ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠮᠡᠳᠡᠭᠡᠯᠡᠯ ᠨᠡᠶ᠋ᠢᠲᠡᠯᠡᠯ
2019 ᠤᠨ᠎ᠤ ᠰᠢᠨ᠎ᠠ ᠵᠢᠯ᠎ᠤᠨ ᠬᠤᠭᠤᠴᠠᠭ᠋ᠠᠨ᠎ᠳᠤ ᠪᠦᠬᠦ ᠤᠷᠤᠨ᠎ᠤ ᠤᠷᠴᠢᠨ ᠲᠤᠭᠤᠷᠢᠨ᠎ᠤ ᠠᠭ᠋ᠠᠷ᠎ᠤᠨ ᠶᠠᠰᠤ ᠴᠢᠨᠠᠷ᠎ᠤᠨ ᠤᠷᠢᠳᠴᠢᠯᠠᠬᠰᠠᠨ ᠮᠡᠳᠡᠬᠡ
ᠨᠡᠶ᠋ᠢᠲᠡᠯᠡᠭᠰᠡᠨ ᠴᠠᠭ᠄ 2019-01-02

      2018 ᠤᠨ᠎ᠤ 12 ᠳ᠋ᠤᠭ᠋ᠠᠷ ᠰᠠᠷ᠎ᠠ ᠵᠢᠨ 29᠎ᠤ ᠠ᠋ᠳᠤᠷ᠂ ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠤᠷᠴᠢᠨ ᠲᠤᠭᠤᠷᠢᠨ᠎ᠤ ᠬᠢᠨᠡᠨ ᠬᠡᠮᠵᠢᠬᠦ ᠲᠦᠪ᠎ᠠᠴᠠ ᠪᠦᠬᠦ ᠤᠷᠤᠨ᠎ᠤ 12 ᠠᠢ᠍ᠢ᠍ᠮᠠᠬ ᠬᠤᠳᠠ᠂ ᠮᠠᠨᠵᠤᠤᠷ ᠬᠤᠳᠠ ᠪᠠ ᠠ᠋ᠷᠢᠶᠡᠨ ᠬᠤᠳᠠ ᠵᠢᠨ ᠤᠷᠴᠢᠨ ᠲᠤᠭᠤᠷᠢᠨ᠎ᠤ ᠬᠢᠨᠠᠨ ᠬᠡᠮᠵᠢᠬᠦ ᠦᠷᠳᠡᠬᠡ᠎ᠲᠠᠢ ᠬᠤᠯᠪᠤᠭ᠋ᠠᠯᠠᠨ ᠵᠦᠪᠳᠡᠯᠴᠡᠵᠤ᠂ 2019 ᠤᠨ᠎ᠤ ᠰᠢᠨ᠎ᠡ ᠵᠢᠯ᠎ᠤᠨ ᠠᠮᠠᠷᠠᠯᠳᠠ ᠵᠢᠨ ᠬᠤᠭᠤᠴᠠᠭ᠋ᠠᠨ᠎ᠳᠤ ᠪᠦᠬᠦ ᠤᠷᠤᠨ᠎ᠤ ᠤᠷᠴᠢᠨ ᠲᠤᠭᠤᠷᠢᠨ᠎ᠤ ᠠᠭ᠋ᠠᠷ᠎ᠤᠨ ᠶᠠᠰᠤ ᠴᠢᠨᠠᠷ᠎ᠤᠨ ᠤᠷᠢᠳᠴᠢᠯᠠᠬᠰᠠᠨ ᠮᠡᠳᠡᠬᠡ ᠵᠢ ᠨᠡᠢ᠍ᠢ᠍ᠳᠡᠯᠡᠪᠡ᠃ ᠦᠷ᠎ᠠ ᠳ᠋ᠦᠩ᠎ᠨᠢ ᠳᠠᠷᠠᠭ᠋ᠠᠬᠢ ᠮᠡᠳᠤ᠄
      2019 ᠤᠨ᠎ᠤ ᠰᠢᠨ᠎ᠡ ᠵᠢᠯ᠎ᠤᠨ ᠠᠮᠠᠷᠠᠯᠳᠠ ᠵᠢᠨ ᠬᠤᠭᠤᠴᠠᠭ᠋ᠠᠨ᠎ᠳᠤ᠂ (2018 ᠤᠨ᠎ᠤ 12 ᠳ᠋ᠤᠭ᠋ᠠᠷ ᠰᠠᠷ᠎ᠠ ᠵᠢᠨ 30᠎ᠤ ᠠ᠋ᠳᠤᠷ᠎ᠠᠴᠠ 2019 ᠤᠨ᠎ᠤ 1 ᠳ᠋ᠦ᠍ᠭᠡᠷ ᠰᠠᠷ᠎ᠠ ᠵᠢᠨ 1᠎ᠤ ᠠ᠋ᠳᠤᠷ) ᠮᠠᠨ᠎ᠤ ᠤᠷᠤᠨ᠎ᠤ ᠠᠭ᠋ᠠᠷ᠎ᠤᠨ ᠪᠠᠢ᠍ᠢ᠍ᠳᠠᠯ ᠳᠤᠬᠳᠠᠭᠤᠨ᠂ ᠪᠠᠭᠤᠷᠠᠢ ᠬᠦᠢ᠍ᠳᠡᠨ ᠠᠭ᠋ᠠᠷ᠎ᠤᠨ ᠲᠤᠯᠬᠢᠶᠠᠯᠠᠯᠳᠠ ᠵᠢᠨ ᠨᠦᠯᠤᠬᠡ᠎ᠠᠴᠠ ᠪᠤᠯᠵᠤ᠂ ᠠᠭ᠋ᠠᠷ ᠮᠠᠨᠳᠠᠯ᠎ᠤᠨ ᠰᠠᠷᠨᠢᠯᠳᠡ ᠵᠢᠨ ᠨᠦᠬᠦᠴᠡᠯ ᠶᠠᠷᠤᠩᠬᠡᠢ᠎ᠳᠤ᠎ᠪᠠᠨ ᠬᠡᠪ᠎ᠤᠨ ᠪᠠᠢ᠍ᠢ᠍ᠳᠠᠯ᠎ᠲᠠᠢ᠃ ᠠ᠋ᠮᠤᠨ᠎ᠡ ᠬᠤᠶᠠᠷ ᠠ᠋ᠳᠤᠷ᠎ᠲᠤ ᠳᠤᠮᠳᠠ ᠪᠠᠷᠠᠭᠤᠨ ᠬᠡᠰᠡᠭ ᠤᠷᠤᠨ᠎ᠳᠤ ᠪᠤᠬᠢᠷᠳᠤᠯ᠎ᠤᠨ ᠬᠤᠷᠠᠮᠳᠤᠯᠭ᠎ᠠ ᠢᠯᠡᠷᠬᠡᠢ᠂ 1   ᠳ᠋ᠦ᠍ᠭᠡᠷ ᠰᠠᠷ᠎ᠠ ᠵᠢᠨ 1᠎ᠤ   ᠠ᠋ᠳᠤᠷ   ᠪᠠᠭᠤᠷᠠᠢ ᠬᠦᠢ᠍ᠳᠡᠨ ᠠᠭ᠋ᠠᠷ᠎ᠤᠨ ᠨᠦᠯᠤᠬᠡᠯᠡᠯ᠎ᠠᠴᠠ ᠪᠤᠯᠵᠤ ᠰᠠᠷᠨᠢᠬᠤ ᠨᠦᠬᠦᠴᠡᠯ ᠵᠢᠭ᠋ᠠᠬᠠᠨ ᠰᠠᠢ᠍ᠢ᠍ᠵᠢᠷᠠᠵᠠᠢ᠃
      12 ᠳ᠋ᠤᠭ᠋ᠠᠷ ᠰᠠᠷ᠎ᠠ ᠵᠢᠨ 30᠎ᠤ ᠠ᠋ᠳᠤᠷ᠎ᠠᠴᠠ 31᠎ᠤ ᠠ᠋ᠳᠤᠷ᠄ ᠠ᠋ᠮᠤᠨᠡᠬᠢ ᠬᠤᠭᠤᠴᠠᠭ᠋ᠠᠨ᠎ᠤ ᠬᠦᠢ᠍ᠳᠡᠨ ᠠᠭ᠋ᠠᠷ ᠵᠡᠬᠦᠨᠰᠢᠯᠡᠵᠤ ᠪᠠᠭᠤᠷᠠᠭ᠋ᠠᠳ ᠮᠠᠨ᠎ᠤ ᠤᠯᠤᠰ᠎ᠤᠨ ᠶᠡᠬᠡᠩᠬᠢ ᠬᠡᠰᠡᠭ ᠤᠷᠤᠨ᠎ᠳᠤ ᠲᠤᠯᠠᠭ᠋ᠠᠨ᠎ᠤ ᠬᠡᠮᠵᠢᠶ᠎ᠠ ᠠᠭ᠋ᠠᠵᠢᠮ ᠵᠶ᠋ᠠᠷ ᠳᠡᠬᠡᠭᠰᠢᠯᠡᠵᠤ᠂ ᠠ᠋ᠮᠤᠨ᠎ᠠ᠎ᠠᠴᠠ ᠢᠷᠡᠬᠦ ᠠᠭ᠋ᠠᠷ᠎ᠤᠨ ᠤᠷᠤᠰᠬᠠᠯ᠎ᠨᠢ ᠪᠠᠷᠠᠭᠤᠨ ᠬᠡᠰᠡᠭ ᠤᠷᠤᠨ᠎ᠤ ᠴᠢᠬᠢᠭᠳᠦᠴᠡ ᠵᠢ ᠳᠡᠬᠡᠭᠰᠢᠯᠡᠬᠦᠯᠵᠤ᠂ ᠪᠤᠷᠤᠳᠤᠬᠤᠢ ᠵᠢᠨ ᠵᠡᠬᠦᠨ ᠬᠡᠰᠡᠭ᠎ᠲᠤ ᠳᠤᠨᠳᠠᠰᠤ ᠪᠠᠭᠤᠬᠤ ᠪᠤᠯᠤᠮᠵᠢ᠎ᠲᠠᠢ ᠪᠤᠯᠪᠠᠴᠤ ᠰᠠᠷᠨᠢᠯᠳᠠ ᠵᠢᠨ ᠨᠦᠬᠦᠴᠡᠯ ᠠᠨᠠᠢ᠃ ᠵᠡᠬᠦᠨ ᠬᠡᠰᠡᠭ ᠤᠷᠤᠨ᠎ᠨᠢ ᠬᠦᠢ᠍ᠳᠡᠨ ᠠᠭ᠋ᠠᠷ᠎ᠤᠨ ᠨᠦᠯᠤᠬᠡᠯᠡᠯ᠎ᠠᠴᠠ ᠪᠤᠯᠵᠤ᠂ ᠰᠠᠷᠨᠢᠯᠳᠡ ᠵᠢᠨ ᠨᠦᠬᠦᠴᠡᠯ ᠨᠡᠯᠢᠶᠡᠳ ᠰᠠᠢ᠍ᠢ᠍ᠨ᠃ ᠪᠠᠷᠤᠭᠴᠠᠭ᠋ᠠᠯᠠᠭᠰᠠᠨ ᠵᠶ᠋ᠠᠷ᠂ ᠳᠤᠮᠳᠠ ᠪᠠᠷᠠᠭᠤᠨ ᠤᠷᠤᠨ᠎ᠤ ᠠᠢ᠍ᠢ᠍ᠮᠠᠬ ᠬᠤᠳᠠ ᠵᠢᠨ ᠠᠭ᠋ᠠᠷ᠎ᠤᠨ ᠶᠠᠰᠤ ᠴᠢᠨᠠᠷ᠎ᠨᠢ ᠰᠢᠯᠢᠳᠡᠭ᠎ᠠᠴᠠ ᠬᠦᠩᠬᠡᠨ ᠪᠤᠬᠢᠷᠳᠤᠯ᠎ᠲᠠᠢ᠃ ᠠ᠋ᠬᠦᠨ᠎ᠳᠤ 31᠎ᠤ ᠠ᠋ᠳᠤᠷ᠂ ᠬᠦᠬᠡᠬᠤᠳᠠ᠂ ᠪᠤᠭᠤᠳᠤ ᠤᠷᠤᠨ ᠵᠶ᠋ᠠᠷ ᠦᠷᠬᠦᠯᠵᠢᠯᠡᠭᠰᠡᠨ ᠬᠦᠩᠬᠡᠨ ᠪᠣᠬᠢᠷᠲᠤᠯ᠎ᠤᠨ ᠶᠠᠪᠤᠴᠠ ᠢᠯᠡᠷᠡᠬᠦ ᠪᠣᠯᠣᠯᠴᠠᠭ᠎ᠠ᠎ᠲᠠᠢ; ᠵᠡᠬᠦᠨ ᠬᠡᠰᠡᠭ᠎ᠤᠨ ᠠᠢ᠍ᠢ᠍ᠮᠠᠬ ᠬᠤᠳᠠ ᠵᠢᠨ ᠠᠭ᠋ᠠᠷ᠎ᠤᠨ ᠶᠠᠰᠤ ᠴᠢᠨᠠᠷ᠎ᠨᠢ ᠰᠢᠯᠢᠳᠡᠭ᠎ᠠᠴᠠ ᠰᠠᠢ᠍ᠢ᠍ᠨ᠃
     1 ᠳ᠋ᠦ᠍ᠭᠡᠷ ᠰᠠᠷ᠎ᠠ ᠵᠢᠨ 1᠎ᠤ ᠠ᠋ᠳᠤᠷ᠎ᠠᠴᠠ᠄ ᠠᠭ᠋ᠠᠷ᠎ᠤᠨ ᠪᠠᠭᠤᠷᠠᠢ ᠦᠨᠳᠤᠷ ᠲᠠᠷᠤᠯᠳᠠ ᠵᠢᠨ ᠰᠢᠰᠲ᠋ᠧᠮ᠎ᠤᠨ ᠠ᠋ᠮᠤᠨᠡᠰᠢᠯᠡᠬᠦ ᠨᠦᠯᠤᠬᠡᠯᠡᠯ᠎ᠠᠴᠠ ᠮᠠᠨ᠎ᠤ ᠤᠯᠤᠰ᠎ᠤᠨ ᠳᠤᠮᠳᠠ ᠵᠡᠬᠦᠨ ᠬᠡᠰᠡᠭ ᠤᠷᠤᠨ᠎ᠤ ᠠᠭ᠋ᠠᠷ ᠮᠠᠨᠳᠠᠯ᠎ᠤᠨ ᠰᠠᠷᠨᠢᠯᠳᠡ ᠵᠢᠨ ᠨᠦᠬᠦᠴᠡᠯ᠎ᠨᠢ ᠵᠢᠭ᠋ᠠᠬᠠᠨ ᠰᠠᠢ᠍ᠢ᠍ᠵᠢᠷᠠᠵᠡᠢ; ᠪᠠᠷᠠᠭᠤᠨ ᠬᠡᠰᠡᠭ ᠤᠷᠤᠨ᠎ᠤ ᠰᠠᠷᠨᠢᠯᠳᠡ ᠵᠢᠨ ᠨᠦᠬᠦᠴᠡᠯ ᠬᠡᠪ᠎ᠤᠨ ᠪᠠᠢ᠌ᠳᠠᠯ᠎ᠲᠠᠢ᠃ ᠪᠠᠷᠤᠭᠴᠠᠭ᠋ᠠᠯᠠᠭᠰᠠᠨ ᠵᠶ᠋ᠠᠷ᠂ ᠪᠦᠬᠦ ᠤᠷᠤᠨ᠎ᠤ ᠡᠯ᠎ᠠ ᠠᠢ᠍ᠢ᠍ᠮᠠᠬ ᠬᠤᠳᠠ ᠵᠢᠨ ᠠᠭ᠋ᠠᠷ᠎ᠤᠨ ᠶᠠᠰᠤ ᠴᠢᠨᠠᠷ᠎ᠨᠢ ᠰᠢᠯᠢᠳᠡᠭ᠎ᠠᠴᠠ ᠰᠠᠢ᠍ᠢ᠍ᠨ ᠪᠠᠢ᠍ᠢ᠍ᠳᠠᠬ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
2018 ᠣᠨ᠎ᠤ ᠥᠪᠡᠷᠲᠡᠭᠡᠨ ᠵᠠᠰᠠᠬᠤ ᠣᠷᠣᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠢᠨᠵᠧᠨᠧᠷᠢᠩ᠎ᠤᠨ ᠰᠢᠷᠢᠰ ᠳᠡᠭᠡᠳᠦ ᠵᠡᠷᠭᠡ ᠵᠢᠨ ᠲᠤᠰᠬᠠᠢ ᠮᠡᠷᠭᠡᠵᠢᠯ᠎ᠤᠨ ᠬᠢᠷᠢ ᠭᠡᠮ᠎ᠤᠨ ᠰᠢᠯᠭ᠋ᠠᠷᠠᠭᠤᠯᠤᠯᠲᠠ ᠵᠢ ᠥᠩᠭᠡᠷᠡᠭᠰᠡᠨ ᠬᠥᠮᠥᠰ᠎ᠢ ᠵᠠᠷᠯᠠᠨ ᠨᠡᠢ᠌ᠲᠡᠯᠡᠬᠦ ᠲᠤᠬᠠᠢ ᠠᠯᠪᠠᠨ ᠵᠠᠷ
ᠪᠠᠷᠢᠮᠲᠠ ᠪᠢᠴᠢᠬᠦ᠎ᠳᠤ ᠱᠠᠭ᠋ᠠᠷᠳᠠᠬᠤ ᠦᠨᠳᠦᠰᠦᠨ ᠮᠡᠳᠡᠭᠡ ᠵᠠᠩᠭᠢ ᠵᠢ ᠬᠠᠩᠭ᠋ᠠᠬᠤ ᠲᠤᠬᠠᠢ ᠮᠡᠳᠡᠭᠳᠡᠯ
2019 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠩᠬᠠᠳᠤᠭ᠋ᠠᠷ ᠬᠤᠭᠤᠴᠠᠭ᠋ᠠᠨ᠎ᠤ 《ᠪᠣᠬᠢᠷᠲᠤᠯ ᠦᠭᠡᠢ ᠥᠪᠥᠷ ᠮᠣᠩᠭᠣᠯ᠎ᠢ ᠪᠦᠲᠦᠭᠡᠨ ᠪᠠᠢ᠌ᠭᠤᠯᠬᠤ · ᠦᠨᠳᠦᠰᠦᠨ ᠱᠠᠲᠤᠨ᠎ᠤ ᠬᠠᠮᠤᠭ᠎ᠤᠨ ᠰᠠᠢ᠌ᠬᠠᠨ ᠣᠷᠴᠢᠨ ᠲᠣᠭᠣᠷᠢᠨ᠎ᠤ ᠬᠠᠮᠠᠭ᠋ᠠᠯᠠᠭᠴᠢ》 ᠵᠢ ᠬᠢᠨᠠᠨ ᠲᠣᠭᠲᠠᠭ᠋ᠠᠭᠰᠠᠨ ᠦᠷ᠎ᠡ ᠳᠦᠷᠦᠯ᠎ᠢ ᠵᠠᠷᠯᠠᠨ ᠨᠡᠢ᠌ᠲᠡᠯᠡᠬᠦ ᠲᠤᠬᠠᠢ ᠠᠯᠪᠠᠨ ᠵᠠᠷ
《ᠬᠥᠳᠡᠭᠡ ᠲᠣᠰᠬᠣᠨ᠎ᠤ ᠠᠮᠢᠳᠤᠷᠠᠯ᠎ᠤᠨ ᠪᠣᠬᠢᠷ ᠤᠰᠤ ᠵᠢ ᠰᠢᠢ᠍ᠳᠪᠦᠷᠢᠯᠡᠬᠦ ᠲᠥᠬᠥᠭᠡᠷᠦᠮᠵᠢ ᠵᠢᠨ ᠤᠰᠤᠨ᠎ᠤ ᠪᠣᠬᠢᠷᠲᠤᠯ ᠪᠣᠳᠠᠰ ᠭᠠᠳᠠᠭᠰᠢᠯᠠᠭᠤᠯᠬᠤ ᠪᠠᠷᠢᠮᠵᠢᠶ᠎ᠠ ᠵᠢᠨ ᠰᠠᠨᠠᠯ ᠬᠤᠷᠢᠶᠠᠬᠤ ᠨᠤᠤᠷᠠᠭ (ᠲᠤᠷᠰᠢᠨ ᠬᠡᠷᠡᠭᠵᠢᠭᠦᠯᠬᠦ)》 ᠎ᠢ ᠨᠣᠤᠷᠠᠭᠯᠠᠵᠤ ᠳᠠᠭᠤᠰᠬᠠᠪᠠ
《ᠲᠣᠭᠲᠠᠮᠠᠯ ᠪᠣᠬᠢᠷᠲᠤᠯ᠎ᠤᠨ ᠡᠬᠢ ᠰᠤᠷᠪᠤᠯᠵᠢ ᠵᠢᠨ ᠤᠳᠤᠭ᠎ᠠ ᠭᠠᠳᠠᠭᠰᠢᠯᠠᠭᠤᠯᠬᠤ ᠶᠠᠪᠤᠴᠠ (ᠠᠵᠢᠯ ᠎ᠤᠨ ᠪᠠᠢ᠌ᠳᠠᠯ) ᠵᠢ ᠬᠢᠨᠠᠨ ᠡᠵᠡᠮᠳᠡᠬᠦ ᠰᠢᠰᠲ᠋ᠧᠮ᠎ᠢ ᠤᠭᠰᠠᠷᠠᠬᠤ ᠵᠢᠴᠢ ᠰᠢᠯᠭ᠋ᠠᠨ ᠠᠪᠬᠤ ᠮᠡᠷᠭᠡᠵᠢᠯ᠎ᠤᠨ ᠵᠦᠭᠯᠡᠭᠦᠷ》᠎ᠢ ᠲᠤᠰᠬᠠᠶ ᠮᠡᠷᠭᠡᠵᠢᠯᠲᠡᠳ ᠬᠢᠨᠠᠨ ᠵᠥᠪᠯᠡᠪᠡ
 
             蒙ICP备05000248号