ᠦᠢᠯᠡᠴᠢᠯᠡᠭᠡ   -   ᠳᠣᠲᠣᠭᠠᠳᠤ᠎ᠶᠢ ᠬᠠᠮᠠᠭᠠᠯᠠᠬᠤ ᠪᠢᠴᠢᠭ ᠬᠠᠷ᠎ᠠ᠎ᠶᠢᠨ ᠬᠡᠯᠪᠡᠷᠢ
ᠲᠣᠰᠬᠠᠢ ᠰᠡᠳᠦᠪ᠎ᠤᠨ ᠲᠣᠪᠴᠢ ᠵᠢᠨ ᠬᠡᠯᠪᠡᠷᠢ
ᠨᠡᠶ᠋ᠢᠲᠡᠯᠡᠭᠰᠡᠨ ᠴᠠᠭ᠄ 2019-01-29


      ᠲᠣᠪᠴᠢ ᠵᠢ ᠪᠢᠴᠢᠬᠦ᠎ᠳᠤ ᠠᠩᠬᠠᠷᠬᠣ ᠵᠦᠢ᠍ᠯ᠎ᠤᠳ᠄


      ᠲᠣᠪᠴᠢ ᠵᠢᠨ ᠠᠭᠣᠯᠭ᠎ᠠ ᠪᠣᠯ ᠶᠡᠷᠦ᠎ᠳᠡᠭᠡᠨ ᠭᠠᠷᠴᠠᠭ ᠪᠠ ᠭᠣᠣᠯ ᠵᠣᠬᠢᠶᠠᠯ᠎ᠠᠴᠠ ᠪᠦᠷᠢᠯᠳᠦᠨ᠎ᠡ᠃
      ᠭᠠᠷᠴᠠᠭ᠄ ᠶᠡᠷᠦ᠎ᠳᠡᠭᠡᠨ ᠬᠣᠷᠠᠯ᠎ᠤᠨ ᠨᠡᠷᠡᠢ᠌ᠳᠦᠯ ᠪᠠ ᠲᠣᠪᠴᠢ᠎ᠠᠴᠠ ᠪᠦᠷᠢᠯᠳᠦᠨ᠎ᠡ᠂ ᠵᠢᠱ᠌ᠢᠶᠡᠯᠡᠪᠡᠯ᠄ 《ᠮᠤᠵᠢ ᠵᠢᠨ ᠴᠥᠮ᠎ᠡ ᠵᠢᠨ ᠴᠠᠬᠢᠯᠭ᠋ᠠᠨ᠎ᠤ ᠪᠥᠲᠥᠭᠡᠨ ᠪᠠᠶ᠋ᠢᠭᠤᠯᠤᠯᠲᠠ ᠵᠢᠨ ᠬᠠᠮᠲᠤᠷᠠᠭᠰᠠᠨ ᠬᠤᠷᠠᠯ᠎ᠤᠨ ᠠᠩᠬᠠᠳᠤᠭ᠋ᠠᠷ ᠬᠤᠷᠠᠯᠳᠤᠭ᠋ᠠᠨ᠎ᠤ ᠲᠣᠪᠴᠢ ᠲᠡᠮᠳᠡᠭᠯᠡᠯ》 ᠭᠡᠬᠦ ᠮᠡᠲᠦ᠃
ᠭᠣᠣᠯ ᠵᠣᠬᠢᠶᠠᠯ᠄ ᠭᠣᠣᠯ ᠵᠣᠬᠢᠶᠠᠯ᠎ᠤᠨ ᠠᠭᠣᠯᠭ᠎ᠠ᠎ᠨᠢ ᠣᠯᠠᠩᠬᠢ᠎ᠳᠠᠭᠠᠨ ᠡᠮᠦᠨᠡᠬᠢ ᠦᠭᠡ᠂ ᠭᠣᠣᠯ ᠬᠡᠰᠡᠭ ᠪᠠ ᠲᠡᠭᠦᠰᠬᠡᠯ᠎ᠢ ᠪᠠᠭᠲᠠᠭ᠋ᠠᠨ᠎ᠠ᠃
      ᠨᠢᠭᠡ᠂ ᠡᠮᠦᠨᠡᠬᠢ ᠦᠭᠡ᠃ ᠲᠣᠰ ᠬᠡᠰᠡᠭ᠎ᠲᠤ ᠭᠣᠣᠯᠳᠠᠭᠣ ᠬᠣᠷᠠᠯ᠎ᠤᠨ ᠦᠨᠳᠦᠰᠦᠨ ᠪᠠᠢ᠌ᠳᠠᠯ᠎ᠢ ᠲᠣᠢ᠌ᠮᠣ ᠲᠠᠨᠢᠯᠴᠠᠭᠣᠯᠣᠨ᠎ᠠ᠂ ᠡᠭᠦᠨ᠎ᠳᠤ ᠬᠣᠷᠠᠯ᠎ᠤᠨ ᠨᠡᠷᠡᠢ᠌ᠳᠦᠯ᠂ ᠠᠭᠣᠯᠭ᠎ᠠ᠂ ᠴᠠᠭ᠂ ᠭᠠᠵᠠᠷ ᠣᠷᠣᠨ᠂ ᠬᠦᠷᠢᠶ᠎ᠡ ᠬᠡᠪᠴᠢᠶ᠎ᠡ᠂ ᠬᠣᠷᠠᠯ᠎ᠳᠤ ᠣᠷᠣᠯᠴᠠᠭᠴᠢ᠂ ᠭᠣᠣᠯ ᠶᠠᠷᠢᠯᠴᠠᠬᠣ ᠰᠡᠳᠦᠪ᠂ ᠬᠣᠷᠠᠯ᠎ᠤᠨ ᠦᠷ᠎ᠡ ᠪᠦᠳᠦᠮᠵᠢ᠂ ᠬᠣᠷᠠᠯ᠎ᠤᠨ ᠲᠣᠬᠠᠢ ᠦᠨᠡᠯᠡᠯᠲᠠ ᠵᠡᠷᠭᠡ ᠵᠢ ᠪᠠᠭᠳᠠᠭ᠋ᠠᠨ᠎ᠠ᠃ ᠳᠠᠷᠠᠭ᠎ᠠ᠎ᠨᠢ 《ᠲᠣᠰ ᠣᠳᠠᠭ᠋ᠠᠨ᠎ᠤ ᠬᠣᠷᠠᠯ᠎ᠤᠨ ᠭᠣᠣᠯ ᠵᠣᠷᠢᠭ ᠰᠠᠨᠠᠭ᠎ᠠ ᠵᠢ ᠳᠣᠣᠷᠠᠬᠢ ᠮᠡᠲᠦ ᠲᠣᠪᠴᠢᠯᠠᠨ ᠲᠡᠮᠳᠡᠭᠯᠡᠶ᠎ᠡ》᠂ 《ᠲᠣᠰ ᠣᠳᠠᠭ᠋ᠠᠨ᠎ᠤ ᠬᠣᠷᠠᠯ᠎ᠳᠤ ᠰᠣᠳᠣᠯᠣᠭᠰᠠᠨ ᠭᠣᠣᠯ ᠠᠰᠠᠭᠣᠳᠠᠯ᠎ᠢ ᠳᠣᠣᠷᠠᠬᠢ ᠮᠡᠲᠦ ᠲᠡᠮᠳᠡᠭᠯᠡᠶ᠎ᠡ》 ᠭᠡᠬᠦ ᠮᠡᠲᠦ ᠲᠣᠰᠬᠠᠢ ᠬᠡᠯᠡᠴᠡ᠎ᠪᠠᠷ ᠳᠠᠮᠵᠢᠨ ᠳᠠᠷᠠᠭ᠋ᠠᠬᠢ ᠠᠭᠣᠯᠭ᠎ᠠ᠎ᠪᠠᠨ ᠲᠠᠲᠠᠨ ᠭᠠᠷᠭ᠋ᠠᠨ᠎ᠠ᠃
      ᠬᠣᠶᠠᠷ᠂ ᠭᠣᠣᠯ ᠬᠡᠰᠡᠭ᠃ ᠲᠣᠰ ᠬᠡᠰᠡᠭ᠎ᠲᠤ ᠭᠣᠣᠯᠳᠠᠭᠣ ᠬᠣᠷᠠᠯ ᠬᠣᠷᠠᠯᠳᠣᠭᠰᠠᠨ ᠪᠣᠳᠠᠲᠠᠢ ᠪᠠᠢ᠌ᠳᠠᠯ᠎ᠢ ᠬᠣᠷᠢᠶᠠᠩᠭᠣᠢ᠌ᠯᠠᠨ᠎ᠠ᠂ ᠡᠭᠦᠨ᠎ᠳᠤ ᠬᠣᠷᠠᠯ᠎ᠤᠨ ᠵᠣᠷᠢᠭ ᠰᠠᠨᠠᠭ᠎ᠠ ᠪᠠ ᠬᠣᠷᠠᠯ ᠵᠶ᠋ᠠᠷ ᠵᠦᠪᠯᠡᠵᠦ ᠲᠣᠭᠲᠠᠭ᠋ᠠᠭᠰᠠᠨ ᠵᠦᠢ᠍ᠯᠡᠰ᠎ᠢ ᠪᠠᠭᠲᠠᠭ᠋ᠠᠨ᠎ᠠ᠃ ᠣᠯᠠᠩᠬᠢ᠎ᠳᠠᠭᠠᠨ ᠳᠣᠣᠷᠠᠬᠢ ᠮᠡᠲᠦ ᠭᠣᠷᠪᠠᠨ ᠵᠦᠢ᠍ᠯ᠎ᠤᠨ ᠠᠷᠭ᠎ᠠ ᠮᠠᠶᠢᠭ᠎ᠢ ᠬᠡᠷᠡᠭᠯᠡᠵᠦ ᠪᠢᠴᠢᠨ᠎ᠡ᠄ (ᠨᠢᠭᠡ)᠂ ᠵᠣᠷᠪᠣᠰᠯᠠᠨ ᠬᠣᠪᠢᠶᠠᠷᠢᠯᠠᠬᠣ ᠬᠡᠯᠪᠡᠷᠢ᠃ ᠳᠠᠷᠣᠢ ᠶᠠᠷᠢᠯᠴᠠᠬᠣ ᠰᠡᠳᠦᠪ ᠪᠠ ᠵᠦᠪᠯᠡᠵᠦ ᠲᠣᠭᠲᠠᠭ᠋ᠠᠭᠰᠠᠨ ᠵᠦᠢ᠍ᠯᠡᠰ᠎ᠤᠳ ᠵᠶ᠋ᠡᠨ ᠭᠣᠣᠯ ᠳᠡᠳ᠋᠎ᠤᠨ ᠳᠡᠰ ᠳᠠᠷᠠᠭ᠎ᠠ᠎ᠪᠠᠷ ᠵᠣᠷᠪᠣᠰᠯᠠᠨ ᠵᠢᠭᠰᠠᠭ᠋ᠠᠨ᠎ᠠ᠂ ᠬᠣᠷᠠᠯ ᠳᠡᠭᠡᠷ᠎ᠡ ᠬᠡᠳᠦᠢ ᠠᠰᠠᠭᠣᠳᠠᠯ ᠶᠠᠷᠢᠯᠴᠠᠭᠰᠠᠨ ᠪᠣᠯ ᠲᠡᠳᠦᠢ ᠵᠣᠷᠪᠣᠰ᠎ᠢ ᠲᠡᠮᠳᠡᠭᠯᠡᠨ᠎ᠡ᠂ ᠡᠢ᠌ᠮᠦᠷᠬᠦᠦ ᠬᠡᠯᠪᠡᠷᠢ᠎ᠨᠢ ᠲᠣᠪᠴᠢ ᠲᠣᠳᠣᠷᠬᠠᠢ ᠪᠠᠢ᠌ᠵᠣ ᠦᠵᠡᠮᠡᠭᠴᠡ ᠣᠢ᠌ᠯᠠᠭ᠋ᠠᠨ᠎ᠠ᠃ (ᠬᠣᠶᠠᠷ)᠂ ᠶᠡᠷᠦᠩᠬᠡᠢ᠌ᠯᠡᠨ ᠬᠣᠷᠢᠶᠠᠩᠭᠣᠢ᠌ᠯᠠᠬᠣ ᠬᠡᠯᠪᠡᠷᠢ᠃ ᠬᠣᠷᠠᠯ ᠳᠡᠭᠡᠷ᠎ᠡ ᠵᠦᠪᠯᠡᠵᠦ ᠲᠣᠭᠲᠠᠭ᠋ᠠᠭᠰᠠᠨ ᠠᠭᠣᠯᠭ᠎ᠠ ᠪᠠ ᠵᠦᠪᠯᠡᠵᠦ ᠲᠣᠭᠲᠠᠭ᠋ᠠᠭᠰᠠᠨ ᠵᠦᠢ᠍ᠯᠡᠰ᠎ᠤᠳ᠎ᠢ ᠶᠡᠷᠦᠩᠬᠡᠢ᠌ᠯᠡᠨ ᠬᠣᠷᠢᠶᠠᠩᠭᠣᠢ᠌ᠯᠠᠵᠣ᠂ ᠡᠳᠦᠢ ᠲᠡᠳᠦᠢ ᠬᠡᠰᠡᠭ ᠪᠣᠯᠭ᠋ᠠᠨ ᠬᠣᠪᠢᠶᠠᠭᠰᠠᠨ᠎ᠤ ᠳᠠᠷᠠᠭ᠎ᠠ ᠳᠡᠰ ᠳᠠᠷᠠᠭ᠋ᠠᠯᠠᠨ ᠪᠢᠴᠢᠨ᠎ᠡ᠃ (ᠭᠣᠷᠪᠡ)᠂ ᠶᠠᠷᠢᠶᠠᠨ᠎ᠤ ᠠᠭᠣᠯᠭ᠎ᠠ ᠵᠢ ᠰᠣᠩᠭᠣᠨ ᠲᠡᠮᠳᠡᠭᠯᠡᠬᠦ ᠬᠡᠯᠪᠡᠷᠢ᠃ ᠬᠣᠷᠠᠯ ᠳᠡᠭᠡᠷᠡᠬᠢ ᠨᠡᠢ᠌ᠲᠡᠯᠢᠭ᠂ ᠲᠦᠯᠦᠭᠡᠯᠡᠬᠦ ᠴᠢᠨᠠᠷᠲᠠᠢ ᠶᠠᠷᠢᠶᠠᠨ᠎ᠤ ᠠᠭᠣᠯᠭ᠎ᠠ ᠵᠢ ᠡᠮᠬᠢᠳᠬᠡᠵᠦ᠂ ᠠᠭᠣᠯᠭ᠎ᠠ ᠵᠢᠨ ᠲᠣᠪᠴᠢ ᠪᠠ ᠵᠣᠷᠢᠭ ᠰᠠᠨᠠᠭ᠋ᠠᠨ᠎ᠤ ᠮᠦᠨ ᠴᠢᠨᠠᠷ᠎ᠢ ᠰᠢᠷᠭ᠋ᠠᠭ᠋ᠠᠨ ᠪᠣᠯᠪᠠᠰᠣᠷᠠᠭᠣᠯᠣᠭᠰᠠᠨ᠎ᠤ ᠳᠠᠷᠠᠭ᠎ᠠ᠂ ᠶᠠᠷᠢᠶ᠎ᠠ ᠲᠠᠯᠪᠢᠭᠰᠠᠨ ᠠᠯᠬᠣᠮ ᠳᠠᠷᠠᠭ᠎ᠠ ᠪᠣᠶᠣ ᠠᠭᠣᠯᠭ᠎ᠠ ᠵᠢᠨ ᠰᠢᠨᠵᠢ ᠴᠢᠨᠠᠷ ᠵᠶ᠋ᠠᠷ ᠲᠦᠷᠦᠯᠵᠢᠭᠦᠯᠦᠨ ᠬᠣᠪᠢᠶᠠᠷᠢᠯᠠᠵᠣ ᠪᠢᠴᠢᠨ᠎ᠡ᠃
      ᠭᠣᠷᠪᠠ᠂ ᠲᠡᠭᠦᠰᠬᠡᠯ᠃ ᠣᠯᠠᠩᠬᠢ᠎ᠳᠠᠭᠠᠨ ᠬᠦᠰᠡᠯ ᠱᠠᠭ᠋ᠠᠷᠳᠠᠯᠭ᠎ᠠ ᠳᠣᠷᠠᠳᠣᠨ᠎ᠠ᠂ ᠵᠠᠷᠢᠮ ᠦᠶᠡᠰ ᠲᠡᠭᠦᠰᠬᠡᠯ ᠪᠢᠴᠢᠬᠦ ᠦᠭᠡᠢ᠃


      ᠲᠣᠪᠴᠢ ᠵᠢᠨ ᠪᠢᠴᠢᠭ ᠬᠠᠷ᠎ᠠ ᠵᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!


      ᠪᠠᠭᠣᠯᠭ᠋ᠠᠨ ᠳᠠᠷᠣᠮᠯᠠᠬᠣ ᠬᠡᠯᠬᠢᠶᠡᠰᠦ






ᠢᠷᠡᠯᠲᠡ᠄ ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ