯ᠎ᠤᠨ ᠠᠵᠦ ᠠᠬᠣᠢ᠌ᠯᠠᠯ᠎ᠨᠢ ᠵᠠᠪᠠᠯ ᠦᠪᠦᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠬᠡᠪᠴᠢᠶᠡᠨ ᠲᠣᠲᠣᠷ᠎ᠠ ᠳᠠᠡᠭᠰᠠᠯᠠᠭᠰᠠᠨ ᠮᠦᠷᠲᠡᠭᠡᠨ ᠪᠡᠶ᠎ᠡ᠎ᠪᠠᠨ ᠲᠠᠭ᠋ᠠᠭ᠋ᠠᠭᠰᠠᠨ ᠬᠠᠣᠯᠢ ᠵᠢᠨ ᠡᠷᠬᠡᠲᠡᠨ᠎ᠤ ᠬᠢᠷᠢ ᠬᠡᠮᠵᠢᠶ᠎ᠡ᠎ᠲᠠᠢ ᠠᠵᠦ ᠠᠬᠣᠢ᠌ᠯᠠᠯ ᠪᠠᠢ᠌ᠬᠤ ᠬᠡᠷᠡᠭᠲᠠᠢ ᠃
(ᠬᠣᠶᠠᠷ) ᠭᠣᠶᠣᠴᠢᠯᠠᠯ ᠲᠣᠷᠠᠳᠣᠭᠰᠠᠨ ᠰᠣᠶᠣᠯ ᠵᠢᠭᠣᠯᠴᠢᠯᠠᠯ᠎ᠤᠨ ᠠᠵᠦ ᠠᠬᠣᠢ᠌ᠯᠠᠯ᠎ᠨᠢ ᠬᠣᠶᠠᠷ ᠵᠢᠯ᠎ᠤᠨ ᠲᠣᠲᠣᠷ᠎ᠠ ᠠᠵᠢᠯ ᠲᠦᠷᠦᠯ᠎ᠤᠨ ᠠᠮᠦᠷ ᠲᠦᠪᠰᠢᠨ᠎ᠤ ᠬᠠᠷᠢᠭᠣᠴᠠᠯᠭ᠋ᠠᠲᠦ ᠡᠨᠳᠡᠯ ᠪᠠ ᠬᠦᠨᠳᠦ ᠨᠣᠴᠢᠲᠠᠢ ᠦᠢ᠍ᠯᠡᠴᠢᠯᠡᠭᠡᠨ᠎ᠤ ᠴᠢᠨᠠᠷ ᠴᠢᠨᠰᠠᠭ᠎ᠠ ᠵᠢᠨ ᠵᠠᠭ᠋ᠠᠯᠳᠣᠯᠤᠨ ᠬᠡᠷᠡᠭ ᠡᠬᠦᠰᠭᠡᠭᠰᠡᠨ ᠦᠭᠡᠢ ᠮᠦᠷᠲᠡᠭᠡᠨ ᠳᠡᠭᠡᠷ᠎ᠡ ᠱᠠᠲᠤᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ᠎ᠤᠨ ᠵᠠᠰᠠᠭ ᠵᠠᠬᠢᠷᠭ᠋ᠠᠨ᠎ᠤ ᠰᠢᠢ᠍ᠳᠭᠡᠯ᠎ᠢ ᠣᠯᠣᠭᠰᠠᠨ ᠦᠭᠡᠢ ᠪᠠᠢ᠌ᠬᠣ ᠬᠡᠷᠡᠭᠲᠡᠢ᠃
(ᠭᠣᠷᠪᠠ) ᠨᠦᠬᠦᠪᠦᠷᠢ ᠭᠣᠶᠣᠴᠢᠯᠠᠭᠰᠠᠨ ᠵᠢᠭᠣᠯᠴᠢᠯᠠᠯ᠎ᠤᠨ ᠪᠦᠯᠬᠦᠮ ᠦᠢ᠍ᠯᠡ ᠠᠵᠢᠯᠯᠠᠭ᠋ᠠᠨ᠎ᠤ ᠶᠠᠪᠣᠴᠠ ᠲᠣᠮᠳᠠ᠎ᠪᠠᠨ ᠵᠦᠢ ᠶᠣᠰᠣᠨ᠎ᠤ ᠪᠣᠰᠦ ᠳᠣᠣᠷ᠎ᠠ ᠦᠨ᠎ᠡ᠂ ᠠᠯᠪᠠᠳᠠᠯᠭ᠎ᠠ᠎ᠪᠠᠷ ᠶᠠᠭᠣᠮ᠎ᠠ ᠬᠣᠳᠠᠯᠳᠣᠨ ᠠᠪᠣᠭᠣᠯᠬᠣ ᠵᠡᠷᠭᠡ ᠬᠠᠣᠯᠢ ᠳᠦᠷᠢᠮ᠎ᠢ ᠵᠦᠷᠢᠴᠡᠭᠰᠡᠨ ᠠᠵᠢᠯᠯᠠᠭ᠎ᠠ ᠵᠢᠴᠢ ᠪᠣᠯᠪᠠᠰᠣᠨ ᠪᠣᠰᠦ ᠵᠢᠭᠣᠯᠴᠢᠯᠠᠯ᠎ᠤᠨ ᠠᠵᠢᠯᠯᠠᠭ᠎ᠠ ᠡᠭᠦᠰᠭᠡᠭᠰᠡᠨ ᠦᠭᠡᠢ ᠪᠠᠢ᠌ᠬᠣ ᠬᠡᠷᠡᠭᠲᠡᠢ᠃
ᠭᠣᠷᠪᠠᠳᠣᠭ᠋ᠠᠷ ᠪᠦᠯᠦᠭ ᠬᠦᠬᠢᠬᠦᠯᠦᠨ ᠨᠦᠬᠦᠪᠦᠷᠢᠯᠡᠬᠦ ᠲᠦᠷᠦᠯ ᠵᠦᠢ᠍ᠯ ᠪᠠ ᠪᠠᠷᠢᠮᠵᠢᠶ᠎ᠠ
ᠵᠢᠷᠭᠣᠳᠣᠭ᠋ᠠᠷ ᠵᠣᠷᠪᠣᠰ ᠬᠦᠬᠢᠬᠦᠯᠦᠨ ᠨᠦᠬᠦᠪᠦᠷᠢᠯᠡᠬᠦ ᠲᠦᠷᠦᠯ ᠵᠦᠢ᠍ᠯ ᠳᠤ᠄ ᠬᠢᠯᠢ᠎ᠳᠤ ᠣᠷᠣᠵᠦ ᠵᠢᠭᠣᠯᠴᠢᠯᠠᠬᠣ ᠬᠦᠯᠦᠰᠦᠯᠡᠭᠰᠡᠨ ᠨᠢᠰᠭᠡᠯ᠂ ᠬᠢᠯᠢ᠎ᠳᠤ ᠣᠷᠣᠵᠦ ᠵᠢᠭᠣᠯᠴᠢᠯᠠᠬᠣ ᠲᠣᠰᠬᠠᠢ ᠭᠠᠯᠲᠦ ᠲᠡᠷᠭᠡ᠂ ᠬᠢᠯᠢ᠎ᠳᠤ ᠣᠷᠣᠵᠦ ᠦᠪᠡᠷᠲᠡᠭᠡᠨ ᠲᠡᠷᠭᠡ ᠵᠢᠯᠣᠭᠣᠳᠣᠨ ᠵᠢᠭᠣᠯᠴᠢᠯᠠᠬᠣ ᠪᠦᠯᠬᠦᠮ᠂ ᠭᠠᠳᠠᠭ᠋ᠠᠲᠦ᠎ᠲᠠᠢ ᠬᠠᠮᠳᠤᠷᠤᠭᠰᠠᠨ ᠬᠢᠯᠢ᠎ᠳᠤ ᠤᠷᠤᠬᠤ ᠵᠢᠭᠣᠯᠴᠢᠯᠠᠯ ᠵᠢᠴᠢ ᠭᠠᠳᠠᠭ᠋ᠠᠲᠤ᠎ᠳᠤ ᠬᠠᠨᠳᠤᠭᠤᠯᠤᠭᠰᠠᠨ ᠪᠤᠷᠤᠯᠠᠭᠤᠯᠬᠤ᠂ ᠰᠤᠷᠳᠠᠯᠴᠢᠯᠠᠬᠤ᠂ ᠲᠡᠯᠭᠡᠷᠡᠭᠦᠯᠬᠦ ᠵᠡᠷᠭᠡ ᠵᠢ ᠪᠠᠭᠲᠠᠭ᠋ᠠᠨ᠎ᠠ᠃
ᠲᠣᠯᠣᠳᠣᠭ᠋ᠠᠷ ᠵᠣᠷᠪᠣᠰ ᠬᠢᠯᠢ᠎ᠳᠤ ᠣᠷᠣᠵᠦ ᠵᠢᠭᠣᠯᠴᠢᠯᠠᠬᠣ ᠬᠦᠯᠦᠰᠦᠯᠡᠭᠰᠡᠨ ᠨᠢᠰᠭᠡᠯ᠎ᠤᠨ ᠬᠦᠬᠢᠬᠦᠯᠦᠨ ᠨᠦᠬᠦᠪᠦᠷᠢᠯᠡᠬᠦ ᠪᠠᠷᠢᠮᠵᠢᠶ᠎ᠠ᠄ ᠬᠦᠯᠦᠰᠦᠯᠡᠨ ᠲᠦᠷᠢᠶᠡᠰᠦᠯᠡᠭᠰᠡᠨ ᠠᠶᠠᠨᠴᠢᠳ᠎ᠤᠨ ᠨᠢᠰᠬᠡᠯ ᠬᠢᠯᠢ ᠵᠢᠨ ᠭᠠᠳᠠᠨ᠎ᠠ (ᠰᠢᠶᠠᠩᠭ᠋ᠠᠩ ᠣᠣᠮᠸᠨ ᠲᠠᠢ᠌ᠸᠠᠨ᠎ᠢ ᠪᠠᠭᠳᠠᠭ᠋ᠠᠨ᠎ᠠ)᠎ᠠᠴᠠ ᠦᠪᠦᠷ ᠮᠣᠩᠭᠣᠯ᠎ᠤᠨ ᠬᠢᠯᠢ ᠲᠣᠳᠣᠷ᠎ᠠ ᠵᠢᠭᠣᠯᠠᠴᠢᠯᠠᠵᠦ (ᠦᠪᠦᠷ ᠮᠣᠩᠭᠣᠯ᠎ᠤᠨ ᠣᠯᠠᠨ ᠣᠯᠣᠰ᠎ᠤᠨ ᠨᠢᠰᠭᠡᠯ᠎ᠤᠨ ᠪᠠᠭᠣᠳᠠᠯ᠎ᠤᠨ ᠪᠣᠭᠣᠮᠲᠠ᠎ᠳᠤ ᠬᠦᠷᠴᠦ ᠰᠠᠯᠬᠤ ᠬᠡᠷᠡᠭᠲᠡᠢ)᠂ ᠮᠠᠨ᠎ᠤ ᠣᠷᠣᠨ᠎ᠳᠤ 3 ᠰᠦᠨᠢ 4 ᠡᠳᠦᠷ (ᠪᠠᠭᠳᠠᠭ᠋ᠠᠨ᠎ᠠ)᠎ᠠᠴᠠ ᠲᠡᠭᠡᠭᠰᠢ ᠦᠯᠡᠳᠡᠪᠡᠯ ᠬᠦᠯᠦᠰᠦᠯᠡᠭᠰᠡᠨ ᠨᠢᠰᠭᠡᠯ ᠪᠦᠷᠢ ᠵᠢᠨ ᠭᠠᠳᠠᠭ᠋ᠠᠲᠦ ᠵᠢᠨ ᠵᠢᠭᠣᠯᠴᠢᠨᠤ ᠬᠦᠮᠦᠨ᠎ᠤ ᠲᠣᠭ᠎ᠠ100 ᠬᠦᠮᠦᠨ ᠬᠦᠷᠦᠭᠰᠡᠨ ᠪᠤᠶᠤ ᠲᠡᠭᠡᠭᠰᠢ ᠪᠣᠯ 5 ᠲᠦᠮᠡᠨ ᠲᠦᠬᠦᠷᠢᠭ ᠬᠦᠬᠢᠬᠦᠯᠦᠨ ᠨᠦᠬᠦᠪᠦᠷᠢᠯᠡᠨ᠎ᠡ᠃ ᠡᠨᠡ ᠮᠡᠳᠦᠴᠢᠯᠡᠨ ᠲᠦᠰᠦᠭᠡᠯᠡᠪᠡᠯ 100 ᠬᠦᠮᠦᠨ ᠨᠡᠮᠡᠭᠳᠡᠬᠦ ᠪᠦᠷᠢ ᠬᠦᠬᠢᠬᠦᠯᠬᠦ ᠨᠦᠬᠦᠪᠦᠷᠢ᠎ᠨᠢ 5 ᠲᠦᠮᠡ ᠨᠡᠮᠡᠭᠳᠡᠨ᠎ᠡ᠃ ᠬᠠᠮᠣᠭ᠎ᠤᠨ ᠲᠡᠭᠡᠲᠦ ᠬᠢᠵᠠᠭ᠋ᠠᠷ᠎ᠨᠢ 100 ᠲᠦᠮᠡᠨ ᠲᠦᠭᠦᠷᠢᠭ᠃
ᠨᠠᠢ᠍ᠮᠠᠳᠣᠭ᠋ᠠᠷ ᠵᠣᠷᠪᠣᠰ ᠬᠢᠯᠢ᠎ᠳᠤ ᠣᠷᠣᠵᠦ ᠵᠢᠭᠣᠯᠴᠢᠯᠠᠬᠣ ᠲᠣᠰᠬᠠᠢ ᠭᠠᠯᠲᠦ ᠲᠡᠷᠭᠡ ᠵᠢᠨ ᠬᠦᠬᠢᠬᠦᠯᠦᠨ ᠨᠦᠬᠦᠪᠦᠷᠢᠯᠡᠬᠦ ᠪᠠᠷᠢᠮᠵᠢᠶ᠎ᠠ᠄ ᠠᠶᠠᠨᠴᠢᠳ᠎ᠤᠨ ᠲᠣᠰᠬᠠᠢ ᠭᠠᠯᠲᠦ ᠲᠡᠷᠭᠡ ᠲᠦᠷᠢᠶᠡᠰᠦᠯᠡᠨ ᠬᠢᠯᠢ ᠵᠢᠨ ᠭᠠᠳᠠᠨᠠᠬᠢ ᠵᠢᠭᠣᠯᠴᠢᠳᠢ ᠵᠣᠬᠢᠶᠠᠨ ᠪᠠᠢ᠌ᠭᠣᠯᠵᠦ᠂ ᠦᠪᠦᠷ ᠮᠣᠩᠭᠣᠯ᠎ᠤᠨ ᠬᠢᠯᠢ ᠲᠣᠳᠣᠷ᠎ᠠ ᠵᠢᠭᠤᠯᠴᠢᠯᠠᠭᠤᠯᠵᠤ (ᠬᠢᠯᠢ ᠵᠢᠨ ᠭᠠᠳᠠᠨᠠᠬᠢ ᠵᠢᠭᠣᠯᠴᠢᠳ᠎ᠤᠨ ᠣᠷᠣᠵᠦ ᠭᠠᠷᠬᠣ ᠪᠣᠭᠣᠮᠲᠠ ᠵᠢ ᠬᠢᠵᠠᠭ᠋ᠠᠷᠯᠠᠬᠣ ᠦᠭᠡᠢ)᠂ ᠮᠠᠨ᠎ᠤ ᠣᠷᠣᠨ᠎ᠳᠤ 3 ᠰᠦᠨᠢ 4 ᠡᠳᠦᠷ (ᠪᠠᠭᠳᠠᠭ᠋ᠠᠨ᠎ᠠ)᠎ᠠᠴᠠ ᠲᠡᠭᠡᠭᠰᠢ ᠦᠯᠡᠳᠡᠨ᠂ ᠬᠢᠯᠢ ᠵᠢᠨ ᠭᠠᠳᠠᠨᠠᠬᠢ ᠵᠢᠭᠣᠯᠴᠢᠨᠤ ᠬᠦᠮᠦᠨ᠎ᠤ ᠲᠣᠭ᠎ᠠ 80 ᠬᠦᠮᠦᠨ᠎ᠠᠴᠠ ᠪᠠᠭ᠎ᠠ ᠦᠭᠡᠢ᠂ ᠲᠣᠰᠬᠠᠢ ᠭᠠᠯᠲᠦ ᠲᠡᠷᠭᠡ ᠪᠦᠷᠢ 2 ᠲᠦᠮᠡᠨ ᠲᠦᠭᠦᠷᠢᠭ ᠬᠦᠬᠢᠬᠦᠯᠦᠨ ᠨᠦᠬᠦᠪᠦᠷᠢᠯᠡᠨ᠎ᠡ᠃ ᠠᠳᠠᠯᠢᠬᠠᠨ ᠲᠣᠰᠬᠠᠢ ᠭᠠᠯᠲᠦ ᠲᠡᠷᠭᠡ 30 ᠬᠦᠮᠦᠨ ᠨᠡᠮᠡᠭᠳᠡᠬᠦ ᠪᠦᠷᠢ 1 ᠲᠦᠮᠡᠨ ᠲᠦᠭᠦᠷᠢᠭ ᠨᠡᠮᠡᠵᠦ ᠬᠦᠬᠢᠬᠦᠯᠦᠨ ᠨᠦᠬᠦᠪᠦᠷᠢᠯᠡᠵᠦ᠂ ᠲᠣᠰᠬᠠᠢ ᠭᠠᠯᠲᠦ ᠲᠡᠷᠭᠡ ᠪᠦᠷᠢ ᠬᠠᠮᠣᠭ᠎ᠤᠨ ᠦᠨᠳᠦᠷ᠎ᠲᠤ᠎ᠪᠠᠨ 5 ᠲᠦᠮᠡᠨ ᠲᠦᠭᠦᠷᠢᠭ ᠬᠦᠬᠢᠬᠦᠯᠦᠨ ᠨᠦᠬᠦᠪᠦᠷᠢᠯᠡᠨ᠎ᠡ᠃
ᠶᠢᠰᠦᠳᠦᠭᠡᠷ ᠵᠣᠷᠪᠣᠰ ᠭᠠᠲᠠᠭ᠋ᠠᠲᠦᠲᠠᠢ ᠬᠠᠷᠢᠯᠴᠠᠨ ᠬᠢᠯᠢ᠎ᠳᠤ ᠣᠷᠣᠵᠦ ᠵᠢᠭᠣᠯᠴᠢᠯᠠᠬᠣ ᠵᠢ ᠬᠦᠬᠢᠬᠦᠯᠦᠨ ᠨᠦᠬᠦᠪᠦᠷᠢᠯᠡᠬᠦ ᠪᠠᠷᠢᠮᠵᠢᠶ᠎ᠠ᠄ ᠵᠢᠭᠣᠯᠴᠢᠯᠠᠯ᠎ᠤᠨ ᠠᠵᠦ ᠠᠬᠣᠢ᠌ᠯᠠᠯ ᠪᠣᠰᠣᠳ ᠠᠷᠭ᠎ᠠ ᠮᠠᠶᠢᠭ ᠵᠶ᠋ᠠᠷ ᠬᠢᠯᠢ ᠵᠢᠨ ᠭᠠᠳᠠᠨᠠᠬᠢ (ᠰᠢᠶᠠᠩᠭ᠋ᠠᠩ ᠣᠣᠮᠸᠨ ᠲᠠᠢ᠌ᠸᠠᠨ᠎ᠢ ᠪᠠᠭᠳᠠᠭ᠋ᠠᠨ᠎ᠠ) ᠵᠢᠭᠣᠯᠴᠢᠳᠢ ᠵᠣᠬᠢᠶᠠᠨ ᠪᠠᠢ᠌ᠭᠣᠯᠵᠦ ᠮᠠᠨ᠎ᠤ ᠣᠷᠣᠨ᠎ᠳᠤ ᠵᠢᠭᠤᠯᠴᠢᠯᠠᠭᠤᠯᠵᠤ ᠮᠠᠨ᠎ᠤ ᠣᠷᠣᠨ᠎ᠳᠤ 2 ᠰᠦᠨᠢ 3 ᠡᠳᠦᠷ ( ᠪᠠᠭᠳᠠᠭ᠋ᠠᠨ᠎ᠠ)᠎ᠠᠴᠠ ᠲᠡᠭᠡᠭᠰᠢ ᠦᠯᠡᠳᠡᠭᠡᠪᠡᠯ ᠨᠢᠭᠡ ᠬᠦᠮᠦᠨ ᠨᠢᠭᠡ ᠡᠳᠦᠷ 100 ᠲᠦᠭᠦᠷᠢᠭ᠎ᠤᠨ ᠪᠠᠷᠢᠮᠵᠢᠶ᠎ᠠ᠎ᠪᠠᠷ ᠨᠦᠬᠦᠪᠦᠷᠢᠯᠡᠨ᠎ᠡ᠃
ᠠᠷᠪᠠᠳᠣᠭ᠋ᠠᠷ ᠵᠣᠷᠪᠣᠰ ᠦᠪᠡᠷᠲᠡᠭᠡᠨ ᠲᠡᠷᠭᠡ ᠵᠢᠯᠣᠭᠣᠳᠣᠨ ᠬᠢᠯᠢ᠎ᠳᠤ ᠣᠷᠣᠵᠦ ᠵᠢᠭᠣᠯᠴᠢᠯᠠᠬᠣ ᠵᠢ ᠬᠦᠬᠢᠬᠦᠯᠦᠨ ᠨᠦᠬᠦᠪᠦᠷᠢᠯᠡᠬᠦ ᠪᠠᠷᠢᠮᠵᠢᠶ᠎ᠠ᠄ ᠵᠢᠭᠣᠯᠴᠢᠯᠠᠯ᠎ᠤᠨ ᠠᠵᠦ ᠠᠬᠣᠢ᠌ᠯᠠᠯ᠎ᠲᠠᠢ ᠦᠪᠡᠷᠲᠡᠭᠡᠨ ᠲᠡᠷᠭᠡ ᠵᠢᠯᠣᠭᠣᠳᠣᠨ ᠵᠢᠭᠣᠯᠴᠢᠯᠠᠬᠣ ᠭᠡᠷ᠎ᠡ ᠲᠤᠭᠲᠠᠭ᠋ᠠᠵᠤ᠂ ᠮᠠᠨ᠎ᠤ ᠣᠷᠣᠨ᠎ᠳᠤ 3 ᠰᠦᠨᠢ 4 ᠡᠳᠦᠷ ( ᠪᠠᠭᠳᠠᠭ᠋ᠠᠨ᠎ᠠ)᠎ᠠᠴᠠ ᠳᠡᠭᠡᠭᠰᠢ ᠦᠯᠡᠳᠡᠵᠦ᠂ ᠦᠪᠡᠷᠲᠡᠭᠡᠨ ᠲᠡᠷᠭᠡ ᠵᠢᠯᠣᠭᠣᠳᠣᠨ ᠮᠠᠨ᠎ᠤ ᠣᠷᠣᠨ᠎ᠤ ᠬᠢᠯᠢ᠎ᠳᠤ ᠣᠷᠣᠭᠰᠠᠨ ᠲᠡᠷᠭᠡᠨ᠎ᠤ ᠲᠣᠭ᠎ᠠ ᠨᠢᠭᠡ ᠯᠡ ᠣᠳᠠᠭ᠎ᠠ᠎ᠳᠤ 20 ᠰᠠᠭᠤᠷᠢ ᠬᠦᠷᠦᠭᠰᠡᠨ ᠪᠤᠶᠤ ᠳᠡᠭᠡᠭᠰᠢ ᠪᠣᠯ 1 ᠲᠦᠮᠡᠨ ᠲᠦᠭᠦᠷᠢᠭ ᠬᠦᠬᠢᠬᠦᠯᠦᠨ ᠨᠦᠬᠦᠪᠦᠷᠢᠯᠡᠵᠦ᠂ 40 ᠰᠠᠭᠤᠷᠢ ᠬᠦᠷᠪᠡᠯ 2 ᠲᠦᠮᠡᠨ ᠲᠦᠭᠦᠷᠢᠭ ᠬᠦᠬᠢᠬᠦᠯᠦᠨ ᠨᠦᠬᠦᠪᠦᠷᠢᠯᠡᠵᠦ᠂ 60 ᠰᠠᠭᠤᠷᠢ ᠬᠦᠷᠪᠡᠯ 5 ᠲᠦᠮᠡᠨ ᠲᠦᠭᠦᠷᠢᠭ ᠬᠦᠬᠢᠬᠦᠯᠦᠨ ᠨᠦᠬᠦᠪᠦᠷᠢᠯᠡᠵᠦ᠂ 100 ᠰᠠᠭᠤᠷᠢ ᠬᠦᠷᠬᠦ ᠪᠤᠶᠤ ᠲᠡᠭᠡᠭᠰᠢ ᠪᠣᠯ 10 ᠲᠦᠮᠡᠨ ᠲᠦᠭᠦᠷᠢᠭ ᠬᠦᠬᠢᠬᠦᠯᠦᠨ ᠨᠦᠬᠦᠪᠦᠷᠢᠯᠡᠨ᠎ᠡ᠃
ᠠᠷᠪᠠᠨ ᠨᠢᠭᠡᠳᠦᠭᠡᠷ ᠵᠣᠷᠪᠣᠰ ᠲᠡᠭᠡᠷᠡᠬᠢ ᠵᠢᠭᠣᠯᠴᠢᠠᠯᠯᠤᠨ ᠬᠦᠬᠢᠬᠦᠯᠦᠨ ᠨᠦᠬᠦᠪᠦᠷᠢᠯᠡᠯᠲᠡ ᠵᠢᠨ ᠲᠣᠭ᠋ᠠᠯᠠᠨ ᠪᠣᠳᠣᠬᠣ ᠦᠶᠡᠯᠡᠯ ᠪᠤᠯ ᠪᠦᠬᠦᠢ᠌ᠯᠡ ᠨᠢᠭᠡ ᠵᠢᠯ᠃ ᠵᠤᠭᠰᠤᠡᠭᠬᠢ ᠣᠯᠠᠷᠢᠯ (ᠵᠢᠯ ᠪᠦᠷᠢ ᠵᠢᠨ10 ᠰᠠᠷ᠎ᠠ 20᠎ᠠᠴᠠ ᠲᠠᠷᠠᠭ᠎ᠠ ᠵᠢᠯ᠎ᠤᠨ 4 ᠰᠠᠷ᠎ᠠ 20 ᠡᠳᠦᠷ)᠎ᠳᠤ ᠪᠦᠬᠦ ᠨᠦᠬᠦᠪᠦᠷᠢᠯᠡᠯᠲᠡ ᠵᠢᠨ ᠪᠠᠷᠢᠮᠵᠢᠶ᠎ᠠ 20% ᠨᠡᠮᠡᠭᠳᠡᠨ᠎ᠡ᠃ ᠮᠠᠨᠵᠣᠣᠷ᠂ ᠡᠷᠢᠶᠡᠨ ᠬᠣᠲᠠ ᠵᠢᠨ ᠬᠢᠯᠢ ᠵᠢᠨ ᠪᠣᠭᠣᠮᠲᠠ᠎ᠪᠠᠷ ᠬᠢᠯᠢ᠎ᠳᠤ ᠣᠷᠣᠵᠦ ᠵᠢᠭᠣᠯᠴᠢᠯᠠᠬᠣ᠎ᠳᠤ ᠲᠣᠰ ᠲᠦᠷᠦ ᠵᠢᠨ ᠪᠣᠳᠣᠯᠭ᠎ᠠ ᠵᠢ ᠬᠡᠷᠡᠭᠵᠢᠬᠦᠯᠬᠦ ᠦᠭᠡᠢ᠃
ᠠᠷᠪᠠᠨ ᠬᠣᠶᠠᠳᠣᠭ᠋ᠠᠷ ᠵᠣᠷᠪᠣᠰ ᠭᠠᠳᠠᠭ᠋ᠠᠳᠤ᠎ᠳᠤ ᠪᠣᠷᠣᠯᠠᠭᠣᠯᠣᠨ ᠣᠬᠠᠭᠣᠯᠵᠦ ᠲᠡᠯᠭᠡᠷᠡᠬᠦᠯᠬᠦ ᠵᠢ ᠬᠦᠬᠢᠬᠦᠯᠦᠨ ᠨᠦᠬᠦᠪᠦᠷᠢᠯᠡᠨ᠎ᠡ᠄ ᠬᠦᠬᠢᠬᠦᠯᠦᠨ ᠨᠦᠬᠦᠪᠦᠷᠢᠯᠡᠬᠦ ᠡᠲᠡᠭᠡᠳ ᠪᠤᠯ ᠣᠷᠣᠨ᠎ᠤ ᠲᠣᠳᠣᠷᠠᠬᠢ ᠵᠢᠭᠣᠯᠴᠢᠯᠠᠯ᠎ᠤᠨ ᠠᠵᠦ ᠠᠬᠣᠢ᠌ᠯᠠᠯ (A ᠲᠡᠰ᠎ᠤᠨ ᠵᠢᠭᠣᠯᠴᠢᠯᠠᠯ᠎ᠤᠨ ᠣᠷᠣᠨ ᠂ ᠣᠳᠣᠨ ᠲᠡᠰ᠎ᠤᠨ ᠵᠣᠴᠢᠳ᠎ᠤᠨ ᠪᠠᠭᠣᠳᠠᠯ᠂ ᠵᠢᠭᠣᠯᠴᠢᠯᠠᠯ᠎ᠤᠨ ᠬᠤᠷᠢᠶ᠎ᠠ)᠂ ᠰᠣᠶᠣᠯ᠎ᠤᠨ ᠠᠵᠦ ᠠᠬᠣᠢ᠌ᠯᠠᠯ ᠵᠡᠷᠭᠡ᠃ ᠦᠪᠡᠷᠲᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ᠎ᠢ᠎ᠲᠠᠭᠠᠨ ᠬᠢᠯᠢ ᠵᠢᠨ ᠭᠠᠳᠠᠨᠠᠬᠢ ᠵᠢᠭᠣᠯᠴᠢᠯᠠᠯ᠎ᠤᠨ ᠲᠡᠯᠭᠡᠨ ᠦᠵᠡᠬᠦᠯᠬᠡ ᠪᠠ ᠣᠬᠠᠭᠣᠯᠣᠨ ᠲᠡᠯᠭᠡᠷᠡᠬᠦᠯᠬᠦ ᠬᠦᠳᠡᠯᠭᠡᠭᠡᠨ᠎ᠢ ᠵᠣᠬᠢᠶᠠᠨ ᠪᠠᠢ᠌ᠭᠣᠯᠵᠦ ᠣᠷᠣᠯᠴᠠᠭᠰᠠᠨ ᠠᠵᠦ ᠠᠬᠣᠢ᠌ᠯᠠᠯ ᠪᠦᠷᠢ ᠵᠢᠨ ᠲᠠᠭ᠋ᠠᠵᠦ ᠶᠠᠪᠣᠭᠰᠠᠨ ᠠᠵᠦ ᠠᠬᠣᠢ᠌ᠯᠠᠯ᠎ᠤᠨ ᠪᠣᠷᠣᠯᠠᠭᠣᠯᠣᠭᠴᠢ ᠵᠢᠨ ᠣᠯᠣᠰ᠎ᠤᠨ ᠬᠤᠭᠤᠷᠤᠨᠳᠤᠬᠢ ᠢᠷᠡᠵᠦ ᠶᠠᠪᠤᠬᠤ ᠨᠢᠰᠭᠡᠯ᠎ᠤᠨ ᠪᠢᠯᠸᠲ ᠪᠠ ᠬᠢᠯᠢ ᠵᠢᠨ ᠭᠠᠳᠠᠨᠠᠬᠢ ᠬᠣᠲᠠ ᠵᠢᠨ ᠬᠣᠭᠣᠷᠣᠨᠳᠣᠬᠢ ᠵᠠᠮ ᠬᠠᠷᠢᠯᠴᠠᠭ᠋ᠠᠨ᠎ᠤ ᠵᠠᠷᠣᠳᠠᠯ᠎ᠢ ᠬᠦᠬᠢᠬᠦᠯᠦᠨ ᠨᠦᠬᠦᠪᠦᠷᠢᠯᠡᠵᠦ᠂ ᠰᠣᠶᠣᠯ ᠵᠢᠭᠣᠯᠴᠢᠯᠠᠯ᠎ᠤᠨ ᠲᠢᠩᠬᠢᠮ᠎ᠠᠴᠠ ᠠᠶᠠᠯᠠᠯ᠎ᠤᠨ ᠶᠠᠪᠣᠴᠠ ᠵᠢ ᠨᠢᠭᠡᠳᠦᠯᠲᠡᠢ ᠲᠣᠭᠳᠠᠭ᠋ᠠᠨ᠎ᠠ᠃
ᠠᠷᠪᠠᠨ ᠭᠣᠷᠪᠠᠳᠣᠭ᠋ᠠᠷ ᠵᠣᠷᠪᠣᠰ ᠲᠣᠰ ᠠᠷᠭ᠎ᠠ ᠵᠢᠨ ᠲᠣᠭᠳᠠᠭ᠋ᠠᠭᠰᠠᠨ ᠨᠦᠬᠦᠴᠡᠯ᠎ᠳᠤ ᠨᠡᠢ᠌ᠴᠡᠵᠦ᠂ ᠦᠪᠡᠷᠳᠡᠭᠡᠨ ᠵᠠᠰᠠᠬᠣ ᠣᠷᠣᠨ᠎ᠤ ᠬᠠᠮᠢᠶ᠎ᠠ ᠪᠦᠬᠦᠢ ᠰᠠᠯᠠᠭ᠎ᠠ ᠮᠦᠴᠢᠷ᠎ᠤᠨ ᠨᠦᠬᠦᠪᠦᠷᠢ ᠤᠯᠭᠤᠭᠰᠠᠨ ᠪᠣᠶᠦ ᠬᠦᠬᠢᠬᠦᠯᠦᠭᠰᠡᠨ ᠵᠢᠭᠣᠯᠴᠢᠯᠠᠯ᠎ᠤᠨ ᠬᠦᠯᠦᠰᠦᠯᠡᠭᠰᠡᠨ ᠨᠢᠰᠭᠡᠯ ᠳᠤ ᠲᠠᠬᠢᠨ ᠲᠠᠪᠳᠠᠨ ᠨᠦᠬᠦᠪᠦᠷᠢ ᠣᠯᠭᠣᠬᠣ ᠦᠭᠡᠢ᠃ ᠠᠳᠠᠯᠢᠬᠠᠨ ᠨᠢᠭᠡ ᠪᠦᠯᠦᠭ ᠵᠢᠭᠣᠯᠴᠢᠳ᠎ᠤᠨ ᠠᠳᠠᠯᠢ ᠨᠢᠭᠡ ᠣᠳᠠᠭ᠋ᠠᠨ᠎ᠤ ᠵᠢᠭᠣᠯᠴᠢᠯᠠᠯ᠎ᠤᠨ ᠶᠠᠪᠣᠴᠠ ᠵᠢ ᠭᠡᠰᠡᠭ ᠬᠣᠪᠢᠶᠠᠵᠦ ᠦᠪᠡᠷᠳᠡᠭᠡᠨ ᠵᠠᠰᠠᠬᠣ ᠣᠷᠣᠨ᠎ᠤ ᠨᠦᠬᠦᠪᠦᠷᠢ ᠵᠢ ᠭᠣᠶᠣᠴᠢᠯᠠᠵᠦ ᠪᠣᠯᠬᠣ ᠦᠭᠡᠢ᠃ ᠭᠡᠪᠡᠴᠦ ᠬᠡᠰᠡᠭ ᠬᠣᠪᠢᠶᠠᠵᠦ ᠠᠢ᠌ᠮᠠᠭ ᠬᠣᠲᠠ ᠵᠢᠨ ᠨᠦᠬᠦᠪᠦᠷᠢ ᠭᠣᠶᠣᠴᠢᠯᠠᠬᠣ ᠵᠢ ᠨᠦᠯᠦᠭᠡᠯᠡᠬᠦ ᠦᠭᠡᠢ᠃
ᠠᠷᠪᠠᠨ ᠲᠦᠷᠪᠡᠳᠦᠭᠡᠷ ᠵᠣᠷᠪᠣᠰ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ ᠮᠠᠨ᠎ᠤ ᠣᠷᠣᠨ᠎ᠤ ᠵᠢᠭᠣᠯᠴᠢᠯᠠᠯ᠎ᠤᠨ ᠦᠢ᠍ᠯᠡᠰ᠎ᠤᠨ ᠬᠦᠭᠵᠢᠯᠲᠡ ᠵᠢᠨ ᠪᠣᠲᠠᠲᠦ ᠪᠠᠢ᠌ᠳᠠᠯ ᠪᠠ ᠠᠵᠢᠯ᠎ᠤᠨ ᠱᠠᠭ᠋ᠠᠷᠳᠠᠯᠭ᠎ᠠ ᠵᠢ ᠦᠨᠳᠦᠰᠦᠯᠡᠨ ᠬᠦᠬᠢᠬᠦᠯᠦᠨ ᠨᠦᠬᠦᠪᠦᠷᠢᠯᠡᠬᠦ ᠬᠡᠪᠴᠢᠶ᠎ᠡ᠂ ᠨᠦᠬᠦᠴᠡᠯ ᠪᠠ ᠪᠠᠷᠢᠮᠵᠢᠶ᠎ᠠ ᠵᠡᠷᠭᠡ ᠵᠦᠢ᠍ᠯ᠎ᠤᠳ᠎ᠲᠤ ᠲᠣᠬᠢᠷᠠᠭᠣᠯᠣᠯᠲᠠ ᠬᠢᠵᠦ ᠪᠣᠯᠣᠨ᠎ᠠ᠃
ᠲᠦᠷᠪᠡᠳᠦᠭᠡᠷ ᠪᠦᠯᠦᠭ ᠭᠣᠶᠣᠴᠢᠯᠠᠨ ᠮᠡᠳᠡᠭᠦᠯᠬᠦ ᠮᠠᠲᠸᠷᠢᠶᠠᠯ
ᠠᠷᠪᠠᠨ ᠲᠠᠪᠣᠳᠣᠭ᠋ᠠᠷ ᠵᠣᠷᠪᠣᠰ ᠰᠣᠶᠣᠯ ᠵᠢᠭᠣᠯᠴᠢᠯᠠᠯ᠎ᠤᠨ ᠠᠵᠦ ᠠᠬᠣᠢ᠌ᠯᠠᠯ ᠬᠦᠬᠢᠭᠦᠯᠦᠯᠲᠡ ᠨᠦᠬᠦᠪᠦᠷᠢᠯᠡᠯᠲᠡ ᠵᠢ ᠭᠣᠶᠣᠴᠢᠯᠠᠬᠣ᠎ᠳᠤ ᠲᠣᠣᠷᠠᠬᠢ ᠮᠠᠲᠸᠷᠢᠶᠠᠯ᠎ᠤᠨ ᠣᠣᠯ ᠬᠣᠪᠢ ᠪᠠ ᠬᠠᠭᠣᠯᠪᠣᠷᠢ ᠬᠣᠪᠢ ᠵᠢ ᠲᠣᠰᠢᠶᠠᠬᠣ ᠬᠡᠷᠡᠭᠲᠡᠢ᠃ ᠣᠣᠯ ᠬᠣᠪᠢ ᠵᠢ ᠬᠢᠨᠠᠵᠦ ᠪᠠᠷᠠᠭᠰᠠᠨ᠎ᠤ ᠳᠠᠷᠠᠭ᠎ᠠ ᠠᠯᠳᠠᠭ᠎ᠠ ᠦᠭᠡᠢ ᠪᠣᠯ ᠪᠣᠴᠠᠭ᠋ᠠᠨᠠ᠃
⒈ ᠬᠠᠷᠢᠶᠠᠲᠦ ᠭᠠᠵᠠᠷ᠎ᠤᠨ ᠰᠣᠶᠣᠯ ᠪᠠ ᠵᠢᠭᠣᠯᠴᠢᠯᠠᠯ᠎ᠤᠨ ᠰᠠᠯᠠᠭ᠎ᠠ ᠮᠦᠴᠢᠷ᠎ᠠᠴᠠ ᠭᠠᠷᠭ᠋ᠠᠭᠰᠠᠨ ᠠᠵᠦ ᠠᠬᠣᠢ᠌ᠯᠠᠯ᠎ᠤᠨ ᠮᠡᠳᠡᠭᠡ ᠵᠠᠩᠬᠢ ᠵᠢ ᠭᠡᠷᠡᠴᠢᠯᠡᠬᠦ ᠪᠢᠴᠢᠭ ᠵᠢᠴᠢ ᠲᠦᠰᠦᠯ᠎ᠢ ᠬᠡᠷᠡᠭᠵᠢᠬᠦᠯᠬᠦ ᠲᠦᠯᠦᠪᠯᠡᠯᠭᠡ ᠪᠠ ᠭᠣᠶᠣᠴᠢᠯᠠᠯ᠂ ᠪᠡᠶᠡᠯᠡᠭᠦᠯᠦᠭᠰᠡᠨ ᠪᠠᠢ᠌ᠳᠠᠯ᠎ᠤᠨ ᠲᠤᠳᠤᠷᠬᠠᠢ᠌ᠯᠠᠯᠲᠠ ᠵᠡᠷᠭᠡ ᠵᠢ ᠱᠠᠭ᠋ᠠᠷᠳᠠᠨ᠎ᠠ᠃
⒉ ᠨᠢᠰᠭᠡᠯ᠂ ᠲᠣᠰᠬᠠᠢ ᠭᠠᠯᠲᠦ ᠲᠡᠷᠭᠡ ᠲᠦᠷᠢᠶᠡᠰᠦᠯᠡᠭᠰᠡᠨ ᠭᠡᠷ᠎ᠡ᠂ ᠠᠷᠠᠳ᠎ᠤᠨ ᠠᠭ᠋ᠠᠷ᠎ᠤᠨ ᠠᠶᠠᠯᠠᠯ᠂ ᠲᠡᠮᠦᠷ ᠵᠠᠮ᠎ᠤᠨ ᠰᠠᠯᠠᠭ᠎ᠠ ᠮᠦᠴᠢᠷ᠎ᠤᠨ ᠨᠢᠰᠭᠡᠯ ᠪᠣᠶᠦ ᠲᠣᠰᠬᠠᠢ ᠭᠠᠯᠲᠦ ᠲᠡᠷᠭᠡ ᠲᠦᠷᠢᠶᠡᠰᠦᠯᠡᠭᠰᠡᠨᠢ ᠴᠣᠬᠣᠯᠠᠪᠣᠷᠢᠯᠠᠨ ᠬᠠᠷᠢᠭᠣᠯᠣᠭᠰᠠᠨ ᠣᠣᠯ ᠬᠣᠪᠢ ᠵᠢᠴᠢ ᠲᠤᠭ᠋ᠠᠴᠠᠪᠤᠷᠢᠯᠠᠭᠰᠠᠨ ᠪᠠᠷᠢᠮᠲᠠ᠂ ᠠᠷᠠᠳ᠎ᠤᠨ ᠠᠭ᠋ᠠᠷ᠎ᠤᠨ ᠠᠶᠠᠯᠠᠯ᠎ᠤᠨ ᠰᠠᠯᠠᠭ᠎ᠠ ᠮᠦᠴᠢᠷ᠂ ᠲᠡᠮᠦᠷ ᠵᠠᠮ᠎ᠤᠨ ᠰᠠᠯᠠᠭ᠎ᠠ ᠮᠦᠴᠢᠷ᠎ᠤᠨ ᠲᠠᠷᠬᠠᠭᠰᠠᠨ ᠨᠢᠰᠦᠯᠲᠡ᠂ ᠭᠠᠯᠲᠦ ᠲᠡᠷᠭᠡ ᠵᠢᠨ ᠴᠠᠭ᠎ᠤᠨ ᠬᠣᠪᠢᠶᠠᠷᠢ ᠵᠢᠨ ᠬᠦᠰᠦᠨᠦᠭᠲᠦ ᠵᠢᠨ ᠮᠡᠳᠡᠭᠳᠡᠯ᠎ᠤᠨ ᠬᠠᠭᠣᠯᠪᠦᠷᠢ ᠬᠣᠪᠢ᠃
⒊ ᠬᠢᠯᠢ᠎ᠳᠤ ᠤᠷᠤᠬᠤ ᠵᠢᠭᠤᠯᠴᠢᠯᠠᠯ᠎ᠤᠨ ᠪᠦᠯᠬᠦᠮ᠎ᠤᠨ ᠠᠶᠠᠯᠠᠯ᠎ᠤᠨ ᠶᠠᠪᠣᠴᠠ ᠵᠢᠨ ᠵᠢᠭᠰᠠᠭ᠋ᠠᠯᠲᠠ ᠪᠠ ᠵᠢᠭᠣᠯᠴᠢᠳ᠎ᠤᠨ ᠨᠡᠷᠡᠰ᠎ᠤᠨ ᠵᠢᠭᠰᠠᠭ᠋ᠠᠯᠲᠠ (ᠦᠨᠡᠮᠯᠡᠬᠦ ᠪᠠᠷᠢᠮᠳᠠ ᠵᠢᠨ ᠳ᠋ᠣᠭ᠋ᠠᠷᠢ ᠲᠠᠭ᠋ᠠᠯᠳᠣᠭᠣᠯᠬᠣ)᠂ ᠮᠠᠨ᠎ᠤ ᠣᠷᠣᠨ᠎ᠤ ᠵᠢᠭᠣᠯᠴᠢᠯᠠᠯ᠎ᠤᠨ ᠬᠤᠷᠢᠶ᠎ᠠ ᠵᠢᠨ ᠬᠠᠮᠢᠶ᠎ᠠ ᠪᠦᠬᠦᠢ ᠵᠢᠭᠣᠯᠴᠢᠯᠠᠯ᠎ᠤᠨ ᠬᠤᠷᠢᠶ᠎ᠠ᠎ᠲᠠᠢ ᠲᠣᠭᠳᠠᠭᠰᠠᠨ ᠲᠣᠬᠠᠢ ᠵᠢᠨ ᠭᠠᠵᠠᠷ᠎ᠤᠨ ᠦᠢ᠍ᠯᠡᠴᠢᠯᠡᠭᠡ ᠵᠢ ᠵᠣᠬᠢᠶᠠᠨ ᠪᠠᠢ᠌ᠭᠣᠯᠬᠣ ᠬᠡᠯᠡᠯᠴᠡᠭᠡᠷ᠂ ᠵᠢᠭᠣᠯᠴᠢᠯᠠᠯ᠎ᠤᠨ ᠬᠤᠷᠢᠶ᠎ᠠ ᠵᠢᠨ ᠲᠠᠮᠠᠭ᠎ᠠ ᠳᠠᠷᠤᠵᠤ ᠭᠠᠷᠤᠨ ᠦᠰᠦᠭ ᠵᠢᠷᠤᠭᠰᠠᠨ ᠪᠦᠯᠬᠦᠮ᠎ᠤᠨ ᠲᠦᠯᠦᠪᠯᠡᠭᠡ ᠪᠠ ᠪᠠᠳᠣᠯᠠᠭ᠋ᠠᠵᠢᠭᠣᠯᠬᠣ ᠪᠢᠴᠢᠭ᠂ ᠵᠢᠭᠣᠯᠴᠢᠯᠠᠯ᠎ᠤᠨ ᠬᠤᠷᠢᠶ᠎ᠠ ᠵᠢᠨ ᠬᠣᠭᠣᠷᠣᠨᠳᠣᠬᠢ ᠵᠠᠷᠣᠳᠠᠯ᠎ᠢ ᠳ᠋ᠦᠩᠨᠡᠨ ᠪᠣᠳᠣᠭᠰᠠᠨ ᠭᠡᠷᠡᠴᠢ ᠪᠠᠷᠢᠮᠲᠠ ᠵᠢᠨ ᠬᠠᠭᠣᠯᠪᠣᠷᠢ ᠬᠣᠪᠢ᠃
⒋ ᠵᠣᠴᠢᠳ᠎ᠤᠨ ᠪᠠᠭᠣᠳᠠᠯ᠎ᠤᠨ ᠬᠦᠢ᠍ᠯᠭᠡᠭᠡᠨ᠎ᠤ ᠲᠠᠩᠰᠠ ᠪᠠ ᠳ᠋ᠦᠩᠨᠡᠨ ᠪᠣᠳᠣᠭᠰᠠᠨ ᠪᠠᠷᠢᠮᠳᠠ ᠵᠡᠷᠭᠡ᠃
⒌ ᠵᠢᠭᠣᠯᠴᠢᠯᠠᠯ᠎ᠤᠨ ᠬᠤᠷᠢᠶ᠎ᠠ ᠪᠠ ᠵᠢᠭᠣᠯᠠᠴᠢᠯᠠᠬᠣ ᠲᠡᠷᠭᠡᠨ ᠪᠦᠯᠬᠦᠮ᠎ᠤᠨ ᠲᠡᠷᠭᠡ ᠬᠡᠷᠡᠭᠯᠡᠬᠦ ᠭᠡᠷ᠎ᠡ᠂ ᠭᠠᠭᠴᠠ ᠪᠦᠯᠬᠦᠮ᠎ᠤᠨ ᠲᠡᠷᠭᠡ ᠬᠡᠷᠡᠭᠯᠡᠬᠦ ᠪᠠᠳᠣᠯᠠᠭ᠋ᠠᠵᠢᠭᠤᠯᠬᠣ ᠪᠢᠴᠢᠭ᠃
⒍ ᠰᠣᠶᠣᠯ ᠵᠢᠭᠣᠯᠴᠢᠯᠠᠯ᠎ᠤᠨ ᠠᠵᠦ ᠠᠬᠣᠢ᠌ᠯᠠᠯ᠎ᠤᠨ ᠭᠣᠶᠣᠴᠢᠯᠠᠨ ᠮᠡᠳᠡᠭᠦᠯᠬᠦ ᠠᠮᠠᠯᠠᠯᠲᠠ ᠵᠢᠨ ᠪᠢᠴᠢᠭ᠃
⒎ ᠪᠣᠰᠣᠳ ᠴᠢᠬᠣᠯᠠᠲᠠᠢ ᠮᠠᠲᠸᠷᠢᠶᠠᠯ᠃
ᠲᠠᠪᠣᠳᠣᠭ᠋ᠠᠷ ᠪᠦᠯᠦᠭ ᠬᠢᠨᠠᠨ ᠬᠠᠮᠢᠶᠠᠷᠣᠯᠲᠠ
ᠠᠷᠪᠠᠨ ᠵᠢᠷᠭᠣᠳᠣᠭ᠋ᠠᠷ ᠵᠣᠷᠪᠣᠰ ᠵᠢᠭᠣᠯᠴᠢᠯᠠᠯ᠎ᠤᠨ ᠠᠵᠦ ᠠᠬᠣᠢ᠌ᠯᠠᠯ ᠲᠦᠰᠦᠯ᠎ᠢ ᠬᠡᠷᠡᠭᠵᠢᠬᠦᠯᠬᠦ᠎ᠠᠴᠠ ᠡᠮᠦᠨᠡᠬᠢ ᠨᠢᠭᠡ ᠰᠠᠷ᠎ᠠ᠎ᠳᠤ ᠲᠦᠰᠦᠯ᠎ᠤᠨ ᠰᠠᠨᠠᠭᠣᠯᠭ᠎ᠠ ᠵᠢᠨ ᠪᠢᠴᠢᠭ ᠪᠠ ᠪᠣᠲᠠᠲᠠᠢ ᠬᠡᠷᠡᠭᠵᠢᠬᠦᠯᠬᠦ ᠲᠦᠯᠦᠪᠯᠡᠭᠡ᠎ᠪᠠᠨ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ ᠪᠤᠯᠤᠨ ᠠᠢ᠌ᠮᠠᠭ ᠬᠣᠲᠠ ᠵᠢᠨ ᠲᠣᠪᠴᠢᠶᠠᠨ᠎ᠳᠤ ᠳᠡᠪᠰᠢᠬᠦᠯᠦᠨ ᠮᠡᠳᠡᠬᠦᠯᠵᠦ ᠳᠠᠡᠭᠰᠠᠯᠠᠭᠤᠯᠤᠨᠠ᠃ ᠨᠦᠬᠦᠪᠦᠷᠢ ᠵᠢᠨ ᠮᠦᠩᠭᠦ ᠭᠣᠶᠣᠴᠢᠯᠠᠬᠣ᠎ᠳᠤ ᠵᠢᠯ ᠪᠦᠷᠢ ᠵᠢᠨ 10 ᠰᠠᠷ᠎ᠠ ᠵᠢᠨ 30᠎ᠤ ᠡᠳᠦᠷ᠎ᠠᠴᠠ ᠡᠮᠦᠨ᠎ᠡ ᠭᠣᠶᠣᠴᠢᠯᠠᠨ ᠮᠡᠳᠡᠭᠦᠯᠬᠦ ᠮᠠᠲᠸᠷᠢᠶᠠᠯ ᠵᠶ᠋ᠠᠨ ᠠᠢ᠌ᠮᠠᠭ ᠬᠣᠲᠠ ᠵᠢᠨ ᠲᠣᠪᠴᠢᠶᠠᠨ᠎ᠳᠤ ᠮᠡᠳᠡᠭᠦᠯᠦᠨ ᠠᠩᠬᠠᠨ᠎ᠤ ᠬᠢᠨᠠᠯᠲᠠ ᠬᠢᠯᠭᠡᠨ᠎ᠡ᠃
ᠠᠷᠪᠠᠨ ᠲᠣᠯᠣᠳᠣᠭ᠋ᠠᠷ ᠵᠣᠷᠪᠣᠰ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ ᠭᠣᠶᠣᠴᠢᠯᠠᠭᠰᠠᠨ ᠪᠢᠴᠢᠭ ᠪᠠ ᠭᠣᠶᠣᠴᠢᠯᠠᠨ ᠮᠡᠳᠡᠭᠦᠯᠬᠦ ᠮᠠᠲᠸᠷᠢᠶᠠᠯ᠎ᠢ ᠭᠣᠷᠪᠠᠳᠣᠭ᠋ᠠᠷ ᠡᠲᠡᠭᠡᠳ᠎ᠲᠤ ᠨᠠᠢ᠌ᠳᠠᠵᠤ ᠬᠢᠨᠠᠯᠲᠠ ᠬᠢᠯᠭᠡᠵᠦ᠂ ᠬᠢᠨᠠᠭᠰᠠᠨ ᠦᠷ᠎ᠡ ᠳ᠋ᠦᠩ᠎ᠢ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ᠎ᠤᠨ ᠨᠠᠮ᠎ᠤᠨ ᠣᠳᠣᠷᠢᠳᠬᠣ ᠲᠣᠭᠣᠢ᠌ᠯᠠᠩᠤᠨ ᠬᠣᠷᠠᠯ᠎ᠳᠤ ᠲᠡᠪᠰᠢᠬᠦᠯᠵᠦ ᠵᠦᠪᠳᠡᠯᠴᠡᠨ ᠲᠣᠭᠳᠠᠭ᠋ᠠᠨ᠎ᠠ᠃
ᠠᠷᠪᠠᠨ ᠨᠠᠢ᠍ᠮᠠᠳᠣᠭ᠋ᠠᠷ ᠵᠣᠷᠪᠣᠰ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ ᠬᠦᠬᠢᠬᠦᠯᠦᠨ ᠨᠦᠬᠦᠪᠦᠷᠢᠯᠡᠬᠦ ᠮᠦᠩᠭᠦ ᠵᠢ ᠲᠦᠰᠦᠪᠯᠡᠵᠦ ᠲᠣᠬᠢᠷᠠᠭᠣᠯᠣᠭᠰᠠᠨ ᠠᠵᠦ ᠠᠬᠣᠢ᠌ᠯᠠᠯ᠎ᠤᠨ ᠨᠡᠷᠡᠰ᠎ᠢ ᠵᠠᠷᠯᠠᠵᠦ᠂ 7 ᠠᠵᠢᠯ᠎ᠤᠨ ᠡᠳᠦᠷ ᠵᠠᠷᠯᠠᠭᠰᠠᠨ᠎ᠤ ᠲᠠᠷᠠᠭ᠎ᠠ ᠣᠨᠳᠣᠣ ᠰᠠᠨᠠᠯ ᠦᠭᠡᠢ ᠪᠣᠯ ᠬᠠᠮᠢᠶ᠎ᠠ ᠪᠦᠬᠦᠢ ᠡᠳ᠋᠎ᠤᠨ ᠶᠠᠪᠣᠳᠠᠯ᠎ᠤᠨ ᠲᠦᠷᠢᠮ ᠲᠣᠭᠳᠠᠭ᠋ᠠᠯ ᠵᠶ᠋ᠠᠷ ᠮᠦᠩᠭᠦ ᠣᠯᠭᠣᠨ᠎ᠠ᠃
ᠠᠷᠪᠠ ᠶᠢᠰᠦᠳᠦᠭᠡᠷ ᠵᠣᠷᠪᠣᠰ ᠨᠦᠬᠦᠪᠦᠷᠢ ᠵᠢᠨ ᠮᠦᠩᠭᠦ ᠭᠣᠶᠣᠴᠢᠯᠠᠭᠰᠠᠨ ᠵᠢᠭᠣᠯᠴᠢᠯᠠᠯ᠎ᠤᠨ ᠬᠤᠷᠢᠶ᠎ᠠ ᠦᠨᠡᠨ ᠪᠣᠲᠠᠲᠦ ᠭᠣᠶᠣᠴᠢᠯᠠᠨ ᠮᠡᠳᠡᠭᠦᠯᠬᠦ ᠮᠠᠲᠸᠷᠢᠶᠠᠯ ᠬᠠᠩᠭ᠋ᠠᠬᠣ ᠬᠡᠷᠡᠭᠲᠡᠢ᠃ ᠠᠯᠢᠪᠠ ᠬᠣᠳᠠᠯ ᠬᠡᠯᠡᠵᠦ ᠬᠣᠯᠣᠣ ᠲᠠᠷᠢᠬᠣ᠂ ᠮᠠᠲᠸᠷᠢᠶᠠᠯ ᠪᠠᠷᠢᠮᠳᠠ ᠵᠢ ᠬᠠᠭᠤᠷᠮᠠᠭ ᠵᠶ᠋ᠠᠷ ᠵᠣᠬᠢᠶᠠᠭᠰᠠᠨ᠎ᠢ ᠪᠠᠢ᠌ᠴᠠᠭ᠋ᠠᠨ ᠲᠤᠳᠤᠯᠠᠪᠠᠯ ᠨᠢᠭᠡᠨᠳᠡ ᠤᠯᠭᠤᠭᠰᠠᠨ ᠨᠦᠬᠦᠪᠦᠷᠢ ᠮᠦᠩᠭᠦ ᠵᠢ ᠬᠣᠷᠢᠶᠠᠨ ᠠᠪᠴᠢᠷᠠᠵᠦ᠂ ᠬᠣᠶᠠᠷ ᠵᠢᠯ᠎ᠤᠨ ᠲᠣᠳᠣᠷ᠎ᠠ ᠲᠠᠬᠢᠨ ᠭᠣᠶᠣᠴᠢᠯᠠᠵᠦ ᠪᠣᠯᠬᠣ ᠦᠭᠡᠢ ᠮᠦᠷᠲᠡᠭᠡᠨ ᠨᠡᠢ᠌ᠭᠡᠮ᠎ᠳᠤ ᠮᠡᠳᠡᠭᠡᠯᠡᠵᠦ 《ᠡᠳ᠋᠎ᠤᠨ ᠵᠠᠰᠠᠭ᠎ᠤᠨ ᠬᠠᠣᠯᠢ ᠵᠢ ᠵᠦᠷᠢᠴᠡᠭᠰᠡᠨ ᠠᠵᠢᠯᠯᠠᠭ᠎ᠠ ᠵᠢ ᠲᠤᠷᠭ᠋ᠠᠨ ᠰᠢᠢ᠍ᠳᠬᠡᠬᠦ ᠲᠦᠷᠢᠮ ᠲᠣᠭᠳᠠᠭ᠋ᠠᠯ》 ᠢ ᠦᠨᠳᠦᠰᠦᠯᠡᠨ ᠲᠤᠷᠭ᠋ᠠᠭ᠋ᠠᠵᠤ᠂ ᠰᠢᠢ᠍ᠳᠬᠡᠨ ᠶᠠᠯᠠᠯᠯᠠᠨᠠ᠃
ᠬᠣᠷᠢᠳᠣᠭ᠋ᠠᠷ ᠵᠣᠷᠪᠣᠰ ᠨᠦᠬᠦᠪᠦᠷᠢ ᠵᠢᠨ ᠮᠦᠩᠭᠦ ᠭᠣᠶᠣᠴᠢᠯᠠᠭᠰᠠᠨ ᠵᠢᠭᠣᠯᠴᠢᠯᠠᠯ᠎ᠤᠨ ᠠᠵᠦ ᠠᠬᠣᠢ᠌ᠯᠠᠯ ᠵᠢᠭᠣᠯᠴᠢᠯᠠᠯ᠎ᠤᠨ ᠰᠠᠯᠠᠭ᠎ᠠ ᠮᠦᠴᠢᠷ᠎ᠤᠨ ᠭᠣᠶᠣᠴᠢᠯᠠᠨ ᠮᠡᠳᠡᠭᠦᠯᠬᠦ ᠮᠠᠲᠸᠷᠢᠶᠠᠯ ᠪᠠ ᠪᠠᠢ᠌ᠳᠠᠯ᠎ᠳᠤ ᠬᠢᠨᠠᠯᠲᠠ ᠨᠣᠳᠠᠯᠠᠯᠲᠠ ᠬᠢᠬᠦ ᠵᠢ ᠢᠳᠡᠪᠬᠢᠲᠠᠢ ᠬᠦᠯᠢᠶᠡᠨ ᠠᠪᠴᠤ ᠬᠠᠮᠵᠢᠯᠴᠠᠬᠤ ᠬᠡᠷᠡᠭᠲᠡᠢ᠃ ᠬᠢᠨᠠᠯᠲᠠ ᠪᠠᠢ᠌ᠴᠠᠭ᠋ᠠᠯᠲᠠ ᠵᠢ ᠬᠦᠯᠢᠶᠠᠨ ᠠᠪᠬᠣ ᠵᠢ ᠲᠡᠪᠴᠢᠪᠡᠯ ᠬᠦᠬᠢᠬᠦᠯᠦᠨ ᠨᠦᠬᠦᠪᠦᠷᠢᠯᠡᠬᠦ ᠮᠦᠩᠭᠦ ᠵᠢ ᠵᠣᠭᠰᠣᠭ᠋ᠠᠨ᠎ᠠ᠃ ᠨᠢᠭᠡᠨᠲᠡ ᠤᠯᠭᠤᠭᠰᠠᠨ ᠪᠡᠯᠡ ᠮᠦᠡᠭᠬᠦ᠎ᠪᠠᠨ ᠬᠣᠷᠢᠶᠠᠨ ᠠᠪᠴᠢᠷᠠᠵᠦ ᠭᠣᠶᠣᠴᠢᠯᠠᠨ ᠮᠡᠳᠡᠭᠦᠯᠬᠦ ᠬᠢᠷᠢ ᠭᠡᠮ᠎ᠢ ᠦᠭᠡᠢ᠌ᠰᠬᠡᠨ᠎ᠡ᠃
ᠵᠢᠷᠭᠣᠳᠣᠭ᠋ᠠᠷ ᠪᠦᠯᠦᠭ ᠲᠠᠭ᠋ᠠᠯᠲᠠ ᠵᠡᠷᠴᠢᠮ
ᠬᠣᠷᠢᠨ ᠨᠢᠭᠡᠳᠦᠭᠡᠷ ᠵᠣᠷᠪᠣᠰ ᠲᠣᠰ ᠠᠷᠭ᠎ᠠ ᠵᠢ ᠨᠡᠢ᠌ᠳᠡᠯᠡᠭᠰᠡᠨ ᠡᠳᠦᠷ᠎ᠠᠴᠠ ᠡᠬᠢᠯᠡᠨ ᠬᠡᠷᠡᠭᠵᠢᠬᠦᠯᠵᠦ ᠂ ᠬᠡᠷᠡᠭᠵᠢᠬᠦᠯᠬᠦ ᠬᠣᠭᠣᠴᠠᠭ᠎ᠠ ᠭᠣᠷᠪᠠᠨ ᠵᠢᠯ᠃ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ᠎ᠠᠴᠠ ᠬᠠᠷᠢᠭᠤᠴᠠᠨ ᠲᠠᠢ᠌ᠯᠪᠤᠷᠢᠯᠠᠨ᠎ᠠ᠃