ᠰᠠᠨᠠᠯ᠎ᠢ ᠪᠢᠴᠢᠬᠦ᠎ᠳᠤ ᠠᠩᠬᠠᠷᠬᠣ ᠵᠦᠢ᠍ᠯ᠎ᠤᠳ᠄
ᠰᠠᠨᠠᠯ᠎ᠨᠢ ᠭᠣᠣᠯᠳᠠᠭᠣ ᠭᠠᠷᠴᠠᠭ᠂ ᠭᠣᠣᠯ ᠬᠦᠷᠭᠡᠬᠦ ᠪᠠᠢ᠌ᠭᠣᠯᠭ᠎ᠠ᠂ ᠭᠣᠣᠯ ᠠᠭᠣᠯᠭ᠎ᠠ ᠪᠠ ᠪᠢᠴᠢᠭᠡᠰᠦ᠎ᠠᠴᠠ ᠪᠦᠷᠢᠯᠳᠦᠨ᠎ᠡ᠃
ᠨᠢᠭᠡ᠂ ᠭᠠᠷᠴᠠᠭ᠄ ᠶᠡᠷᠦ᠎ᠳᠡᠭᠡᠨ ᠠᠯᠪᠠᠨ ᠪᠢᠴᠢᠭ ᠲᠠᠷᠬᠠᠭ᠋ᠠᠭᠰᠠᠨ ᠪᠠᠶ᠋ᠢᠭᠤᠯᠭ᠎ᠠ᠂ ᠣᠴᠢᠷ ᠰᠢᠯᠲᠠᠭ᠋ᠠᠨ ᠪᠠ ᠪᠢᠴᠢᠭ ᠬᠠᠷ᠎ᠠ ᠵᠢᠨ ᠬᠡᠯᠪᠡᠷᠢ᠎ᠠᠴᠠ ᠪᠦᠷᠢᠯᠳᠦᠨ᠎ᠡ᠃ ᠭᠠᠷᠴᠠᠭ᠎ᠤᠨ ᠳᠣᠲᠣᠷᠠᠬᠢ ᠪᠢᠴᠢᠭ ᠬᠠᠷ᠎ᠠ ᠵᠢᠨ ᠬᠡᠯᠪᠡᠷᠢ ᠵᠢᠨ ᠨᠡᠷᠡᠢ᠌ᠳᠦᠯ᠎ᠢ ᠪᠢᠴᠢᠬᠦ᠎ᠳᠤ ᠪᠣᠳᠠᠲᠠᠢ ᠱᠠᠭ᠋ᠠᠷᠳᠠᠯᠭ᠎ᠠ᠎ᠪᠠᠨ ᠦᠨᠳᠦᠰᠦᠯᠡᠨ ᠨᠡᠮᠡᠯᠲᠡ ᠬᠢᠵᠦ ᠵᠠᠰᠠᠪᠣᠷᠢ ᠣᠷᠣᠭᠣᠯᠵᠣ ᠪᠣᠯᠣᠨ᠎ᠠ᠂ ᠵᠢᠱ᠌ᠢᠶᠡᠯᠡᠪᠡᠯ᠂ 《ᠰᠢᠢ᠍ᠳᠪᠦᠷᠢᠯᠡᠬᠦ ᠰᠠᠨᠠᠯ》᠂ 《ᠯᠠᠪᠯᠠᠬᠣ ᠰᠠᠨᠠᠯ》᠂ 《ᠵᠢᠯᠣᠭᠣᠳᠬᠣ ᠰᠠᠨᠠᠯ》 ᠭᠡᠬᠦ ᠮᠡᠲᠦ᠂ ᠳᠠᠷᠣᠢ 《ᠲᠦᠷᠦ ᠵᠢᠨ ᠶᠠᠪᠣᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ ᠣᠯᠠᠨ ᠵᠶ᠋ᠠᠷ ᠵᠶ᠋ᠠᠨ ᠰᠢᠨ᠎ᠡ ᠵᠢ ᠡᠭᠦᠳᠴᠦ᠂ ᠠᠳᠠᠯ ᠦᠢᠯᠡᠰ ᠴᠣᠭᠴᠠᠯᠠᠬᠤ ᠵᠢ ᠲᠦᠯᠬᠢᠨ ᠠᠭᠢᠭᠣᠯᠬᠣ ᠲᠣᠬᠠᠢ ᠵᠢᠯᠣᠭᠣᠳᠬᠤ ᠰᠠᠨᠠᠯ》 ᠭᠡᠬᠦ ᠮᠡᠲᠦ ᠪᠢᠴᠢᠵᠦ ᠪᠣᠯᠣᠨ᠎ᠠ᠃
ᠬᠣᠶᠠᠷ᠂ ᠭᠣᠣᠯ ᠬᠦᠷᠭᠡᠬᠦ ᠪᠠᠢ᠌ᠭᠣᠯᠭ᠎ᠠ᠄ ᠵᠠᠷᠢᠮ ᠦᠨᠡᠯᠡᠨ ᠵᠢᠱ᠌ᠢᠬᠦ ᠴᠢᠨᠠᠷᠲᠠᠢ᠂ ᠲᠣᠭᠲᠠᠭ᠋ᠠᠯ᠎ᠤᠨ ᠴᠢᠨᠠᠷᠲᠠᠢ ᠰᠠᠨᠠᠯ᠎ᠠᠴᠠ ᠪᠣᠰᠣᠳ ᠣᠯᠠᠩᠬᠢ ᠰᠠᠨᠠᠯ᠎ᠨᠢ ᠴᠦᠮ ᠭᠣᠣᠯ ᠬᠦᠷᠭᠡᠬᠦ ᠪᠠᠢ᠌ᠭᠣᠯᠭ᠎ᠠ᠎ᠲᠠᠢ ᠪᠠᠢ᠌ᠳᠠᠭ᠃
ᠭᠣᠷᠪᠠ᠂ ᠭᠣᠣᠯ ᠠᠭᠣᠯᠭ᠎ᠠ᠄ ᠶᠡᠷᠦ᠎ᠳᠡᠭᠡᠨ ᠭᠣᠷᠪᠠᠨ ᠬᠡᠰᠡᠭ᠎ᠠᠴᠠ ᠪᠦᠷᠢᠯᠳᠦᠨ᠎ᠡ᠂ ᠳᠠᠷᠣᠢ ᠰᠠᠨᠠᠯ ᠦᠭᠬᠦ ᠣᠴᠢᠷ ᠰᠢᠯᠲᠠᠭ᠋ᠠᠨ᠂ ᠰᠠᠨᠠᠯ ᠦᠭᠬᠦ ᠣᠴᠢᠷ ᠶᠠᠪᠣᠳᠠᠯ᠂ ᠰᠠᠨᠠᠯ᠎ᠤᠨ ᠲᠡᠭᠦᠰᠬᠡᠯ ᠵᠡᠷᠭᠡ ᠪᠣᠯᠣᠨ᠎ᠠ᠃
(ᠨᠢᠭᠡ) ᠰᠠᠨᠠᠯ ᠦᠭᠬᠦ ᠣᠴᠢᠷ ᠰᠢᠯᠳᠠᠭ᠋ᠠᠨ᠎ᠨᠢ ᠳᠠᠷᠣᠢ ᠡᠬᠢᠯᠡᠯᠲᠡ ᠵᠢᠨ ᠬᠡᠰᠡᠭ ᠪᠠᠢ᠌ᠵᠣ᠂ ᠶᠡᠷᠦ᠎ᠳᠡᠭᠡᠨ ᠲᠣᠰ ᠪᠢᠴᠢᠭ᠎ᠤᠨ ᠰᠢᠯᠲᠠᠭ᠋ᠠᠨ᠂ ᠦᠨᠳᠦᠰᠦᠯᠡᠯ᠂ ᠵᠣᠷᠢᠯᠲᠠ ᠪᠣᠶᠣ ᠣᠳᠬ᠎ᠠ ᠠᠭᠣᠯᠭ᠎ᠠ ᠵᠢ ᠲᠣᠪᠴᠢ ᠲᠣᠳᠣᠷᠬᠠᠢ᠌ᠯᠠᠵᠣ᠂ 《ᠶᠠᠭᠣᠨ᠎ᠳᠤ ᠰᠠᠨᠠᠯ ᠦᠭᠬᠦ》 ᠭᠡᠰᠡᠨ ᠠᠰᠠᠭᠣᠯᠲᠠ ᠵᠢ ᠬᠠᠷᠢᠭᠣᠯᠣᠨᠠ᠃ ᠳᠠᠷᠠᠭ᠎ᠠ᠎ᠨᠢ 《ᠳᠣᠣᠷᠠᠬᠢ ᠮᠡᠲᠦ ᠰᠠᠨᠠᠯ᠎ᠢ ᠳᠣᠷᠠᠳᠣᠶ᠎ᠠ》 ᠭᠡᠬᠦ ᠮᠡᠳᠦ ᠵᠢᠨ ᠰᠢᠯᠵᠢᠯᠲᠠ ᠵᠢᠨ ᠦᠭᠦᠯᠡᠪᠦᠷᠢ᠎ᠪᠠᠷ ᠳᠠᠷᠠᠭ᠋ᠠᠬᠢ ᠠᠭᠣᠯᠭᠠᠳᠤᠪᠠᠨ ᠰᠢᠯᠵᠢᠳᠡᠭ᠃
(ᠬᠣᠶᠠᠷ) ᠰᠠᠨᠠᠯ ᠦᠭᠬᠦ ᠣᠴᠢᠷ ᠶᠠᠪᠣᠳᠠᠯ ᠪᠣᠯ ᠵᠠᠷᠢᠮ ᠠᠰᠠᠭᠣᠳᠠᠯ ᠪᠣᠶᠣ ᠵᠠᠷᠢᠮ ᠲᠠᠯ᠎ᠠ ᠵᠢᠨ ᠠᠵᠢᠯ᠎ᠤᠨ ᠲᠣᠬᠠᠢ ᠦᠵᠡᠯᠲᠡ᠂ ᠰᠠᠨᠠᠯ ᠪᠣᠶᠣ ᠰᠢᠢ᠍ᠳᠪᠦᠷᠢᠯᠡᠬᠦ ᠠᠰᠠᠭᠣᠳᠠᠯ ᠲᠣᠷᠠᠳᠬᠣ ᠵᠢ ᠬᠡᠯᠡᠨ᠎ᠡ᠂ ᠶᠡᠷᠦ᠎ᠳᠡᠭᠡᠨ 《ᠠᠰᠠᠭᠣᠳᠠᠯ ᠳᠣᠷᠠᠳᠬᠣ — ᠠᠰᠠᠭᠣᠳᠠᠯ᠎ᠢ ᠵᠠᠳᠠᠯᠬᠣ — ᠠᠰᠠᠭᠣᠳᠠᠯ᠎ᠢ ᠰᠢᠢ᠍ᠳᠪᠦᠷᠢᠯᠡᠬᠦ》 ᠪᠦᠲᠦᠴᠡ᠎ᠪᠠᠷ ᠪᠦᠬᠦ ᠠᠭᠣᠯᠭ᠎ᠠ᠎ᠪᠠᠨ ᠪᠢᠴᠢᠨ᠎ᠡ᠃
(ᠭᠣᠷᠪᠠ) ᠵᠠᠷᠢᠮ ᠰᠠᠨᠠᠯ᠎ᠳᠤ ᠲᠡᠭᠦᠰᠬᠡᠯ ᠪᠢᠴᠢᠬᠦ ᠦᠭᠡᠢ᠃ ᠬᠡᠷᠪᠡ ᠳᠡᠭᠡᠳᠦ ᠱᠠᠲᠣᠨ᠎ᠳᠤ ᠬᠦᠷᠭᠡᠵᠦ᠂ ᠬᠢᠨᠠᠨ ᠲᠣᠭᠲᠠᠭ᠋ᠠᠭᠰᠠᠨ᠎ᠤ ᠳᠠᠷᠠᠭ᠎ᠠ ᠨᠡᠩ ᠦᠷᠭᠡᠨ ᠬᠡᠪᠴᠢᠶᠡᠨ᠎ᠳᠤ ᠬᠡᠷᠡᠭᠵᠢᠭᠦᠯᠬᠦ ᠴᠢᠬᠣᠯᠠᠲᠠᠢ ᠰᠠᠨᠠᠯ ᠪᠣᠯᠪᠠᠯ ᠶᠡᠷᠦ᠎ᠳᠡᠭᠡᠨ 《ᠳᠡᠭᠡᠷᠡᠬᠢ ᠰᠠᠨᠠᠯ ᠬᠡᠷᠪᠡ ᠵᠣᠬᠢᠰ ᠦᠭᠡᠢ ᠪᠣᠯ ᠁ᠳᠤ ᠴᠣᠬᠣᠯᠠᠪᠣᠷᠢᠯᠠᠨ ᠳᠠᠮᠵᠢᠭᠣᠯᠵᠣ ᠬᠡᠷᠡᠭᠵᠢᠭᠦᠯᠬᠦ ᠪᠣᠯᠪᠠᠣ》 ᠭᠡᠬᠦ ᠮᠡᠲᠦ ᠵᠢᠨ ᠲᠣᠰᠬᠠᠢ ᠬᠡᠯᠡᠴᠡ ᠬᠡᠷᠡᠭᠯᠡᠨ᠎ᠡ᠃
ᠳᠦᠷᠪᠡ᠂ ᠪᠢᠴᠢᠭᠡᠰᠦ᠄ ᠪᠢᠴᠢᠭ ᠢᠯᠡᠭᠡᠭᠰᠡᠨ ᠪᠠᠢ᠌ᠭᠣᠯᠭ᠎ᠠ ᠵᠢᠴᠢ ᠡᠳᠦᠷ ᠰᠠᠷ᠎ᠠ ᠵᠢ ᠲᠣᠳᠣᠷᠬᠠᠢ᠌ᠯᠠᠵᠣ᠂ ᠠᠯᠪᠠᠨ ᠲᠠᠮᠠᠭ᠎ᠠ ᠳᠠᠷᠣᠨ᠎ᠠ᠃
ᠰᠠᠨᠠᠯ᠎ᠤᠨ ᠬᠡᠯᠪᠡᠷᠢ ᠵᠢ ᠳᠠᠷᠤᠮᠠᠯᠯᠠᠵᠤ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!
ᠪᠠᠭᠣᠯᠭ᠋ᠠᠨ ᠳᠠᠷᠣᠮᠯᠠᠬᠣ ᠬᠡᠯᠬᠢᠶᠡᠰᠦ